ᠬᠢᠲᠠᠨ ᠬᠡᠯᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠢᠲᠠᠨ
ᠶᠠᠷᠢᠭᠳᠠᠳᠠᠭ ᠭᠠᠵᠠᠷ: ᠳᠤᠮᠳᠠᠳᠤ ᠤᠯᠤᠰ, ᠮᠣᠩᠭᠣᠯ ᠤᠯᠤᠰ 
ᠪᠥᠰᠡ: ᠤᠮᠠᠷᠠᠳᠤ ᠣᠷᠣᠨ
ᠬᠡᠯᠡᠨ ᠦ ᠮᠥᠬᠥᠯ: 1243 (ᠶᠧᠯᠢᠤᠢ ᠴᠦᠼᠠᠢ,ᠮᠡᠳᠡᠵᠦ ᠪᠠᠶᠢᠭ᠎ᠠ ᠬᠢᠲᠠᠨ ᠬᠡᠯᠡ ᠶᠢ ᠬᠡᠯᠡᠵᠦ ᠶᠠᠷᠢᠵᠤ ᠴᠢᠳᠠᠵᠤ ᠪᠠᠶᠢᠭᠰᠠᠨ ᠬᠠᠮᠤᠭ ᠤᠨ ᠰᠡᠭᠦᠯᠴᠢ ᠶᠢᠨ ᠬᠦᠮᠦᠨ )
ᠬᠡᠯᠡᠨ ᠦ ᠪᠦᠯᠦᠭ: ᠮᠣᠩᠭᠣᠯ?[1]
 ᠬᠢᠲᠠᠨ
 
ᠪᠢᠴᠢᠭ ᠦᠨ ᠰᠢᠰᠲ᠋ᠧᠮ: ᠬᠢᠲᠠᠨ ᠶᠡᠬᠡ ᠦᠰᠦᠭ ᠪᠠ ᠬᠢᠲᠠᠨ ᠪᠠᠭ᠎ᠠ ᠦᠰᠦᠭ
ᠲᠣᠮᠢᠶᠠᠯᠠᠪᠤᠷᠢ
ISO 639-1: ᠪᠠᠶᠢᠬᠤ ᠦᠭᠡᠢ
ISO 639-2:
ISO 639-3: zkt
ᠲᠡᠮᠳᠡᠭᠯᠡᠯ: ᠡᠨᠡ ᠬᠠᠭᠤᠳᠠᠰᠤᠨ ᠳᠤ ᠶᠨᠢᠺᠣᠳ᠋ ᠍ ᠢᠶᠠᠷ ᠣᠯᠠᠨ ᠤᠯᠤᠰ ᠤᠨ ᠠᠪᠢᠶ᠎ᠠ ᠵᠦᠢ ᠶᠢᠨ ᠴᠠᠭᠠᠨ ᠲᠣᠯᠣᠭᠠᠢ ᠶᠢᠨ ᠦᠰᠦᠭ᠂ ᠲᠡᠮᠳᠡᠭ ᠦᠳ ᠪᠠᠶᠢᠵᠤ ᠮᠠᠭᠠᠳ ᠦᠭᠡᠢ᠃

ᠬᠢᠲᠠᠨ ᠬᠡᠯᠡ (ᠬᠢᠲᠠᠨ᠂ ᠬᠢᠲᠠᠨ ᠶᠡᠬᠡ ᠦᠰᠦᠭ ᠢᠶᠡᠷ Khita-i ih usug.png ᠪᠣᠯᠣᠨ ᠬᠢᠲᠠᠨ ᠪᠠᠭ᠎ᠠ ᠦᠰᠦᠭ ᠢᠶᠡᠷKhita-i baga usug.png[2] ᠬᠢᠲᠠᠳ:  契丹, Qìdānyǔ) ᠤᠰᠠᠳᠤᠭᠰᠠᠨ ᠬᠡᠯᠡ᠂ 4 ᠡᠴᠡ 13 ᠳᠤᠭᠠᠷ ᠵᠠᠭᠤᠨ ᠤ ᠦᠶ᠎ᠡ ᠶᠢᠨ ᠬᠢᠲᠠᠨᠴᠤᠳ ᠤᠨ ᠬᠡᠷᠡᠭᠯᠡᠵᠦ ᠪᠠᠶᠢᠭᠰᠠᠨ ᠡᠪᠦᠭᠡ ᠮᠣᠩᠭᠣᠯ ᠬᠡᠯᠡ ᠂ ᠬᠢᠲᠠᠨ(907–1125) ᠤᠯᠤᠰ ᠪᠣᠯᠣᠨ ᠬᠠᠷ᠎ᠠ ᠬᠢᠲᠠᠨ ᠤᠯᠤᠰ(1124–1218) ᠤᠨ ᠠᠯᠪᠠᠨ ᠬᠡᠯᠡ ᠪᠠᠶᠢᠵᠠᠢ᠃ ᠬᠢᠲᠠᠨ ᠬᠡᠯᠡᠨ ᠤ ᠠᠩᠭᠢᠯᠠᠯ ᠤᠨ ᠲᠤᠬᠠᠢ ᠮᠣᠩᠭᠣᠯ ᠬᠡᠯᠡ ᠲᠥᠷᠥᠯ ᠳᠤ ᠪᠠᠭᠲᠠᠬᠤ ᠭᠡᠳᠡᠭ ᠨᠢ ᠪᠠᠲᠤᠯᠭᠠᠭ᠎ᠠ ᠪᠠᠨ ᠣᠯᠣᠭᠰᠠᠭᠠᠷ ᠪᠠᠶᠢᠨ᠎ᠠ᠃

ᠲᠡᠮᠳᠡᠭᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠨ ᠬᠡᠯᠡ ᠨᠢ ᠬᠢᠲᠠᠨ ᠤᠯᠤᠰ(ᠯᠢᠶᠣᠣ ᠤᠯᠤᠰ) ᠤᠨ ᠤᠯᠤᠰ ᠤᠨ ᠬᠡᠯᠡ ᠪᠠᠶᠢᠵᠠᠢ᠃ ᠭᠡᠪᠡᠴᠦ ᠯᠢᠶᠣᠣ ᠤᠯᠤᠰ ᠤᠨ ᠦᠶ᠎ᠡ ᠳᠦ ᠬᠠᠲᠠᠭᠤ ᠴᠢᠩᠭ᠎ᠠ ᠬᠠᠤᠯᠢ ᠴᠠᠭᠠᠵᠠ ᠪᠠᠷ ᠬᠢᠲᠠᠨ ᠬᠡᠯᠡᠨ ᠤ ᠨᠣᠮ ᠪᠢᠴᠢᠭ ᠢ ᠭᠠᠳᠠᠭᠰᠢ ᠠᠪᠴᠤ ᠭᠠᠷᠬᠤ ᠶᠢ ᠴᠠᠭᠠᠵᠠᠯᠠᠭᠰᠠᠨ ᠠᠴᠠ ᠣᠳᠣ ᠦᠶ᠎ᠡ ᠳᠦ ᠦᠯᠡᠳᠡᠵᠦ ᠢᠷᠡᠭᠰᠡᠨ ᠬᠢᠲᠠᠨ ᠬᠡᠯᠡᠨ ᠤ ᠨᠣᠮ ᠪᠢᠴᠢᠭ ᠪᠤᠶᠤ ᠲᠣᠯᠢ ᠪᠢᠴᠢᠭ ᠨᠢᠭᠡᠨᠲᠡ ᠣᠯᠳᠠᠬᠤ ᠪᠠᠨ ᠪᠤᠯᠢᠵᠠᠢ᠃  ᠶᠤᠸᠠᠨ ᠤᠯᠤᠰ ᠤᠨ ᠲᠣᠭᠲᠠᠬᠤ ᠨᠠᠷ ᠤᠨ ᠨᠠᠶᠢᠷᠠᠭᠤᠯᠵᠤ ᠪᠢᠴᠢᠭᠰᠡᠨᠯᠢᠶᠣᠣ ᠤᠯᠤᠰ ᠤᠨ ᠲᠡᠦᠬᠡ ᠳᠦ ᠤᠯᠤᠰ ᠤᠨ ᠬᠡᠯᠡ ᠤᠨ ᠲᠡᠶᠢᠯᠪᠤᠷᠢ ᠭᠡᠰᠡᠨ ᠬᠡᠰᠡᠭ ᠲᠤ 198 ᠵᠣᠷᠪᠣᠰ ᠬᠢᠲᠠᠨ ᠬᠡᠯᠡᠨ ᠤ ᠦᠭᠡᠰ ᠢ ᠬᠢᠲᠠᠳ ᠦᠰᠦᠭ ᠤᠨ ᠠᠪᠢᠶ᠎ᠠ ᠪᠠᠷ ᠲᠡᠮᠳᠡᠭᠯᠡᠨ ᠦᠯᠡᠳᠡᠭᠡᠵᠦ᠂ ᠬᠢᠲᠠᠳ ᠤᠨ ᠡᠷᠲᠡᠨ ᠤ ᠪᠢᠴᠢᠭ ᠶᠠᠨ ᠪᠧᠢ ᠯᠦ ᠵᠡᠷᠭᠡ ᠨᠣᠮ ᠳᠤ ᠴᠦᠬᠡᠨ ᠬᠡᠳᠦᠨ ᠬᠢᠲᠠᠨ ᠬᠡᠯᠡᠨ ᠤ ᠦᠭᠡᠰ ᠪᠠᠶᠢᠬᠤ ᠠᠴᠠ ᠭᠠᠳᠠᠨ᠎ᠠ ᠂ᠥᠭᠡᠷ᠎ᠡ ᠲᠡᠮᠳᠡᠭᠯᠡᠭᠳᠡᠵᠦ ᠢᠷᠡᠭᠰᠡᠨ ᠦᠭᠡᠢ ᠪᠢᠯᠡ᠃

ᠬᠣᠵᠢᠮ ᠤᠨ ᠦᠶ᠎ᠡ ᠳᠤ ᠬᠢᠲᠠᠨ ᠬᠡᠯᠡᠨ ᠤ ᠰᠤᠳᠤᠯᠤᠯ ᠢ ᠬᠠᠮᠤᠭ ᠤᠷᠢᠳᠠᠪᠠᠷ ᠬᠢᠭᠰᠡᠨ ᠨᠢ ᠴᠢᠩ ᠤᠯᠤᠰ ᠤᠨ ᠲᠡᠭᠷᠢ ᠲᠡᠳᠬᠦᠭᠴᠢ ᠶᠢᠨ ᠦᠶ᠎ᠡ ᠳᠤ ᠶᠤᠸᠠᠨ ᠤᠯᠤᠰ ᠤᠨ ᠦᠶ᠎ᠡ ᠳᠤ ᠵᠣᠬᠢᠶᠠᠭᠳᠠᠭᠰᠨᠨ ᠯᠢᠶᠣᠣ᠂ᠠᠯᠲᠠᠨ᠂ᠶᠤᠸᠠᠨ ᠭᠤᠷᠪᠠᠨ ᠤᠯᠤᠰ ᠤᠨ ᠲᠡᠦᠬᠡ ᠤᠨ ᠤᠯᠤᠰ ᠤᠨ ᠬᠡᠯᠡ ᠶᠢᠨ ᠲᠠᠶᠢᠯᠪᠤᠷᠢ ᠶᠢ ᠡᠮᠬᠢᠳᠬᠡᠨ ᠨᠠᠶᠢᠷᠠᠭᠤᠯᠤᠭᠰᠠᠨ ᠬᠠᠭᠠᠨ ᠤ ᠪᠡᠶ᠎ᠡ ᠪᠡᠷ ᠲᠣᠭᠳᠠᠭᠠᠭᠰᠠᠨ ᠯᠢᠶᠣᠣ᠂ ᠠᠯᠲᠠᠨ ᠂ ᠶᠤᠸᠠᠨ ᠭᠤᠷᠪᠠᠨ ᠤᠯᠤᠰ ᠤᠨ ᠲᠡᠦᠬᠡ ᠶᠢᠨ ᠤᠯᠤᠰ ᠤᠨ ᠬᠡᠯᠡ ᠶᠢᠨ ᠲᠠᠶᠢᠯᠪᠤᠷᠢ ᠪᠠᠶᠢᠯ᠎ᠠ᠃ ᠭᠡᠪᠡᠴᠦ ᠡᠨᠡ ᠨᠣᠮ ᠳᠤ ᠬᠢᠲᠠᠨ ᠬᠡᠯᠡ ᠶᠢ ᠰᠣᠯᠣᠨ ᠬᠡᠯᠡ ᠭᠡᠵᠦ ᠪᠤᠷᠤᠭᠤ ᠣᠶᠢᠯᠭᠠᠵᠤ᠂ ᠵᠠᠷᠢᠮ ᠦᠭᠡᠰ ᠤᠨ ᠤᠭ ᠬᠡᠪ ᠢ ᠨᠢ ᠠᠯᠳᠠᠭᠤᠯᠵᠤ ᠭᠠᠵᠢᠭᠤᠳᠠᠭᠤᠯᠤᠭᠰᠠᠨ ᠵᠦᠢᠯ ᠣᠯᠠᠨ ᠪᠠᠶᠢᠪᠠ᠃

ᠣᠷᠴᠢᠮ ᠤᠨ ᠦᠶ᠎ᠡ ᠶᠢᠨ ᠬᠢᠲᠠᠨ ᠬᠡᠯᠡᠨ ᠤ ᠰᠤᠳᠤᠯᠤᠯ ᠨᠢ 20 ᠳᠤᠭᠠᠷ ᠵᠠᠭᠤᠨ ᠤ ᠡᠬᠢᠨ ᠦᠶ᠎ᠡ ᠶᠢᠨ ᠬᠢᠲᠠᠨ ᠤ ᠣᠩᠭᠣᠨ ᠪᠤᠯᠠᠰᠢ ᠤᠳ ᠠᠭᠤᠳᠠᠯᠠᠭᠳᠠᠨ  ᠣᠩᠭᠣᠨ ᠤ ᠬᠦᠰᠢᠶᠡᠨ ᠪᠢᠴᠢᠭ ᠡᠴᠡ ᠣᠯᠳᠠᠭᠰᠠᠨ ᠬᠢᠲᠠᠨ ᠶᠡᠬᠡ᠂ ᠪᠠᠭ᠎ᠠ ᠦᠰᠦᠭ ᠡᠴᠡ ᠡᠬᠢᠯᠡᠭᠰᠡᠨ ᠪᠠᠶᠢᠨ᠎ᠠ᠃

ᠦᠭᠡᠰ ᠤᠨ ᠰᠠᠩ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠨ ᠬᠡᠯᠡᠨ ᠦ ᠦᠭᠡᠰ ᠦᠨ ᠰᠠᠩ ᠳᠤ ᠮᠣᠩᠭᠣᠯ ᠬᠡᠯᠡᠨ ᠦ ᠦᠭᠡᠰ ᠢᠶᠡᠷ ᠭᠣᠣᠯᠯᠠᠵᠤ᠂ ᠵᠠᠷᠢᠮ ᠦᠭᠡᠰ ᠨᠢ ᠳᠠᠭᠤᠷ ᠬᠡᠯᠡ ᠳᠤ ᠯᠠ ᠪᠠᠶᠢᠳᠠᠭ ᠦᠭᠡᠰ ᠪᠠᠶᠢᠵᠤ ᠂ ᠡᠨᠡ ᠨᠢ ᠳᠠᠭᠤᠷ ᠬᠡᠯᠡ ᠡᠷᠲᠡᠨ ᠦ ᠮᠣᠩᠭᠣᠯ ᠬᠡᠯᠡᠨ ᠦ ᠵᠠᠷᠢᠮ ᠦᠭᠡᠰ ᠦᠨ ᠰᠠᠩ ᠢ ᠬᠠᠳᠠᠭᠠᠯᠠᠵᠤ ᠪᠠᠶᠢᠬᠤ ᠲᠠᠢ ᠬᠣᠯᠪᠣᠭ᠎ᠠ ᠲᠠᠢ ᠪᠠᠶᠢᠵᠤ ᠮᠡᠳᠡᠨ᠎ᠡ᠃ᠪᠠᠰᠠ ᠪᠠᠭ᠎ᠠ ᠦᠭᠡᠢ ᠵᠦᠷᠴᠢᠨ ᠬᠡᠯᠡᠨ ᠦ ᠦᠭᠡᠰ ᠪᠤᠶᠤ ᠵᠦᠷᠴᠢᠨ ᠬᠡᠯᠡᠨ ᠳᠦ ᠵᠢᠭᠡᠯᠡᠭᠳᠡᠨ ᠣᠷᠣᠭᠰᠠᠨ ᠦᠭᠡᠰ ᠪᠠᠶᠢᠳᠠᠭ᠂ ᠡᠳᠡᠭᠡᠷ ᠡᠴᠡ ᠭᠠᠳᠠᠨ᠎ᠠ ᠴᠡᠷᠢᠭ ᠵᠠᠰᠠᠭ ᠵᠡᠷᠭᠡ ᠬᠡᠷᠬᠢᠮ ᠳᠦ ᠬᠣᠯᠪᠣᠭᠳᠠᠬᠤ ᠬᠢᠲᠠᠳ ᠦᠭᠡᠰ ᠣᠯᠠᠨ ᠪᠠᠶᠢᠳᠠᠭ᠃


ᠣᠶᠢᠷ᠎ᠠ ᠦᠶ᠎ᠡ ᠶᠢᠨ ᠬᠢᠲᠠᠨ ᠶᠡᠬᠡ ᠂ ᠪᠠᠭ᠎ᠠ ᠦᠰᠦᠭ ᠤᠨ ᠰᠤᠳᠤᠯᠭᠠᠨ ᠠᠴᠠ ᠢᠯᠡᠷᠡᠭᠦᠯᠦᠭᠰᠡᠨ ᠬᠢᠲᠠᠨ ᠬᠡᠯᠡᠨ ᠤ ᠦᠭᠡᠰ

ᠲᠣᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠨ ᠮᠣᠩᠭᠣᠯ ᠢᠶᠠᠷ
jur ᠬᠣᠶᠠᠷ ᠂ ᠵᠦᠢᠷᠡᠢ
guru ᠭᠤᠷᠪᠠ
duru ᠲᠥᠷᠪᠡ
tau  ᠲᠠᠪᠤ
dolo ᠳᠣᠯᠣᠭ᠎ᠠ
is  ᠶᠢᠰᠦ
jau ᠵᠠᠭᠤ

ᠠᠮᠢᠲᠠᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠨ ᠮᠣᠩᠭᠣᠯ ᠢᠶᠠᠷ
tauli ᠲᠠᠤᠯᠠᠢ
neho  ᠨᠣᠬᠠᠢ
lu ᠯᠤᠤ
mori ᠮᠣᠷᠢ
t' ha' a ᠲᠠᠬᠢᠶ᠎ᠠ
yam'a ᠢᠮᠠᠭ᠎ᠠ
m' h' o ᠮᠣᠭᠠᠢ
po'o ᠪᠡᠴᠢᠨ(ᠵᠦᠷᠴᠢᠨ ᠬᠡᠯᠡᠨ ᠳᠦ mnio,bonio)
uni ᠦᠨᠢᠶ᠎ᠡ

ᠴᠠᠭ ᠤᠯᠠᠷᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠨ ᠮᠣᠩᠭᠣᠯ ᠢᠶᠠᠷ
ha'ur ᠬᠠᠪᠤᠷ
u' ul  ᠡᠪᠦᠯ
ju' un ᠵᠤᠨ
nam' ur  ᠨᠠᠮᠤᠷ

ᠵᠦᠭ ᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠨ ᠮᠣᠩᠭᠣᠯ ᠢᠶᠠᠷ
doru ᠳᠣᠷᠣᠨ᠎ᠠ
je' g' en  ᠵᠡᠭᠦᠨ
ba ri' an ᠪᠠᠷᠠᠭᠤᠨ

ᠪᠤᠰᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠨ ᠮᠣᠩᠭᠣᠯ ᠢᠶᠠᠷ
de'u ᠳᠡᠭᠦᠦ
e' ul  ᠡᠭᠦᠯᠡ
mo  ᠶᠡᠬᠡ

ᠡᠷᠲᠡᠨ ᠤ ᠬᠢᠲᠠᠳ ᠰᠤᠷᠪᠤᠯᠵᠢᠰ ᠳᠡᠬᠢ ᠲᠡᠮᠳᠡᠭᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠢᠶᠣᠣ ᠤᠯᠤᠰ ᠤᠨ ᠲᠡᠦᠬᠡ ᠶᠢᠨ ᠤᠯᠤᠰ ᠤᠨ ᠬᠡᠯᠡ ᠶᠢᠨ ᠲᠠᠶᠢᠯᠪᠤᠷᠢ(ᠨᠢᠭᠡ ᠬᠡᠰᠡᠭ)

ᠬᠢᠲᠠᠨ ᠮᠣᠩᠭᠣᠯ ᠢᠶᠠᠷ
cha' uri ᠴᠠᠭᠤᠷ᠂ᠳᠠᠶᠢᠨ
tauliben  ᠲᠠᠤᠯᠢᠪᠠᠢ᠂ ᠳᠠᠶᠢᠯᠠᠪᠠᠢ
gu'un ᠬᠠᠰ
hus ᠬᠦᠴᠦ
nai/noi ᠲᠦᠷᠦᠭᠦᠦ᠂ᠲᠡᠷᠢᠭᠦᠨ
nie'ri  ᠨᠠᠷᠠ
sai'ri ᠰᠠᠷᠠ
ordu ᠣᠷᠳᠣᠨ
jasaq ᠵᠠᠰᠠᠭ

ᠬᠢᠲᠠᠨ ᠤᠯᠤᠰ ᠤᠨ ᠲᠡᠮᠳᠡᠭᠯᠡᠯ(契丹国志) ᠳᠡᠬᠢ ᠬᠢᠲᠠᠨ ᠦᠭᠡᠰ

ᠬᠢᠲᠠᠨ ᠮᠣᠩᠭᠣᠯ ᠢᠶᠠᠷ
ho ri ᠬᠣᠷᠢ
hun  ᠬᠣᠨᠢ
negudi ᠰᠥᠭᠥᠳ(ᠵᠦᠷᠴᠢᠨ ᠬᠡᠯᠡᠨ ᠳᠤmiekuri)
to'us ᠲᠣᠭᠣᠰᠤ᠂ ᠰᠢᠷᠤᠢ
u'a ᠭᠠᠬᠠᠢ(ᠵᠦᠷᠴᠢᠨ ᠬᠡᠯᠡᠨ ᠳᠦulgiyan)
qari ᠬᠠᠷᠢ᠂ ᠪᠤᠴᠠ

ᠶᠠᠨ ᠪᠧᠢ ᠯᠦ (燕北录) ᠳᠡᠬᠢ ᠬᠢᠲᠠᠨ ᠦᠭᠡᠰ

ᠬᠢᠲᠠᠨ ᠮᠣᠩᠭᠣᠯ ᠢᠶᠠᠷ
ti rie ᠲᠠᠷᠢᠶ᠎ᠠ
tau sai' ri  ᠲᠠᠪᠦᠨ ᠰᠠᠷ᠎ᠠ
gobori ᠠᠷᠠᠰᠤᠨ ᠤᠭᠤᠲᠠ

ᠠᠰᠢᠭᠯᠠᠭᠰᠠᠨ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Janhunen 2006, p. 393.
  2. ";Khitan" at Omniglot.

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ