ᠬᠢᠮᠡᠯ ᠣᠶᠤᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Artificial-intelligence.jpg

ᠬᠢᠮᠡᠯ ᠣᠶᠤᠨ ᠤᠬᠠᠭᠠᠨ ( Artificial Intelligence᠂ AI ᠬᠢᠳᠡᠳ ᠢᠶᠡᠷ 人工智能) ᠭᠡᠳᠡᠭ ᠨᠢ ᠮᠠᠰᠢᠨ ᠲᠧᠭᠨᠢᠭ ᠪᠣᠯᠤᠨ ᠺᠣᠮᠫᠢᠦ᠋ᠲ᠋ᠧᠷ ᠲᠦ ᠰᠠᠭᠤᠷᠢᠯᠠᠭᠰᠠᠨ ᠣᠶᠤᠨ ᠤᠬᠠᠭᠠᠨ ᠢ ᠵᠢᠭᠠᠵᠣ ᠪᠠᠢᠭ᠎ᠠ ᠶᠤᠮ᠃ ᠮᠥᠨ ᠡᠨᠡ ᠠᠰᠠᠭᠤᠳᠠᠯ ᠢ ᠰᠤᠳᠤᠯᠳᠠᠭ ᠰᠢᠨᠵᠢᠯᠡᠬᠦ ᠤᠬᠠᠭᠠᠨ ᠤ ᠰᠠᠯᠪᠤᠷᠢ᠂ ᠰᠤᠳᠤᠯᠭ᠎ᠠ ᠰᠢᠨᠵᠢᠯᠡᠭᠡᠨ ᠦ ᠴᠢᠭᠯᠡᠯ᠂ ᠶᠡᠬᠡ ᠳᠡᠭᠡᠳᠦ ᠰᠤᠷᠭᠠᠭᠤᠯᠢ ᠶᠢᠨ ᠬᠢᠴᠢᠶᠡᠯ ᠢ ᠨᠡᠷᠡᠯᠡᠬᠦ ᠳᠦ ᠪᠡᠨ ᠡᠨᠡ ᠨᠡᠷ᠎ᠡ ᠲᠣᠮᠢᠶ᠎ᠠ ᠶᠢ ᠠᠰᠢᠭᠯᠠᠨ᠎ᠠ᠃ ᠬᠢᠮᠡᠯ ᠣᠶᠤᠨ ᠤᠬᠠᠭᠠᠨ ᠰᠤᠳᠤᠯᠤᠯ᠂ ᠬᠢᠮᠡᠯ ᠣᠶᠤᠨ ᠤᠬᠠᠭᠠᠨ ᠤ ᠬᠢᠴᠢᠶᠡᠯ ᠭᠡᠬᠦ ᠮᠡᠲᠦ᠃ ᠠᠩᠬ᠎ᠠ ᠬᠢᠮᠡᠯ ᠣᠶᠤᠨ ᠤᠬᠠᠭᠠᠨ ᠬᠡᠮᠡᠬᠦ ᠨᠡᠷ᠎ᠡ ᠲᠣᠮᠢᠶ᠎ᠠ ᠶᠢ John McCarthy 1955  ᠤᠨ ᠳᠤ ᠥᠪᠡᠷ ᠦᠨ ᠪᠦᠲᠦᠭᠡᠯ ᠳᠦ ᠪᠡᠨ ᠠᠰᠢᠭᠯᠠᠵᠤ ᠤᠬᠠᠭᠠᠨᠲᠤ ᠮᠠᠰᠢᠨ ᠲᠧᠭᠨᠢᠭ ᠪᠦᠲᠦᠭᠡᠬᠦ ᠣᠨᠣᠯ ᠤᠨ ᠪᠣᠯᠤᠨ ᠢᠨᠵᠧᠨᠧᠷ ᠦᠨ ᠰᠢᠨᠵᠢᠯᠡᠬᠦ ᠤᠬᠠᠭᠠᠨ ᠭᠡᠵᠦ ᠲᠣᠳᠣᠷᠬᠠᠶᠢᠯᠠᠵᠠᠢ᠃

ᠪᠢᠳᠡ ᠪᠦᠬᠦᠨ ᠬᠢᠮᠡᠯ ᠣᠶᠤᠨ ᠢ ᠮᠠᠰᠢᠨ ᠬᠦᠮᠦᠨ ᠢᠶᠠᠷ ᠲᠥᠰᠦᠭᠡᠯᠡᠵᠦ ᠪᠣᠯᠤᠨ᠎ᠠ᠃ ᠭᠡᠬᠦ ᠳᠦ ᠪᠡᠨ ᠥᠨᠥ ᠶᠢᠨ ᠮᠠᠰᠢᠨ ᠬᠦᠮᠦᠨ ᠪᠣᠯ ᠵᠥᠪᠬᠡᠨ ᠲᠤᠬᠠᠢ ᠶᠢᠨ ᠵᠣᠬᠢᠶᠠᠭᠴᠢ ᠶᠢᠨ ᠪᠢᠴᠢᠭᠳᠡᠭᠰᠡᠨ ᠶᠣᠰᠣ ᠳᠠᠷᠠᠭᠠᠯᠠᠯ ᠢᠶᠠᠷ ᠠᠵᠢᠯᠯᠠᠳᠠᠭ ᠪᠢᠯᠡ᠃ ᠬᠠᠷᠢᠨ ᠬᠢᠮᠡᠯ ᠣᠶᠣᠨ ᠣᠬᠠᠭᠠᠨ ᠤ ᠨᠦᠭᠦᠴᠡᠯ ᠳᠦ ᠺᠣᠮᠫᠢᠦ᠋ᠲ᠋ᠧᠷ ᠦᠪᠡᠷᠳᠡᠭᠡᠨ ᠰᠣᠷᠣᠯᠴᠠᠵᠣ ᠮᠦᠨ ᠰᠢᠢᠳᠪᠦᠷᠢ ᠶᠢ ᠦᠪᠡᠷᠳᠡᠭᠡᠨ ᠰᠢᠢᠳᠬᠦ ᠪᠣᠯᠣᠮᠵᠢᠳᠡᠢ᠃ ᠬᠡᠷᠪᠡ ᠪᠢᠳᠡ ᠲᠡᠭᠦᠰ ᠬᠢᠮᠡᠯ ᠣᠶᠤᠨ ᠢ ᠵᠣᠬᠢᠶᠠᠨ ᠪᠦᠲᠦᠭᠡᠪᠠᠰᠤ ᠬᠦᠮᠦᠨ ᠲᠥᠷᠥᠯᠬᠢᠲᠡᠨ ᠥᠪᠡᠷᠰᠡᠳ ᠦᠨ ᠢᠶᠡᠨ ᠪᠦᠲᠦᠭᠡᠭᠰᠡᠨ ᠵᠦᠢᠯ ᠳᠦ ᠤᠰᠠᠳᠬᠤ ᠮᠠᠭᠠᠳᠯᠠᠯ ᠲᠠᠢ᠃

ᠬᠢᠮᠡᠯ ᠣᠶᠤᠨ ᠳᠤ ᠪᠠᠶᠢᠪᠠᠯ ᠵᠣᠬᠢᠬᠤ ᠴᠢᠳᠠᠪᠤᠷᠢ ᠨᠤᠭᠤᠳ: 1. ᠥᠪᠡᠷᠳᠡᠭᠡᠨ ᠰᠢᠨᠵᠢᠯᠡᠭᠡ ᠬᠢᠵᠦ ᠬᠠᠷᠢᠭᠤᠯᠲᠠ ᠶᠢ ᠥᠪᠡᠷ ᠦᠨ ᠬᠢ ᠪᠡᠷ ᠢᠯᠡᠷᠬᠡᠶᠢᠯᠡᠳᠡᠭ ᠪᠠᠶᠢᠬᠤ 2. ᠥᠪᠡᠷ ᠦᠨ ᠠᠯᠳᠠᠭ᠎ᠠ ᠶᠢ ᠣᠯᠵᠤ ᠵᠠᠰᠠᠪᠤᠷᠢᠯᠠᠳᠠᠭ 3. ᠬᠦᠮᠦᠨ ᠦ ᠰᠡᠳᠬᠢᠬᠦᠢ ᠡᠴᠡ ᠢᠯᠡᠭᠦᠦ ᠳᠠᠪᠠᠭᠣᠯᠵᠣ ᠰᠡᠳᠭᠢᠭᠦ

ᠬᠣᠷᠢᠶᠠᠩᠭᠣᠢᠯᠠᠪᠠᠯ ᠬᠢᠮᠡᠯ ᠣᠶᠣᠨ ᠨᠢ ᠲᠠᠷᠣᠢ ᠮᠠᠰᠢᠨ ᠳᠤ᠂ ᠺᠣᠮᠫᠢᠦ᠋ᠲ᠋ᠧᠷ ᠲᠤ ᠬᠦᠮᠦᠨ ᠲᠠᠢ ᠠᠳᠠᠯᠢᠬᠠᠨ ᠮᠡᠳᠡᠷᠡᠬᠦ᠂ ᠰᠡᠳᠬᠢᠵᠥ ᠪᠣᠳᠣᠯᠬᠢᠯᠠᠬᠣ᠂ ᠰᠢᠢᠳᠬᠦ ᠣᠶᠣᠨ ᠣᠬᠠᠭᠠᠨ ᠢ ᠣᠯᠭᠣᠨ᠎ᠠ ᠭᠡᠳᠡᠭ ᠢ ᠶᠠᠷᠢᠨ᠎ᠠ᠂ ᠡᠨᠡ ᠲᠣᠳᠥᠷ᠎ᠡ ᠶᠠᠷᠢᠵᠣ ᠪᠠᠢᠭ᠎ᠠ ᠣᠶᠣᠨ ᠣᠬᠠᠭᠠᠨ ᠭᠡᠪᠡᠯ ᠵᠠᠪᠠᠯ ᠪᠢᠳᠡᠨ ᠦ ᠶᠡᠷᠥ ᠶᠢᠨ ᠭᠡᠯᠡᠳᠡᠭ ᠰᠢᠭ ᠲᠣᠮᠣ ᠶᠠᠭᠣᠮ᠎ᠠ ᠶᠢ ᠰᠡᠳᠬᠢᠭᠡᠳ ᠲᠣᠮᠣ ᠵᠤᠢᠯ ᠢ ᠡᠬᠦᠳᠴᠥ ᠪᠦᠳᠦᠭᠡᠳᠡᠭ ᠡᠢᠮᠥ ᠲᠣᠮᠣ ᠣᠬᠠᠭᠠᠨ ᠢ ᠶᠠᠷᠢᠭᠠᠳ ᠪᠠᠢᠭ᠎ᠠ ᠪᠢᠰᠢ ᠂ ᠶᠡᠷᠥ ᠡᠴᠡ ᠪᠠᠨ ᠬᠦᠮᠦᠨ ᠲᠦᠷᠦᠯᠬᠢᠳᠡᠨ ᠳᠦ ᠠᠪᠴᠣ ᠭᠡᠯᠡᠪᠡᠯ ᠶᠠᠷᠢᠶᠠᠨ ᠦᠭᠡᠢ ᠭᠡᠵᠥ ᠰᠠᠨᠠᠭᠳᠠᠬᠣ ᠵᠦᠢᠯ᠂ ᠵᠢᠱᠢᠶᠡᠯᠡᠪᠡᠯ ᠪᠢᠳᠡ ᠶᠠᠭᠣᠮ᠎ᠠ ᠶᠢ ᠦᠵᠡᠵᠥ ᠬᠠᠷᠠᠵᠣ ᠮᠡᠳᠡᠷᠡᠵᠥ ᠣᠢᠯᠠᠭᠠᠵᠣ ᠴᠢᠳᠠᠨ᠎ᠠ᠂ ᠠᠮᠢᠳᠠᠨ ᠤ ᠲᠣᠳᠣᠷ᠎ᠠ ᠬᠣᠨᠢ ᠢᠮᠠᠭ᠎ᠠ ᠶᠢ ᠢᠯᠭᠠᠵᠣ ᠴᠢᠳᠠᠨ᠎ᠠ᠂ ᠡᠬᠦᠨ ᠡᠴᠡ ᠭᠠᠳᠠᠨ᠎ᠠ᠂ ᠡᠭᠦᠨ ᠡᠴᠡ ᠨᠡᠩ ᠲᠡᠭᠡᠳᠥ ᠲᠡᠰ ᠦᠨ ᠣᠶᠣᠨ ᠣᠬᠠᠭᠠᠨ ᠵᠢᠱᠢᠶᠡᠯᠡᠪᠡᠯ ᠪᠢᠳᠡ ᠪᠠᠰᠠ ᠦᠭᠡ ᠶᠠᠷᠢᠵᠣ ᠴᠢᠳᠠᠨ᠎ᠠ᠂ ᠪᠢᠳᠡ ᠪᠠᠰᠠ ᠪᠣᠰᠣᠳ ᠬᠦᠮᠦᠨ ᠦ ᠶᠠᠷᠢᠭᠰᠠᠨ ᠦᠭᠡ ᠵᠢ ᠰᠣᠨᠣᠰᠴᠣ ᠣᠢᠯᠠᠭᠠᠵᠣ ᠴᠢᠳᠠᠨ᠎ᠠ᠂ ᠡᠨᠡ ᠪᠣᠯ ᠪᠦᠷ ᠪᠢᠳᠡ ᠬᠦᠮᠦᠨ ᠲᠦᠷᠦᠯᠬᠢᠳᠡᠨ ᠳᠦ ᠲᠦᠭᠡᠮᠡᠯ ᠪᠠᠢᠳᠠᠭ ᠨᠢᠭᠡ ᠵᠤᠢᠯ ᠤᠨ ᠣᠶᠣᠨ ᠣᠬᠠᠭᠠᠨ᠃ ᠣᠳᠣ ᠬᠢᠮᠡᠯ ᠣᠶᠣᠨ ᠣᠬᠠᠭᠠᠨ ᠭᠡᠬᠦ ᠡᠴᠡ ᠪᠢᠳᠡ ᠪᠣᠯ ᠲᠠᠷᠣᠢ ᠺᠣᠮᠫᠢᠦ᠋ᠲ᠋ᠧᠷ ᠲᠤ ᠡᠢᠮᠥ ᠮᠡᠳᠥ ᠶᠢᠨ ᠴᠢᠳᠠᠪᠣᠷᠢ ᠨᠣᠭᠣᠳ ᠢ ᠣᠯᠭᠣᠬᠣ ᠵᠢ ᠶᠠᠷᠢᠵᠣ ᠪᠠᠢᠨ᠎ᠠ᠃

ᠬᠢᠮᠡᠯ ᠣᠶᠤᠨ ᠤᠬᠠᠭᠠᠨ ᠤ ᠭᠡᠷᠡᠭᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠳᠡᠨ ᠦ ᠢᠨᠲ᠋ᠸᠷᠨ᠋ᠸᠲ ᠲᠡᠭᠡᠷ᠎ᠡ ᠶᠠᠪᠣᠭᠳᠠᠭᠣᠯᠳᠠᠭ ᠶᠡᠷᠦ ᠶᠢᠨ ᠠᠵᠢᠯᠯᠠᠭ᠎ᠠ᠂ ᠵᠢᠱᠢᠶᠡᠯᠡᠬᠦ ᠳᠦ ᠬᠠᠢᠬᠣ ᠮᠡᠷᠭᠡᠵᠢᠯ᠂ ᠦᠰᠦᠭ ᠪᠢᠴᠢᠭ ᠢ ᠮᠠᠰᠢᠨ ᠢᠶᠠᠷ ᠣᠷᠴᠢᠭᠣᠯᠬᠣ᠂ ᠬᠦᠮᠦᠨ ᠦ ᠵᠢᠰᠤ ᠴᠢᠷᠠᠢ ᠶᠢ ᠮᠠᠰᠢᠨ ᠢᠶᠠᠷ ᠲᠠᠨᠢᠬᠣ᠂ ᠬᠦᠮᠦᠨ ᠦ ᠦᠭᠡ ᠶᠠᠷᠢᠶ᠎ᠠ ᠵᠢ ᠰᠣᠨᠣᠰᠴᠣ ᠣᠢᠯᠠᠭᠠᠬᠣ ᠮᠡᠷᠭᠡᠵᠢᠯ ᠣᠳᠣᠬᠠᠨ ᠶᠡᠷᠥᠩᠭᠡᠢ ᠳᠦ ᠪᠠᠨ AI ᠳ᠋ᠣ ᠰᠠᠭᠣᠷᠢᠯᠠᠭᠳᠠᠵᠣ ᠪᠦᠳᠦᠭᠡᠭᠳᠡᠵᠥ ᠪᠠᠢᠭ᠎ᠠ᠃᠃

ᠡᠭᠦᠨ ᠲᠠᠢ ᠵᠡᠷᠭᠡᠴᠡᠭᠡ ᠪᠠᠰᠠ ᠨᠢᠭᠡ ᠪᠦᠯᠦᠭ ᠢᠨᠲ᠋ᠸᠷᠨ᠋ᠸᠲ ᠡᠴᠡ ᠪᠣᠰᠣᠳ ᠰᠠᠯᠠᠭ᠎ᠠ ᠮᠦᠴᠢᠷ ᠲᠦ AI ᠶᠠᠭ ᠦᠳᠲᠡᠷ ᠲᠦᠷᠭᠡᠨ ᠬᠦᠭᠵᠢᠯ ᠢᠶᠡᠨ ᠣᠯᠵᠣ ᠪᠠᠢᠭ᠎ᠠ᠂ ᠲᠡᠭᠦᠨ ᠦ ᠨᠢᠭᠡ ᠡᠴᠡ ᠵᠢᠱᠢᠶᠡᠯᠡᠪᠡᠯ ᠵᠢᠯᠣᠭᠣᠴᠢ ᠦᠭᠡᠢ ᠲᠡᠷᠭᠡ ᠪᠣᠶᠣ ᠦᠪᠡᠷ  ᠪᠠᠨ ᠵᠢᠯᠣᠭᠣᠣᠬᠣ ᠲᠡᠷᠭᠡ ᠂ ᠣᠳᠣ ᠠᠮᠸᠷᠢᠺᠠ ᠶᠢᠨ ᠦᠪᠡᠷ  ᠪᠠᠨ ᠵᠢᠯᠣᠭᠣᠳᠬᠣ ᠲᠡᠷᠭᠡ ᠨᠢᠭᠡᠨᠳᠡ ᠯᠣᠰ ᠠᠩᠵᠸᠯᠸᠰ ᠡᠴᠡ ᠰᠠᠨ ᠹᠠᠷᠠᠨᠰᠢᠰᠺᠣ ᠬᠦᠷᠳᠡᠯ᠎ᠡ ᠠᠮᠵᠢᠯᠳᠠ ᠳᠠᠢ ᠬᠦᠷᠴᠥ ᠴᠢᠳᠠᠭᠰᠠᠨ ᠪᠠᠢᠳᠠᠭ᠃ ᠡᠬᠦᠨ ᠡᠴᠡ ᠭᠠᠳᠠᠨ᠎ᠠ ᠬᠢᠮᠡᠯ ᠣᠶᠣᠨ ᠣᠯᠠᠨ ᠠᠵᠢᠯ ᠲᠦᠷᠦᠯ ᠲᠣᠬᠠᠢᠯᠠᠪᠠᠯ ᠬᠢᠮᠢ᠂ ᠠᠮᠢᠳᠣ ᠪᠣᠳᠠᠰ ᠂ ᠢᠨᠵᠧᠨ᠋ᠸᠷᠡᠭ ᠭᠡᠬᠦ ᠮᠡᠳᠥ ᠶᠢᠨ ᠪᠣᠳᠠᠳᠣ ᠴᠣᠭᠴᠠ ᠶᠢᠨ ᠠᠵᠣ ᠠᠬᠣᠢ ᠲᠠᠢ ᠠᠭᠣᠰᠣᠯᠳᠠᠵᠣ ᠪᠠᠢᠨ᠎ᠠ᠃ ᠮᠦᠨ ᠠᠳᠠᠯᠢᠬᠠᠨ ᠰᠣᠨᠢᠨ ᠮᠡᠳᠡᠭᠡ ᠂ ᠮᠦᠩᠭᠦᠨ ᠬᠦᠢᠯᠭᠡᠭᠡᠨ ᠂ ᠬᠠᠣᠯᠢ ᠴᠠᠭᠠᠵᠠ ᠭᠡᠬᠦ ᠮᠡᠳᠦ ᠢᠨᠵᠧᠨ᠋ᠸᠷᠡᠭ ᠦᠨ ᠪᠣᠰᠣ ᠰᠠᠯᠠᠭ᠎ᠠ ᠮᠦᠴᠢᠷ ᠲᠤ ᠪᠦᠷ ᠯᠣᠳᠣ ᠶᠡᠭᠡ ᠨᠦᠯᠦᠭᠡ ᠲᠣᠰᠬᠠᠯ ᠠᠪᠴᠢᠷᠠᠵᠣ ᠪᠠᠢᠨ᠎ᠠ᠃

ᠬᠢᠮᠡᠯ ᠣᠶᠤᠨ ᠤᠬᠠᠭᠠᠨ ᠤ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠶᠢᠨ ᠬᠣᠶᠠᠳᠤᠭᠠᠷ ᠳᠠᠶᠢᠨ ᠤ ᠳᠠᠷᠠᠭ᠎ᠠ᠂ ᠬᠡᠰᠡᠭ ᠪᠦᠯᠦᠭ ᠬᠦᠮᠦᠰ ᠣᠶᠤᠨ ᠤᠬᠠᠭᠠᠨᠳᠤ ᠮᠠᠰᠢᠨ ᠢ ᠬᠢᠬᠦ ᠪᠡᠷ ᠠᠵᠢᠯᠯᠠᠵᠤ ᠡᠬᠢᠯᠡᠭᠰᠡᠨ᠃ ᠠᠩᠭᠯᠢ ᠶᠢᠨ ᠲᠣᠭᠠᠨ ᠤ ᠣᠬᠠᠭᠠᠨᠳᠠᠨ Allen Turing 1947 ᠤᠨ ᠳᠤ ᠠᠩᠬᠠᠨ ᠤ ᠰᠤᠳᠤᠯᠭ᠎ᠠ  ᠪᠠᠨ ᠲᠠᠨᠢᠯᠴᠠᠭᠤᠯᠤᠭᠰᠠᠨ᠃

ᠬᠢᠮᠡᠯ ᠣᠶᠣᠨ ᠤ ᠰᠤᠳᠤᠯᠭᠠᠨ ᠤ ᠰᠠᠯᠪᠤᠷᠢ 1956 ᠤᠨ ᠤ ᠵᠤᠨ ᠠᠮᠸᠷᠢᠺᠠ ᠶᠢᠨ ᠳ᠋ᠠᠷᠲ᠋ᠮᠠᠦ᠋ᠲ ᠲᠦ ᠪᠣᠯᠤᠭᠰᠠᠨ ᠵᠥᠪᠯᠡᠭᠡᠨ ᠳᠡᠭᠡᠷ᠎ᠡ ᠡᠭᠦᠰᠬᠡᠨ ᠪᠠᠶᠢᠭᠤᠯᠤᠭᠳᠠᠪᠠ᠃ 1960 ᠤᠨ ᠤ ᠳᠤᠮᠳᠠ ᠦᠶ᠎ᠡ ᠳᠦ ᠠᠮᠧᠷᠢᠺᠠ ᠶᠢᠨ ᠨᠢᠭᠡᠳᠦᠭᠰᠡᠨ ᠤᠯᠤᠰ ᠤᠨ ᠪᠠᠲᠤᠯᠠᠨ ᠬᠠᠮᠠᠭᠠᠯᠠᠬᠤ ᠶᠢᠨ ᠶᠠᠮᠤᠨ ᠠᠴᠠ ᠪᠠᠶᠢᠭᠤᠯᠣᠭᠰᠠᠨ ᠰᠤᠳᠤᠯᠭᠠᠨ ᠤ ᠲᠥᠪ ᠪᠣᠯᠤᠨ ᠲᠣᠷᠰᠢᠯᠳᠠ ᠶᠢᠨ ᠲᠠᠰᠣᠭ ᠨᠤᠭᠤᠳ ᠳᠡᠯᠡᠬᠡᠢ ᠳᠠᠶᠠᠭᠠᠷ ᠪᠠᠶᠢᠭᠤᠯᠤᠭᠳᠠᠪᠠ᠃

AI ᠮᠡᠷᠭᠡᠵᠢᠯ ᠠᠩᠬ᠎ᠠ ᠮᠡᠨᠳᠥᠯᠡᠬᠦ ᠡᠬᠢᠨ ᠦ ᠦᠶᠡᠰ ᠰᠢᠨᠵᠢᠯᠡᠬᠦ ᠣᠬᠠᠭᠠᠨᠳᠠᠳ ᠮᠠᠰᠢ ᠪᠠᠶᠠᠷᠯᠠᠩᠭᠣᠢ ᠣᠪᠣᠷ ᠢᠶᠠᠷ ᠢᠷᠡᠭᠡᠳᠦᠢ ᠶᠢᠨ ᠬᠦᠭᠵᠢᠯᠳᠡ ᠶᠢ ᠲᠦᠰᠦᠭᠡᠯᠡᠵᠥ ᠪᠠᠢᠪᠠ᠃ ᠬᠧᠷᠪᠧᠷᠲ《ᠮᠠᠰᠢᠨ ᠬᠦᠮᠦᠨ 20 ᠵᠢᠯ ᠦᠨ ᠳᠣᠲᠣᠷ᠎ᠠ ᠬᠦᠮᠦᠨ ᠦ ᠬᠢᠳᠡᠭ ᠶᠠᠮᠠᠷ ᠴᠤ ᠠᠵᠢᠯ ᠢ ᠬᠢᠬᠦ ᠴᠢᠳᠠᠪᠤᠷᠢ ᠲᠠᠢ ᠪᠠᠶᠢᠬᠤ ᠪᠣᠯᠤᠨ᠎ᠠ》ᠬᠡᠮᠡᠨ ᠲᠠᠭᠠᠮᠠᠭᠯᠠᠵᠤ ᠪᠠᠶᠢᠭᠰᠠᠨ ᠪᠠ ᠮᠢᠨᠰᠺᠢ《ᠦᠷ᠎ᠡ ᠬᠣᠶᠢᠴᠢ ᠨᠤᠭᠤᠳ ᠮᠢᠨᠢ ᠬᠢᠮᠡᠯ ᠣᠶᠤᠨ ᠤᠬᠠᠭᠠᠨ ᠪᠦᠲᠦᠭᠡᠬᠦ ᠠᠰᠠᠭᠤᠳᠠᠯ ᠢ ᠪᠣᠳᠠᠲᠠᠢ ᠪᠠᠷ ᠰᠢᠢᠳᠪᠦᠷᠢᠯᠡᠬᠦ ᠪᠣᠯᠤᠨ᠎ᠠ》ᠭᠡᠵᠦ ᠪᠢᠴᠢᠵᠥ ᠪᠠᠢᠵᠠᠢ᠃ ᠡᠢᠨᠬᠦ ᠬᠢᠮᠡᠯ ᠣᠶᠣᠨ ᠍ ᠢ ᠦᠨᠳᠦᠰᠦᠯᠡᠭᠴᠢᠳ ᠢᠷᠡᠭᠡᠳᠦᠢ ᠶᠢᠨ ᠰᠢᠨ᠎ᠡ ᠰᠠᠯᠪᠤᠷᠢ ᠶᠢᠨ ᠲᠠᠯ᠎ᠠ ᠪᠠᠷ ᠭᠦᠨ ᠭᠦᠨᠵᠡᠭᠡᠢ ᠡᠶᠡᠷᠭᠦ ᠪᠡᠷ ᠢᠲᠡᠭᠡᠵᠦ ᠪᠠᠶᠢᠪᠠ᠃

ᠭᠡᠪᠡᠴᠥ 1974 ᠤᠨ ᠳᠤ ᠠᠮᠧᠷᠢᠺᠠ ᠶᠢᠨ ᠨᠢᠭᠡᠳᠦᠭᠰᠡᠨ ᠤᠯᠤᠰ ᠪᠣᠯᠤᠨ ᠪᠷᠢᠲ᠋ᠠᠨ(ᠠᠩᠭᠯᠢ)  ᠤ ᠵᠠᠰᠠᠭ ᠤᠨ ᠭᠠᠵᠠᠷ ᠤᠳ ᠬᠢᠮᠡᠯ ᠣᠶᠣᠨ ᠤ ᠰᠠᠯᠪᠤᠷᠢ ᠳᠠᠬᠢ ᠣᠯᠠᠩᠬᠢ ᠲᠤᠷᠰᠢᠯᠲᠠ ᠶᠢᠨ ᠰᠤᠳᠤᠯᠭ᠎ᠠ ᠶᠢ ᠵᠣᠭᠰᠣᠭᠠᠭᠰᠠᠨ ᠪᠠᠶᠢᠨ᠎ᠠ᠃ ᠲᠡᠢᠨᠬᠦ ᠬᠢᠮᠡᠯ ᠣᠶᠣᠨ ᠣᠬᠠᠭᠠᠨ ᠤ ᠬᠦᠭᠵᠢᠯᠳᠡ ᠨᠢ 《ᠬᠢᠮᠡᠯ ᠣᠶᠣᠨ ᠤ ᠡᠪᠦᠯ》 ᠭᠡᠵᠦ ᠨᠡᠷᠡᠯᠡᠭᠳᠡᠵᠦ ᠪᠠᠶᠢᠭᠰᠠᠨ ᠬᠦᠨᠳᠦᠷᠡᠯᠲᠡᠢ ᠴᠠᠭ ᠦᠶ᠎ᠡ ᠳᠦ ᠣᠷᠣᠭᠰᠠᠨ ᠶᠤᠮ᠃

1980  ᠤᠨ ᠤ ᠡᠬᠢ ᠪᠡᠷ ᠬᠢᠮᠡᠯ ᠣᠶᠣᠨ ᠤ ᠰᠤᠳᠤᠯᠭ᠎ᠠ ᠰᠡᠷᠭᠦᠵᠦ ᠡᠬᠢᠯᠡᠭᠰᠡᠨ ᠪᠠᠶᠢᠨ᠎ᠠ᠃ 1985  ᠤᠨ ᠭᠡᠬᠦ ᠳᠦ ᠬᠢᠮᠡᠯ ᠣᠶᠣᠨ ᠤ ᠵᠠᠬ᠎ᠠ ᠵᠡᠭᠡᠯᠢ ᠳ᠋ᠣᠩᠰᠢᠭᠣᠷ ᠳ᠋ᠣᠯᠯᠠᠷ ᠢᠶᠠᠷ ᠡᠷᠭᠢᠯᠳᠦᠬᠦ ᠪᠣᠯᠪᠠ᠃ ᠶᠠᠭ ᠡᠨᠡ ᠮᠥᠴᠡ ᠳᠦ ᠶᠠᠫᠣᠨ ᠤ ᠲᠠᠪᠣᠳᠣᠭᠠᠷ ᠦᠶ᠎ᠡ ᠶᠢᠨ ᠺᠣᠮᠫᠢᠦ᠋ᠲ᠋ᠧᠷ ᠦᠨ ᠲᠥᠰᠥᠯ ᠠᠮᠧᠷᠢᠺᠠ ᠶᠢᠨ ᠨᠢᠭᠡᠳᠦᠭᠰᠡᠨ ᠤᠯᠤᠰ᠂ ᠪᠷᠢᠲ᠋ᠠᠨ(ᠠᠩᠭᠯᠢ) ᠤ ᠵᠠᠰᠠᠭ ᠤᠨ ᠭᠠᠵᠠᠷ ᠤᠳ ᠲᠦ ᠲᠤᠰ ᠰᠠᠯᠪᠤᠷᠢ ᠶᠢᠨ ᠰᠤᠳᠤᠯᠭᠠᠨ ᠳᠤ ᠬᠥᠷᠥᠩᠭᠡ ᠣᠷᠣᠭᠤᠯᠤᠯᠲᠠ ᠶᠢ ᠰᠡᠷᠭᠦᠭᠡᠬᠦ ᠤᠷᠮ᠎ᠠ ᠵᠣᠷᠢᠭ ᠥᠭᠴᠡᠢ᠃ ᠭᠡᠪᠡᠴᠦ 1987  ᠤᠨ ᠳᠤ ᠯᠢᠰᠫ ᠮᠠᠰᠢᠨ ᠤ ᠵᠠᠬ᠎ᠠ ᠵᠡᠭᠡᠯᠢ ᠶᠢᠨ ᠤᠨᠠᠯᠲᠠ ᠪᠠᠷ ᠡᠬᠢᠯᠡᠨ ᠬᠢᠮᠡᠯ ᠣᠶᠣᠨ ᠳᠠᠬᠢᠨ ᠨᠢᠭᠡ ᠤᠳᠠᠭ᠎ᠠ ᠮᠠᠭᠤ ᠨᠡᠷ᠎ᠡ ᠵᠡᠭᠦᠨ᠂ ᠬᠣᠶᠠᠳ᠋ᠡᠬᠢ ᠤᠳᠠᠭ᠎ᠠ ᠶᠢᠨ ᠬᠢᠮᠡᠯ ᠣᠶᠣᠨ ᠤ ᠡᠪᠦᠯ ᠢᠯᠡᠭᠦᠦ ᠤᠳᠠᠭᠠᠨ ᠦᠷᠭᠦᠯᠵᠢᠯᠡᠭᠰᠡᠨ ᠪᠠᠶᠢᠨ᠎ᠠ᠃

1990 ᠊ᠭᠡᠳ ᠤᠨ ᠪᠣᠯᠤᠨ 21 ᠳ᠋ᠤᠭᠡᠷ ᠵᠠᠭᠤᠨ ᠤ ᠡᠬᠢᠨ ᠦᠶ᠎ᠡ ᠳᠦ ᠬᠢᠮᠡᠯ ᠣᠶᠣᠨ ᠍ ᠤ ᠰᠠᠯᠪᠤᠷᠢ ᠬᠡᠳᠦᠢ ᠠᠩᠬᠠᠷᠤᠯ ᠤᠨ ᠲᠥᠪ ᠲᠦ ᠪᠠᠶᠢᠭ᠎ᠠ ᠦᠭᠡᠢ ᠴᠤ ᠳᠡᠭᠡᠳᠦ ᠠᠮᠵᠢᠯᠲᠠ ᠳᠤ ᠬᠦᠷᠪᠡ᠃ ᠡᠨᠡ ᠦᠶ᠎ᠡ ᠳᠦ ᠬᠢᠮᠡᠯ ᠣᠶᠤᠨ ᠤᠬᠠᠭᠠᠨ ᠢ ᠯᠣᠬᠢᠭ ᠵᠦᠢ᠂ ᠮᠡᠳᠡᠭᠡᠯᠡᠯ ᠦᠨ ᠣᠯᠪᠤᠷᠢᠯᠠᠯᠲᠠ᠂ ᠡᠮᠴᠢᠯᠡᠭᠡᠨ ᠦ ᠳ᠋ᠦᠩ ᠰᠢᠨᠵᠢᠯᠡᠭᠡ ᠪᠣᠯᠤᠨ ᠪᠤᠰᠤᠳ ᠣᠯᠠᠨ ᠰᠠᠯᠪᠤᠷᠢ ᠳᠤ ᠲᠧᠭᠨᠣᠯᠣᠭᠢ ᠶᠢᠨ ᠦᠢᠯᠡᠳᠪᠦᠷᠢᠯᠡᠯ ᠢᠶᠡᠷ ᠳᠠᠮᠵᠢᠭᠤᠯᠠᠨ ᠠᠰᠢᠭᠯᠠᠳᠠᠭ ᠪᠣᠯᠣᠭᠰᠠᠨ᠃

2012 ᠤᠨ ᠡᠴᠡ ᠨᠠᠭᠠᠰᠢ deep learning(ᠬᠦᠨᠵᠡᠬᠡᠢ ᠰᠤᠳᠤᠯᠬᠤ) ᠮᠡᠷᠭᠡᠵᠢᠯ ᠢᠶᠡᠷ ᠲᠦᠯᠦᠭᠡᠯᠡᠭᠦᠯᠦᠭᠰᠡᠨ ᠬᠢᠮᠡᠯ ᠣᠶᠣᠨ ᠮᠠᠰᠢ ᠶᠡᠭᠡ ᠬᠦᠭᠵᠢᠯ ᠳᠤ ᠬᠦᠷᠴᠦ᠂ ᠵᠦᠪᠭᠡᠨ ᠢᠨᠲ᠋ᠸᠷᠨ᠋ᠸᠲ ᠺᠣᠮᠫᠠᠨᠢ ᠳᠤ ᠯᠠ ᠲᠡᠳᠥᠢ ᠪᠢᠰᠢ ᠬᠡᠪᠯᠡᠯ ᠮᠡᠳᠡᠭᠡᠯᠡᠯ ᠦᠨ ᠬᠢᠨ ᠦ ᠴᠢᠨᠠᠭᠰᠢᠯᠠᠭᠠᠳ ᠪᠦᠬᠦ ᠨᠡᠢᠭᠡᠮ ᠦᠨ ᠶᠠᠷᠢᠶ᠎ᠠ ᠬᠡᠯᠡᠯᠴᠡᠭᠡᠨ ᠦ ᠨᠢᠭᠡ ᠬᠠᠯᠠᠮᠰᠢᠯ ᠴᠡᠭ ᠪᠣᠯᠣᠭᠠᠳ ᠪᠠᠢᠭ᠎ᠠ᠃ ᠡᠨᠡ ᠣᠳᠠᠭᠠᠨ ᠤ ᠬᠦᠭᠵᠢᠯ ᠨᠢ ᠦᠨᠳᠦᠰᠥᠨ ᠳᠦ ᠪᠠᠨ ᠬᠣᠶᠠᠷ ᠲᠠᠯ᠎ᠠ ᠶᠢᠨ ᠪᠠᠢᠳᠠᠯ ᠡᠴᠡ ᠰᠢᠢᠳᠥᠭᠳᠡᠵᠡᠢ ᠂ ᠨᠢᠭᠡ ᠳᠦ AI ᠮᠡᠷᠭᠡᠵᠢᠯ ᠪᠣᠯ ᠲᠡᠬᠦᠨ ᠦ ᠲᠣᠳᠣᠷ᠎ᠠ ᠲᠡᠮᠳᠡᠭᠯᠡᠵᠥ ᠲᠠᠯᠪᠢᠭᠰᠠᠨ ᠰᠣᠷᠠᠭ ᠵᠠᠩᠬᠢ ᠲᠠᠷᠣᠢ ᠳ᠋ᠠᠢᠲ᠋ᠠ (ᠬᠢᠳᠠᠳ ᠢᠶᠠᠷ 数据 ) ᠡᠴᠡ ᠦᠵᠡᠵᠥ ᠰᠣᠷᠣᠯᠴᠠᠳᠠᠭ᠂ ᠰᠢᠳᠠᠷ᠎ᠠ ᠨᠠᠭᠠᠳᠣᠬᠣ ᠪᠡᠷ ᠵᠢᠱᠢᠶᠡᠯᠡᠬᠦ ᠳᠦ ᠲᠡᠷᠡ ᠨᠢ ᠦᠩᠭᠡᠷᠡᠭᠰᠡᠨ ᠰᠢᠳᠠᠷᠴᠢᠳ ᠤᠨ ᠲᠣᠭᠯᠠᠵᠣ ᠦᠩᠭᠡᠷᠡᠭᠰᠡᠨ ᠰᠢᠳᠠᠷ᠎ᠠ ᠶᠢᠨ ᠬᠦᠯᠭᠡ ᠵᠢ ᠪᠣᠯ ᠦᠵᠡᠵᠥ ᠪᠠᠢᠮᠠᠨ ᠰᠣᠷᠣᠯᠴᠠᠨ᠎ᠠ᠂ ᠲᠡᠢᠮᠥ ᠡᠴᠡ ᠡᠩ ᠲᠡᠷᠢᠬᠦᠨ ᠳᠦ ᠡᠳᠡᠭᠡᠷ ᠢ ᠲᠡᠮᠳᠡᠭᠯᠡᠵᠥ ᠲᠠᠯᠪᠢᠭᠰᠠᠨ ᠳ᠋ᠠᠢᠲ᠋ᠠ ᠬᠠᠩᠭᠠᠭᠠᠯᠳᠠᠳᠠᠢ ᠬᠦᠢᠴᠡᠳ ᠪᠠᠢᠬᠣ ᠭᠡᠷᠡᠭᠳᠡᠢ᠃ ᠬᠣᠶᠠᠷ ᠲᠤ ᠶᠡᠭᠡ ᠬᠡᠮᠵᠢᠶᠡᠨ ᠦ ᠳ᠋ᠠᠢᠲ᠋ᠠ ᠵᠢ ᠰᠢᠢᠳᠪᠦᠷᠢᠯᠡᠬᠦ ᠮᠡᠷᠭᠡᠵᠢᠯ ᠪᠠᠢᠬᠣ ᠭᠡᠷᠡᠭᠳᠡᠢ᠂ ᠪᠣᠳᠣᠯᠭ᠎ᠠ ᠶᠢᠨ ᠬᠣᠷᠳᠣᠴᠠ ᠲᠡᠩᠳᠡᠬᠦᠥ ᠣᠳᠠᠭᠠᠨ  ᠪᠣᠯ ᠲᠡᠷᠡ ᠵᠢᠩᠬᠢᠨᠢ ᠠᠰᠢᠭᠯᠠᠯᠳᠠ ᠳᠤ ᠣᠷᠣᠵᠣ ᠴᠢᠳᠠᠬᠣ ᠦᠭᠡᠢ ᠡᠴᠡ ᠭᠦᠢᠴᠡᠳ ᠳ᠋ᠠᠢᠲ᠋ᠠ ᠪᠠᠢᠬᠣ᠂ ᠬᠣᠷᠳᠣᠨ ᠺᠣᠮᠫᠢᠦ᠋ᠲ᠋ᠧᠷ ᠪᠠᠢᠬᠣ ᠬᠣᠶᠠᠷ ᠤᠷᠢᠳᠠᠴᠢ ᠨᠦᠭᠦᠴᠡᠯ ᠪᠠᠢᠬᠣ ᠭᠡᠷᠡᠭᠳᠡᠢ᠃ ᠣᠣᠯ ᠨᠢ ᠡᠨᠡ ᠬᠣᠶᠠᠷ ᠲᠠᠯ᠎ᠠ ᠳᠤ ᠪᠦᠷ ᠲᠡᠢᠮᠥ ᠬᠠᠩᠭᠠᠭᠠᠯᠳᠠᠢ ᠪᠠᠢᠵᠣ ᠴᠢᠳᠠᠭ᠎ᠠ ᠦᠭᠡᠢ᠃ ᠭᠡᠪᠡᠴᠥ ᠢᠨᠲ᠋ᠸᠷᠨ᠋ᠸᠲ ᠴᠠᠭ ᠡᠷᠡᠨ ᠳᠦ ᠳᠠᠪᠰᠢᠨ ᠣᠷᠣᠬᠣ ᠵᠢ ᠲᠠᠭᠠᠯᠳᠣᠭᠠᠳ᠂ ᠬᠦᠮᠦᠨ ᠪᠦᠷᠢ ᠡᠳᠦᠷ ᠪᠦᠷᠢ ᠮᠠᠰᠢ ᠣᠯᠠᠨ ᠲᠣᠭᠠᠨ ᠤ ᠳ᠋ᠠᠢᠲ᠋ᠠ ᠵᠢ ᠢᠨᠲ᠋ᠸᠷᠨ᠋ᠸᠲ ᠲᠡᠭᠡᠷ᠎ᠡ ᠲᠡᠮᠳᠡᠭᠯᠡᠭᠦᠯᠬᠦ ᠪᠣᠯᠣᠭᠰᠠᠨ᠂ ᠵᠦᠪᠭᠡᠨ ᠪᠢᠴᠢᠭᠰᠡᠨ ᠦᠰᠦᠭ ᠪᠢᠴᠢᠭ ᠪᠢᠰᠢ ᠰᠡᠭᠦᠳᠡᠷᠯᠡᠭᠰᠡᠨ ᠰᠡᠭᠦᠳᠡᠷ᠂ ᠰᠢᠩᠭᠡᠭᠡᠭᠰᠡᠨ ᠸᠢᠳᠢᠤ᠋ ᠂ ᠴᠢᠨᠠᠭᠰᠢᠯᠠᠭᠠᠳ ᠪᠠᠢᠬᠣ ᠣᠷᠣᠨ ᠪᠠᠢᠷᠢ᠂ ᠭᠠᠷ ᠣᠳᠠᠰᠣᠨ ᠠᠫᠫ (APP) ᠲᠡᠭᠡᠷ᠎ᠡ ᠳᠠᠷᠣᠭᠰᠠᠨ ᠂ ᠦᠵᠡᠭᠰᠡᠨ ᠠᠭᠣᠯᠭ᠎ᠠ ᠭᠡᠬᠦ ᠮᠡᠳᠥ ᠪᠥᠷ ᠴᠠᠭᠠᠨ᠎ᠠ ᠪᠠᠨ ᠲᠡᠮᠳᠡᠭᠯᠡᠭᠳᠡᠵᠥ ᠦᠯᠡᠳᠡᠵᠥ ᠪᠠᠢᠭ᠎ᠠ᠃ ᠡᠢᠮᠥ ᠡᠴᠡ ᠣᠳᠣ ᠪᠣᠯ ᠵᠢᠩᠬᠢᠨᠢ ᠶᠣᠰᠣᠨ ᠤ ᠲᠣᠮᠣ ᠳ᠋ᠠᠢᠲ᠋ᠠ ᠪᠣᠶᠣ ᠪᠢᠭ ᠳ᠋ᠠᠢᠲᠠ ᠶᠢᠨ ᠡᠷᠡᠨ (ᠬᠢᠳᠠᠳ ᠢᠶᠠᠷ 大数据 ) ᠪᠣᠯᠣᠭᠰᠠᠨ ᠃ ᠨᠦᠭᠦᠭᠡ ᠲᠠᠯ᠎ᠠ ᠪᠡᠷ᠂ ᠡᠳᠡᠭᠡᠷ ᠶᠡᠭᠡ ᠬᠡᠮᠵᠢᠶᠡᠨ ᠦ ᠳ᠋ᠠᠢᠲ᠋ᠠ ᠵᠢ ᠰᠢᠢᠳᠪᠥᠷᠢᠯᠡᠬᠦ ᠮᠡᠷᠭᠡᠵᠢᠯ ᠪᠠᠰᠨ ᠣᠷᠴᠢᠮ ᠤᠨ ᠠᠷᠪᠠᠭᠠᠳ ᠵᠢᠯ ᠳᠦ ᠮᠠᠰᠢ ᠡᠷᠴᠢᠮᠳᠡᠢ ᠬᠦᠭᠵᠢᠯ ᠢᠶᠡᠨ ᠣᠯᠣᠭᠰᠠᠨ᠃ ᠡᠨᠡ ᠴᠠᠭ ᠦᠶ᠎ᠡ ᠶᠢᠨ ᠬᠢᠮᠡᠯ ᠣᠶᠣᠨ ᠣᠬᠠᠭᠠᠨ ᠤ ᠲᠣᠮᠣ ᠬᠦᠭᠵᠢᠯᠳᠡ ᠨᠢ ᠡᠨᠡᠬᠦ ᠴᠠᠭ ᠡᠷᠡᠨ ᠦ ᠬᠦᠭᠵᠢᠯᠳᠡ ᠡᠴᠡ ᠡᠬᠦᠳᠦᠯᠳᠡᠢ᠃

ᠰᠤᠳᠤᠯᠭᠠᠨ ᠤ ᠬᠡᠰᠡᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠯᠥᠪᠯᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠮᠡᠯ ᠣᠶᠣᠨ ᠨᠢ ᠵᠣᠷᠢᠯᠭ᠎ᠠ ᠪᠠᠨ ᠲᠥᠯᠥᠪᠯᠡᠬᠦ ᠪᠣᠯᠤᠨ ᠲᠡᠭᠦᠨ ᠳᠦ ᠪᠡᠨ ᠬᠦᠷᠳᠡᠭ ᠪᠠᠶᠢᠬᠤ ᠬᠡᠷᠡᠭᠲᠡᠢ᠃ ᠢᠩᠭᠢᠬᠦ ᠳᠦ ᠪᠡᠨ ᠲᠡᠳᠡ ᠢᠷᠡᠭᠡᠳᠦᠢ ᠪᠡᠨ ᠲᠥᠰᠥᠭᠡᠯᠡᠨ ᠪᠣᠳᠣᠵᠤ᠂ ᠳᠡᠯᠡᠬᠡᠢ ᠶᠢᠷᠲᠢᠨᠴᠦ ᠶᠢᠨ ᠨᠢᠭᠡ ᠲᠥᠯᠥᠭᠡᠯᠡᠯ ᠭᠡᠳᠡᠭ ᠢᠶᠡᠨ ᠮᠡᠳᠡᠷᠡᠴᠥ᠂ ᠢᠷᠡᠭᠡᠳᠦᠢ ᠳᠦ ᠲᠡᠳᠡᠨ ᠢ ᠬᠡᠷᠬᠢᠨ ᠥᠭᠡᠷᠡᠴᠢᠯᠡᠬᠦ ᠦᠢᠯᠡ ᠶᠠᠪᠤᠴᠠ ᠶᠢ ᠲᠠᠭᠠᠮᠠᠭᠯᠠᠨ ᠮᠡᠳᠡᠳᠡᠭ ᠪᠠᠶᠢᠬᠤ ᠶᠢᠨ ᠵᠡᠷᠭᠡᠴᠡᠭᠡ ᠲᠠᠯᠪᠢᠭᠰᠠᠨ ᠵᠣᠷᠢᠯᠭ᠎ᠠ ᠪᠣᠯᠤᠨ ᠲᠡᠳᠡᠭᠡᠷ ᠢ ᠪᠡᠶᠡᠯᠡᠭᠦᠯᠬᠦ ᠶᠢᠨ ᠲᠤᠯᠠᠳᠠ ᠪᠣᠯᠤᠮᠵᠢᠲᠤ ᠠᠷᠭ᠎ᠠ ᠬᠡᠷᠡᠭᠰᠡᠯ ᠢ ᠰᠤᠩᠭᠤᠬᠤ ᠰᠣᠩᠭᠣᠯᠲᠠ ᠶᠢ ᠬᠢᠬᠦ ᠴᠢᠳᠠᠪᠤᠷᠢ ᠲᠠᠢ ᠪᠠᠶᠢᠬᠤ ᠶᠣᠰᠣᠲᠠᠢ᠃ ᠲᠣᠳᠣᠷᠬᠠᠢ ᠪᠤᠰᠤ ᠨᠥᠬᠥᠴᠡᠯ ᠪᠠᠶᠢᠳᠠᠯ ᠳᠤ ᠤᠴᠢᠷ ᠰᠢᠯᠲᠠᠭᠠᠨ ᠢ ᠲᠣᠳᠣᠷᠠᠭᠤᠯᠤᠨ ᠂ ᠱᠠᠭᠠᠷᠳᠠᠯᠭ᠎ᠠ ᠲᠠᠢ ᠲᠣᠬᠢᠶᠠᠯᠳᠣᠯ ᠳᠤ ᠥᠪᠡᠷ ᠦᠨ ᠲᠥᠯᠥᠪᠯᠡᠭᠡ ᠪᠡᠨ ᠥᠭᠡᠷᠡᠴᠢᠯᠡᠵᠦ ᠴᠢᠳᠠᠳᠠᠭ ᠪᠠᠶᠢᠬᠤ ᠶᠣᠰᠣ ᠲᠠᠢ᠃

ᠬᠢᠮᠡᠯ ᠣᠶᠣᠨ ᠣᠬᠠᠭᠠᠨ ᠨᠢ ᠵᠣᠷᠢᠯᠭ᠎ᠠ ᠳᠤ ᠪᠠᠨ ᠬᠦᠷᠬᠦ ᠶᠢᠨ ᠲᠤᠯᠠᠳᠠ ᠬᠠᠮᠲᠤ ᠶᠢᠨ ᠠᠵᠢᠯᠯᠠᠭ᠎ᠠ ᠡᠰᠡᠪᠡᠯ ᠥᠷᠢᠰᠦᠯᠳᠦᠭᠡᠨ ᠦ ᠠᠷᠭ᠎ᠠ ᠶᠢ ᠠᠰᠢᠭᠯᠠᠨ ᠵᠣᠷᠢᠯᠭ᠎ᠠ ᠳᠤ ᠪᠠᠨ ᠬᠦᠷᠳᠡᠭ᠃

ᠰᠤᠷᠤᠯᠴᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠰᠢᠨ ᠤ ᠰᠤᠷᠤᠯᠴᠠᠬᠤᠢ ᠭᠡᠳᠡᠭ ᠨᠢ ᠺᠣᠮᠫᠢᠦ᠋ᠲ᠋ᠧᠷ ᠦᠨ ᠦᠪᠡᠷᠳᠡᠭᠡᠨ ᠰᠣᠷᠣᠯᠴᠠᠬᠣ ᠦᠢᠯᠡ ᠶᠠᠪᠤᠴᠠ ᠪᠥᠭᠡᠳ ᠥᠪᠡᠷ ᠢ ᠪᠡᠨ ᠦᠪᠡᠷᠳᠡᠭᠡᠨ ᠰᠠᠶᠢᠵᠢᠷᠠᠭᠤᠯᠤᠨ ᠲᠤᠷᠰᠢᠯᠭ᠎ᠠ ᠬᠤᠷᠠᠮᠲᠤᠭᠤᠯᠬᠤ ᠶᠠᠪᠤᠳᠠᠯ ᠶᠤᠮ᠃ ᠡᠨᠡ ᠨᠢ ᠬᠢᠮᠡᠯ ᠣᠶᠤᠨ ᠤᠬᠠᠭᠠᠨ ᠪᠤᠢ ᠪᠣᠯᠤᠭᠰᠠᠨ ᠴᠠᠭ ᠠᠴᠠ ᠡᠬᠢᠯᠡᠨ ᠰᠤᠳᠤᠯᠭᠠᠨ ᠤ ᠭᠣᠣᠯ ᠲᠠᠯᠠᠪᠤᠷ ᠪᠣᠯᠤᠭᠰᠠᠨ᠃

ᠬᠡᠯᠡᠨ ᠦ ᠪᠣᠯᠪᠠᠰᠤᠷᠠᠭᠤᠯᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠯᠡᠨ ᠦ ᠪᠣᠯᠪᠠᠰᠤᠷᠠᠭᠤᠯᠤᠯᠲᠠ ᠨᠢ ᠬᠦᠮᠦᠨ ᠦ ᠬᠡᠯᠡ ᠶᠢ ᠤᠶᠢᠯᠠᠭᠠᠬᠤ ᠴᠢᠳᠠᠪᠤᠷᠢ ᠪᠣᠯᠤᠨ ᠬᠦᠮᠦᠨ ᠦ ᠬᠡᠯᠡ ᠪᠡᠷ ᠶᠠᠷᠢᠬᠤ ᠪᠣᠯᠤᠮᠵᠢ ᠶᠢ ᠣᠯᠭᠤᠭᠰᠠᠨ ᠪᠠᠶᠢᠳᠠᠭ᠃ ᠬᠡᠯᠡᠨ ᠦ ᠪᠣᠯᠪᠠᠰᠤᠷᠠᠭᠤᠯᠤᠯᠲᠠ ᠳᠤ ᠮᠡᠳᠡᠭᠡᠯᠡᠯ ᠢ ᠰᠢᠭᠤᠳ ᠬᠠᠶᠢᠵᠤ ᠤᠯᠬᠤ᠂ ᠡᠰᠡᠪᠡᠯ ᠠᠰᠠᠭᠤᠯᠲᠠ ᠵᠢ ᠬᠠᠷᠢᠭᠤᠯᠬᠤ᠂ ᠤᠷᠴᠢᠭᠤᠯᠬᠤ ᠵᠡᠷᠭᠡ ᠦᠢᠯᠡᠳᠦᠯ ᠦᠳ ᠪᠠᠭᠳᠠᠨ᠎ᠠ᠃

ᠣᠶᠢᠯᠠᠭᠠᠯᠲᠠ ᠪᠠ ᠬᠦᠷᠲᠡᠬᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠰᠢᠨ ᠤ ᠬᠦᠷᠲᠡᠬᠦᠢ᠂ ᠣᠶᠢᠯᠠᠭᠠᠯᠲᠠ ᠭᠡᠳᠡᠭ ᠨᠢ ᠰᠡᠭᠦᠳᠡᠷᠯᠡᠬᠦ ᠮᠠᠰᠢᠨ᠂ ᠮᠢᠺᠷᠣᠹᠣᠨ᠂ ᠮᠡᠳᠡᠷᠡᠭᠴᠢ ᠪᠣᠯᠤᠨ ᠪᠤᠰᠤᠳ ᠡᠲᠡᠭᠡᠳ ᠰᠣᠨᠢᠨ ᠵᠦᠢᠯᠡᠰ ᠢ ᠣᠷᠣᠭᠤᠯᠤᠨ ᠣᠢᠯᠠᠭᠠᠵᠣ ᠠᠰᠢᠭᠯᠠᠬᠤ ᠴᠢᠳᠠᠪᠤᠷᠢ ᠵᠢ ᠬᠡᠯᠡᠨ᠋ ᠡ ᠃

ᠬᠥᠳᠡᠯᠭᠡᠭᠡᠨ ᠪᠠ ᠵᠢᠯᠣᠭᠣᠳᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠰᠢᠨ ᠬᠦᠮᠦᠨ ᠨᠢ ᠬᠢᠮᠡᠯ ᠣᠶᠤᠨ ᠤᠬᠠᠭᠠᠨ ᠤ ᠲᠠᠯᠠᠪᠤᠷ ᠲᠠᠢ ᠨᠢᠭᠲᠠ ᠬᠣᠯᠪᠣᠭ᠎ᠠ ᠲᠠᠢ ᠣᠶᠢᠯᠠᠭᠠᠯᠲᠠ ᠶᠤᠮ᠃ ᠮᠠᠰᠢᠨ ᠬᠦᠮᠦᠨ ᠨᠢ ᠣᠶᠤᠨ ᠤᠬᠠᠭᠠᠨ ᠢ ᠵᠢᠯᠣᠭᠣᠳᠤᠨ ᠤᠳᠤᠷᠢᠳᠬᠤ ᠴᠢᠳᠠᠪᠤᠷᠢ ᠲᠠᠢ ᠪᠠᠶᠢᠬᠤ ᠱᠠᠭᠠᠷᠳᠠᠯᠭ᠎ᠠ ᠲᠠᠢ ᠪᠥᠭᠡᠳ ᠣᠶᠤᠨ ᠤᠬᠠᠭᠠᠨ ᠢ ᠲᠡᠭᠦᠨ ᠳᠦ ᠨᠤᠲᠤᠭᠰᠢᠭᠤᠯᠬᠤ ᠶᠢᠨ ᠲᠤᠯᠠᠳᠠ ᠪᠢᠳᠡ ᠨᠠᠷᠢᠨ ᠰᠤᠳᠤᠯᠭ᠎ᠠ ᠬᠢᠬᠦ ᠱᠠᠭᠠᠷᠳᠠᠯᠭ᠎ᠠ ᠲᠠᠢ ᠪᠥᠭᠡᠳ ᠲᠤᠬᠠᠶᠢᠯᠠᠪᠠᠯ ᠪᠢᠳᠡᠨ ᠦ ᠡᠷᠭᠢᠨ ᠲᠣᠭᠣᠷᠢᠨ᠂ ᠣᠷᠴᠢᠨ ᠠᠬᠣᠢ ᠴᠤᠬᠤᠮ ᠶᠠᠮᠠᠷ ᠪᠣᠯᠬᠤ ᠲᠠᠯ᠎ᠠ ᠪᠠᠷ ᠵᠢᠷᠤᠭᠯᠠᠯ ᠬᠢᠬᠦ ᠪᠣᠯᠤᠨ ᠬᠥᠳᠡᠯᠭᠡᠭᠡᠨ ᠦ ᠲᠥᠯᠥᠪᠯᠡᠯᠲᠡ ᠶᠢ ᠬᠢᠬᠦ ᠳᠦ ᠪᠡᠨ ᠶᠠᠭᠠᠬᠢᠵᠤ ᠬᠥᠳᠡᠯᠵᠦ᠂ ᠠᠵᠢᠯᠯᠠᠬᠤ ᠪᠣᠯᠤᠨ ᠡᠷᠦᠰᠳᠡᠯ ᠡᠴᠡ ᠬᠠᠮᠠᠭᠠᠯᠠᠬᠣ ᠬᠠᠮᠠᠭᠠᠯᠠᠯᠲᠠ ᠶᠢᠨ ᠲᠦᠰᠦᠪ ᠶᠢ ᠲᠥᠯᠥᠪᠯᠡᠬᠦ ᠪᠤᠶᠤ ᠨᠢᠭᠡ ᠴᠡᠭ ᠡᠴᠡ ᠨᠥᠭᠥᠭᠡ ᠴᠡᠭ ᠣᠷᠣᠭᠣ ᠰᠢᠯᠵᠢᠬᠦ ᠬᠥᠳᠡᠯᠭᠡᠭᠡᠨ ᠬᠢᠬᠦ ᠳᠦ ᠪᠡᠶ᠎ᠡ ᠮᠠᠬᠠᠪᠣᠳ ᠤᠨ ᠬᠤᠪᠢ ᠳᠤ ᠬᠤᠯᠪᠤᠬᠤ᠂ ᠤᠳᠤᠷᠢᠳᠬᠤ ᠶᠢ ᠨᠠᠷᠢᠨ ᠰᠤᠳᠤᠯᠬᠤ᠂ ᠲᠣᠳᠣᠷᠬᠠᠶᠢᠯᠠᠬᠤ ᠱᠠᠭᠠᠷᠳᠠᠯᠭ᠎ᠠ ᠲᠠᠢ᠃

ᠤᠷᠲᠤ ᠬᠤᠭᠤᠴᠠᠭᠠᠨ ᠤ ᠵᠣᠷᠢᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠮᠡᠯ ᠣᠶᠤᠨ ᠤᠬᠠᠭᠠᠨ ᠲᠠᠢ ᠬᠣᠯᠪᠣᠭᠠᠲᠠᠢ ᠰᠤᠳᠤᠯᠭᠠᠨ ᠤ ᠤᠷᠲᠤ ᠬᠤᠭᠤᠴᠠᠭᠠᠨ ᠤ ᠵᠣᠷᠢᠯᠭ᠎ᠠ ᠨᠢ ᠳᠣᠲᠣᠷ᠎ᠠ ᠪᠠᠨ ᠳᠠᠷᠠᠭᠠᠬᠢ 3 ᠠᠰᠠᠭᠤᠳᠠᠯ ᠢ ᠠᠭᠤᠯᠠᠨ᠎ᠠ᠃ ᠡᠭᠦᠨ ᠳᠦ: (1) ᠨᠡᠶᠢᠭᠡᠮ ᠤᠨ ᠣᠶᠤᠨ ᠤᠬᠠᠭᠠᠨ᠂ (2) ᠪᠦᠲᠦᠭᠡᠯᠴᠢ ᠪᠠᠶᠢᠳᠠᠯ᠂ (3) ᠶᠡᠷᠦᠩᠬᠡᠢ ᠣᠶᠤᠨ ᠤᠬᠠᠭᠠᠨ᠃

ᠨᠡᠶᠢᠭᠡᠮ ᠤᠨ ᠣᠶᠤᠨ ᠤᠬᠠᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠮᠡᠯ ᠣᠶᠣᠨ ᠨᠢ ᠰᠡᠳᠬᠢᠯ ᠬᠥᠳᠡᠯᠦᠯ ᠪᠣᠯᠤᠨ ᠨᠡᠶᠢᠭᠡᠮ ᠤᠨ ᠦᠷ᠎ᠠ ᠴᠢᠳᠠᠪᠤᠷᠢ ᠭᠡᠰᠡᠨ ᠬᠣᠶᠠᠷ ᠡᠭᠦᠷᠭᠡ ᠶᠢ ᠭᠦᠢᠴᠡᠳᠭᠡᠨ᠎ᠡ᠃ ᠨᠢᠭᠡᠳᠦᠭᠡᠷ ᠲᠦ᠂ ᠲᠡᠳᠡ ᠪᠤᠰᠤᠳ ᠤᠨ ᠰᠡᠳᠬᠢᠯ ᠰᠠᠨᠠᠭᠠᠨ ᠤ ᠪᠠᠶᠢᠳᠠᠯ ᠪᠣᠯᠤᠨ ᠰᠢᠯᠲᠠᠭᠠᠨ ᠦᠷ᠎ᠡ ᠳᠠᠭᠠᠪᠤᠷᠢ ᠶᠢ ᠤᠷᠢᠳᠴᠢᠯᠠᠨ ᠲᠠᠭᠠᠮᠠᠭᠯᠠᠵᠤ᠂ ᠲᠡᠭᠦᠨ ᠢ ᠣᠶᠢᠯᠠᠭᠠᠵᠤ ᠴᠢᠳᠠᠳᠠᠭ ᠪᠠᠶᠢᠬᠤ ᠶᠣᠰᠣᠲᠠᠢ᠃ ᠮᠥᠨ ᠬᠦᠮᠦᠨ ᠪᠣᠯᠤᠨ ᠺᠣᠮᠫᠢᠦ᠋ᠲ᠋ᠧᠷ ᠦᠨ ᠬᠠᠷᠢᠯᠴᠠᠨ ᠦᠢᠯᠡᠳᠦᠯ ᠢ ᠬᠥᠩᠭᠡᠪᠴᠢᠯᠡᠬᠦ ᠶᠢᠨ ᠲᠤᠯᠠᠳᠠ ᠬᠢᠮᠡᠯ ᠣᠶᠣᠨ ᠨᠢ ᠰᠡᠳᠬᠢᠯ ᠬᠥᠳᠡᠯᠦᠯ ᠢᠶᠡᠨ ᠬᠠᠷᠠᠭᠤᠯᠬᠤ ᠪᠣᠯᠤᠮᠵᠢ ᠲᠠᠢ ᠪᠠ ᠬᠦᠮᠦᠨ ᠦ ᠰᠡᠳᠬᠢᠯ ᠬᠥᠳᠡᠯᠦᠯ ᠢ ᠮᠡᠳᠡᠷᠡᠬᠦ ᠪᠣᠯᠤᠮᠵᠢ ᠶᠢ ᠣᠯᠭᠣᠬᠤ ᠶᠤᠮ᠃

ᠪᠦᠲᠦᠭᠡᠯᠴᠢ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠮᠡᠯ ᠣᠶᠤᠨ ᠤᠬᠠᠭᠠᠨ ᠢ ᠭᠦᠨ ᠤᠬᠠᠭᠠᠨ ᠤ ᠪᠣᠯᠤᠨ ᠰᠡᠳᠬᠢᠯ ᠵᠦᠢ ᠶᠢᠨ ᠲᠠᠯ᠎ᠠ ᠪᠠᠷ ᠪᠦᠲᠦᠭᠡᠯᠴᠢ ᠪᠠᠶᠢᠳᠠᠯ ᠢ ᠪᠤᠢ ᠪᠣᠯᠭᠠᠬᠤ ᠶᠢᠨ ᠲᠤᠯᠠᠳᠠ ᠬᠢᠮᠡᠯ ᠵᠥᠩ ᠰᠣᠪᠢᠩ ᠪᠣᠯᠤᠨ ᠬᠢᠮᠡᠯ ᠪᠣᠳᠣᠯ ᠢ ᠰᠤᠳᠤᠯᠬᠤ ᠰᠤᠳᠤᠯᠭᠠᠨ ᠤ ᠦᠶ᠎ᠡ ᠱᠠᠲᠤᠨ ᠳᠤ ᠪᠠᠨ ᠶᠠᠪᠤᠵᠤ ᠪᠠᠶᠢᠨ᠎ᠠ᠃ ᠪᠦᠳᠦᠭᠡᠯᠴᠢ ᠪᠠᠢᠳᠠᠯ ᠤᠨ ᠬᠦᠭᠵᠢᠯᠳᠡ ᠶᠢᠨ ᠲᠦᠰᠦᠪ ᠲᠦ ᠺᠣᠮᠫᠢᠦ᠋ᠲ᠋ᠧᠷ ᠨᠢ ᠵᠠᠪᠠᠯ ᠬᠦᠮᠦᠨ ᠦ ᠬᠦᠰᠡᠬᠦ ᠱᠠᠭᠠᠷᠳᠠᠯᠭ᠎ᠠ ᠪᠡᠷ ᠠᠵᠢᠯᠯᠠᠬᠣ ᠲᠡᠳᠦᠢ ᠪᠢᠰᠢ ᠬᠠᠷᠢᠨ ᠬᠦᠮᠦᠨ ᠦ ᠰᠡᠷᠡᠨ ᠮᠡᠳᠡᠷᠡᠬᠦᠢ᠂ ᠬᠠᠷᠠᠬᠠᠨ ᠢᠯᠡᠷᠡᠭᠦᠯᠦᠭᠡ ᠦᠭᠡᠢ ᠵᠤᠢᠯᠡᠰ ᠪᠣᠶᠣ ᠢᠷᠡᠭᠡᠳᠦᠢ ᠶᠢᠨ ᠰᠢᠨ᠎ᠡ ᠬᠠᠨᠳᠣᠰᠢ ᠶᠢ ᠰᠡᠷᠡᠵᠥ ᠮᠡᠳᠡᠬᠦ ᠴᠢᠳᠠᠮᠵᠢ ᠲᠠᠢ ᠪᠣᠯᠬᠣ ᠵᠢ ᠶᠠᠷᠢᠨ᠎ᠠ᠃

ᠶᠡᠷᠦᠩᠬᠡᠢ ᠣᠶᠤᠨ ᠤᠬᠠᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠯᠠᠨ ᠰᠤᠳᠤᠯᠤᠭᠠᠴᠢᠳ ᠬᠢᠮᠡᠯ ᠣᠶᠤᠨ ᠤᠬᠠᠭᠠᠨ ᠢ ᠪᠦᠲᠦᠭᠡᠬᠦ ᠡᠨᠡᠬᠦ ᠠᠵᠢᠯ ᠤᠨ ᠡᠴᠦᠰ ᠲᠦ ᠳᠡᠭᠡᠷᠡᠬᠢ ᠪᠦᠬᠦᠢᠯᠠ ᠣᠶᠤᠨ ᠤᠬᠠᠭᠠᠨ᠂ ᠤᠷ᠎ᠠ ᠴᠢᠳᠠᠪᠤᠷᠢ ᠶᠢ ᠬᠣᠣᠰᠯᠠᠭᠤᠯᠤᠨ ᠡᠵᠡᠮᠰᠢᠭᠰᠡᠨ ᠪᠤᠶᠤ ᠬᠦᠮᠦᠨ ᠦ ᠪᠦᠬᠦᠢᠯᠠ ᠤᠷ᠎ᠠ ᠴᠢᠳᠠᠪᠤᠷᠢ ᠶᠢ ᠡᠵᠡᠮᠰᠢᠭᠰᠡᠨ ᠬᠦᠴᠦᠷᠬᠡᠭ ᠬᠢᠮᠡᠯ ᠣᠶᠤᠨ ᠤᠬᠠᠭᠠᠨ ᠪᠦᠬᠦᠢ ᠮᠠᠰᠢᠨ ᠪᠤᠢ ᠪᠣᠯᠤᠨ᠎ᠠ ᠭᠡᠵᠦ ᠦᠵᠡᠵᠦ ᠪᠠᠶᠢᠭ᠎ᠠ ᠠᠵᠢ᠃ ᠢᠷᠡᠭᠡᠳᠦᠢ ᠳᠦ ᠡᠨᠡᠬᠦ ᠲᠥᠰᠥᠯ ᠨᠢ ᠪᠦᠷᠢᠨ ᠤᠳᠬ᠎ᠠ ᠪᠠᠷ ᠢᠶᠠᠨ ᠪᠡᠶᠡᠯᠡᠯ ᠢᠶᠡᠨ ᠣᠯᠵᠤ ᠬᠢᠮᠡᠯ ᠣᠶᠤᠨ ᠤᠬᠠᠭᠠᠨ ᠪᠦᠬᠦᠢ ᠬᠦᠮᠦᠨ ᠳᠦᠷᠰᠦ ᠲᠡᠢ ᠶᠠᠭ ᠯᠠ ᠬᠦᠮᠦᠨ ᠰᠢᠭ ᠪᠦᠲᠦᠭᠡᠯ ᠪᠣᠯᠤᠨ᠎ᠠ ᠭᠡᠳᠡᠭ ᠲᠦ ᠢᠲᠡᠭᠡᠵᠦ ᠪᠠᠶᠢᠭ᠎ᠠ ᠠᠵᠢ᠃

ᠢᠷᠡᠭᠡᠳᠦᠢ ᠶᠢᠨ ᠬᠦᠭᠵᠢᠯᠳᠡ[ᠵᠠᠰᠠᠪᠤᠷᠢᠯᠠᠬᠤ | ᠺᠣᠳ᠋ ᠢᠶᠠᠷ ᠵᠠᠰᠠᠬᠣ]

AI ᠮᠡᠷᠭᠡᠵᠢᠯ ᠦᠨ ᠰᠢᠨᠵᠢᠯᠡᠬᠦ ᠣᠬᠠᠭᠠᠨᠳᠠᠨ Yann Lecun  ᠤ ᠦᠵᠡᠬᠦ ᠪᠡᠷ ᠶᠡᠷᠥᠳᠡ ᠶᠢᠨ ᠣᠶᠣᠨ ᠣᠬᠠᠭᠠᠨ ᠨᠢ ᠡᠰᠡᠭᠦᠯ᠎ᠡ ᠢᠷᠡᠭᠡᠳᠦᠢ ᠶᠢᠨ AI ᠮᠡᠷᠭᠡᠵᠢᠯ ᠨᠢ ᠲᠦᠷᠪᠡᠨ ᠵᠤᠢᠯ ᠤᠨ ᠨᠦᠭᠦᠴᠡᠯ ᠢ ᠬᠠᠩᠭᠠᠭᠰᠠᠨ ᠪᠠᠢᠬᠣ ᠪᠣᠶᠣ ᠣᠯᠠᠮ ᠲᠡᠭᠦᠯᠳᠡᠷᠵᠢᠭᠦᠯᠦᠭᠰᠡᠨ ᠪᠠᠢᠬᠣ ᠭᠡᠷᠡᠭᠳᠡᠢ ᠭᠡᠵᠥ ᠦᠵᠡᠳᠡᠭ᠂ ᠲᠣᠬᠠᠢᠯᠠᠪᠠᠯ ᠦᠪᠡᠷᠳᠡᠭᠡᠨ ᠭᠠᠳᠠᠭᠠᠳᠣ ᠣᠷᠴᠢᠨ ᠲᠣᠭᠣᠷᠢᠨ  ᠪᠠᠨ ᠮᠡᠳᠡᠷᠡᠬᠦ᠂ ᠦᠩᠭᠡᠷᠡᠭᠰᠡᠨ ᠭᠡᠷᠡᠭ ᠣᠴᠢᠷ ᠢ ᠴᠡᠭᠡᠵᠢᠯᠡᠬᠦ᠂ ᠡᠳᠡᠭᠡᠷ ᠦᠨ ᠰᠠᠭᠣᠷᠢᠨ ᠲᠡᠭᠡᠷ᠎ᠡ ᠬᠣᠯᠪᠣᠨ ᠪᠣᠳᠣᠬᠣ᠂ ᠲᠦᠯᠬᠢᠨ ᠪᠣᠳᠣᠬᠣ ᠪᠣᠶᠣ ᠮᠦᠷᠳᠡᠬᠦ ᠵᠢᠴᠢ ᠰᠢᠨ᠎ᠡ ᠰᠢᠢᠳᠪᠥᠷᠢ ᠲᠦᠰᠦᠪᠯᠡᠬᠦ ᠡᠨᠡ ᠲᠦᠷᠪᠡᠨ ᠱᠠᠭᠠᠷᠳᠠᠯᠭ᠎ᠠ ᠵᠢ ᠪᠦᠷ ᠢ ᠬᠠᠩᠭᠠᠬᠣ ᠶᠣᠰᠣᠳᠠᠢ ᠭᠡᠵᠥ ᠦᠵᠡᠳᠡᠭ᠂ ᠭᠡᠪᠡᠴᠥ ᠣᠳᠣ ᠲᠡᠭᠡᠷ᠎ᠡ ᠪᠠᠨ ᠶᠠᠭ ᠡᠢᠮᠥ ᠭᠡᠮᠵᠢᠶᠡᠨ ᠳᠤ ᠬᠠᠷᠠᠬᠠᠨ ᠬᠦᠷᠦᠭᠡ ᠦᠭᠡᠢ ᠪᠠᠢᠭᠰᠠᠭᠠᠷ᠃

ᠪᠢᠴᠢᠭᠡᠰᠦ