ᠬᠢᠳᠠᠨ ᠦᠨᠳᠦᠰᠦᠲᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠬᠢᠲᠠᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ

ᠬᠢᠳᠠᠨ ᠦᠨᠳᠦᠰᠦᠲᠡᠨ ᠨᠢ ᠯᠤᠤᠬ᠎ᠠ  ᠢᠢᠨ ᠭᠣᠣᠯ ᠤᠨ ᠪᠠᠷᠠᠭᠤᠨ ᠲᠠᠯ᠎ᠠ ᠪᠠᠷ᠂ ᠰᠢᠷ᠎ᠠ ᠮᠥᠷᠡᠨ ᠦ (ᠣᠷᠳᠣᠰ ᠤᠨ ᠰᠢᠷ᠎ᠠ ᠮᠥᠷᠡᠨ ᠪᠢᠰᠢ) ᠤᠮᠠᠷᠠᠳᠤ ᠰᠠᠪᠠ ᠪᠠᠷ ᠨᠤᠲᠤᠭᠯᠠᠵᠤ ᠪᠠᠶᠢᠭᠰᠠᠨ ᠪᠥᠭᠡᠳ ᠪᠥᠭᠡᠳ ᠶᠠᠪᠤᠭᠠᠨ ᠳᠠᠭᠠᠨ ᠰᠢᠷ᠎ᠠ ᠲᠡᠩᠭᠢᠰ ᠦᠨ ᠡᠷᠭᠢ ᠬᠦᠷᠲᠡᠯᠡᠬᠢ ᠨᠤᠲᠤᠭ ᠲᠤ ᠲᠠᠷᠬᠠᠨ ᠰᠠᠭᠤᠵᠠᠢ᠃ ᠲᠡᠳᠡ ᠰᠢᠶᠠᠨᠪᠢ ᠮᠣᠩᠭᠣᠯᠴᠤᠳ ᠤᠨ ᠨᠢᠭᠡ ᠰᠠᠯᠪᠤᠷᠢ ᠪᠣᠯᠬᠤ ᠮᠣᠩᠭᠣᠯᠴᠤᠳ ᠪᠠ ᠲᠡᠳᠡᠨ ᠦ ᠶᠡᠬᠡᠩᠬᠢ ᠨᠢ ᠳᠣᠷᠣᠨᠠᠲᠤ ᠬᠤ ᠨᠠᠷ ᠤᠨ ᠤᠳᠤᠮ ᠪᠠᠶᠢᠴᠠᠢ᠃ ᠥᠨᠥ ᠶᠢᠨ ᠮᠣᠩᠭᠣᠯ ᠨᠤᠲᠤᠭ ᠲᠤ ᠲᠥᠪᠯᠡᠨ ᠰᠠᠭᠤᠵᠤ ᠪᠠᠶᠢᠭ᠎ᠠ ᠦᠭᠡᠢ ᠴᠤ 923 ᠤᠨ ᠠᠴᠠ ᠠᠯᠲᠠᠢ ᠠᠴᠠ ᠵᠡᠭᠦᠨ ᠲᠡᠰᠢ ᠬᠡᠷᠡᠯᠦᠨ ᠭᠣᠣᠯ ᠍ ᠤᠨ ᠬᠣᠶᠢᠲᠤ ᠪᠡᠶ᠎ᠡ ᠬᠦᠷᠲᠡᠯ᠎ᠡ ᠨᠤᠲᠤᠭ ᠢᠶᠠᠨ ᠲᠡᠯᠡᠵᠦ ᠰᠤᠶᠤᠯ᠂ ᠲᠡᠦᠬᠡ ᠶᠢᠨ ᠣᠯᠠᠨ ᠵᠦᠢᠯ ᠳᠤᠷᠠᠰᠬᠠᠯ ᠮᠣᠩᠭᠣᠯ ᠨᠤᠲᠤᠭ ᠲᠤ ᠦᠯᠡᠳᠡᠭᠡᠵᠠᠢ᠃

ᠲᠡᠳᠡᠨ ᠦ ᠨᠡᠷ᠎ᠡ ᠶᠢ ᠮᠠᠨ ᠤ ᠲᠡᠦᠬᠡ ᠶᠢᠨ ᠨᠣᠮ ᠤᠳ ᠲᠤ ᠬᠢᠳᠠᠨ᠂ ᠬᠢᠲᠠᠳ ᠭᠡᠵᠦ ᠬᠣᠶᠠᠷ ᠶᠠᠩᠵᠤ ᠪᠠᠷ ᠪᠢᠴᠢᠳᠡᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠳᠠᠨ ᠨᠤᠭᠤᠳ 388 ᠤᠨ ᠠᠴᠠ ᠮᠠᠨᠲᠣᠪᠠ ᠸᠡᠢ ᠤᠯᠤᠰ ᠤᠨ ᠴᠡᠷᠢᠭ ᠲᠦ ᠴᠣᠬᠢᠭᠳᠠᠨ ᠵᠡᠭᠦᠨᠰᠢ ᠨᠡᠭᠦᠵᠦ᠂ ᠺᠦ᠋ᠮᠣᠰᠢ ᠪᠠ ᠬᠢᠳᠠᠨ ᠭᠡᠵᠦ ᠬᠤᠪᠢᠶᠠᠭᠳᠠᠪᠠ᠃

ᠬᠢᠳᠠᠨᠴᠤᠤᠳ ᠤᠶᠢᠭᠤᠷ ᠤᠯᠤᠰ ᠲᠦ ᠰᠠᠶᠢᠨ ᠳᠤᠷ᠎ᠠ ᠪᠠᠷ ᠳᠠᠭᠠᠨ ᠣᠷᠣᠭᠰᠠᠨ ᠪᠣᠯᠤᠯᠲᠠᠢ᠃[1]

8 ᠍ ᠳᠦᠭᠡᠷ ᠵᠠᠭᠤᠨ ᠤ ᠰᠡᠭᠦᠯᠴᠢ ᠡᠴᠡ ᠬᠢᠳᠠᠨ ᠠᠶᠢᠮᠠᠭ ᠤᠨ ᠳᠣᠲᠣᠷ᠎ᠠ ᠶᠡᠯᠦᠢ ᠪᠤᠶᠤ ᠢᠯᠡᠭᠦ ᠬᠡᠮᠡᠬᠦ ᠣᠪᠤᠭ ᠴᠣᠯᠭᠣᠷᠠᠨ ᠭᠠᠷᠴᠤ᠂ ᠲᠥᠷᠥ ᠶᠣᠰᠣ ᠶᠢ ᠪᠠᠶᠢᠭᠤᠯᠵᠠᠢ᠃ ᠶᠡᠯᠦᠢ ᠣᠪᠣᠭᠲᠠᠨ ᠤ 8 ᠍ ᠳᠦᠭᠡᠷ ᠦᠶ᠎ᠡ ᠪᠣᠯᠬᠤ ᠠᠮᠪᠠᠭᠠᠢ (ᠠᠮᠪᠠᠭᠢᠨ᠂ ᠠᠮᠠᠺᠢ᠂ ᠠᠪᠠᠺᠢ᠂ ᠠᠪᠣᠵᠢ) 907-918 ᠤᠨ ᠤ ᠬᠣᠭᠣᠷᠣᠨᠳᠣ ᠬᠢᠳᠠᠨ ᠤᠭᠰᠠᠭᠠᠲᠠᠨ ᠢ ᠨᠢᠭᠡᠳᠬᠡᠨ ᠶᠡᠬᠡ ᠲᠥᠷᠥ ᠶᠢ ᠪᠠᠶᠢᠭᠤᠯᠵᠠᠢ᠃

ᠶᠡᠯᠦᠢ ᠠᠮᠪᠠᠭᠠᠢ ᠤᠯᠤᠰ ᠲᠤ ᠪᠠᠨ ᠵᠠᠰᠠᠭ ᠵᠠᠬᠢᠷᠭᠠᠨ ᠤ ᠥᠪᠡᠷᠮᠢᠴᠡ ᠬᠤᠪᠢᠶᠠᠷᠢ ᠶᠢ ᠲᠣᠭᠲᠠᠭᠠᠭᠰᠠᠨ ᠨᠢ ᠡᠮᠦᠨᠡᠲᠦ ᠪᠠ ᠤᠮᠠᠷᠠᠳᠤ ᠣᠷᠳᠣ ᠶᠤᠮ᠃ ᠡᠨᠡ ᠨᠢ ᠲᠡᠭᠦᠨ ᠦ ᠡᠵᠡᠮᠰᠢᠯ ᠨᠤᠲᠤᠭ ᠤᠨ ᠣᠨᠴᠠᠯᠢᠭ ᠠᠴᠠ ᠬᠠᠮᠢᠶᠠᠷᠤᠭᠰᠠᠨ ᠠᠵᠢ᠃ ᠬᠢᠳᠠᠨ ᠤᠯᠤᠰ ᠤᠮᠠᠷᠠᠳᠤ ᠬᠢᠲᠠᠳ ᠤᠨ ᠶᠡᠬᠡᠬᠡᠨ ᠭᠠᠵᠠᠷ ᠨᠤᠲᠤᠭ ᠢ ᠡᠵᠡᠯᠡᠭᠰᠡᠨ ᠲᠤᠯᠠ ᠡᠶᠢᠮᠦ ᠬᠤᠪᠢᠶᠠᠷᠢ ᠲᠣᠭᠲᠠᠭᠠᠭᠰᠠᠨ ᠭᠡᠵᠦ ᠪᠣᠯᠤᠨ᠎ᠠ᠃

ᠡᠮᠦᠨᠡᠲᠦ ᠨᠤᠲᠤᠭ ᠲᠤ ᠰᠠᠭᠤᠷᠢᠰᠢᠮᠠᠯ ᠲᠠᠷᠢᠶᠠᠯᠠᠩᠴᠢ ᠢᠷᠭᠡᠳ ᠵᠣᠩᠬᠢᠯᠠᠬᠤ ᠪᠣᠯ ᠤᠮᠠᠷᠠᠳᠤ ᠨᠤᠲᠤᠭ ᠲᠤ ᠤᠤᠭᠠᠯ ᠬᠢᠳᠠᠨ ᠨᠠᠷ᠂ᠲᠡᠳᠡᠨ ᠦ ᠲᠥᠷᠥᠯ ᠨᠡᠭᠦᠳᠡᠯᠴᠢᠳ ᠪᠣᠯᠬᠤ ᠲᠠᠲ᠋ᠠᠷ ᠦᠳ ᠬᠠᠷᠢᠶᠠᠯᠠᠭᠳᠠᠵᠤ ᠪᠠᠶᠢᠪᠠ᠃  ᠶᠡᠯᠦᠢ ᠠᠮᠪᠠᠭᠠᠢ (ᠠᠮᠪᠠᠭᠢᠨ) ᠠᠮᠢᠳᠤᠷᠠᠯ ᠤᠨ ᠢᠶᠠᠨ ᠢᠳᠡᠪᠬᠢ ᠲᠡᠢ ᠬᠤᠭᠤᠴᠠᠭ᠎ᠠ ᠶᠢ ᠤᠯᠤᠰ ᠤᠨ ᠢᠶᠠᠨ ᠳᠣᠲᠣᠭᠠᠳᠤ ᠵᠠᠰᠠᠭᠯᠠᠯ ᠢ ᠰᠠᠶᠢᠵᠢᠷᠭᠠᠭᠤᠯᠬᠤ᠂ ᠤᠯᠤᠰ ᠲᠥᠷᠥ ᠶᠢᠨ ᠨᠥᠯᠥᠭᠡ ᠪᠡᠨ ᠥᠷᠭᠡᠵᠢᠭᠦᠯᠬᠦ ᠳᠦ ᠴᠢᠭᠯᠡᠭᠦᠯᠦᠭᠰᠡᠨ ᠦ ᠦᠷ᠎ᠡ ᠪᠡᠷ ᠲᠡᠭᠦᠨ ᠡᠴᠡ ᠬᠣᠶᠢᠰᠢ ᠪᠠᠷᠤᠭ 100 ᠵᠢᠯ ᠦᠨ ᠲᠤᠷᠰᠢ ᠲᠥᠪ ᠠᠽᠢᠶ᠎ᠠ ᠳᠤ ᠬᠢᠳᠠᠨ ᠤᠯᠤᠰ ᠲᠡᠷᠢᠭᠦᠯᠡᠬᠦ ᠡᠭᠦᠷᠭᠡ ᠭᠦᠢᠴᠡᠳᠭᠡᠭᠰᠡᠨ ᠶᠤᠮ᠃

ᠠᠮᠪᠠᠭᠠᠢ ᠶᠢᠨ ᠳᠠᠷᠠᠭ᠎ᠠ ᠦᠶ᠎ᠡ ᠶᠢᠨ ᠬᠠᠭᠠᠳ ᠵᠠᠰᠠᠭᠯᠠᠯ ᠳᠤ ᠪᠠᠨ ᠥᠭᠡᠷᠡᠴᠢᠯᠡᠯᠲᠡ ᠣᠷᠣᠭᠤᠯᠵᠠᠢ᠃ ᠡᠨᠡ ᠥᠭᠡᠷᠡᠴᠢᠯᠡᠯᠲᠡ ᠨᠢ 10-11 ᠍ ᠳᠦᠭᠡᠷ ᠵᠠᠭᠤᠨ ᠤ ᠦᠶ᠎ᠡ ᠶᠢᠨ ᠲᠥᠪ ᠠᠽᠢᠶ᠎ᠠ ᠳᠠᠬᠢ ᠦᠨᠳᠦᠰᠦᠲᠡᠨ ᠦ ᠰᠢᠨ᠎ᠡ ᠣᠷᠴᠢᠨ ᠢ ᠬᠠᠷᠠᠭᠠᠯᠵᠠᠭᠰᠠᠨ ᠪᠥᠭᠡᠳ ᠣᠨᠴᠠᠯᠠᠵᠤ ᠬᠡᠯᠡᠪᠡᠯ ᠲᠡᠷᠡ ᠦᠶ᠎ᠡ ᠳᠦ ᠡᠷᠴᠢ ᠬᠦᠴᠦ ᠨᠢ ᠣᠷᠭᠢᠯᠠᠨ ᠭᠠᠷᠴᠤ ᠢᠷᠡᠭᠰᠡᠨ ᠵᠦᠷᠴᠢᠳ ᠤᠭᠰᠠᠭᠠᠲᠠᠨ ᠤ ᠥᠭᠡᠳᠡ ᠡᠴᠡ ᠤᠭᠰᠠᠭ᠎ᠠ ᠨᠢᠭᠡᠲᠦ ᠨᠡᠭᠦᠳᠡᠯᠴᠢᠳ ᠦᠨ ᠬᠦᠴᠦ ᠶᠢ ᠠᠰᠢᠭᠯᠠᠬᠤ᠂ ᠲᠡᠳᠡᠨ ᠢ ᠤᠯᠤᠰ ᠲᠥᠷᠥ ᠶᠢᠨ ᠬᠣᠯᠪᠣᠭᠠᠲᠠᠨ ᠪᠣᠯᠭᠠᠬᠤ ᠳᠤ ᠴᠢᠭᠯᠡᠭᠰᠡᠨ ᠶᠤᠮ᠃

ᠬᠢᠳᠠᠨ ᠤᠯᠤᠰ ᠤᠨ ᠦᠶ᠎ᠡ ᠨᠢ ᠨᠡᠭᠦᠳᠡᠯᠴᠢᠳ ᠦᠨ ᠲᠥᠷᠥ ᠶᠣᠰᠣᠨ ᠤ ᠤᠯᠠᠮᠵᠢᠯᠠᠯ ᠢ ᠰᠠᠭᠤᠷᠢᠨ ᠰᠤᠶᠤᠯ ᠤᠨ ᠬᠥᠷᠦᠰᠦᠨ ᠳᠦ ᠰᠢᠩᠭᠡᠭᠡᠬᠦ ᠲᠠᠯ᠎ᠠ ᠪᠠᠷ ᠰᠣᠨᠢᠨ ᠠᠯᠬᠤᠮ ᠬᠢᠭᠰᠡᠨ ᠲᠡᠦᠬᠡ ᠭᠡᠵᠦ ᠪᠣᠯᠤᠨ᠎ᠠ᠃

ᠬᠢᠳᠠᠨ ᠤᠯᠤᠰ ᠲᠤ 9 ᠬᠠᠭᠠᠨ ᠤ ᠦᠶ᠎ᠡ ᠵᠠᠯᠭᠠᠮᠵᠢᠯᠠᠵᠤ᠂ ᠨᠡᠶᠢᠲᠡ 220 ᠵᠢᠯ ᠣᠷᠣᠰᠢᠨ ᠲᠣᠭᠲᠠᠨᠢᠪᠠ᠃ ᠬᠢᠳᠠᠨ ᠤᠯᠤᠰ ᠵᠦᠴᠢᠳ ᠦᠨ ᠠᠯᠲᠠᠨ ᠤᠯᠤᠰ ᠲᠤ ᠮᠥᠬᠦᠭᠡᠭᠳᠡᠬᠦ ᠦᠶ᠎ᠡ ᠳᠦ ᠶᠡᠯᠦᠢ ᠣᠪᠤᠭ ᠤᠨ ᠳᠠᠰᠢ ᠨᠣᠶᠠᠨ 100,000? ᠨᠡᠭᠦᠳᠡᠯᠴᠢᠨ ᠬᠢᠳᠠᠨᠴᠤᠳ ᠢ ᠳᠠᠭᠠᠭᠤᠯᠤᠨ ᠪᠠᠷᠠᠭᠤᠨ ᠵᠦᠭ ᠨᠡᠭᠦᠵᠦ᠂ ᠪᠠᠯᠬᠠᠰ ᠨᠠᠭᠤᠷ ᠲᠤ ᠲᠥᠪᠯᠡᠷᠡᠨ ᠨᠢᠭᠡᠨ ᠶᠡᠬᠡ ᠤᠯᠤᠰ ᠢ ᠪᠠᠶᠢᠭᠤᠯᠤᠭᠰᠠᠨ ᠨᠢ ᠬᠠᠷ᠎ᠠ ᠬᠢᠳᠠᠨ ᠬᠡᠮᠡᠨ ᠠᠯᠳᠠᠷᠰᠢᠵᠤ᠂ ᠰᠢᠨᠵᠢᠶᠠᠩᠬᠣᠷᠧᠽᠮ ᠢ ᠡᠷᠬᠡᠰᠢᠶᠡᠯ ᠳᠦ ᠪᠡᠨ ᠣᠷᠣᠭᠤᠯᠤᠨ 90 ᠰᠢᠬᠠᠮ ᠵᠢᠯ (1124-1213) ᠲᠣᠭᠲᠠᠵᠠᠢ᠃

ᠶᠡᠬᠡ ᠮᠣᠩᠭᠣᠯ ᠤᠯᠤᠰ 1211 ᠤᠨ ᠳᠤ ᠠᠯᠲᠠᠨ ᠤᠯᠤᠰ  ᠢ ᠳᠣᠪᠲᠣᠯᠤᠨ ᠴᠣᠬᠢᠬᠤ ᠳᠤ ᠵᠦᠴᠢᠳ ᠦᠨ ᠬᠠᠷᠢᠶᠠᠨ ᠳᠤ ᠪᠠᠶᠢᠭᠰᠠᠨ ᠬᠢᠳᠠᠨᠴᠤᠳ ᠵᠡᠭᠦᠨ ᠯᠢᠶᠣᠣ (1211–1220) ᠵᠡᠷᠭᠡ 3 ᠤᠯᠤᠰ ᠪᠠᠶᠢᠭᠤᠯᠤᠭᠰᠠᠨ ᠴᠤ ᠤᠳᠠᠯ ᠦᠭᠡᠢ ᠮᠣᠩᠭᠣᠯ ᠤᠨ ᠪᠦᠷᠢᠯᠳᠦᠬᠦᠨ ᠳᠦ ᠣᠷᠣᠵᠠᠢ᠃

ᠥᠪᠥᠷ ᠮᠣᠩᠭᠣᠯ  ᠤᠨ ᠵᠡᠭᠦᠨ᠂ ᠪᠠᠷᠠᠭᠤᠨ ᠪᠠᠭᠠᠷᠢᠨ ᠬᠣᠰᠢᠭᠤᠨ ᠤ ᠵᠠᠷᠢᠮ ᠪᠠᠭᠠᠷᠢᠨᠴᠤᠳ᠂ ᠬᠦᠯᠦᠨ ᠪᠤᠢᠢᠷ  ᠤᠨ ᠳᠠᠭᠤᠷᠴᠤᠳ ᠬᠢᠳᠠᠨᠴᠤᠤᠳ ᠤᠨ ᠰᠢᠭᠤᠳ ᠤᠳᠤᠮ ᠪᠣᠯᠬᠤ ᠬᠦᠮᠦᠰ ᠶᠤᠮ᠃ᠪᠠᠷᠠᠭᠤᠨ ᠪᠠᠭᠠᠷᠢᠨ ᠤ ᠵᠠᠷᠢᠮ ᠡᠮᠡᠭᠲᠡᠶᠢᠴᠦᠳ ᠦᠨ ᠤᠯᠠᠮᠵᠢᠯᠠᠯᠲᠤ ᠦᠰᠦ ᠵᠠᠰᠠᠯᠲᠠ ᠨᠢ ᠬᠢᠳᠠᠨ ᠡᠮᠡᠭᠲᠡᠢ ᠶᠢᠨ ᠬᠢ ᠲᠡᠢ ᠠᠳᠠᠯᠢ ᠪᠠᠶᠢᠳᠠᠭ ᠪᠠᠶᠢᠨ᠎ᠠ᠃[2]ᠮᠥᠨ ᠲᠥᠪ ᠠᠽᠢᠶ᠎ᠠ ᠳᠠᠬᠢ ᠺ ᠤ ᠲᠠᠢ᠂ ᠺᠢ ᠲᠠᠢ ᠵᠡᠷᠭᠡ ᠨᠡᠷ᠎ᠡ ᠲᠡᠢ ᠣᠪᠤᠭ ᠤᠨ ᠬᠦᠮᠦᠰ ᠢ ᠬᠢᠳᠠᠨᠴᠤᠤᠳ ᠤᠨ ᠤᠳᠤᠮ ᠭᠡᠵᠦ ᠦᠵᠡᠳᠡᠭ᠃

ᠬᠡᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠨ ᠬᠡᠯᠡ ᠨᠢ ᠠᠯᠲᠠᠢ ᠢᠵᠠᠭᠤᠷ ᠬᠡᠯᠡ ᠵᠢᠨ ᠮᠣᠩᠭᠣᠯ ᠲᠥᠷᠥᠯ ᠬᠡᠯᠡ  ᠳᠤ ᠬᠠᠷᠢᠯᠠᠭᠳᠠᠨ᠎ᠠ᠂ ᠬᠢᠲᠠᠨ ᠬᠡᠯᠡ ᠪᠣᠯ ᠨᠡᠩ ᠡᠷᠳᠡᠨ  ᠤ ᠮᠣᠩᠭᠣᠯ ᠬᠡᠯᠡ ᠮᠥᠨ᠃

ᠦᠰᠦᠭ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠨᠴᠤᠳ ᠦᠪᠡᠷ  ᠤᠨ ᠦᠰᠦᠭ ᠪᠢᠴᠢᠭ ᠲᠠᠢ ᠪᠠᠢᠢᠳᠠᠭ᠃ ᠤᠨ ᠲᠤᠭᠠᠯᠠᠯ  ᠤᠨ 920 ᠤᠨ ᠳ᠋ᠤ᠋ ᠶᠸᠯᠢᠦᠢ ᠠᠮᠪᠠᠭᠠᠢ ᠵᠢᠨ ᠵᠠᠷᠯᠢᠭ ᠵᠢᠡᠷ ᠶᠸᠯᠢᠦᠢ ᠲᠦᠯᠢᠦᠢᠪᠦ᠂ ᠶᠸᠯᠢᠦᠢ ᠯᠤᠪᠤᠭᠤ ᠬᠤᠶᠠᠷ ᠬᠢᠳᠠᠳ ᠦᠰᠦᠭ  ᠤᠨ ᠪᠢᠴᠢᠯᠭᠡ ᠵᠢ ᠲᠠᠭᠤᠷᠢᠶᠠᠵᠤ 3000ᠢᠯᠡᠭᠦᠦ ᠲᠤᠭ᠎ᠠ ᠲᠠᠢ ᠬᠢᠲᠠᠨ ᠶᠡᠬᠡ ᠦᠰᠦᠭ  ᠢ ᠵᠤᠬᠢᠶᠠᠭᠰᠠᠨ ᠪᠠᠢᠢᠨ᠎ᠠ᠂ ᠡᠭᠦᠨ  ᠤ ᠳᠠᠷᠠᠭ᠎ᠠ ᠶᠸᠯᠢᠦᠢ ᠠᠮᠪᠠᠭᠠᠢ ᠵᠢᠨ ᠲᠡᠭᠦᠦ ᠶᠸᠯᠢᠦᠢ ᠳ᠋ᠢᠯᠠ ᠤᠢᠢᠭᠤᠷ ᠲᠤ᠋ ᠡᠯᠴᠢᠯᠡᠵᠦ᠂ ᠳᠡᠨᠳᠡᠬᠢ ᠵᠢᠨ ᠬᠡᠯᠡ ᠵᠢ ᠰᠠᠷ ᠠ ᠪᠤᠯᠤᠯ ᠦᠭᠡᠢ ᠳᠤᠭᠤᠷᠳᠠᠯ ᠠ ᠰᠤᠷᠴᠤ ᠬᠠᠷᠢᠵᠤ ᠢᠷᠡᠭᠡᠳ ᠪᠠᠷᠤᠭ 925 ᠤᠨ  ᠤ ᠤᠷᠴᠢᠮ ᠵᠢᠡᠷ ᠤᠢᠢᠭᠤᠷ ᠦᠰᠦᠭ ᠡᠴᠡ ᠰᠡᠩᠬᠡᠷᠡᠭᠦᠯᠦᠯ ᠤᠯᠵᠤ ᠂ ᠬᠢᠲᠠᠨ ᠶᠡᠬᠡ ᠦᠰᠦᠭ  ᠤᠨ ᠪᠢᠴᠢᠯᠭᠡ ᠵᠢ ᠲᠦᠭᠦᠮᠴᠢᠯᠡᠨ ᠦᠰᠦᠭ  ᠤᠨ ᠲᠤᠭ᠎ᠠ ᠵᠢ ᠪᠠᠭᠠᠰᠬᠠᠵᠤ ᠂ᠨᠢᠭᠡ ᠵᠤᠢᠢᠯ  ᠤᠨ ᠬᠠᠭᠠᠰ ᠠᠪᠢᠶ ᠠ ᠬᠠᠭᠠᠰ ᠤᠳᠬᠠᠳᠤ ᠦᠰᠦᠭ ᠪᠤᠯᠬᠤ ᠬᠢᠲᠠᠨ ᠪᠠᠭ᠎ᠠ ᠦᠰᠦᠭ  ᠢ ᠡᠭᠦᠳᠦᠭᠰᠡᠨ ᠪᠠᠢᠢᠨ᠎ᠠ᠃


ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ