ᠬᠢᠩᠭᠠᠨ ᠠᠶᠢᠮᠠᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠢᠩᠭᠠᠨ ᠠᠶᠢᠮᠠᠭ
ᠠᠶᠢᠮᠠᠭ
ᠥᠪᠥᠷ ᠮᠣᠩᠭᠣᠯ ᠣᠷᠣᠨ ᠳᠠᠬᠢ ᠬᠢᠩᠭᠠᠨ ᠠᠶᠢᠮᠠᠭ

ᠤᠯᠠᠭᠠᠨ
ᠥᠪᠥᠷ ᠮᠣᠩᠭᠣᠯ ᠳᠠᠬᠢ ᠤᠯᠠᠭᠠᠨ ᠬᠣᠲᠠ ᠶᠢᠨ ᠪᠠᠶᠢᠷᠢ ᠶᠢ ᠴᠡᠭᠯᠡᠪᠡ
ᠤᠯᠤᠰ ᠣᠷᠣᠨ Flag of the People's Republic of China.svg ᠬᠢᠲᠠᠳ (ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ)
ᠮᠤᠵᠢ᠂ ᠣᠷᠣᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ
ᠠᠶᠢᠮᠠᠭ᠂ ᠲᠣᠭᠣᠷᠢᠭ ᠬᠢᠩᠭᠠᠨ ᠠᠶᠢᠮᠠᠭ
ᠬᠣᠰᠢᠭᠤ᠂ ᠰᠢᠶᠠᠨ (6) 2 ᠬᠣᠲᠠ᠂ 1 ᠰᠢᠶᠠᠨ᠂ 3 ᠬᠣᠰᠢᠭᠤ
ᠠᠶᠢᠮᠠᠭ ᠤᠨ ᠲᠥᠪ ᠤᠯᠠᠭᠠᠨ ᠬᠣᠲᠠ
ᠭᠠᠵᠠᠷ ᠨᠤᠲᠤᠭ 59,806 ᠺᠦᠸᠠᠳ᠋ ᠺᠢᠯᠣᠮᠧᠲ᠋ᠷ
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 1150 m
ᠬᠦᠮᠦᠨ ᠠᠮᠠ (2010) 1,613,250 ᠬᠦᠮᠦᠨ
ᠨᠢᠭᠲᠠᠴᠠ ᠰᠡᠶᠢᠷᠡᠭ 27 ᠬᠦᠮᠦᠨ/km²
ᠠᠷᠠᠳ ᠲᠦᠮᠡᠨ ᠬᠢᠲᠠᠳ ᠦᠨᠳᠦᠰᠦᠲᠡᠨ (53.7%)
ᠮᠣᠩᠭᠣᠯ ᠦᠨᠳᠦᠰᠦᠲᠡᠨ (43.1%)
ᠨᠤᠲᠤᠭ ᠤᠨ ᠣᠯᠠᠨ ᠬᠢᠩᠭᠠᠨ ᠠᠶᠢᠮᠠᠭ ᠤᠨ ᠬᠢᠨ
ᠴᠠᠭ ᠤᠨ ᠪᠥᠰᠡ ᠬᠢᠲᠠᠳ ᠤᠨ ᠴᠠᠭ (ГЦ+8)
ᠤᠲᠠᠰᠤᠨ ᠳ᠋ᠣᠭᠠᠷ +86 (0)482
ᠰᠢᠤᠳᠠᠨ ᠳᠤᠭᠠᠷ 137400
ᠮᠠᠰᠢᠨ ᠤ ᠳ᠋ᠣᠭᠠᠷ 蒙F
ᠴᠠᠬᠢᠮ ᠭᠠᠵᠠᠷ xinganmeng.gov.cn (ᠬᠢᠲᠠᠳ ᠢᠶᠠᠷ)
ᠨᠤᠲᠤᠭ ᠤᠨ ᠬᠤᠪᠢᠶᠠᠷᠢ (ᠬᠦᠰᠦᠨᠦᠭᠲᠦ ᠶᠢᠨ ᠳ᠋ᠤᠭᠠᠷ ᠢᠶᠠᠷ)

ᠳᠤᠮᠳᠠᠳᠤ ᠤᠯᠤᠰ (ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ) ᠍ ᠤᠨ ᠥᠪᠥᠷ ᠮᠣᠩᠭᠣᠯ ᠣᠷᠣᠨ ᠤ (ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ) ᠬᠠᠷᠢᠶᠠᠲᠤ ᠠᠷᠪᠠᠨ ᠬᠣᠶᠠᠷ ᠨᠤᠲᠤᠭ ᠤᠨ ᠨᠢᠭᠡ ᠨᠢ ᠬᠢᠩᠭᠠᠨ ᠠᠶᠢᠮᠠᠭ ᠶᠤᠮ᠃ ᠬᠢᠩᠭᠠᠨ ᠠᠶᠢᠮᠠᠭ ᠥᠪᠡᠷᠲᠡᠭᠡᠨ ᠵᠠᠰᠠᠬᠤ ᠣᠷᠣᠨ ᠤ ᠪᠠᠨ ᠳᠣᠷᠣᠨ᠎ᠠ ᠤᠮᠠᠷᠠᠳᠤ ᠪᠡᠶ᠎ᠡ ᠳᠦ ᠥᠷᠭᠡᠷᠢᠭ ᠦᠨ ᠳᠠᠭᠠᠤ 320 ᠺᠢᠯᠣᠮᠧᠲ᠋ᠷ᠂ ᠤᠷᠲᠤᠷᠢᠭ ᠤᠨ ᠳᠠᠭᠠᠤ 380 ᠺᠢᠯᠣᠮᠧᠲ᠋ᠷ ᠰᠤᠨᠤᠭᠰᠠᠨ 59,806 ᠺᠦᠸᠠᠳ᠋ ᠺᠢᠯᠣᠮᠧᠲ᠋ᠷ ᠭᠠᠵᠠᠷ ᠨᠤᠲᠤᠭ ᠡᠵᠡᠯᠡᠵᠦ᠂ ᠣᠷᠣᠨ ᠤ ᠳᠣᠲᠣᠭᠠᠳᠤᠳ ᠬᠥᠯᠦᠨ ᠪᠤᠶᠢᠷᠲᠤᠩᠯᠢᠶᠣᠣᠰᠢᠯᠢᠩᠭᠣᠯ᠂ ᠤᠯᠤᠰ ᠤᠨ ᠢᠶᠠᠨ ᠳᠣᠲᠣᠭᠠᠳᠤ ᠳᠤ ᠬᠠᠷᠠᠮᠦ᠋ᠷᠡᠨᠭᠢᠷᠢᠨ ᠬᠣᠶᠠᠷ ᠮᠤᠵᠢ ᠶᠢᠨ ᠨᠤᠲᠤᠭ ᠲᠠᠢ ᠬᠠᠶᠠᠭ᠎ᠠ ᠵᠠᠯᠭᠠᠵᠠᠢ᠃ ᠮᠥᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠢ ᠲᠥᠯᠦᠭᠡᠯᠡᠵᠦ ᠮᠣᠩᠭᠣᠯ ᠤᠯᠤᠰ ᠍ ᠤᠨ ᠳᠣᠷᠣᠨᠠᠲᠤ ᠠᠶᠢᠮᠠᠭᠲᠠᠢ 126 ᠺᠢᠯᠣᠮᠧᠲ᠋ᠷ ᠵᠤᠷᠪᠤᠰ ᠢᠶᠠᠷ ᠬᠢᠯᠢᠯᠡᠳᠡᠭ᠃ ᠶᠡᠬᠡ ᠬᠢᠩᠭᠠᠨ ᠤ ᠨᠢᠷᠤᠭᠤ ᠶᠢ ᠪᠣᠳᠣᠵᠤ «ᠬᠢᠩᠭᠠᠨ» ᠭᠡᠳᠡᠭ ᠮᠣᠩᠭᠣᠯ ᠨᠡᠷ᠎ᠡ ᠲᠡᠢ ᠪᠣᠯᠤᠭᠰᠠᠨ᠃ ᠡᠭᠦᠨ ᠡᠴᠡ ᠬᠢᠲᠠᠳ ᠢᠶᠠᠷ «兴安» (Xīng'ān) ᠭᠡᠵᠦ ᠨᠡᠷᠡᠶᠢᠳᠴᠡᠢ᠃ ᠬᠢᠩᠭᠠᠨ ᠠᠶᠢᠮᠠᠭ ᠣᠳᠣ ᠪᠠᠷ ᠭᠤᠷᠪᠠᠨ ᠥᠭᠡᠷ᠎ᠡ ᠵᠦᠢᠯ ᠦᠨ ᠵᠢᠷᠭᠤᠭᠠᠨ ᠨᠤᠲᠤᠭ ᠲᠤ ᠬᠤᠪᠢᠶᠠᠭᠳᠠᠳᠠᠭ ᠤᠨ ᠨᠢᠭᠡ ᠨᠢ ᠠᠶᠢᠮᠠᠭ ᠤᠨ ᠲᠥᠪ ᠤᠯᠠᠭᠠᠨᠬᠣᠲᠠ ᠶᠤᠮ᠃ ᠲᠡᠮᠦᠷ ᠵᠠᠮ᠂ ᠠᠦ᠋ᠲ᠋ᠣ᠋ ᠵᠠᠮ ᠠᠯᠢ ᠬᠡᠳᠦᠶᠢᠨ᠎ᠡ ᠪᠠᠷᠢᠭᠳᠠᠭᠰᠠᠨ᠃ ᠠᠶᠢᠮᠠᠭ ᠤᠨ ᠷᠠᠰᠢᠶᠠᠨ ᠬᠣᠲᠠ ᠍ ᠤᠨ ᠬᠠᠯᠠᠭᠤᠨ ᠷᠠᠰᠢᠶᠠᠨ ᠢ ᠲᠦᠰᠢᠭᠯᠡᠨ ᠠᠶᠠᠯᠠᠯ ᠵᠢᠭᠤᠯᠴᠢᠯᠠᠯ ᠬᠥᠭᠵᠢᠵᠦ ᠪᠠᠶᠢᠭ᠎ᠠ᠃ 2000 ᠣᠨ ᠤ ᠲᠣᠭᠠᠯᠠᠯᠭ᠎ᠠ ᠪᠠᠷ ᠬᠢᠩᠭᠠᠨ ᠳᠤ 1.6 ᠭᠠᠷᠤᠢ ᠰᠠᠶ᠎ᠠ ᠬᠦᠮᠦᠨ ᠣᠷᠣᠰᠢᠨ ᠰᠠᠭᠤᠵᠤ ᠪᠠᠶᠢᠭᠰᠠᠨ ᠤ 53.67% ᠨᠢ ᠬᠢᠲᠠᠳ ᠦᠨᠳᠦᠰᠦᠲᠡᠨ᠂ 41.06% ᠨᠢ ᠮᠣᠩᠭᠣᠯ ᠦᠨᠳᠦᠰᠦᠲᠡᠨ ᠪᠠᠶᠢᠵᠤ᠂ ᠦᠯᠡᠳᠡᠭᠰᠡᠨ ᠬᠤᠪᠢ ᠨᠢ ᠬᠣᠷᠢᠭᠠᠳ ᠶᠠᠰᠤ ᠦᠨᠳᠦᠰᠦᠨ ᠦ ᠬᠦᠮᠦᠰ ᠪᠣᠯᠵᠤ ᠲᠠᠭᠠᠷᠠᠭᠰᠠᠨ᠃ ᠥᠪᠥᠷ ᠮᠣᠩᠭᠣᠯ ᠤᠨ ᠳᠣᠣᠷᠠᠬᠢ ᠠᠷᠪᠠᠨ ᠬᠣᠶᠠᠷ ᠨᠤᠲᠤᠭ ᠢ ᠬᠠᠷᠢᠴᠠᠭᠤᠯᠬᠤ ᠳᠤ ᠲᠤᠩᠯᠢᠶᠣᠣ ᠶᠢᠨ ᠳᠠᠷᠠᠭ᠎ᠠ ᠬᠡᠯᠡᠭᠳᠡᠬᠦ ᠪᠡᠷ ᠶᠡᠬᠡ ᠬᠤᠪᠢ ᠳᠤ (41%) ᠮᠣᠩᠭᠣᠯᠴᠤᠳ ᠪᠠᠶᠢᠭ᠎ᠠ ᠨᠢ ᠡᠨᠡ ᠶᠤᠮᠰᠠᠨᠵᠡᠢ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

2000 ᠣᠨ ᠳᠤ 1,588,787 ᠣᠷᠣᠰᠢᠨ ᠰᠠᠭᠤᠭᠴᠢ ᠲᠠᠢ ᠭᠡᠵᠦ ᠲᠣᠭᠠᠯᠠᠭᠳᠠᠵᠠᠢ᠃

ᠠᠷᠠᠳ ᠲᠦᠮᠡᠨ ᠬᠦᠮᠦᠨ ᠠᠮᠠ ᠶᠢᠨ ᠲᠣᠭ᠎ᠠ ᠡᠵᠡᠯᠡᠬᠦ ᠬᠤᠪᠢ (%)
ᠬᠢᠲᠠᠳ ᠦᠨᠳᠦᠰᠦᠲᠡᠨ 852,684 53.67 %
ᠮᠣᠩᠭᠣᠯ ᠦᠨᠳᠦᠰᠦᠲᠡᠨ 652,385 41.06 %
ᠮᠠᠨᠵᠤ ᠦᠨᠳᠦᠰᠦᠲᠡᠨ 71,653 4.51 %
ᠰᠣᠯᠣᠩᠭᠣᠰ ᠦᠨᠳᠦᠰᠦᠲᠡᠨ 6,240 0.39 %
ᠬᠣᠲᠣᠩ ᠦᠨᠳᠦᠰᠦᠲᠡᠨ 3,017 0.19 %
ᠳᠠᠭᠤᠷ ᠶᠠᠰᠤᠲᠠᠨ 1,168 0.07 %
ᠰᠢᠪᠡ ᠶᠠᠰᠤᠲᠠᠨ 568 0.04 %
ᠪᠤᠰᠤᠳ ᠠᠷᠠᠳ ᠲᠦᠮᠡᠨ 1072 0.07 %

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠩᠭᠠᠨ ᠠᠶᠢᠮᠠᠭ ᠳᠣᠲᠣᠷ᠎ᠠ ᠪᠠᠨ 2 ᠬᠣᠲᠠ᠂ 1 ᠱᠢᠨᠢ᠂ 3 ᠬᠣᠰᠢᠭᠤ ᠪᠣᠯᠵᠤ ᠬᠤᠪᠢᠶᠠᠭᠳᠠᠳᠠᠭ᠃ ᠵᠢᠷᠭᠤᠭᠠᠨ ᠨᠤᠲᠤᠭ ᠨᠢ ᠳᠣᠲᠣᠷ᠎ᠠ ᠪᠠᠨ ᠰᠤᠮᠤ᠂ ᠱᠢᠶᠠᠨ᠂ ᠳᠡᠭᠦᠷᠭᠡ ᠶᠢᠨ ᠲᠦᠪᠰᠢᠨ ᠦ 75 ᠭᠠᠵᠠᠷ᠂ ᠴᠠᠭᠠᠰᠢᠯᠠᠪᠠᠯ ᠭᠠᠴᠠᠭ᠎ᠠ ᠲᠣᠰᠬᠣᠨ ᠤ ᠰᠢᠨᠵᠢ ᠲᠡᠢ 853 ᠭᠠᠵᠠᠷ ᠪᠣᠯᠤᠨ᠎ᠠ᠃ ᠡᠳᠦᠨ ᠳᠦ ᠬᠠᠮᠢᠶᠠᠷᠳᠠᠭ ᠦᠭᠡᠢ ᠪᠡᠯᠴᠢᠭᠡᠷ 10, ᠣᠢ ᠶᠢᠨ ᠭᠠᠵᠠᠷ 1 ᠪᠤᠢ᠃

ᠮᠣᠩᠭᠣᠯ ᠨᠡᠷ᠎ᠡ ᠬᠢᠲᠠᠳ ᠨᠡᠷ᠎ᠡ ᠬᠦᠮᠦᠨ ᠠᠮᠠ
(2004)
ᠲᠠᠯᠠᠪᠠᠢ
(км²)
ᠨᠤᠲᠤᠭ ᠤᠨ ᠲᠥᠪ
ᠬᠣᠰᠢᠭᠤᠨ ᠤ ᠡᠩ ᠲᠡᠢ ᠬᠣᠲᠠ — (县级市 xiànjíshì)
1 ᠤᠯᠠᠭᠠᠨ ᠬᠣᠲᠠ 乌兰浩特市 290,000 772
2 ᠷᠠᠰᠢᠶᠠᠨ ᠬᠣᠲᠠ 阿尔山市 50,000 7,409
ᠰᠢᠶᠠᠨ — (县 xiàn)
3 ᠲᠤᠴᠢᠠᠨᠢ ᠰᠢᠶᠠᠨ 突泉县 310,000 4,800 ᠲᠤᠴᠢᠠᠨᠢ
ᠬᠣᠰᠢᠭᠤ — (旗 qí)
4 ᠬᠣᠷᠴᠢᠨ ᠪᠠᠷᠠᠭᠤᠨ ᠭᠠ-
ᠷ ᠤᠨ ᠡᠮᠦᠨᠡᠲᠦ ᠬᠣᠰᠢᠭᠤ
科尔沁右翼前旗 360,000 19,375 ᠬᠣᠷᠴᠢᠨ
5 ᠬᠣᠷᠴᠢᠨ ᠪᠠᠷᠠᠭᠤᠨ ᠭᠠ-
ᠷ ᠤᠨ ᠳᠤᠮᠳᠠᠳᠤ ᠬᠣᠰᠢᠭᠤ
科尔沁右翼中旗 250,000 15,613 ᠪᠠᠶᠠᠨᠬᠣᠰᠢᠭᠤ
6 ᠵᠠᠯᠠᠢᠳ ᠬᠣᠰᠢᠭᠤ 扎赉特旗 390,000 11,837 ᠶᠡᠨᠳᠡᠷ

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • Jinri Nei Menggu: Xing'an 今日内蒙古: 兴安 (Inner Mongolia today: Hinggan). 内蒙古人民出版社 Nei Menggu renmin chubanshe. 呼和浩特 ᠬᠦᠬᠡᠬᠤᠲᠠ 1997. ISBN 7-204-03542-9. ᠬ᠃9+121.

ᠪᠢᠴᠢᠭᠡᠰᠦ