ᠬᠢᠲᠠᠨ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠶᠡᠬᠡ ᠯᠢᠶᠣᠣ ᠤᠯᠤᠰ
ᠬᠢᠳᠠᠨ
ᠬᠠᠭᠠᠨᠲᠤ ᠤᠯᠤᠰ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

907–1125
ᠨᠡᠶᠢᠰᠯᠡᠯ Not specified
ᠬᠡᠯᠡ ᠠᠶᠠᠯᠭᠤ ᠮᠣᠩᠭᠣᠯ ᠬᠡᠯᠡ
ᠱᠠᠰᠢᠨ ᠰᠢᠲᠦᠯᠭᠡ ᠪᠥᠭᠡ᠂ ᠬᠣᠵᠢᠮ ᠪᠤᠳ᠋ᠳ᠋ᠾᠠ ᠶᠢᠨ ᠱᠠᠰᠢᠨ
ᠲᠥᠷᠥ ᠵᠠᠰᠠᠭ ᠬᠠᠭᠠᠨᠲᠤ ᠵᠠᠰᠠᠭ
ᠲᠡᠦᠬᠡᠨ ᠣᠨ ᠳᠠᠷᠠᠭᠠᠯᠠᠯ ᠡᠷᠲᠡ ᠦᠶ᠎ᠡ
 - Established
 - Disestablished
Today part of Flag of Mongolia.svg ᠮᠣᠩᠭᠣᠯ
Flag of Kazakhstan.svg ᠬᠠᠰᠠᠭᠰᠲ᠋ᠠᠨ
Flag of Russia.svg ᠣᠷᠣᠰ
ᠵᠠᠭᠪᠤᠷ:Country data ᠳᠤᠮᠳᠠᠳᠤ ᠤᠯᠤᠰ
ᠬᠢᠳᠠᠨ ᠤᠯᠤᠰ
ᠬᠢᠳᠠᠨ
ᠭᠢᠳᠠᠨ ᠤᠯᠤᠰ᠂ 1000 ᠤᠨ ᠤ ᠦᠶ᠎ᠡ ᠳᠦ᠃
1000 ᠤᠨ

ᠬᠢᠳᠠᠨ ᠦᠨᠳᠦᠰᠦᠲᠡᠨ ᠨᠢ ᠠᠩᠬ᠎ᠠ ᠯᠤᠤᠬ᠎ᠠᠶᠢᠨ ᠭᠣᠣᠯ ᠤᠨ ᠪᠠᠷᠠᠭᠤᠨ ᠲᠠᠯ᠎ᠠ ᠪᠠᠷ᠂ ᠰᠢᠷ᠎ᠠ ᠮᠥᠷᠡᠨ ᠦ ᠤᠮᠠᠷᠠᠳᠤ ᠰᠠᠪᠠ ᠪᠠᠷ ᠨᠤᠲᠤᠭᠯᠠᠵᠤ ᠪᠠᠶᠢᠭᠰᠠᠨ ᠪᠣᠯᠤᠯᠲᠠᠢ ᠪᠥᠭᠡᠳ ᠶᠠᠪᠤᠭᠠᠨ ᠳᠠᠭᠠᠨ ᠰᠢᠷ᠎ᠠ ᠲᠡᠩᠭᠢᠰ ᠦᠨ ᠡᠷᠭᠢ ᠬᠦᠷᠲᠡᠯᠡᠬᠢ ᠨᠤᠲᠤᠭ ᠲᠤ ᠲᠠᠷᠬᠠᠨ ᠰᠠᠭᠤᠵᠠᠢ᠃ ᠲᠡᠳᠡ ᠰᠢᠶᠠᠨᠪᠢ ᠨᠠᠷ ᠲᠠᠢ ᠠᠳᠠᠯᠢ ᠳ᠋ᠦᠩᠬᠤ ᠨᠠᠷ ᠤᠨ ᠤᠳᠤᠮ ᠪᠠᠶᠢᠭᠰᠠᠨ ᠪᠠ ᠲᠡᠳᠡᠨ ᠦ ᠶᠡᠬᠡᠩᠬᠢ ᠨᠢ ᠥᠨᠥ ᠶᠢᠨ ᠮᠣᠩᠭᠣᠯ ᠨᠤᠲᠤᠭ ᠲᠤ ᠲᠥᠪᠯᠡᠷᠡᠨ ᠰᠠᠭᠤᠷᠰᠢᠵᠤ ᠪᠠᠶᠢᠭ᠎ᠠ ᠦᠭᠡᠢ ᠴᠤ 923 ᠤᠨ ᠠᠴᠠ ᠠᠯᠲᠠᠢ ᠠᠴᠠ ᠵᠡᠭᠦᠨ ᠲᠡᠰᠢ ᠬᠡᠷᠡᠯᠦᠨ ᠭᠣᠣᠯ ᠍ ᠤᠨ ᠬᠣᠶᠢᠲᠤ ᠪᠡᠶ᠎ᠡ ᠬᠦᠷᠲᠡᠯ᠎ᠡ ᠨᠤᠲᠤᠭ ᠢᠶᠠᠨ ᠲᠡᠯᠡᠵᠦ᠂ ᠰᠤᠶᠤᠯ ᠲᠡᠦᠬᠡ ᠶᠢᠨ ᠣᠯᠠᠨ ᠵᠦᠢᠯ ᠳᠤᠷᠠᠰᠬᠠᠯ ᠶᠢᠡᠨ ᠮᠣᠩᠭᠣᠯ ᠨᠤᠲᠤᠭ ᠲᠤ ᠦᠯᠡᠳᠡᠭᠡᠪᠡ᠃

ᠤᠳᠤᠮ ᠭᠠᠷᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠨ ᠨᠠᠷ ᠪᠤᠶᠤ ᠬᠢᠳᠠᠨ ᠦᠨᠳᠦᠰᠦᠲᠡᠨ ᠨᠢ ᠤᠭ ᠤᠳᠤᠮ ᠤᠨ ᠬᠤᠪᠢ ᠳᠤ ᠳᠤᠩᠬᠤ ᠠᠶᠢᠮᠠᠭ ᠤᠨ ᠰᠢᠶᠠᠨᠪᠢ ᠨᠠᠷ ᠠᠴᠠ ᠭᠠᠷᠤᠯᠲᠠᠢ ᠤᠴᠢᠷ ᠤᠳᠤᠮ ᠭᠠᠷᠤᠯ ᠤᠨ ᠬᠤᠪᠢ ᠳᠤ ᠡᠪᠦᠭᠡ ᠳᠡᠭᠡᠳᠦᠰ ᠨᠢ ᠮᠣᠩᠭᠣᠯᠴᠤᠳ ᠭᠡᠵᠦ ᠦᠵᠡᠳᠡᠭ᠃ ᠬᠡᠯᠡ ᠰᠤᠳᠤᠯᠤᠯ ᠤᠨ ᠲᠠᠯ᠎ᠠ ᠪᠠᠷ ᠬᠢᠭᠰᠡᠨ ᠰᠤᠳᠤᠯᠭ᠎ᠠ ᠪᠠᠷ ᠴᠤ ᠮᠣᠩᠭᠣᠯ ᠬᠡᠯᠡᠲᠡᠨ ᠪᠠᠶᠢᠭᠰᠠᠨ ᠨᠢ ᠨᠣᠲᠠᠯᠠᠭᠳᠠᠭᠰᠠᠨ ᠪᠢᠯᠡ᠃ ᠬᠢᠲᠠᠨ ᠨᠠᠷ ᠤᠨ 100 ᠦᠭᠡ ᠡᠴᠡ 70 ᠬᠤᠪᠢ ᠨᠢ ᠮᠣᠩᠭᠣᠯ ᠦᠭᠡ ᠪᠠᠶᠢᠳᠠᠭ᠃ ᠵᠢᠱᠢᠶ᠎ᠡ ᠨᠢ: ᠪᠤᠶᠢᠯ-ᠪᠣᠭᠣᠯ᠂ ᠰᠢᠪᠠ-ᠰᠢᠪᠠᠭᠤ᠂ ᠢᠺᠧ-ᠶᠡᠬᠡ᠂ ᠨᠤᠬᠢ-ᠨᠣᠬᠠᠢ᠂ ᠲᠣᠯᠢ-ᠲᠠᠤᠯᠠᠢ ᠭᠡᠬᠦ ᠮᠡᠲᠦ᠃ ᠲᠠᠩ ᠤᠯᠤᠰ ᠤᠨ ᠰᠤᠳᠤᠷ ᠲᠤ ᠬᠢᠲᠠᠨ ᠨᠠᠷ ᠤᠨ ᠠᠵᠤ ᠠᠬᠤᠢ᠂ ᠦᠭᠡ ᠬᠡᠯᠡ ᠵᠠᠩ ᠵᠠᠩᠰᠢᠯ ᠨᠢ ᠮᠣᠩᠭᠣᠯ ᠤᠨ ᠰᠢᠪᠡᠢ ᠨᠠᠷ ᠲᠠᠢ ᠠᠳᠠᠯᠢ ᠭᠡᠰᠡᠨ ᠪᠠᠶᠢᠳᠠᠭ᠃ ᠠᠨᠲᠷᠣᠫᠣᠯᠣᠭᠢ ᠍ ᠶᠢᠨ ᠰᠤᠳᠤᠯᠭ᠎ᠠ ᠪᠠᠷ ᠮᠣᠩᠭᠣᠯ ᠲᠥᠷᠬᠥᠲᠡᠨ ᠪᠣᠯᠬᠤ ᠶᠢ ᠨᠢ ᠰᠤᠳᠤᠯᠵᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠨ ᠭᠦᠷᠦᠨ ᠦ ᠦᠶ᠎ᠡ ᠶᠢᠨ ᠰᠠᠨᠺᠠᠢ ᠲᠠᠪᠠᠭ᠂ X-XII ᠵᠠᠭᠤᠨ᠃

ᠬᠢᠲᠠᠨ ᠨᠠᠷ ᠤᠨ ᠳᠤᠮᠳᠠ ᠣᠪᠤᠭ ᠤᠨ ᠪᠠᠶᠢᠭᠤᠯᠤᠯ ᠵᠠᠳᠠᠷᠠᠵᠤ ᠴᠡᠷᠢᠭ ᠦᠨ ᠠᠷᠠᠳᠴᠢᠯᠠᠯ ᠤᠨ ᠱᠠᠲᠤᠨ ᠳᠤ ᠰᠢᠯᠵᠢᠬᠦ ᠦᠢᠯᠡ ᠶᠠᠪᠤᠴᠠ ᠶᠠᠪᠤᠭᠳᠠᠵᠤ ᠪᠠᠶᠢᠵᠠᠢ᠃ ᠲᠤᠬᠠᠶᠢᠯᠠᠪᠠᠯ: 3-4 ᠳ᠋ᠦᠭᠡᠷ ᠵᠠᠭᠤᠨ ᠤ ᠦᠶ᠎ᠡ ᠳᠦ ᠣᠪᠤᠭ ᠤᠨ ᠠᠬᠠᠯᠠᠭᠴᠢ ᠪᠣᠯᠤᠨ ᠨᠠᠶᠢᠮᠠᠨ ᠠᠶᠢᠮᠠᠭ ᠤᠨ ᠬᠣᠯᠪᠣᠭᠠᠨ ᠤ ᠲᠡᠷᠢᠭᠦᠯᠡᠭᠴᠢ ᠶᠢ ᠰᠣᠩᠭᠣᠵᠤ ᠳᠠᠬᠡ ᠭᠡᠵᠦ ᠨᠡᠷᠡᠯᠡᠳᠡᠭ᠂ ᠲᠡᠷᠡ ᠨᠢ ᠪᠤᠰᠤᠳ ᠳᠣᠯᠣᠭᠠᠨ ᠠᠶᠢᠮᠠᠭ ᠤᠨ ᠲᠡᠷᠢᠭᠦᠯᠡᠭᠴᠢᠳ ᠢ ᠵᠠᠬᠢᠷᠳᠠᠭ ᠪᠥᠭᠡᠳ ᠭᠡᠷ ᠤᠨ ᠬᠢᠨᠢ ᠡᠮᠦᠨ᠎ᠡ ᠲᠤᠭ ᠬᠡᠩᠭᠡᠷᠭᠡ ᠪᠠᠶᠢᠷᠢᠯᠠᠭᠤᠯᠳᠠᠭ ᠪᠠᠶᠢᠵᠠᠢ᠃ ᠡᠨᠡᠬᠦ ᠳᠠᠬᠡ ᠭᠡᠳᠡᠭ ᠨᠡᠷ᠎ᠡ ᠨᠢ ᠴᠢᠨᠠᠭᠰᠢᠳᠠ ᠪᠠᠨ ᠡᠷᠬᠡ ᠪᠠᠷᠢᠬᠤ ᠣᠪᠤᠭ ᠠᠶᠢᠮᠠᠭ ᠤᠨ ᠨᠡᠷ᠎ᠡ ᠪᠣᠯᠤᠭᠰᠠᠨ ᠪᠠᠶᠢᠨ᠎ᠠ᠃ ᠬᠢᠲᠠᠨ ᠨᠠᠷ᠋᠄

 • ᠬᠡᠪ ᠬᠠᠤᠯᠢ ᠪᠠᠷ ᠨᠡᠶᠢᠭᠡᠮ ᠤᠨ ᠠᠮᠢᠳᠤᠷᠠᠯ ᠢ ᠵᠣᠬᠢᠴᠠᠭᠤᠯᠳᠠᠭ᠃
 • ᠬᠦᠷᠢᠶ᠎ᠡ ᠨᠡᠭᠦᠳᠡᠯ ᠬᠢᠳᠡᠭ᠃
 • ᠣᠪᠤᠭ ᠳᠣᠲᠣᠷ᠎ᠠ ᠪᠠᠨ ᠭᠡᠷᠯᠡᠬᠦ ᠶᠢ ᠴᠡᠭᠡᠷᠯᠡᠳᠡᠭ ᠪᠠᠶᠢᠭᠰᠠᠨ ᠨᠢ ᠣᠪᠤᠭ ᠤᠨ ᠶᠣᠰᠣᠲᠤ ᠪᠠᠶᠢᠳᠠᠯ ᠤᠨ ᠢᠯᠡᠷᠡᠯ ᠪᠠᠶᠢᠪᠠ᠃
ᠬᠢᠲᠠᠨ ᠭᠦᠷᠦᠨ ᠦ ᠦᠶ᠎ᠡ ᠶᠢᠨ ᠭᠤᠸᠠᠨᠢᠢᠨᠢ ᠦ ᠥᠩᠭᠡ ᠬᠣᠣᠰᠯᠠᠭᠰᠠᠨ ᠮᠣᠳᠣᠨ ᠰᠡᠶᠢᠯᠪᠦᠷᠢ; ᠬᠢᠲᠠᠳ ᠤᠯᠤᠰ᠂ (ᠮ᠃ᠡ 907-1125)

5 ᠳ᠋ᠤᠭᠠᠷ ᠵᠠᠭᠤᠨ ᠤ ᠰᠡᠭᠦᠯᠴᠢ ᠶᠢᠨ ᠬᠠᠭᠠᠰ ᠠᠴᠠ 7 ᠳ᠋ᠤᠭᠠᠷ ᠵᠠᠭᠤᠨ ᠤ ᠡᠬᠢᠨ ᠬᠦᠷᠲᠡᠯ᠎ᠡ ᠲᠣᠪᠠ ᠶᠢᠨ ᠶᠡᠬᠡ ᠸᠡᠢ ᠤᠯᠤᠰ ᠪᠠ ᠲᠦᠷᠦᠭ ᠤᠨ ᠬᠠᠭᠠᠨᠲᠤ ᠤᠯᠤᠰ ᠤᠨ ᠬᠠᠷᠢᠶᠠᠨ ᠳᠤ ᠪᠠᠶᠢᠵᠠᠢ᠃ ᠬᠠᠷᠢᠨ 648 ᠤᠨ ᠳᠤ ᠨᠠᠩᠭᠢᠶᠠᠳ ᠍ ᠤᠳ ᠲᠠᠩ ᠤᠯᠤᠰ ᠲᠤ ᠳᠠᠭᠠᠷ᠎ᠠ ᠣᠷᠣᠵᠤ᠂ 682 ᠤᠨ ᠬᠦᠷᠲᠡᠯ᠎ᠡ ᠲᠡᠭᠦᠨ ᠦ ᠬᠠᠷᠢᠶᠠᠨ ᠳᠤ ᠨᠠᠶᠢᠮᠠᠨ ᠮᠤᠵᠢ ᠪᠣᠯᠤᠨ ᠵᠠᠬᠢᠷᠤᠭᠳᠠᠵᠤ ᠪᠠᠶᠢᠪᠠ᠃ 699 ᠤᠨ ᠳᠤ ᠲᠦᠷᠦᠭ ᠲᠦ ᠡᠵᠡᠯᠡᠭᠳᠡᠨ ᠬᠠᠷᠢᠶᠠᠯᠠᠭᠳᠠᠬᠤ ᠪᠣᠯᠤᠭᠰᠠᠨ ᠪᠣᠯᠪᠠᠴᠤ ᠬᠠᠷᠢᠴᠠᠩᠭᠤᠢ ᠪᠡᠶ᠎ᠡ ᠪᠡᠨ ᠳᠠᠭᠠᠭᠰᠠᠨ ᠪᠠᠶᠢᠳᠠᠯ ᠲᠠᠢ ᠪᠠᠶᠢᠪᠠ᠃ ᠡᠨᠡ ᠦᠶᠡᠰ ᠬᠢᠲᠠᠨ ᠨᠠᠷ ᠤᠨ ᠳᠤᠮᠳᠠ ᠲᠥᠷᠥ ᠤᠯᠤᠰ ᠤᠨ ᠡᠬᠢ ᠡᠭᠦᠰᠬᠡᠯ ᠲᠠᠯᠪᠢᠭᠳᠠᠭᠰᠠᠨ ᠪᠠᠶᠢᠨ᠎ᠠ᠃ ᠲᠤᠬᠠᠶᠢᠯᠠᠪᠠᠯ: ᠲᠣᠷᠭᠠᠨ ᠴᠡᠷᠢᠭ᠂ ᠬᠠᠷᠴᠠᠭᠠᠢ ᠴᠡᠷᠢᠭ ᠭᠡᠰᠡᠨ 2 ᠲᠥᠷᠥᠯ ᠦᠨ ᠴᠡᠷᠢᠭ ᠡᠷ᠎ᠡ ᠲᠡᠢ ᠪᠣᠯᠤᠭᠰᠠᠨ᠃ ᠰᠠᠶᠢᠳ᠂ ᠲᠦᠰᠢᠮᠡᠯ᠂ ᠵᠣᠩᠬᠢᠯᠠᠭᠴᠢᠳ ᠵᠡᠷᠭᠡ ᠠᠯᠪᠠᠨ ᠲᠤᠰᠢᠶᠠᠯ ᠪᠤᠢ ᠪᠣᠯᠤᠭᠰᠠᠨ᠃ ᠠᠯᠪᠠᠨ ᠤ ᠬᠡᠷᠡᠭ ᠲᠦ ᠤᠨᠤᠯᠭ᠎ᠠ᠂ ᠬᠥᠰᠬᠡ ᠵᠠᠯᠭᠠᠭᠤᠯᠬᠤ ᠡᠭᠦᠷᠭᠡᠲᠡᠨ ᠨᠦᠭᠦᠳ ᠪᠤᠢ ᠪᠣᠯᠵᠤ ᠲᠡᠭᠦᠪᠡᠷ ᠮᠥᠩᠭᠥᠨ᠂ ᠮᠣᠳᠣᠨ᠂ ᠵᠢᠭᠠᠰᠤᠨ ᠤ ᠳᠦᠷᠦᠯ ᠤᠨ ᠫᠠᠶᠢᠵᠠᠲᠠᠨ ᠲᠦᠰᠢᠮᠡᠯ ᠦᠳ "ᠵᠠᠷ" ᠪᠢᠴᠢᠭ ᠲᠡᠢ ᠵᠣᠷᠴᠢᠵᠤ ᠪᠠᠶᠢᠪᠠ᠃ ᠫᠠᠶᠢᠵᠠᠨ ᠤ ᠪᠢᠴᠢᠭ ᠨᠢ "ᠤᠭᠲᠤᠭᠤᠯ" ᠭᠡᠰᠡᠨ ᠦᠭᠡ ᠲᠡᠢ ᠪᠣᠯ ᠴᠡᠷᠢᠭ ᠳᠠᠶᠢᠴᠢᠯᠠᠬᠤ ᠬᠡᠷᠡᠭ ᠢᠶᠡᠷ ᠶᠠᠪᠤᠳᠠᠭ᠂ "ᠳᠣᠪᠲᠣᠯᠤᠨ ᠮᠣᠷᠢᠯᠠᠬᠤ" ᠭᠡᠰᠡᠨ ᠦᠭᠡ ᠲᠡᠢ ᠪᠣᠯ ᠠᠯᠪᠠ ᠲᠠᠲᠠᠪᠤᠷᠢ ᠬᠤᠷᠢᠶᠠᠭᠴᠢ ᠨᠠᠷ ᠪᠠᠶᠢᠳᠠᠭ ᠪᠠᠶᠢᠪᠠ᠃

ᠭᠠᠵᠠᠷ ᠡᠳ᠋ᠯᠡᠪᠦᠷᠢ ᠶᠢᠨ ᠬᠠᠤᠯᠢ ᠲᠠᠢ ᠪᠣᠯᠵᠤ᠂ ᠭᠠᠵᠠᠷ ᠢ᠄

 1. ᠢᠵᠠᠭᠤᠷ ᠤᠨ ᠡᠳ᠋ᠯᠡᠪᠦᠷᠢ ᠭᠠᠵᠠᠷ
 2. ᠲᠠᠷᠢᠶ᠎ᠠ ᠨᠣᠭᠣᠭᠠᠨ ᠤ ᠭᠠᠵᠠᠷ
 3. ᠪᠡᠯᠴᠢᠭᠡᠷ ᠦᠨ ᠭᠠᠵᠠᠷ
 4. ᠠᠩ ᠭᠥᠷᠦᠭᠡᠨ ᠦ ᠭᠠᠵᠠᠷ
 5. ᠬᠡᠭᠦᠷ ᠣᠷᠣᠰᠢᠭᠤᠯᠭ᠎ᠠ ᠶᠢᠨ ᠭᠠᠵᠠᠷ

ᠭᠡᠰᠡᠨ ᠬᠡᠯᠪᠡᠷᠢ ᠪᠡᠷ ᠡᠵᠡᠮᠰᠢᠭᠦᠯᠬᠦ ᠪᠣᠯᠤᠭᠰᠠᠨ ᠶᠤᠮ᠃

ᠠᠯᠪᠠᠨ ᠲᠠᠲᠠᠪᠤᠷᠢ ᠨᠢ᠄

 1. ᠪᠣᠭᠣᠮᠲᠠ ᠶᠢᠨ ᠲᠠᠲᠠᠪᠦᠷᠢ
 2. ᠳᠠᠪᠤᠰᠤᠨ ᠤ᠂ ᠠᠷᠢᠬᠢᠨ ᠤ ᠣᠨᠴᠠᠭᠠᠢ ᠠᠯᠪᠠᠨ ᠲᠠᠲᠠᠪᠤᠷᠢ

ᠭᠡᠬᠦ ᠮᠡᠲᠦ ᠨᠡᠷ᠎ᠡ ᠲᠡᠢ ᠪᠠᠶᠢᠪᠠ᠃

ᠠᠽᠢᠶ᠎ᠠ ᠲᠢᠪ 1025 ᠤᠨ ᠤ ᠦᠶ᠎ᠡ ᠳᠦ
ᠭᠠᠵᠠᠷ ᠳᠣᠣᠷ᠎ᠠ ᠠᠴᠠ ᠣᠯᠳᠠᠭᠰᠠᠨ ᠬᠢᠲᠠᠨ ᠤ ᠦᠶ᠎ᠡ ᠶᠢᠨ ᠭᠡᠷ ᠦᠨ ᠲᠠᠪᠢᠯᠭ᠎ᠠ
ᠬᠢᠲᠠᠨ ᠤ ᠣᠷᠣᠰᠢᠭᠤᠯᠭ᠎ᠠ ᠶᠢᠨ ᠪᠠᠭ᠂ 10 ᠳ᠋ᠤᠭᠠᠷ ᠵᠠᠭᠤᠨ᠃
ᠬᠢᠲᠠᠨ ᠭᠦᠷᠦᠨ ᠦ ᠦᠶ᠎ᠡ ᠶᠢᠨ ᠱᠠᠭᠠᠵᠠᠩ ᠪᠤᠷᠬᠠᠨ᠃
 ᠨᠠᠩᠭᠢᠶᠠᠳ ᠠᠶᠢᠯ ᠡᠷᠦᠬᠡ ᠶᠢ "ᠣᠯᠵᠠᠯᠠᠭᠳᠠᠭᠰᠠᠳ" ᠭᠡᠳᠡᠭ᠂ ᠮᠣᠩᠭᠣᠯ ᠤᠯᠤᠰ ᠤᠨ ᠪᠢᠰᠢ ᠨᠡᠭᠦᠳᠡᠯᠴᠢᠳ ᠢ "ᠪᠤᠷᠤᠭᠤ ᠬᠡᠯᠡ ᠲᠡᠢ" ᠭᠡᠳᠡᠭ ᠪᠠᠶᠢᠯ᠎ᠠ᠃ ᠨᠠᠩᠭᠢᠶᠠᠳ ᠤᠳ ᠠᠴᠠ ᠲᠣᠷᠭ᠎ᠠ᠂ ᠪᠥᠰ ᠳᠠᠪᠤᠤ᠂ ᠴᠠᠢ᠂ ᠡᠮ᠎ ᠲᠠᠩ᠂ ᠴᠠᠭᠠᠨ ᠬᠥᠳᠡᠷ᠂ ᠴᠠᠭᠠᠨ ᠱᠠᠭᠠᠵᠠᠩ ᠶᠢᠡᠷ ᠠᠯᠪᠠ ᠠᠪᠳᠠᠭ ᠪᠠᠶᠢᠵᠠᠢ᠃ ᠡᠭᠦᠨ ᠢ ᠪᠡᠨ "ᠠᠯᠪᠠ" ᠭᠡᠳᠡᠭ᠃ ᠭᠠᠷ ᠤᠷᠠᠴᠤᠳ ᠠᠴᠠ "ᠲᠦᠷᠢᠶᠡᠰᠦ"᠂ᠬᠤᠳᠠᠯᠳᠤᠭᠠᠴᠢᠳ ᠠᠴᠠ ᠬᠤᠳᠠᠯᠳᠤᠭᠠᠨ ᠤ "ᠭᠠᠶᠢᠯᠢ" ᠬᠡᠮᠡᠨ ᠨᠡᠷᠡᠯᠡᠳᠡᠭ ᠪᠠᠶᠢᠪᠠ᠃ ᠬᠠᠤᠯᠢ ᠴᠠᠭᠠᠵᠠ ᠶᠢᠨ ᠲᠦᠰᠢᠮᠡᠯ ᠲᠡᠢ ᠪᠣᠯᠵᠤ ᠶᠠᠯᠠᠲᠤ ᠬᠦᠮᠦᠨ ᠢ ᠭᠠᠵᠠᠷ ᠭᠢᠨᠳᠠᠨ ᠳᠤ ᠬᠤᠷᠢᠬᠤ ᠪᠣᠯᠤᠭᠰᠠᠨ ᠶᠤᠮ᠃ 8 ᠳ᠋ᠤᠭᠠᠷ ᠵᠠᠭᠤᠨ ᠤ ᠳᠤᠮᠳᠠᠴᠢ ᠪᠡᠷ ᠬᠢᠲᠠᠨ ᠨᠤᠭᠤᠳ ᠠᠯᠢ ᠨᠢᠭᠡ ᠤᠯᠤᠰ ᠲᠤ ᠬᠠᠷᠢᠶᠠᠯᠠᠭᠳᠠᠬᠤ ᠪᠠᠨ ᠪᠣᠯᠢᠵᠤ ᠭᠠᠳᠠᠭᠠᠳᠤ ᠪᠠᠶᠢᠳᠠᠯ ᠢᠶᠠᠨ ᠪᠡᠬᠢᠵᠢᠭᠦᠯᠦᠨ ᠬᠦᠴᠦᠷᠬᠡᠭᠵᠢᠵᠦ 8 ᠠᠶᠢᠮᠠᠭ ᠨᠢ 38 ᠪᠣᠯᠲᠠᠯ᠎ᠠ ᠪᠠᠨ ᠥᠰᠦᠭᠰᠡᠨ ᠪᠠᠶᠢᠪᠠ᠃ ᠡᠨᠡ ᠦᠶ᠎ᠡ ᠳᠦ ᠬᠢᠲᠠᠨ ᠨᠠᠷ ᠲᠡᠷᠢᠭᠦᠨ ᠢᠶᠡᠨ ᠬᠠᠨ ᠭᠡᠬᠦ ᠪᠣᠯᠵᠠᠢ᠃ ᠬᠢᠲᠠᠨ ᠨᠠᠷ 8-15 ᠳ᠋ᠤᠭᠠᠷ ᠵᠠᠭᠤᠨ ᠤ ᠦᠶ᠎ᠡ ᠳᠦ ᠣᠯᠵᠠᠨ ᠤ ᠬᠦᠮᠦᠨ ᠢ ᠪᠣᠭᠣᠯ ᠪᠣᠯᠭᠠᠵᠤ᠂ ᠠᠵᠤ ᠠᠬᠤᠢ ᠶᠢᠨ ᠠᠵᠢᠯ ᠳᠤ ᠠᠰᠢᠭᠯᠠᠳᠠᠭ ᠪᠠᠶᠢᠪᠠ᠃ 907 ᠤᠨ ᠳᠤ ᠶᠡᠯᠦᠢ ᠣᠪᠤᠭ ᠤᠨ ᠠᠮᠪᠠᠭᠢᠨ ᠬᠠᠨ ᠡᠷᠭᠦᠮᠵᠢᠯᠡᠭᠳᠡᠭᠰᠡᠨ ᠢᠶᠡᠷ ᠤᠯᠤᠰ ᠢᠶᠠᠨ ᠬᠢᠲᠠᠨ ᠭᠦᠷᠦᠨ ᠭᠡᠵᠦ ᠨᠡᠷᠡᠯᠡᠭᠰᠡᠨ ᠢᠶᠡᠷ ᠢᠵᠠᠭᠤᠷᠲᠠᠨ ᠤ ᠡᠷᠬᠡ ᠮᠡᠳᠡᠯ ᠨᠡᠮᠡᠭᠳᠡᠵᠦ᠂ ᠵᠠᠰᠠᠭ ᠲᠥᠷᠥ ᠶᠢᠨ ᠪᠠᠶᠢᠭᠤᠯᠤᠯᠭ᠎ᠠ ᠨᠤᠭᠤᠳ ᠪᠠᠶᠢᠭᠤᠯᠤᠭᠳᠠᠭᠰᠠᠨ ᠪᠠ ᠨᠡᠭᠦᠳᠡᠯᠴᠢᠨ ᠢᠷᠭᠡᠳ ᠢᠶᠡᠨ ᠵᠠᠬᠢᠷᠬᠤ ᠳᠦ ᠪᠠᠨ ᠤᠮᠠᠷᠠᠳᠤ ᠡᠮᠦᠨᠡᠲᠦ ᠭᠡᠰᠡᠨ ᠬᠣᠶᠠᠷ ᠬᠡᠰᠡᠭ ᠲᠦ ᠬᠤᠪᠢᠶᠠᠨ ᠵᠠᠬᠢᠷᠴᠠᠢ᠃ ᠡᠨᠡ ᠦᠶ᠎ᠡ ᠶᠢᠨ ᠨᠠᠩᠭᠢᠶᠠᠳ ᠣᠷᠣᠨ "ᠲᠠᠪᠤᠨ ᠤᠰᠤ᠂ ᠠᠷᠪᠠᠨ ᠬᠠᠨᠯᠢᠭ ᠦᠨ ᠦᠶ᠎ᠡ" ᠬᠡᠮᠡᠨ ᠨᠡᠷᠡᠯᠡᠭᠳᠡᠭᠰᠡᠨ ᠲᠥᠷᠥ ᠵᠠᠰᠠᠭᠯᠠᠯ ᠲᠠᠢ ᠪᠠᠶᠢᠭᠰᠠᠨ ᠪᠣᠯᠪᠠᠴᠤ ᠬᠢᠲᠠᠨ ᠨᠠᠷ ᠢ ᠬᠦᠴᠦᠷᠬᠡᠭᠵᠢᠬᠦ ᠳᠦ ᠰᠠᠭᠠᠳ ᠬᠢᠵᠦ ᠴᠢᠳᠠᠭᠰᠠᠨ ᠦᠭᠡᠢ ᠪᠡᠷ ᠪᠠᠷᠠᠬᠤ ᠦᠭᠡᠢ ᠨᠠᠩᠭᠢᠶᠠᠳ ᠤᠨ ᠤᠷᠪᠠᠭᠴᠢ ᠲᠦᠰᠢᠮᠡᠯ ᠦᠳ ᠬᠢᠲᠠᠨ ᠤ ᠢᠵᠠᠭᠤᠷᠲᠠᠨ ᠨᠤᠭᠤᠳ ᠲᠤ ᠵᠤᠯᠭᠤᠨ ᠨᠥᠯᠦᠭᠡᠯᠡᠵᠦ᠂ ᠬᠢᠲᠠᠨ ᠤ ᠲᠥᠷᠥ ᠶᠣᠰᠣ ᠪᠠᠨ ᠪᠡᠬᠢᠵᠢᠭᠦᠯᠬᠦ ᠳᠦ ᠲᠦᠯᠬᠢᠴᠡ ᠪᠣᠯᠵᠠᠢ᠃ ᠲᠤᠬᠠᠶᠢᠯᠠᠪᠠᠯ ᠬᠠᠨᠢ ᠶᠠᠨᠢᠬᠤᠢ ᠭᠡᠭᠴᠢ ᠠᠮᠪᠠᠭᠢᠨ ᠬᠠᠨ ᠤ ᠠᠯᠪᠠᠨ ᠶᠣᠰᠣᠨ ᠤ ᠵᠥᠪᠯᠡᠭᠴᠢ ᠨᠢ ᠪᠣᠯᠵᠤ ᠬᠣᠲᠠ ᠪᠠᠶᠢᠭᠤᠯᠬᠤ᠂ ᠣᠷᠳᠣ ᠬᠠᠷᠰᠢ ᠴᠣᠭᠯᠠᠬᠤ᠂ ᠰᠠᠭᠤᠷᠢᠰᠢᠮᠠᠯ ᠢᠷᠭᠡᠳ ᠲᠦ ᠭᠠᠵᠠᠷ ᠣᠯᠭᠤᠵᠤ ᠲᠠᠷᠢᠶ᠎ᠠ ᠲᠠᠷᠢᠭᠤᠯᠬᠤ᠂ ᠴᠠᠭᠠᠵᠠ ᠬᠠᠤᠯᠢ᠂ ᠲᠦᠰᠢᠮᠡᠳ ᠦᠨ ᠵᠡᠷᠭᠡ ᠳᠡᠰ ᠲᠣᠭᠲᠠᠭᠠᠬᠤ ᠬᠡᠷᠡᠭ ᠲᠦ ᠲᠤᠰᠠ ᠳᠡᠮ ᠦᠵᠡᠭᠦᠯᠵᠡᠢ᠃ ᠠᠮᠪᠠᠭᠢᠨ ᠬᠠᠨ 907 ᠤᠨ ᠠᠴᠠ ᠬᠣᠶᠢᠰᠢ ᠨᠡᠶᠢᠲᠡ ᠶᠢᠰᠦᠨ ᠵᠢᠯ ᠲᠥᠷᠥ ᠪᠠᠷᠢᠵᠤ ᠬᠢᠲᠠᠨ ᠤ ᠬᠠᠨ ᠢ ᠭᠤᠷᠪᠠᠨ ᠵᠢᠯ ᠳᠤ ᠨᠢᠭᠡ ᠤᠳᠠᠭ᠎ᠠ ᠰᠤᠩᠭᠤᠬᠤ ᠴᠠᠭ ᠬᠤᠭᠤᠴᠠᠭ᠎ᠠ ᠶᠢ ᠵᠥᠷᠢᠴᠡᠭᠡᠳ ᠵᠣᠭᠰᠣᠭ᠎ᠠ ᠦᠭᠡᠢ ᠬᠠᠨ ᠰᠢᠷᠡᠭᠡ ᠶᠢ ᠵᠠᠯᠭᠠᠮᠵᠢᠯᠠᠬᠤ ᠶᠣᠰᠣ ᠶᠢ ᠪᠤᠢ ᠪᠣᠯᠭᠠᠭᠰᠠᠨ ᠨᠢ ᠨᠠᠩᠭᠢᠶᠠᠳ ᠵᠥᠪᠯᠡᠭᠴᠢ ᠲᠡᠢ ᠬᠣᠯᠪᠣᠭ᠎ᠠ ᠲᠠᠢ ᠪᠠᠶᠢᠪᠠ᠃ 922 ᠤᠨ ᠤ ᠦᠶ᠎ᠡ ᠳᠦ ᠤᠯᠤᠰ ᠤᠨ ᠴᠡᠷᠢᠭ ᠦᠨ ᠶᠡᠷᠦᠩᠬᠡᠶᠢᠯᠡᠨ ᠵᠠᠬᠢᠷᠬᠤ ᠲᠤᠰᠢᠶᠠᠯ ᠪᠤᠢ ᠪᠣᠯᠭᠠᠵᠤ᠂ 50000 ᠬᠦᠮᠦᠨ ᠲᠡᠢ ᠶᠡᠬᠡ ᠴᠡᠷᠢᠭ ᠪᠠᠶᠢᠭᠤᠯᠵᠠᠢ᠃ 923 ᠤᠨ ᠠᠴᠠ ᠬᠢᠲᠠᠨ ᠤ ᠭᠠᠳᠠᠭᠠᠳᠤ ᠪᠠᠶᠢᠳᠠᠯ ᠦᠯᠡᠮᠵᠢ ᠪᠡᠬᠢᠵᠢᠨ ᠠᠽᠢᠶ᠎ᠠ ᠶᠢᠨ ᠪᠤᠰᠤᠳ ᠤᠯᠤᠰ ᠤᠳ ᠲᠠᠢ ᠬᠠᠷᠢᠯᠴᠠᠭ᠎ᠠ ᠲᠣᠭᠲᠠᠭᠠᠭᠰᠠᠨ ᠪᠠᠶᠢᠨ᠎ᠠ᠃ 923 ᠤᠨ ᠳᠤ ᠫᠧᠷᠰ ᠤᠯᠤᠰ ᠠᠴᠠ᠂ 924 ᠤᠨ ᠳᠤ ᠰᠣᠯᠣᠩᠭᠣᠰ ᠍ ᠤᠨ ᠭᠤᠷᠪᠠᠨ ᠬᠠᠭᠠᠨᠲᠤ ᠤᠯᠤᠰ ᠤᠨ ᠨᠢᠭᠡ ᠰᠯᠠᠯ ᠤᠯᠤᠰ ᠠᠴᠠ ᠬᠢᠲᠠᠨ ᠤᠯᠤᠰ ᠲᠤ ᠡᠯᠴᠢ ᠢᠷᠡᠵᠦ ᠪᠠᠶᠢᠵᠠᠢ᠃ 923-924 ᠤᠨ ᠳᠤ ᠵᠡᠭᠦᠨ ᠳᠠᠯᠠᠢ (ᠰᠢᠷ᠎ᠠ ᠲᠡᠩᠭᠢᠰ) ᠍ ᠠᠴᠠ ᠠᠯᠲᠠᠢ ᠶᠢᠨ ᠠᠭᠤᠯᠠᠰᠴᠠᠭᠠᠨ ᠬᠡᠷᠡᠮ ᠡᠴᠡ ᠬᠡᠷᠡᠯᠦᠨ ᠬᠦᠷᠲᠡᠯ᠎ᠡ ᠨᠤᠲᠤᠭ ᠢ ᠡᠷᠬᠡᠨ ᠳᠦ ᠪᠡᠨ ᠣᠷᠣᠭᠤᠯᠤᠭᠰᠠᠨ ᠪᠠᠶᠢᠨ᠎ᠠ᠃ 924 ᠤᠨ ᠳᠤ ᠳᠣᠷᠣᠨᠠᠲᠤ ᠲᠡᠩᠭᠢᠰ ᠦᠨ ᠵᠠᠬ᠎ᠠ ᠶᠢᠨ ᠪᠦᠬᠠᠢ ᠤᠯᠤᠰ ᠍ ᠢ ᠡᠷᠬᠡᠰᠢᠶᠡᠯ ᠳᠦ ᠪᠡᠨ ᠣᠷᠣᠭᠤᠯᠵᠤ ᠲᠡᠭᠦᠨ ᠢ ᠳᠣᠷᠣᠨᠠᠲᠤ ᠳᠠᠩ ᠬᠡᠮᠡᠨ ᠲᠦᠰᠢᠮᠡᠯ ᠤᠯᠤᠰ ᠪᠣᠯᠭᠠᠵᠤ᠂ ᠵᠢᠯ ᠪᠦᠷᠢ 150000 ᠪᠥᠰ ᠪᠠᠷᠠᠭ᠎ᠠ᠂ 1000 ᠮᠣᠷᠢ ᠪᠠᠷ ᠠᠯᠪᠠ ᠪᠠᠷᠢᠭᠤᠯᠵᠤ ᠪᠠᠶᠢᠪᠠ᠃ ᠬᠢᠲᠠᠳ ᠤᠳ ᠨᠠᠩᠭᠢᠶᠠᠳ ᠣᠷᠣᠨ ᠤ ᠲᠥᠪ ᠬᠡᠰᠡᠭ ᠲᠦ ᠳᠣᠪᠲᠣᠯᠤᠨ 938 ᠤᠨ ᠳᠤ ᠪᠡᠭᠡᠵᠢᠩ ᠬᠣᠲᠠ ᠶᠢ ᠡᠵᠡᠯᠡᠨ ᠠᠪᠴᠠᠢ᠃ ᠡᠶᠢᠨᠬᠦᠦ ᠬᠢᠲᠠᠨ ᠨᠠᠷ ᠨᠠᠩᠭᠢᠶᠠᠳ ᠣᠷᠣᠨ ᠤ ᠲᠥᠪ ᠪᠣᠯᠤᠨ ᠵᠡᠭᠦᠨ ᠬᠣᠶᠢᠲᠤ ᠬᠡᠰᠡᠭ ᠢ ᠪᠦᠬᠦᠯᠢ ᠳᠦ ᠨᠢ ᠡᠷᠬᠡᠰᠢᠶᠡᠯ ᠳᠦ ᠪᠡᠨ ᠣᠷᠣᠭᠤᠯᠤᠭᠰᠠᠨ ᠠᠴᠠ ᠬᠣᠶᠢᠰᠢ ᠲᠡᠳᠡᠭᠡᠷ ᠨᠤᠲᠤᠭ ᠤᠨ ᠰᠤᠶᠤᠯ ᠢᠷᠭᠡᠨᠰᠢᠯ ᠪᠦᠬᠦᠯᠢ ᠳᠦ ᠪᠡᠨ ᠬᠢᠲᠠᠨ ᠪᠣᠯᠵᠤ ᠲᠡᠦᠬᠡᠨ ᠳᠦ ᠲᠡᠮᠳᠡᠭᠯᠡᠭᠳᠡᠵᠡᠢ᠃

ᠬᠢᠳᠠᠨᠴᠤᠤᠳ 10 ᠍ ᠳᠦᠭᠡᠷ ᠵᠠᠭᠤᠨ ᠤ ᠦᠶ᠎ᠡ ᠳᠦ ᠺᠢᠷᠭᠢᠰ ᠶᠢᠨ ᠬᠠᠭᠠᠨᠲᠤ ᠤᠯᠤᠰ ᠍ ᠢ ᠡᠵᠡᠯᠡᠵᠦ ᠪᠠᠶᠢᠭᠰᠠᠨ ᠶᠤᠮ᠃ [1]

ᠬᠠᠷᠢᠨ 1005 ᠤᠨ ᠤ ᠦᠶ᠎ᠡ ᠳᠦ ᠡᠮᠦᠨᠡᠳᠦ ᠨᠤᠲᠤᠭ ᠤᠨ ᠰᠦᠩ ᠤᠯᠤᠰ ᠲᠠᠢ ᠨᠠᠶᠢᠷᠠᠮᠳᠠᠭᠰᠠᠨ ᠤ ᠳᠠᠷᠠᠭ᠎ᠠ ᠬᠦᠯᠦᠭ ᠦᠨ ᠵᠢᠯᠤᠭᠤ᠂ ᠵᠡᠪᠰᠡᠭ ᠦᠨ ᠦᠵᠦᠭᠦᠷ ᠢ ᠰᠣᠯᠣᠩᠭᠣᠰᠤᠶᠢᠭᠤᠷᠲᠠᠩᠭᠣᠳ ᠵᠡᠷᠭᠡ ᠭᠠᠵᠠᠷ ᠣᠷᠣᠨ ᠨᠤᠭᠤᠳ ᠲᠤ ᠬᠠᠨᠳᠤᠭᠤᠯᠵᠠᠢ᠃ ᠍᠍11 ᠳ᠋ᠦ᠋ᠭᠡᠷ ᠵᠠᠭᠤᠨ ᠤ ᠳᠤᠮᠳᠠ ᠦᠶ᠎ᠡ ᠳᠦ ᠬᠢᠲᠠᠨ ᠤᠯᠤᠰ ᠤᠨ ᠪᠦᠷᠢᠯᠳᠦᠬᠦᠨ ᠳᠦ ᠨᠡᠶᠢᠰᠯᠡᠯ ᠬᠣᠲᠠ-5᠂ ᠴᠠᠶᠢᠵᠠ-6᠂ ᠪᠡᠬᠢᠯᠡᠯᠲᠡ ᠬᠣᠲᠠ-150᠂ ᠰᠢᠨ᠎ ᠡᠬᠣᠰᠢᠭᠤ-200᠂ ᠣᠪᠤᠭ ᠠᠶᠢᠮᠠᠭ-5000᠂ ᠬᠠᠷᠠᠭᠠᠲᠤ ᠤᠯᠤᠰ 60 ᠪᠠᠶᠢᠪᠠ ᠭᠡᠰᠡᠨ ᠮᠡᠳᠡᠭᠡ ᠪᠠᠶᠢᠳᠠᠭ᠃ ᠬᠢᠲᠠᠨ ᠤᠯᠤᠰ ᠤᠨ ᠪᠦᠷᠢᠯᠳᠦᠬᠦᠨ ᠳᠦ ᠥᠪᠡᠷ ᠥᠪᠡᠷ ᠦᠨ ᠬᠡᠯᠡ ᠵᠠᠩᠰᠢᠯ᠂ ᠠᠮᠢᠵᠢᠷᠠᠯ ᠤ ᠠᠬᠤᠢ ᠲᠠᠢ ᠡᠷᠢᠶᠡᠪᠦᠷᠢ᠂ ᠬᠤᠷᠢᠶᠠᠪᠤᠷᠢ ᠠᠶᠢᠮᠠᠭ ᠤᠭᠰᠠᠭᠠᠲᠠᠨ ᠪᠠᠭᠳᠠᠵᠣ ᠪᠠᠶᠢᠭᠰᠠᠨ ᠨᠢ ᠢᠷᠡᠭᠡᠳᠦᠢ ᠶᠢᠨ ᠬᠤᠪᠢ ᠲᠠᠪᠢᠯᠠᠩ ᠳᠤ ᠨᠢ ᠰᠠᠶᠢᠨ ᠢᠶᠠᠷ ᠨᠥᠯᠥᠭᠡᠯᠡᠭᠡ ᠦᠭᠡᠢ ᠨᠢ ᠮᠡᠳᠡᠭᠡᠵᠢ᠃ ᠬᠢᠲᠠᠨ ᠭᠦᠷᠦᠨ ᠦ ᠲᠥᠷᠥ ᠶᠢᠨ ᠵᠠᠬᠢᠷᠭᠠᠨ ᠤ ᠲᠣᠭᠲᠠᠯᠴᠠᠭ᠎ᠠ ᠭᠤᠷᠪᠠᠨ ᠬᠡᠯᠪᠡᠷᠢ ᠲᠡᠢ ᠪᠠᠶᠢᠪᠠ᠃ ᠡᠭᠦᠨ ᠳᠦ᠄

 1. 3000 ᠴᠡᠷᠢᠭ ᠭᠠᠷᠭᠠᠬᠤ ᠡᠭᠦᠷᠭᠡ ᠲᠡᠢ ᠶᠡᠬᠡ ᠠᠶᠢᠮᠠᠭ᠂ ᠥᠭᠡᠷ᠎ᠡ ᠪᠡᠷ ᠬᠢᠲᠠᠨ ᠤ ᠭᠣᠣᠯ ᠠᠶᠢᠮᠠᠭ ᠤᠳ᠂
 2. 1000 ᠴᠡᠷᠢᠭ ᠭᠠᠷᠭᠠᠬᠤ ᠡᠭᠦᠷᠭᠡ ᠲᠡᠢ ᠪᠠᠭ᠎ᠠ ᠠᠶᠢᠮᠠᠭ ᠤᠳ᠂
 3. ᠡᠵᠡᠯᠡᠭᠳᠡᠭᠰᠡᠨ ᠬᠠᠷᠠᠭᠠᠲᠤ ᠠᠶᠢᠮᠠᠭ ᠤᠳ ᠤᠨ ᠵᠠᠬᠢᠷᠭ᠎ᠠ ᠵᠡᠷᠭᠡ ᠪᠣᠯᠤᠨ᠎ᠠ᠃ ᠶᠡᠬᠡ ᠠᠶᠢᠮᠠᠭ ᠪᠦᠷᠢ ᠶᠢ ᠢᠯᠢᠵᠢᠩ (ᠡᠯ᠎ᠡ ᠡᠵᠡᠨ) ᠲᠣᠯᠣᠭᠠᠶᠢᠯᠠᠵᠤ ᠲᠡᠭᠦᠨ ᠦ ᠳᠣᠣᠷ᠎ᠠ ᠵᠡᠭᠦᠨ ᠪᠠᠷᠠᠭᠤᠨ ᠵᠠᠶᠢᠰᠠᠩᠲᠠᠶᠢᠰᠢᠰᠤᠲᠤ ᠲᠤᠰᠢᠶᠠᠯᠲᠠᠨ ᠨᠠᠷ ᠵᠠᠬᠢᠷᠴᠤ ᠪᠠᠶᠢᠵᠠᠢ᠃ ᠡᠵᠡᠯᠡᠭᠳᠡᠭᠰᠡᠨ ᠣᠯᠠᠨ ᠠᠶᠢᠮᠠᠭ᠂ ᠤᠯᠤᠰ᠂ ᠠᠷᠠᠳ ᠲᠦᠮᠡᠨ ᠦ ᠲᠡᠮᠡᠴᠡᠯ ᠬᠥᠳᠡᠯᠭᠡᠭᠡᠨ 11 ᠳ᠋ᠦ᠋ᠭᠡᠷ ᠵᠠᠭᠤᠨ ᠤ ᠳᠤᠮᠳᠠ ᠦᠶᠡᠰ ᠤᠯᠠᠮ ᠬᠦᠴᠦᠲᠡᠢ ᠪᠣᠯᠵᠤ 12 ᠳ᠋ᠤᠭᠠᠷ ᠵᠠᠭᠤᠨ ᠤ ᠡᠬᠢᠨ ᠦᠶᠡᠰ ᠵᠡᠪᠰᠡᠭᠲᠦ ᠪᠣᠰᠤᠯᠭ᠎ᠠ ᠶᠢᠨ ᠬᠡᠮᠵᠢᠶᠡᠨ ᠳᠦ ᠬᠦᠷᠴᠡᠢ᠃ ᠬᠠᠮᠨᠢᠭᠠᠨ ᠤᠭᠰᠠᠭᠠᠨ ᠤ ᠵᠦᠷᠴᠢᠳ ᠠᠶᠢᠮᠠᠭ 1113 ᠤᠨ ᠳᠤ ᠪᠣᠰᠤᠯᠭ᠎ᠠ ᠭᠠᠷᠭᠠᠵᠤ ᠥᠪᠡᠷ ᠦᠨ ᠨᠤᠲᠤᠭ ᠪᠤᠯᠤᠨ ᠬᠢᠲᠠᠨ ᠭᠦᠷᠦᠨ ᠦ ᠵᠠᠷᠢᠮ ᠨᠤᠲᠤᠭ ᠢ ᠴᠤ ᠡᠵᠡᠯᠡᠨ ᠠᠪᠴᠤ᠂ 1115 ᠤᠨ ᠳᠤ ᠠᠯᠲᠠᠨ ᠤᠯᠤᠰ ᠍ ᠢ ᠪᠠᠶᠢᠭᠤᠯᠵᠠᠢ᠃ 1118-1125 ᠤᠨ ᠳᠤ ᠠᠯᠲᠠᠨ ᠤᠯᠤᠰ ᠰᠦᠩ ᠤᠯᠤᠰ ᠲᠠᠢ ᠬᠦᠴᠦ ᠬᠠᠪᠰᠤᠷᠤᠨ ᠬᠢᠲᠠᠨ ᠭᠦᠷᠦᠨ ᠢ ᠬᠣᠶᠠᠷ ᠡᠲᠡᠭᠡᠳ ᠡᠴᠡ ᠨᠢ ᠬᠠᠪᠴᠢᠵᠤ᠂ ᠭᠠᠵᠠᠷ ᠨᠤᠲᠤᠭ ᠢ ᠨᠢ ᠵᠢᠯ ᠡᠴᠡ ᠵᠢᠯ ᠳᠤ ᠡᠵᠡᠯᠡᠨ ᠠᠪᠤᠭᠰᠠᠭᠠᠷ 200 ᠭᠠᠷᠤᠢ ᠵᠢᠯ ᠲᠣᠭᠲᠠᠨᠢᠭᠰᠠᠨ ᠬᠢᠲᠠᠨ ᠭᠦᠷᠦᠨ ᠢ ᠮᠥᠬᠥᠭᠡᠵᠡᠢ᠃ ᠬᠢᠲᠠᠨ ᠤ ᠨᠢᠭᠡ ᠬᠡᠰᠡᠭ ᠨᠢ ᠲᠡᠳᠡᠨ ᠦ ᠬᠠᠭᠠᠨ ᠤᠭᠰᠠᠭᠠᠨ ᠤ ᠶᠡᠯᠦᠢ ᠳᠠᠰᠢ ᠶᠢᠨ ᠵᠠᠬᠢᠷᠭᠠᠨ ᠳᠣᠣᠷ᠎ᠠ ᠪᠠᠷᠠᠭᠤᠨ ᠲᠡᠰᠢ ᠵᠠᠶᠢᠯᠠᠨ ᠣᠳᠴᠤ ᠢᠷᠡᠨ ᠭᠠᠵᠠᠷ ᠣᠷᠣᠨ ᠢ ᠪᠠᠶᠢᠯᠳᠤᠨ ᠡᠵᠡᠯᠡᠭᠡᠳ 1124 ᠤᠨ ᠳᠤ ᠪᠡᠶ᠎ᠡ ᠪᠡᠨ ᠭᠦᠷᠦ ᠬᠠᠨ ᠬᠡᠮᠡᠨ ᠡᠷᠭᠦᠮᠵᠢᠯᠡᠵᠡᠢ᠃ ᠶᠡᠯᠦᠢ ᠳᠠᠰᠢ ᠶᠢᠨ ᠤᠯᠤᠰ ᠢ ᠪᠠᠷᠠᠭᠤᠨ ᠯᠢᠶᠣᠣ ᠭᠡᠳᠡᠭ ᠪᠠ ᠠᠷᠠᠪᠫᠧᠷᠰ ᠰᠤᠳᠤᠷ ᠲᠤ ᠺᠠᠷᠠᠺᠢᠲᠠᠢ᠂ ᠮᠣᠩᠭᠣᠯ ᠢᠶᠠᠷ ᠬᠠᠷ᠎ᠠ ᠬᠢᠲᠠᠨ ᠭᠡᠳᠡᠭ᠃

ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠦᠩ ᠭᠦᠷᠦᠨ ᠦ ᠦᠶ᠎ᠡ ᠶᠢᠨ ᠪᠦᠲᠦᠭᠡᠯ "ᠪᠦᠷᠭᠦᠳ ᠠᠩᠨᠠᠵᠤ ᠪᠠᠶᠢᠭ᠎ᠠ ᠬᠢᠳᠠᠨᠴᠤᠤᠳ"

ᠬᠢᠲᠠᠨ ᠭᠦᠷᠦᠨ ᠦ ᠬᠦᠮᠦᠨ ᠠᠮᠠ ᠨᠢ ᠨᠡᠭᠦᠳᠡᠯᠴᠢᠨ᠂ ᠰᠠᠭᠤᠷᠢᠰᠢᠮᠠᠯ᠂ ᠬᠣᠶᠠᠷ ᠶᠠᠩᠵᠤ ᠶᠢᠨ ᠠᠮᠢᠳᠤᠷᠠᠯ ᠲᠠᠢ ᠠᠷᠠᠳ ᠢᠷᠭᠡᠳ ᠪᠠᠶᠢᠵᠠᠢ᠃ ᠪᠠᠷᠠᠭᠤᠨ ᠬᠣᠢᠢᠳᠤ ᠲᠠᠯ᠎ᠠ ᠶᠢᠨ ᠨᠡᠭᠦᠳᠡᠯᠴᠢᠳ ᠦᠨ ᠠᠮᠢ ᠵᠢᠭᠤᠯᠭ᠎ᠠ ᠨᠢ ᠮᠠᠯ ᠠᠵᠤ ᠠᠬᠤᠢ ᠂ ᠭᠠᠵᠠᠷ ᠲᠠᠷᠢᠶᠠᠯᠠᠩ᠂ ᠭᠠᠷ ᠦᠢᠯᠡᠳᠪᠦᠷᠢ᠂ ᠬᠤᠳᠠᠯᠳᠤᠭ᠎ᠠ ᠠᠷᠠᠯᠵᠢᠶ᠎ᠠ ᠪᠣᠯᠵᠤ ᠪᠠᠶᠢᠪᠠ᠃ 10-11 ᠳ᠋ᠦ᠋ᠭᠡᠷ ᠵᠠᠭᠤᠨ ᠳᠤ ᠮᠠᠯ ᠤᠨ ᠲᠣᠭ᠎ᠠ ᠲᠣᠯᠣᠭᠠᠢ ᠶᠡᠬᠡᠳᠡ ᠥᠰᠦᠭᠰᠡᠨ ᠪᠠᠶᠢᠨ᠎ᠠ᠃ ᠡᠭᠦᠨ ᠳᠦ ᠳᠡᠭᠡᠷᠡᠮ ᠦᠨ ᠳᠠᠶᠢᠨ ᠤ ᠣᠯᠵᠠ᠂ ᠡᠵᠡᠯᠡᠭᠳᠡᠭᠰᠡᠨ ᠠᠶᠢᠮᠠᠭ ᠤᠭᠰᠠᠭᠠᠲᠠᠨ ᠠᠴᠠ ᠠᠪᠳᠠᠭ ᠠᠯᠪᠠ ᠲᠠᠲᠠᠪᠤᠷᠢ ᠨᠥᠯᠦᠭᠡᠯᠡᠭᠰᠡᠨ ᠭᠡᠵᠦ ᠦᠵᠡᠵᠦ ᠪᠣᠯᠤᠨ᠎ᠠ᠃ ᠡᠶᠢᠨᠬᠦᠦ ᠬᠢᠲᠠᠨ ᠤ ᠮᠠᠯ ᠤᠨ ᠲᠣᠭ᠎ᠠ ᠨᠡᠮᠡᠭᠳᠡᠭᠰᠡᠨ ᠢᠶᠡᠷ ᠤᠯᠤᠰ ᠤᠨ ᠮᠠᠯ ᠰᠦᠷᠦᠭ ᠦᠨ ᠬᠡᠷᠡᠭ ᠢ ᠡᠷᠬᠢᠯᠡᠬᠦ "ᠠᠳᠤᠭᠤᠨ ᠤ ᠰᠦᠷᠦᠭ ᠦᠨ" ᠶᠠᠮᠤ ᠪᠠᠶᠢᠭᠤᠯᠤᠭᠳᠠᠵᠠᠢ᠃ ᠠᠯᠪᠠᠨ ᠲᠠᠲᠠᠪᠤᠷᠢ ᠲᠠᠢ ᠬᠣᠯᠪᠣᠭᠠᠲᠠᠢ ᠪᠠᠷ ᠮᠠᠯ ᠢ ᠲᠣᠭᠠᠯᠠᠵᠤ ᠳᠠᠩᠰᠠᠯᠠᠳᠠᠭ ᠪᠠᠶᠢᠪᠠ᠃ ᠬᠠᠷᠢᠨ ᠵᠢᠷ ᠦᠨ ᠠᠷᠠᠳ ᠤᠳ ᠮᠠᠯ ᠢᠶᠠᠨ ᠠᠯᠪᠠᠨ ᠤ ᠲᠣᠭᠠᠨ ᠠᠴᠠ ᠨᠢᠭᠤᠵᠤ ᠳᠠᠷᠤᠬᠤ ᠶᠠᠪᠤᠳᠠᠯ ᠭᠠᠷᠳᠠᠭ ᠪᠠᠶᠢᠪᠠ᠃ ᠬᠢᠲᠠᠨ ᠤ ᠢᠵᠠᠭᠤᠷᠲᠠᠨ ᠨᠤᠭᠤᠳ ᠠᠩ ᠭᠥᠷᠥᠭᠡ ᠶᠢ ᠭᠣᠣᠯᠳᠠᠭᠤ ᠵᠤᠭ᠎ᠠ ᠴᠡᠩᠭᠡᠯ ᠦᠨ ᠬᠡᠯᠪᠡᠷᠢ ᠪᠡᠷ ᠬᠢᠬᠦ ᠪᠣᠯᠤᠭᠰᠠᠨ ᠪᠠᠶᠢᠨ᠎ᠠ᠃ 1041 ᠤᠨ ᠳᠤ ᠴᠠᠭᠠᠵᠠ ᠲᠠᠢ ᠭᠠᠵᠠᠷ ᠲᠤ ᠬᠢᠭᠰᠡᠳ ᠢ ᠢᠯᠠ ᠰᠢᠢᠳᠭᠡᠬᠦ ᠲᠤᠬᠠᠢ ᠵᠠᠷᠯᠢᠭ ᠭᠠᠷᠴᠠᠢ᠃ ᠬᠢᠲᠠᠨ ᠤᠯᠤᠰ ᠲᠤ ᠲᠠᠷᠢᠶᠠᠨ ᠤ ᠬᠡᠷᠡᠭ ᠢ ᠡᠷᠬᠢᠯᠡᠭᠰᠡᠨ ᠪᠠᠶᠢᠭᠤᠯᠤᠯᠭ᠎ᠠ᠂ ᠲᠠᠷᠢᠶᠠᠯᠠᠩ ᠢ ᠡᠯᠳᠡᠪ ᠰᠦᠢᠳᠦᠯ ᠡᠴᠡ ᠬᠠᠮᠠᠭᠠᠯᠠᠬᠤ ᠬᠠᠤᠯᠢ ᠪᠠᠶᠢᠵᠠᠢ᠃ ᠬᠢᠲᠠᠨ ᠨᠠᠷ ᠲᠡᠮᠦᠷ ᠬᠣᠰᠢᠭᠤ ᠲᠠᠢ ᠠᠨᠵᠢᠰᠤ ᠶᠢ ᠦᠬᠡᠷ ᠢᠶᠡᠷ ᠵᠢᠳᠬᠦᠭᠦᠯᠦᠨ ᠭᠠᠵᠠᠷ ᠬᠠᠭᠠᠯᠵᠤ᠂ ᠰᠤᠪᠠᠭ ᠲᠠᠲᠠᠨ ᠲᠠᠷᠢᠶᠠᠯᠠᠩ ᠢ ᠪᠠᠨ ᠤᠰᠤᠯᠠᠳᠠᠭ᠂ ᠬᠠᠷ᠎ᠠ ᠪᠤᠳᠠᠭ᠎ᠠ᠂ ᠮᠣᠩᠭᠣᠯ ᠠᠮᠤ ᠬᠣᠶᠠᠷ ᠢ ᠭᠣᠣᠯᠴᠢᠯᠠᠨ ᠬᠢᠯᠭᠡᠳᠡᠭ ᠪᠠᠶᠢᠪᠠ᠃ 10-11 ᠳ᠋ᠦ᠋ᠭᠡᠷ ᠵᠠᠭᠤᠨ ᠤ ᠦᠶ᠎ᠡ ᠳᠦ ᠬᠢᠲᠠᠨ ᠳᠤ ᠨᠡᠬᠡᠬᠦ᠂ ᠡᠭᠡᠷᠡᠬᠦ ᠠᠵᠢᠯ ᠢ ᠤᠯᠤᠰ ᠠᠴᠠ ᠵᠣᠷᠢᠭᠤᠳᠠ ᠤᠳᠤᠷᠢᠳᠬᠤ ᠤᠷᠠᠴᠤᠳ ᠤᠨ ᠶᠠᠮᠤ ᠪᠠᠶᠢᠭᠤᠯᠵᠠᠢ᠃ 940 ᠤᠨ ᠳᠤ ᠬᠠᠭᠠᠨ ᠤ ᠵᠠᠷᠯᠢᠭ ᠢᠶᠠᠷ ᠲᠤᠰᠬᠠᠢ ᠲᠦᠰᠢᠮᠡᠯ ᠭᠠᠷᠭᠠᠨ ᠬᠦᠮᠦᠨ ᠠᠷᠠᠳ ᠲᠤ ᠨᠡᠬᠡᠬᠦ᠂ ᠡᠭᠡᠷᠡᠬᠦ ᠰᠤᠷᠭᠠᠯᠲᠠ ᠶᠠᠪᠤᠭᠤᠯᠤᠭᠰᠠᠨ ᠪᠠᠶᠢᠨ᠎ᠠ᠃ ᠬᠢᠲᠠᠨ ᠳᠤ ᠲᠡᠮᠦᠷᠯᠢᠭ ᠦᠨ ᠬᠥᠳᠡᠷ ᠬᠠᠶᠢᠯᠠᠭᠤᠯᠤᠨ ᠲᠡᠮᠦᠷᠯᠢᠭ ᠢᠶᠡᠷ ᠠᠵᠤ ᠠᠬᠤᠢ ᠶᠢᠨ ᠪᠠᠭᠠᠵᠢ ᠵᠡᠪᠰᠡᠭ᠂ ᠴᠡᠷᠢᠭ ᠳᠠᠶᠢᠨ ᠤ ᠵᠡᠷ ᠵᠡᠪᠰᠡᠭ ᠬᠢᠵᠦ ᠪᠠᠶᠢᠭᠰᠠᠨ ᠠᠴᠠ ᠭᠠᠳᠠᠨ᠎ᠠ ᠵᠣᠭᠣᠰ᠂ ᠪᠤᠷᠬᠠᠨ ᠴᠢᠳᠬᠤᠬᠤ ᠴᠢᠳᠬᠤᠭᠤᠷ ᠤᠷᠠᠯᠢᠭ ᠳᠡᠯᠭᠡᠷᠴᠦ ᠪᠠᠶᠢᠪᠠ᠃ ᠵᠣᠭᠣᠰ᠂ ᠲᠡᠮᠦᠷ ᠦᠨ ᠠᠵᠢᠯ ᠡᠷᠬᠢᠯᠡᠭᠰᠡᠨ ᠪᠠᠶᠢᠭᠤᠯᠤᠯᠭ᠎ᠠ ᠪᠠᠶᠢᠪᠠ᠃ ᠮᠥᠨ ᠴᠢᠯᠠᠭᠤ ᠪᠠᠷ ᠤᠷᠠᠯᠠᠬᠤ ᠲᠠᠯ᠎ᠠ ᠪᠠᠷ ᠶᠡᠬᠡᠳᠡ ᠨᠡᠷ᠎ᠡ ᠳᠦ ᠭᠠᠷᠴᠠᠢ᠃ ᠬᠢᠲᠠᠨ ᠤ ᠪᠦᠷᠢᠯᠳᠦᠬᠦᠨ ᠳᠦ ᠪᠠᠭᠳᠠᠵᠣ ᠪᠠᠶᠢᠭᠰᠠᠨ ᠳᠠᠯᠠᠢ ᠶᠢᠨ ᠡᠷᠭᠢ ᠶᠢᠨ ᠬᠥᠯᠥᠭ ᠣᠩᠭᠣᠴᠠ ᠬᠢᠬᠦ᠂ ᠪᠠᠷᠢᠯᠭ᠎ᠠ᠂ ᠭᠦᠭᠦᠷᠭᠡ ᠪᠠᠷᠢᠬᠤ ᠵᠡᠷᠭᠡ ᠠᠵᠢᠯ ᠢ ᠴᠢᠳᠠᠮᠠᠭᠠᠢ ᠬᠢᠵᠦ ᠪᠠᠶᠢᠭᠰᠠᠨ ᠨᠢ ᠬᠢᠲᠠᠨ ᠤ ᠲᠡᠦᠬᠡᠨ ᠳᠦ ᠪᠢᠴᠢᠭᠳᠡᠵᠦ ᠪᠠᠶᠢᠯ᠎ᠠ᠃ ᠍10-11 ᠳ᠋ᠦ᠋ᠭᠡᠷ ᠵᠠᠭᠤᠨ ᠤ ᠦᠶ᠎ᠡ ᠳᠦ ᠬᠢᠲᠠᠨ ᠨᠡᠭᠦᠳᠡᠯᠴᠢᠨ᠂ ᠰᠠᠭᠤᠷᠢᠰᠢᠮᠠᠯ ᠢᠷᠭᠡᠳ ᠦᠨ ᠬᠣᠭᠣᠷᠣᠨᠳᠣ ᠬᠤᠳᠠᠯᠳᠤᠭᠠᠯᠠᠬᠤ ᠡᠭᠦᠷᠭᠡ ᠲᠡᠢ ᠬᠤᠳᠠᠯᠳᠤᠭᠠᠨ ᠤ ᠭᠠᠵᠠᠷ ᠤᠳ ᠠᠵᠢᠯᠯᠠᠵᠤ ᠪᠠᠶᠢᠭᠰᠠᠨ ᠠᠴᠠ ᠭᠠᠳᠠᠨ᠎ᠠ ᠮᠤᠵᠢ᠂ ᠲᠣᠰᠬᠣᠨ ᠳᠤ ᠬᠦᠷᠲᠡᠯ᠎ᠡ ᠠᠵᠢᠯᠯᠠᠵᠤ ᠪᠠᠶᠢᠭᠰᠠᠨ ᠠᠴᠠ ᠭᠠᠳᠠᠨ᠎ᠠ ᠮᠤᠵᠢ ᠲᠣᠰᠬᠣᠨ ᠳᠤ ᠬᠦᠷᠲᠡᠯ᠎ᠡ ᠬᠤᠳᠠᠯᠳᠤᠭᠠᠨ ᠤ ᠭᠠᠵᠠᠷ ᠪᠤᠢ ᠪᠣᠯᠵᠠᠢ᠃ ᠪᠠᠷᠠᠭᠠᠨ ᠤ ᠦᠨ᠎ᠡ ᠶᠢ ᠵᠠᠷᠢᠮ ᠦᠶ᠎ᠡ ᠳᠦ ᠤᠯᠤᠰ ᠠᠴᠠ ᠵᠣᠬᠢᠴᠠᠭᠤᠯᠤᠨ ᠲᠠᠭᠠᠴᠠᠭᠤᠯᠬᠤ ᠶᠠᠪᠤᠳᠠᠯ ᠪᠠᠶᠢᠪᠠ᠃ ᠭᠠᠳᠠᠭᠰᠢ ᠭᠠᠷᠭᠠᠵᠤ ᠬᠤᠳᠠᠯᠳᠤᠭᠠᠯᠠᠬᠤ ᠳᠤ ᠪᠠᠨ ᠰᠤᠪᠤᠳᠪᠤᠯᠠᠭ᠎ᠠᠬᠡᠷᠡᠮᠦᠬᠡᠷᠮᠢᠩ ᠵᠢᠭᠠᠰᠤ᠂ ᠨᠤᠤᠰᠤ ᠠᠷᠠᠰᠤ᠂ ᠮᠠᠯ ᠠᠵᠤ ᠠᠬᠤᠢ ᠶᠢᠨ ᠲᠦᠭᠦᠬᠡᠢ ᠡᠳ᠋ ᠍ ᠢ ᠭᠠᠷᠭᠠᠳᠠᠭ ᠪᠠᠶᠢᠭᠰᠠᠨ ᠪᠠ ᠳᠠᠪᠤᠰᠤ ᠶᠢ ᠵᠥᠪᠬᠡᠨ ᠬᠠᠭᠠᠨ ᠮᠡᠳᠡᠵᠦ ᠪᠣᠷᠣᠯᠠᠭᠤᠯᠳᠠᠭ ᠪᠠᠶᠢᠭᠰᠠᠨ ᠶᠤᠮ᠃

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1119-1120 ᠤᠨ ᠤ ᠦᠶ᠎ᠡ ᠳᠦ ᠪᠠᠷᠢᠭᠳᠠᠭᠰᠠᠨ Pagoda Tianning ᠬᠡᠶᠢᠳ᠃

ᠬᠢᠲᠠᠨ ᠨᠠᠷ ᠬᠢᠲᠠᠳᠰᠣᠯᠣᠩᠭᠣᠰᠳᠤᠮᠳᠠᠳᠤ ᠠᠽᠢᠶ᠎ᠠ ᠍ ᠶᠢᠨ ᠤᠯᠤᠰ ᠤᠳ ᠲᠠᠢ ᠵᠠᠬ᠎ᠠ ᠨᠡᠶᠢᠯᠡᠵᠦ᠂ ᠤᠯᠤᠰ ᠲᠥᠷᠥᠡᠳ᠋ ᠍ ᠦᠨ ᠵᠠᠰᠠᠭ᠂ ᠰᠤᠶᠤᠯ ᠤᠨ ᠬᠠᠷᠢᠯᠴᠠᠭ᠎ᠠ ᠲᠠᠢ ᠪᠠᠶᠢᠭᠰᠠᠨ ᠪᠤᠯᠬᠤᠷ ᠨᠡᠭᠦᠳᠡᠯᠴᠢᠳ ᠦᠨ ᠰᠤᠶᠤᠯ᠂ ᠰᠠᠭᠤᠷᠢᠰᠢᠮᠠᠯ ᠢᠷᠭᠡᠳ ᠦᠨ ᠬᠣᠣᠰᠯᠠᠭᠰᠠᠨ ᠥᠪᠡᠷᠮᠢᠴᠡ ᠰᠤᠶᠤᠯ ᠲᠠᠢ ᠪᠠᠶᠢᠪᠠ᠃ 920 ᠤᠨ ᠳᠤ "ᠶᠡᠬᠡ ᠪᠢᠴᠢᠭ" ᠍ ᠢ ᠠᠮᠪᠠᠭᠢᠨ ᠤ ᠠᠴᠢ ᠬᠦᠦ ᠯᠤᠶᠢᠪᠠᠭᠤ ᠡᠷᠳᠡᠮᠲᠡᠨ ᠲᠤᠯᠦᠢᠭᠤ ᠬᠢᠲᠠᠳ ᠦᠰᠦᠭ ᠢᠶᠡᠷ ᠦᠯᠢᠭᠡᠷᠯᠡᠨ ᠵᠣᠬᠢᠶᠠᠭᠰᠠᠨ ᠪᠠᠶᠢᠨ᠎ᠠ᠃ "ᠪᠠᠭ᠎ᠠ ᠪᠢᠴᠢᠭ" ᠠᠮᠪᠠᠭᠢᠨ ᠤ ᠬᠦᠦ ᠶᠡᠯᠦᠢ ᠲᠦᠯ ᠤᠶᠢᠭᠤᠷ ᠪᠢᠴᠢᠭ ᠢ ᠦᠨᠳᠦᠰᠦᠯᠡᠨ ᠲᠤᠰ ᠲᠤᠰ ᠵᠣᠬᠢᠶᠠᠵᠠᠢ᠃ ᠬᠢᠲᠠᠨ ᠨᠠᠷ ᠲᠡᠦᠬᠡ ᠶᠢᠨ ᠲᠡᠮᠳᠡᠭᠯᠡᠯ ᠲᠤᠭᠤᠷᠪᠢᠵᠤ᠂ ᠬᠣᠶᠢᠴᠢ ᠦᠶ ᠡ ᠳᠦ ᠪᠠᠨ ᠰᠤᠷᠪᠤᠯᠵᠢ ᠪᠣᠯᠭᠠᠵᠠᠢ᠃ "ᠮᠣᠷᠢᠯᠠᠨ ᠰᠠᠭᠠᠲᠠᠭᠰᠠᠨ ᠤ ᠲᠡᠮᠳᠡᠭᠯᠡᠯ"᠂ "ᠭᠤᠷᠪᠠᠨ ᠰᠠᠶᠢᠳ ᠤᠨ ᠵᠠᠮ ᠤᠨ ᠲᠡᠮᠳᠡᠭᠯᠡᠯ"᠂ "ᠬᠠᠭᠠᠨᠲᠤ ᠲᠥᠷᠥ ᠶᠢᠨ ᠲᠡᠮᠳᠡᠭᠯᠡᠯ" 70 ᠪᠣᠲᠢ ᠭᠡᠬᠦ ᠮᠡᠲᠦ ᠲᠡᠦᠬᠡ ᠶᠢ ᠤᠯᠤᠰ ᠤᠨ ᠰᠤᠳᠤᠷ ᠬᠡᠮᠡᠬᠦ ᠠᠯᠪᠠᠨ ᠲᠤᠰᠢᠶᠠᠯᠲᠠᠨ ᠡᠵᠡᠮᠰᠢᠵᠦ ᠪᠠᠶᠢᠪᠠ᠃ ᠬᠢᠲᠠᠨ ᠳᠤ ᠡᠷᠳᠡᠮ ᠦᠨ ᠬᠢᠲᠠᠳᠮᠣᠩᠭᠣᠯ ᠬᠣᠶᠠᠷ ᠬᠦᠷᠢᠶᠡᠯᠡᠵᠦ ᠪᠠᠶᠢᠭᠰᠠᠨ ᠪᠠ ᠲᠡᠭᠦᠨ ᠳᠦ "ᠤᠯᠤᠰ ᠢ ᠮᠥᠴᠡᠬᠦ" ᠭᠡᠳᠡᠭ ᠨᠡᠷ᠎ᠡ ᠲᠡᠢ ᠰᠢᠯᠭᠠᠯᠲᠠ ᠥᠭᠴᠦ ᠵᠡᠷᠭᠡ ᠭᠣᠷᠢᠯᠠᠳᠠᠭ ᠪᠠᠶᠢᠵᠠᠢ᠃ ᠬᠢᠲᠠᠨ ᠨᠠᠷ ᠲᠥᠷᠥᠯᠬᠢ ᠬᠡᠯᠡ ᠪᠡᠷ ᠢᠶᠡᠨ ᠪᠢᠴᠢᠭᠰᠡᠨ ᠤᠳᠬ᠎ᠠ ᠵᠣᠬᠢᠶᠠᠯ ᠲᠠᠢ ᠪᠠᠶᠢᠵᠠᠢ᠃ ᠵᠢᠱᠢᠶ᠎ᠡ ᠨᠢ: ᠶᠡᠯᠦᠢ ᠠᠮᠪᠠᠭᠢᠨ ᠤ ᠠᠴᠢ ᠬᠦᠦ ᠯᠤᠨᠢᠰᠢᠨᠢ "ᠴᠡᠴᠡᠷᠯᠢᠭᠲᠦ ᠬᠦᠷᠢᠶᠡᠯᠡᠩ" ᠬᠡᠮᠡᠬᠦ ᠤᠷᠠᠨ ᠵᠣᠬᠢᠶᠠᠯ ᠤᠨ ᠴᠣᠮᠣᠷᠯᠢᠭ ᠡᠮᠬᠢᠳᠬᠡᠨ ᠵᠣᠬᠢᠶᠠᠵᠠᠢ᠃ ᠮᠥᠨ ᠴᠡᠩᠭᠡᠯᠳᠦ ᠰᠢᠯᠦᠭ᠂ ᠵᠠᠰᠠᠬᠤ ᠰᠢᠯᠦᠭ᠂ ᠭᠡᠷᠡᠯᠲᠦ ᠬᠥᠰᠢᠶ᠎ᠡ ᠫᠠᠶᠢᠯᠤᠤᠷ ᠤᠨ ᠰᠢᠯᠦᠭ᠂ ᠤᠭᠰᠠᠭᠠᠲᠠᠨ ᠤ ᠰᠢᠯᠦᠭ ᠭᠡᠬᠦ ᠮᠡᠲᠦ ᠣᠯᠠᠨ ᠲᠥᠷᠥᠷ ᠰᠢᠯᠦᠭ ᠵᠣᠬᠢᠶᠠᠳᠠᠭ᠂ ᠳᠠᠭᠤᠤ ᠵᠣᠬᠢᠶᠠᠵᠤ ᠬᠣᠭᠣᠯᠠᠢ ᠨᠡᠶᠢᠯᠡᠭᠦᠯᠦᠨ ᠳᠠᠭᠤᠯᠵᠠᠭᠠᠨ᠎ᠠ᠃ ᠬᠠᠭᠠᠨ ᠤ ᠣᠷᠳᠣᠨ ᠳᠤ ᠳᠠᠭᠤᠤ ᠬᠤᠭᠤᠷ᠂ ᠰᠢ ᠶᠠᠩᠭᠤᠨ ᠤ ᠠᠵᠢᠯ ᠡᠷᠬᠢᠯᠡᠭᠰᠡᠨ "ᠬᠡᠩᠭᠡᠷᠭᠡ ᠪᠢᠰᠬᠢᠭᠦᠷ ᠦᠨ ᠡᠵᠡᠨ" ᠠᠯᠪᠠᠨ ᠲᠤᠰᠢᠶᠠᠯᠲᠠᠨ ᠪᠠᠶᠢᠪᠠ᠃ ᠮᠥᠨ ᠦᠨᠳᠦᠰᠦᠨ ᠦ ᠴᠠᠭ ᠲᠣᠭᠠᠨ ᠤ ᠪᠢᠴᠢᠭ ᠵᠣᠬᠢᠶᠠᠳᠠᠭ "ᠴᠠᠭ ᠤᠯᠠᠷᠢᠯ ᠤᠨ ᠦᠵᠡᠬᠦ ᠲᠦᠰᠢᠮᠡᠯ" ᠠᠵᠢᠯᠯᠠᠵᠤ ᠪᠠᠶᠢᠵᠠᠢ᠃ ᠲᠡᠦᠬᠡᠲᠦ ᠬᠦᠮᠦᠰ᠂ ᠪᠤᠷᠬᠠᠨ ᠤ ᠪᠣᠯᠤᠨ ᠪᠠᠶᠢᠭᠠᠯᠢ ᠶᠢᠨ ᠵᠢᠷᠤᠭ ᠵᠢᠷᠤᠬᠤ ᠤᠷᠠᠨ ᠵᠢᠷᠤᠭᠠᠴᠢᠳ ᠲᠠᠢ᠂ ᠥᠪᠡᠷ ᠦᠨ ᠨᠤᠲᠤᠭ ᠤᠨ ᠭᠠᠵᠠᠷ ᠤᠨ ᠵᠢᠷᠤᠭ ᠲᠠᠢ ᠪᠠᠶᠢᠭᠰᠠᠨ ᠭᠡᠳᠡᠭ᠃ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠳᠤ ᠪᠠᠶᠢᠭ᠎ ᠠ ᠬᠢᠲᠠᠨ ᠤ ᠦᠶ᠎ᠡ ᠳᠦ ᠪᠠᠷᠢᠭᠳᠠᠭᠰᠠᠨ ᠴᠢᠯᠠᠭᠤᠨ ᠬᠦᠭᠦᠷᠭᠡ ᠣᠳᠣ ᠴᠤ ᠠᠰᠢᠭᠯᠠᠭᠳᠠᠭᠰᠠᠭᠠᠷ ᠪᠠᠶᠢᠨ᠎ᠠ᠃ 11 ᠳ᠋ᠦ᠋ᠭᠡᠷ ᠵᠠᠭᠤᠨ ᠳᠤ ᠬᠢᠲᠠᠨ ᠭᠦᠷᠦᠨ ᠳᠦ ᠳᠠᠷᠢ ᠬᠢᠳᠡᠭ ᠪᠣᠯᠵᠤ ᠤᠯᠠᠮ ᠢᠶᠠᠷ ᠭᠠᠯᠲᠤ ᠵᠡᠪᠰᠡᠭ ᠲᠤᠷᠰᠢᠵᠤ ᠪᠠᠶᠢᠭᠰᠠᠨ ᠮᠡᠳᠡᠭᠡ ᠪᠤᠢ᠃ "ᠨᠥᠬᠥᠷ᠂ ᠡᠬᠡᠨᠡᠷ ᠦᠨ ᠶᠣᠰᠣ" ᠭᠡᠳᠡᠭ ᠭᠡᠷ ᠪᠦᠯᠢ ᠶᠢᠨ ᠳᠦᠷᠢᠮ᠂ ᠵᠢᠷᠤᠮ ᠲᠣᠭᠲᠠᠭᠠᠵᠤ ᠮᠥᠷᠳᠡᠵᠦ ᠪᠠᠶᠢᠪᠠ᠃ ᠬᠢᠲᠠᠨ ᠨᠠᠷ 5 ᠬᠢᠲᠠᠳ ᠰᠤᠷᠭᠠᠭᠤᠯᠢ ᠪᠠᠶᠢᠭᠤᠯᠵᠤ ᠬᠡᠦᠬᠡᠳ ᠦᠳ ᠢ ᠪᠢᠴᠢᠭ ᠨᠣᠮ ᠰᠤᠷᠭᠠᠳᠠᠭ ᠪᠣᠯᠤᠭᠰᠠᠨ ᠪᠥᠭᠡᠳ 995 ᠤᠨ ᠳᠤ ᠰᠣᠯᠣᠩᠭᠣᠰ ᠠᠴᠠ ᠠᠷᠪᠠᠨ ᠵᠠᠯᠠᠭᠤ ᠢᠷᠡᠭᠦᠯᠵᠦ ᠮᠣᠩᠭᠣᠯ ᠬᠡᠯᠡᠨ ᠳᠦ ᠰᠤᠷᠭᠠᠵᠤ ᠪᠠᠶᠢᠭᠰᠠᠨ ᠪᠠᠶᠢᠨ᠎ᠠ᠃ ᠬᠢᠲᠠᠨ ᠤ ᠬᠣᠲᠠ ᠰᠠᠭᠤᠷᠢᠨ ᠤ ᠦᠯᠡᠳᠡᠭᠳᠡᠯ  ᠤᠳ ᠮᠤᠩᠭᠤᠯ ᠤᠯᠤᠰ ᠲᠤ ᠪᠠᠰᠠ ᠪᠠᠶᠢᠳᠠᠭ᠃ ᠪᠤᠯᠠᠭᠠᠨ ᠠᠶᠢᠮᠠᠭ ᠤᠨ ᠳᠠᠰᠢᠨᠴᠢᠯᠡᠨ ᠰᠤᠮᠤ ᠍ ᠤᠨ ᠨᠤᠲᠤᠭ ᠤᠨ ᠴᠢᠨᠤ ᠠ ᠲᠣᠯᠣᠭᠠᠢ ᠳᠤ ᠬᠢᠲᠠᠨ ᠤ ᠦᠯᠡᠳᠡᠭᠳᠡᠯ ᠪᠠᠶᠢᠭᠰᠠᠨ ᠶᠤᠮ᠃ ᠲᠡᠨᠳᠡ ᠬᠢᠲᠠᠨ ᠤ 20000 ᠳᠠᠷᠤᠩᠭᠤᠢ ᠴᠡᠷᠢᠭ ᠬᠤᠸᠠᠷᠠᠩᠨᠠᠵᠤ ᠪᠠᠶᠢᠵᠠᠢ᠃ ᠮᠥᠨ ᠡᠨᠡ ᠬᠣᠳᠠ ᠳᠤ ᠨᠠᠩᠭᠢᠶᠠᠳ ᠪᠣᠯᠤᠨ ᠵᠦᠷᠴᠢᠳ ᠦᠨ 700 ᠭᠠᠷᠤᠢ ᠡᠷᠦᠬᠡ ᠶᠢ ᠴᠥᠯᠡᠯᠭᠡ ᠶᠢᠨ ᠵᠢᠷᠤᠮ ᠢᠶᠠᠷ ᠠᠪᠴᠢᠷᠠᠵᠤ ᠰᠠᠭᠤᠯᠭᠠᠵᠤ ᠪᠠᠶᠢᠭᠰᠠᠨ ᠭᠡᠳᠡᠭ᠃ ᠮᠥᠨ ᠡᠨᠡ ᠰᠤᠮᠤ ᠶᠢᠨ ᠬᠠᠷ᠎ᠠ ᠪᠤᠬ᠎ᠠ ᠶᠢᠨ ᠭᠣᠣᠯ ᠤᠨ ᠬᠥᠪᠡᠭᠡᠨ ᠳᠤ ᠬᠠᠳᠠᠭᠠᠰᠤᠨ ᠲᠣᠯᠣᠭᠠᠢ ᠶᠢᠨ ᠳᠡᠷᠭᠡᠳᠡ ᠬᠢᠲᠠᠨ ᠤ ᠬᠣᠲᠠ ᠶᠢᠨ ᠦᠯᠡᠳᠡᠭᠳᠡᠯ ᠪᠠᠶᠢᠳᠠᠭ᠃ ᠡᠳᠦᠭᠡ ᠲᠡᠭᠦᠨ ᠢ ᠬᠠᠷ᠎ᠠ ᠪᠤᠬ᠎ᠠ ᠶᠢᠨ ᠡᠰᠡᠪᠡᠯ ᠬᠠᠳᠠᠭᠠᠰᠤᠨ ᠤ ᠪᠠᠯᠭᠠᠰᠤ ᠪᠠᠶᠢᠳᠠᠭ᠃ 1970 ᠤᠨ ᠳᠤ ᠬᠢᠭᠰᠡᠨ ᠮᠠᠯᠲᠠᠯᠭ᠎ᠠ ᠪᠠᠷ ᠮᠣᠩᠭᠣᠯ ᠤᠨ ᠪᠢᠴᠢᠭ᠂ ᠰᠤᠶᠤᠯ ᠤᠨ ᠦᠨᠡᠲᠦ ᠳᠤᠷᠠᠰᠬᠠᠯ "ᠦᠢᠰᠦᠨ ᠨᠣᠮ" ᠣᠯᠳᠠᠭᠰᠠᠨ ᠶᠤᠮ᠃ ᠡᠨᠡ ᠨᠣᠮ ᠳᠤ ᠱᠠᠰᠢᠨ ᠰᠤᠳᠤᠷ ᠪᠤᠳᠤᠳᠠᠭ ᠤᠨ ᠮᠡᠷᠡᠭ ᠲᠥᠯᠥᠭᠡ᠂ ᠬᠣᠷᠢᠭ᠎ᠠ ᠴᠡᠭᠡᠷ᠂ ᠰᠦᠨᠡᠰᠦ ᠤᠷᠤᠰᠢᠬᠤ ᠪᠠᠶᠢᠷᠢ᠂ ᠰᠢᠶᠠᠨᠵᠠᠭᠠᠨ ᠤ ᠰᠠᠩ᠂ ᠬᠠᠯᠬ᠎ᠠ ᠶᠢᠨ ᠬᠣᠱᠤᠳ (ᠭᠡᠷᠰᠡᠩᠵᠡ ᠶᠢᠨ 18 ᠬᠠᠤᠯᠢ ᠡᠷᠬᠢᠮᠲᠡᠨ ᠨᠦᠭᠦᠳ) ᠪᠠᠭᠲᠠᠭᠰᠠᠨ ᠪᠠᠶᠢᠳᠠᠭ᠃ ᠡᠭᠦᠨ ᠡᠴᠡ ᠦᠵᠡᠬᠦ ᠳᠦ ᠬᠢᠲᠠᠨ ᠤ ᠦᠶ᠎ᠡ ᠶᠢᠨ ᠡᠨᠡ ᠬᠣᠲᠠ ᠠᠷᠪᠠᠨ ᠳᠣᠯᠤᠳᠤᠭᠠᠷ ᠵᠠᠭᠤᠨ ᠤ ᠦᠶ᠎ᠡ ᠬᠦᠷᠲᠡᠯ᠎ᠡ ᠮᠣᠩᠭᠣᠯ ᠤᠨ ᠤᠯᠤᠰ ᠲᠥᠷᠥ ᠶᠢᠨ ᠠᠮᠢᠳᠤᠷᠠᠯ ᠳᠤ ᠣᠷᠣᠰᠢᠨ ᠲᠣᠭᠲᠠᠨᠢᠵᠤ ᠪᠠᠶᠢᠭᠰᠠᠨ ᠨᠢ ᠲᠣᠳᠣᠷᠬᠠᠢ ᠪᠠᠶᠢᠨ᠎ᠠ᠃

ᠬᠡᠷᠡᠯᠦᠨ ᠪᠠᠷᠰ ᠬᠣᠲᠠ ᠶᠢᠨ ᠴᠠᠮᠬᠠᠭ
ᠬᠢᠲᠠᠨ ᠤ ᠦᠶ᠎ᠡ ᠶᠢᠨ ᠬᠣᠶᠢᠳᠤ ᠰᠦᠩ ᠵᠠᠭᠪᠤᠷ ᠢᠶᠠᠷ ᠬᠢᠭᠳᠡᠭᠰᠡᠨ ᠭᠠᠨᠲᠢᠭᠠᠨ ᠠᠮᠢᠲ᠋ᠠᠪᠠ ᠪᠤᠳ᠋ᠳ᠋ᠾᠠ

ᠳᠣᠷᠣᠨᠠᠲᠤ ᠠᠶᠢᠮᠠᠭ ᠤᠨ ᠴᠠᠭᠠᠨ-ᠣᠪᠣᠭ᠎ᠠ ᠰᠤᠮᠤ ᠍ ᠤᠨ ᠨᠤᠲᠤᠭ ᠳᠠᠬᠢ "ᠬᠡᠷᠡᠯᠦᠨ ᠪᠠᠷᠰ" ᠬᠣᠲᠠ ᠭᠡᠳᠡᠭ ᠤᠷᠲᠤ ᠦᠷᠭᠡᠨ ᠶᠢᠡᠷ ᠶᠢᠡᠨ 1800 ᠮᠧᠲ᠋ᠷ ᠲᠠᠯᠠᠪᠠᠢ ᠡᠵᠡᠯᠡᠭᠰᠡᠨ ᠬᠣᠲᠠ ᠶᠢᠨ ᠦᠯᠡᠳᠡᠭᠳᠡᠯ ᠨᠢ ᠬᠢᠲᠠᠨ ᠤ ᠳᠤᠩ ᠴᠧᠨ ᠬᠣᠲᠠ ᠪᠠᠶᠢᠭᠰᠠᠨ ᠢ ᠲᠣᠭᠲᠠᠭᠠᠵᠠᠢ᠃ ᠬᠢᠲᠠᠨ ᠤ ᠵᠠᠩ ᠵᠠᠩᠰᠢᠯ ᠠᠴᠠ ᠵᠠᠷᠢᠮ ᠨᠢᠭᠡ ᠶᠢ ᠨᠢ ᠠᠪᠴᠤ ᠦᠵᠡᠪᠡᠯ:

 • ᠬᠢᠲᠠᠨᠴᠤᠳ ᠪᠤᠰᠤᠳ ᠤᠨ ᠨᠤᠲᠤᠭ ᠲᠤ ᠳᠣᠪᠲᠣᠯᠬᠤ ᠳᠤ ᠪᠠᠨ ᠡᠪᠦᠭᠡ ᠳᠡᠭᠡᠳᠦᠰ ᠦᠨ ᠰᠦᠨᠡᠰᠦᠨ ᠳᠦ "ᠨᠢᠭᠦᠯ ᠨᠠᠮᠢᠨᠴᠢᠯᠠᠬᠤ ᠡᠷᠭᠦᠯ" ᠦᠢᠯᠡᠳᠴᠦ ᠲᠡᠭᠦᠨ ᠳᠦ ᠪᠡᠨ ᠬᠡᠨ ᠨᠢᠭᠡᠨ ᠬᠡᠷᠡᠭᠲᠡᠨ ᠶᠠᠯᠠᠲᠠᠨ ᠬᠦᠮᠦᠨ ᠢ 1000 ᠰᠤᠮᠤ ᠪᠠᠷ ᠬᠠᠷᠪᠤᠵᠤ ᠠᠯᠠᠳᠠᠭ᠃ᠳᠠᠶᠢᠰᠤᠨ ᠢᠶᠠᠨ ᠳᠠᠷᠤᠭᠠᠳ ᠢᠷᠡᠬᠦ ᠳᠦ ᠪᠡᠨ ᠨᠥᠭᠥᠭᠡ ᠰᠦᠨᠡᠰᠦᠨ ᠳᠦ ᠪᠡᠨ "ᠲᠠᠯᠠᠷᠬᠠᠯ ᠤᠨ ᠡᠷᠭᠦᠯ" ᠦᠢᠯᠡᠳᠴᠦ ᠣᠯᠵᠠᠯᠠᠨ ᠠᠪᠴᠢᠷᠠᠭᠰᠠᠨ ᠬᠦᠮᠦᠰ ᠦᠨ ᠨᠢᠭᠡ ᠶᠢ ᠨᠢ ᠠᠯᠠᠳᠠᠭ ᠪᠠᠶᠢᠵᠠᠢ᠃
 • ᠭᠠᠪᠢᠶ᠎ᠠ ᠪᠠᠶᠢᠭᠤᠯᠤᠭᠰᠠᠨ ᠭᠡᠵᠦ ᠦᠨᠡᠯᠡᠭᠳᠡᠭᠰᠡᠨ ᠬᠦᠮᠦᠰ ᠢ ᠬᠡᠳᠦᠨ ᠵᠠᠭᠤᠨ ᠠᠶᠢᠯ ᠡᠷᠦᠬᠡ ᠪᠡᠷ ᠱᠠᠩᠨᠠᠳᠠᠭ᠃
 • ᠬᠤᠯᠠᠭᠠᠶᠢᠴᠢ ᠨᠠᠷ ᠢ ᠬᠣᠨᠢ᠂ ᠦᠬᠡᠷ᠂ ᠲᠡᠮᠡᠭᠡ᠂ ᠪᠤᠳᠠᠭ᠎ᠠ᠂ ᠲᠠᠷᠢᠶ᠎ᠠ ᠪᠠᠷ ᠲᠣᠷᠭᠣᠳᠠᠭ ᠪᠠᠶᠢᠭᠰᠠᠨ ᠠᠴᠠ ᠭᠠᠳᠠᠨ᠎ᠠ ᠵᠢᠯ ᠪᠦᠷᠢ ᠶᠢᠨ 5 ᠍ ᠳᠦᠭᠠᠷ ᠰᠠᠷ᠎ᠠ ᠶᠢᠨ 13-15  ᠤ ᠬᠣᠭᠣᠷᠣᠨᠳᠣ ᠬᠤᠯᠠᠭᠠᠶᠢᠯᠠᠬᠤ ᠶᠢ ᠵᠥᠪᠰᠢᠶᠡᠷᠡᠳᠡᠭ ᠪᠠᠶᠢᠵᠠᠢ᠃ ᠲᠡᠷᠡ ᠦᠶ᠎ᠡ ᠳᠦ ᠬᠤᠯᠠᠭᠠᠢ ᠬᠢᠵᠦ ᠴᠢᠳᠠᠭᠰᠠᠨ ᠬᠦᠮᠦᠨ ᠢ ᠰᠢᠳᠬᠡᠳᠡᠭ ᠦᠭᠡᠢ ᠪᠠᠶᠢᠪᠠ᠃

1115 ᠤᠨ ᠳᠤ ᠬᠢᠳᠠᠨ ᠤ ᠬᠠᠷᠢᠶᠠᠲᠤ ᠵᠦᠷᠴᠢᠳ ᠦᠳ ᠠᠯᠲᠠᠨ ᠤᠯᠤᠰ ᠪᠠᠶᠢᠭᠤᠯᠤᠨ ᠬᠢᠲᠠᠳ ᠤᠨ ᠰᠦᠩ ᠤᠯᠤᠰ ᠲᠠᠢ ᠬᠠᠮᠲᠤᠷᠠᠨ 10 ᠵᠢᠯ ᠲᠠᠰᠤᠷᠠᠯᠲᠠ ᠦᠭᠡᠢ ᠳᠣᠪᠲᠣᠯᠤᠭᠰᠠᠨ ᠢᠶᠠᠷ 1125 ᠤᠨ ᠳᠤ ᠬᠢᠳᠠᠨ ᠤᠯᠤᠰ ᠮᠦᠬᠦᠵᠡᠢ᠃ ᠬᠢᠳᠠᠨ ᠮᠦᠬᠦᠭᠰᠡᠨ ᠤ ᠳᠠᠷᠠᠭ᠎ᠠ ᠠᠯᠲᠠᠨ ᠤᠯᠤᠰ ᠦᠷᠭᠦᠯᠵᠢᠯᠡᠨ ᠰᠦᠩ ᠤᠯᠤᠰ ᠢ ᠳᠣᠪᠲᠣᠯᠵᠤ ᠬᠣᠢᠶᠲᠤ ᠬᠡᠰᠡᠭ ᠢ ᠨᠢ ᠡᠵᠡᠯᠡᠭᠰᠡᠨ ᠢᠶᠡᠷ ᠬᠣᠶᠢᠲᠤ ᠨᠤᠲᠤᠭ ᠢᠶᠠᠨ ᠠᠯᠠᠳᠠᠭᠰᠠᠨ ᠰᠦᠩ ᠤᠯᠤᠰ ᠡᠮᠦᠨᠡᠲᠦ ᠰᠦᠩ ᠤᠯᠤᠰ (1127-1279) ᠭᠡᠵᠦ ᠨᠡᠷᠡᠯᠡᠭᠳᠡᠬᠦ ᠪᠣᠯᠵᠠᠢ᠃

ᠤᠳᠤᠷᠢᠳᠤᠭᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠨ ᠭᠦᠷᠦᠨ 907-1125
ᠬᠠᠭᠠᠨ ᠤ ᠨᠡᠷ᠎ᠡ ( Miao Hao 廟號 miàohào)  ᠨᠠᠰᠤ ᠪᠠᠷᠠᠭᠰᠠᠨ ᠤ ᠳᠠᠷᠠᠭᠠᠬᠢ ᠨᠡᠷᠡ ( Shi Hao 諡號 shìhào) ᠵᠠᠶᠠᠭᠠᠭᠰᠠᠨ ᠨᠡᠷ᠎ᠡ ᠬᠠᠭᠠᠨᠴᠢᠯᠠᠯ ᠤᠨ ᠦᠶ᠎ᠡ ᠡᠷᠡᠨ ᠦ ᠨᠡᠷᠡ (Nian Hao 年號 niánhào) ᠬᠠᠭᠠᠨᠴᠢᠯᠠᠯ ᠤᠨ ᠦᠶ᠎ᠡ ᠶᠢᠨ ᠡᠷᠡᠨ ᠳᠦ ᠲᠠᠭᠠᠷᠠᠭᠤᠯᠵᠤ ᠨᠡᠷᠡᠯᠡᠭᠰᠡᠨ ᠨᠡᠷ᠎ᠡ
ᠲᠠᠶᠢᠰᠦ (太祖 Tàizǔ) ᠱᠢᠨ ᠲᠢᠶᠠᠨ ᠬᠤᠸᠠᠩᠳᠢ  ᠶᠡᠯᠢᠤ᠋ ᠠᠪᠠᠣᠵᠢ (耶律阿保機 Yēlǜ Ābǎojī) 907-926 ᠱᠡᠨᠰᠦᠢ (神冊 Shéncè) 916-922
ᠲᠢᠨᠽᠠᠨ (天贊 Tiānzàn) 922-926
ᠲᠢᠶᠠᠨ ᠰᠢᠶᠠᠨ (天顯 Tiānxiǎn) 926
ᠲᠠᠢ ᠽᠦᠩ (太宗 Tàizōng) ᠱᠠᠣ ᠸᠤ ᠬᠤᠸᠠᠩᠳᠢ  ᠶᠡᠯᠢᠤ᠋ ᠳ᠋ᠡᠭᠤᠸᠠᠩ (耶律德光 Yēlǜ Déguāng) 926-947 ᠲᠢᠶᠠᠨ ᠰᠢᠶᠠᠨ (天顯 Tiānxiǎn) 927-938
ᠬᠤᠶ ᠲᠤᠩ (會同 Huìtóng) 938-947
ᠳ᠋ᠠᠲᠤᠩ (大同 Dàtóng) 947
ᠱᠢ ᠰᠦᠩ (世宗 Shìzōng) ᠲᠢᠶᠠᠨ ᠱᠣᠤ ᠬᠤᠸᠠᠩᠳᠢ  ᠶᠡᠯᠢᠤ᠋ ᠷᠦᠸᠠᠨ (耶律阮 Yēlǜ Ruǎn) 947-951 ᠲᠢᠶᠠᠨᠯᠦ (天祿 Tiānlù) 947-951
ᠮᠦᠽᠦ᠋ᠩ  (穆宗 Mùzōng)  ᠶᠡᠯᠢᠤ᠋ ᠵᠢᠩ (耶律璟 Yēlǜ Jǐng) 951-969 ᠢᠩ ᠯᠢ (應曆 Yìnglì) 951-969
ᠵᠢᠩ ᠽᠦᠩ (景宗 Jǐngzōng)  ᠶᠡᠯᠢᠦᠱᠢᠶᠠᠨ (耶律賢 Yēlǜ Xián) 969-982 ᠪᠤᠤ ᠨᠢᠩ (保寧 Bǎoníng) 969-979
ᠴᠢᠨᠦᠬᠡᠨ (乾亨 Qiánhēng) 979-982
ᠱᠢᠨᠽᠣᠨ (聖宗 Shèngzōng) ᠸᠡᠩ ᠸᠦ ᠳᠠ ᠱᠠᠣ ᠬᠤᠸᠠ ᠶᠢᠨ ᠬᠤᠸᠠᠩᠳᠢ  ᠶᠡᠯᠢᠤ᠋ ᠯᠦᠩ ᠱᠢᠤᠢ (耶律隆緒 Yēlǜ Lóngxù) 982-1031 ᠴᠢᠶᠠᠨ ᠾᠸᠩ (乾亨 Qiánhēng) 982
ᠲᠣᠩᠬᠡ (統和 Tǒnghé) 983-1012
ᠺᠠᠢ ᠲᠠᠢ (開泰 Kāitài) 1012-1021
ᠲᠠᠶᠢᠫᠠᠨ (太平 Tàipíng) 1021-1031
ᠰᠢᠩᠽᠣᠩ (興宗 Xīngzōng) ᠱᠠᠣ ᠵᠢᠶᠠᠨ ᠬᠤᠸᠠᠩᠳᠢ  ᠶᠡᠯᠢᠤ᠋ ᠽᠦᠩᠵᠧᠨ (耶律宗真 Yēlǜ Zōngzhēn) 1031–1055 Jingfu (景福 Jǐngfú) 1031-1032
Chongxi (重熙 Chóngxī) 1032-1054
ᠳ᠋ᠤᠽᠦ᠋ᠩ (道宗 Dàozōng)  ᠶᠡᠯᠢᠤ᠋ ᠬᠣᠩᠵᠢ (耶律洪基 Yēlǜ Hóngjī) 1055–1101 ᠴᠢᠩ ᠨᠢᠩ (清寧 Qīngníng) 1055-1064
ᠱᠢᠶᠠᠨ ᠶᠦ᠋ᠩ (咸雍 Xiányōng) 1065-1074
ᠲᠠᠶ ᠺᠠᠩ (太康 Tàikāng) 1075-1084
Da'an (大安 Dà'ān) 1085-1094
ᠱᠸᠦ ᠴᠠᠩ (壽昌 Shòuchāng) 1095-1101
ᠲᠢᠶᠠᠨ ᠰᠦᠸ ᠳ᠋ᠢ (天祚帝 Tiānzuòdì)  ᠶᠡᠯᠢᠤ᠋ ᠶᠠᠨ ᠰᠢ (耶律延禧 Yēlǜ Yánxǐ) 1101–1125 ᠴᠢᠶᠠᠨ ᠲᠦᠩ (乾統 Qiántǒng) 1101-1110
ᠲᠢᠶᠠᠨ ᠴᠢᠩ (天慶 Tiānqìng) 1111-1120
ᠪᠤᠤ ᠳ᠋ᠠ (保大 Bǎodà) 1121-1125
 1. ᠨᠢᠺᠣᠯᠠᠢ ᠭᠤᠰᠧᠢᠨᠠᠪ "ᠺ ᠤᠭ ᠤᠵᠰᠺ ᠦ ᠺᠠᠩᠨᠠᠲ - ᠲᠶᠦᠺᠰᠺᠣᠧ ᠭᠤᠰᠤᠳᠤᠷᠰᠠᠳᠪᠠ ᠨᠠ ᠶᠡᠨᠢᠰᠧᠧ"

ᠪᠢᠴᠢᠭᠡᠰᠦ