ᠬᠡᠷᠡᠶᠢᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Mongol Empire c.1207.png

ᠬᠡᠷᠡᠶᠢᠳ ᠮᠠᠰᠢ ᠡᠷᠲᠡᠨ ᠦ ᠠᠶᠢᠮᠠᠭ ᠪᠥᠭᠡᠳ ᠾᠦᠩᠨᠦ ᠤᠯᠤᠰ ᠤᠨ ᠦᠶ᠎ᠡ ᠨᠢᠭᠡᠨ ᠬᠦᠴᠦᠷᠬᠡᠭ ᠠᠶᠢᠮᠠᠭ ᠪᠠᠶᠢᠭᠰᠠᠨ ᠪᠠᠶᠢᠨ᠎ᠠ᠃ ᠾᠦᠩᠨᠦ ᠪᠣᠯᠤᠨ ᠰᠶᠠᠨᠪᠢ ᠬᠣᠶᠠᠷ ᠤᠨ ᠳᠤᠮᠳᠠ ᠠᠴᠠ ᠡᠭᠦᠰᠦᠭᠰᠡᠨ ᠭᠡᠳᠡᠭ ᠪᠥᠭᠡᠳ ᠲᠡᠳᠡᠨ ᠦ ᠰᠢᠲᠦᠯᠭᠡ ᠨᠢ ᠬᠡᠷ ᠢᠶᠡᠨ ᠪᠠᠶᠢᠭᠰᠠᠨ ᠪᠥᠭᠡᠳ ᠬᠣᠵᠢᠮ ᠨᠢ ᠣᠮᠤᠭ ᠣᠲᠣᠭ᠎ᠠ ᠶᠢᠨ ᠨᠡᠷᠡ ᠪᠣᠯᠤᠨ ᠥᠭᠡᠷᠡᠴᠢᠯᠡᠭᠳᠡᠭᠰᠡᠨ ᠪᠠᠶᠢᠨ᠎ᠠ᠃ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ III ᠵᠠᠭᠤᠨ ᠤ ᠦᠶ᠎ᠡ ᠳᠦ ᠬᠢᠯᠦᠨᠢ ᠭᠡᠳᠡᠭ ᠠᠶᠢᠮᠠᠭ ᠪᠠᠶᠢᠭᠰᠠᠨ ᠬᠣᠵᠢᠮ ᠤᠨ ᠬᠡᠷᠡᠶᠢᠳ ᠤᠨ ᠡᠪᠦᠭᠡ ᠪᠣᠯᠤᠭᠰᠠᠨ ᠭᠡᠵᠦ ᠦᠵᠡᠳᠡᠭ᠃ ᠬᠣᠵᠢᠮ ᠨᠢ ᠳᠣᠯᠤᠳᠤᠭᠠᠷ ᠵᠠᠭᠤᠨ ᠤ ᠦᠶ᠎ᠡ ᠳᠦ ᠨᠡᠯᠢᠶᠡᠳ ᠬᠤᠪᠢᠶᠠᠭᠳᠠᠮᠠᠯ ᠪᠠᠶᠢᠳᠠᠯ ᠲᠠᠢ ᠪᠠᠶᠢᠭᠰᠠᠨ ᠪᠠᠶᠢᠨ᠎ᠠ᠃ ᠨᠢᠭᠡ ᠬᠡᠰᠡᠭ ᠨᠢ ᠬᠡᠷᠡᠶᠢᠳ ᠦᠨ ᠬᠠᠨᠯᠢᠭ ᠤᠯᠤᠰ ᠲᠤ᠂ ᠦᠯᠡᠳᠡᠭᠰᠡᠨ ᠨᠢ ᠢᠵᠠᠭᠤᠷ ᠤᠨ ᠮᠣᠩᠭᠣᠯ ᠠᠶᠢᠮᠠᠭ ᠤᠨ ᠪᠦᠷᠢᠳᠦᠬᠦᠨ ᠳᠦ᠂ ᠨᠥᠭᠥᠭᠡ ᠬᠡᠰᠡᠭ ᠨᠢ ᠵᠦᠷᠴᠢᠨ ᠪᠣᠯᠤᠨ ᠬᠢᠳᠠᠨ ᠤᠯᠤᠰ ᠤᠨ ᠬᠠᠷᠢᠶ᠎ᠠaᠨᠳ ᠣᠷᠣᠵᠤ ᠪᠠᠶᠢᠭᠰᠠᠨ ᠪᠠᠶᠢᠨ᠎ᠠ᠃ ᠬᠡᠷᠡᠶᠢᠳ ᠦᠨ ᠬᠠᠨᠯᠢᠭ ᠨᠢ ᠣᠷᠬᠣᠨᠬᠡᠷᠡᠯᠦᠨ ᠭᠣᠣᠯ ᠦᠳ ᠤᠨ ᠬᠣᠭᠣᠷᠣᠨᠳᠣ᠂ ᠨᠠᠶᠢᠮᠠᠨᠢ ᠵᠡᠭᠦᠨ ᠲᠠᠯ᠎ᠠ ᠳᠤ ᠨᠤᠲᠤᠭᠯᠠᠵᠤ ᠪᠠᠶᠢᠭᠰᠠᠨ ᠪᠥᠭᠡᠳ ᠬᠠᠨ ᠤ ᠣᠷᠳᠣ ᠥᠷᠭᠥᠭᠡ ᠨᠢ ᠲᠤᠭᠤᠯ ᠭᠣᠣᠯ ᠍ ᠤᠨ ᠡᠷᠭᠢ ᠳᠡᠭᠡᠷ᠎ᠡ ᠭᠣᠣᠯᠯᠠᠨ ᠨᠤᠲᠤᠭᠯᠠᠵᠤ ᠪᠠᠶᠢᠭᠰᠠᠨ ᠭᠡᠳᠡᠭ᠃ ᠬᠡᠷᠡᠶᠢᠳ ᠦᠨ ᠬᠠᠨᠯᠢᠭ ᠤᠨᠠᠭᠰᠠᠨ ᠤ ᠳᠠᠷᠠᠭ᠎ᠠ ᠨᠡᠯᠢᠶᠡᠳ ᠬᠡᠰᠡᠭ ᠨᠢ ᠪᠠᠷᠠᠭᠤᠨ ᠵᠦᠭ ᠲᠤ ᠵᠡᠭᠦᠨ᠂ ᠪᠠᠷᠠᠭᠤᠨ ᠬᠠᠰᠠᠭᠰᠲ᠋ᠠᠨ ᠤ ᠨᠤᠲᠤᠭ ᠬᠦᠷᠲᠡᠯ᠎ᠡ ᠨᠡᠭᠦᠵᠦ ᠬᠠᠰᠠᠭ ᠤᠨ ᠪᠠᠭ᠎ᠠ᠂ ᠳᠤᠮᠳᠠ ᠣᠷᠣᠳ ᠲᠤ ᠣᠷᠣᠭᠰᠠᠨ ᠪᠣᠯᠤᠯᠲᠠᠢ᠃ ᠬᠠᠷᠢᠨ ᠦᠯᠡᠳᠡᠭᠰᠡᠨ ᠬᠡᠰᠡᠭ ᠨᠢ ᠲᠣᠷᠭᠤᠳ ᠶᠠᠰᠤᠲᠠᠨ ᠢ ᠪᠦᠷᠢᠯᠳᠦᠭᠦᠯᠵᠡᠢ᠃

ᠰᠣᠷᠬᠠᠭᠲᠠᠨᠢ ᠪᠺᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠩᠭᠢᠰ ᠬᠠᠭᠠᠨ ᠤ ᠪᠡᠷᠢ᠂ ᠲᠤᠯᠤᠢ ᠶᠢᠨ ᠡᠬᠡᠨᠡᠷ ᠨᠢ ᠬᠡᠷᠡᠶᠢᠳ ᠠᠶᠢᠮᠠᠭ ᠤᠨ ᠬᠠᠷᠢᠶᠠᠲᠤ᠂ ᠨᠧᠰᠲ᠋ᠣᠷ ᠤᠨ ᠰᠢᠲᠦᠯᠭᠡᠲᠡᠨ ᠰᠣᠷᠬᠠᠭᠲᠠᠨᠢ ᠪᠺᠢ ᠪᠠᠶᠢᠭᠰᠠᠨ ᠪᠥᠭᠡᠳ ᠮᠥᠩᠬᠡᠬᠤᠪᠢᠯᠠᠢ ᠵᠡᠷᠭᠡ ᠲᠡᠭᠦᠨ ᠦ ᠬᠥᠪᠡᠭᠦᠳ ᠬᠣᠵᠢᠮ ᠶᠡᠬᠡ ᠬᠠᠭᠠᠳ ᠪᠣᠯᠤᠭᠰᠠᠨ ᠪᠢᠯᠡ᠃

ᠣᠷᠴᠢᠨ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯᠴᠤᠳ ᠤᠨ ᠳᠤᠮᠳᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠷᠡᠶᠢᠳ ᠬᠡᠮᠡᠭ ᠨᠡᠷ᠎ᠡ ᠲᠡᠢ ᠣᠪᠤᠭ ᠠᠶᠢᠮᠠᠭ ᠡᠳᠦᠭᠡ ᠮᠣᠩᠭᠣᠯ ᠤᠯᠤᠰ ᠍ ᠤᠨ ᠬᠠᠯᠬ᠎ᠠ ᠶᠠᠰᠤᠲᠠᠨ ᠳᠤᠮᠳᠠ᠂ ᠮᠥᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠳᠠᠬᠢ ᠣᠷᠳᠣᠰᠪᠠᠭᠠᠷᠢᠨ ᠶᠠᠰᠤᠲᠠᠨ ᠨᠤᠭᠤᠳ ᠳᠤᠮᠳᠠ ᠮᠠᠨᠵᠤ ᠵᠦᠷᠴᠢᠳᠲᠠᠲ᠋ᠠᠷ ᠪᠣᠯᠤᠨ ᠬᠠᠮᠨᠢᠭᠠᠨᠴᠤᠳ ᠤᠨ ᠳᠣᠲᠣᠷ᠎ᠠ ᠪᠠᠰᠠ ᠪᠠᠶᠢᠳᠠᠭ᠃ ᠮᠣᠩᠭᠣᠯᠴᠤᠳ ᠤᠨ ᠳᠤᠮᠳᠠᠬᠢ ᠬᠡᠷᠡᠶᠢᠳ ᠦᠨ ᠭᠣᠣᠯ ᠲᠥᠯᠥᠭᠡᠯᠡᠭᠴᠢ ᠨᠢ ᠲᠣᠷᠭᠤᠳ ᠪᠣᠯᠤᠨ ᠬᠠᠯᠢᠮᠠᠭ ᠦᠳ ᠶᠤᠮ᠃ ᠬᠠᠯᠢᠮᠠᠭ ᠤᠳ ᠤᠨ ᠳᠡᠶᠢᠯᠦᠩᠬᠢ ᠶᠢ ᠲᠣᠷᠭᠤᠳ ᠪᠦᠷᠢᠯᠳᠦᠭᠦᠯᠳᠡᠭ ᠪᠠᠶᠢᠭᠰᠠᠨ ᠪᠥᠭᠡᠳ ᠣᠳᠣ ᠴᠤ ᠬᠡᠪ ᠢᠶᠡᠷ ᠢᠶᠡᠨ ᠪᠠᠶᠢᠨ᠎ᠠ᠃ ᠲᠣᠷᠭᠤᠳ ᠤᠨ ᠨᠣᠶᠠᠳ ᠤᠭ ᠤᠨ ᠪᠢᠴᠢᠭ ᠢᠶᠡᠨ ᠬᠡᠷᠡᠶᠢᠳ ᠦᠨ ᠲᠣᠭᠣᠷᠢᠯ ᠬᠠᠨ ᠠᠴᠠ ᠡᠬᠢᠯᠡᠭᠦᠯᠦᠨ ᠪᠢᠴᠢᠳᠡᠭ ᠪᠠᠶᠢᠴᠠᠢ᠃ ᠲᠣᠷᠭᠤᠳ ᠤᠨ ᠨᠣᠶᠠᠳ ᠮᠢᠬᠠᠴᠢᠨ ᠬᠡᠷᠡᠶᠢᠳ ᠵᠡᠷᠭᠡ ᠣᠪᠤᠭ ᠲᠠᠢ ᠪᠠᠶᠢᠪᠠ᠃ ᠣᠳᠣ ᠨᠠᠶᠢᠮᠠᠨ᠂ ᠬᠡᠷᠡᠶᠢᠳ ᠦᠳ ᠮᠣᠩᠭᠣᠯᠴᠤᠤ ᠳᠤ ᠪᠣᠯᠤᠨ ᠬᠠᠰᠠᠭ ᠤᠨ ᠪᠦᠷᠢᠯᠳᠦᠬᠦᠨ ᠳᠦ ᠬᠤᠪᠢᠶᠠᠭᠳᠠᠨ ᠣᠷᠣᠭᠰᠠᠨ ᠪᠠᠶᠢᠳᠠᠭ ᠪᠥᠭᠡᠳ ᠬᠠᠰᠠᠭ ᠤᠨ ᠬᠡᠷᠡᠶᠢᠳ ᠭᠠᠷᠤᠯ ᠲᠠᠢ ᠬᠦᠮᠦᠰ ᠮᠣᠩᠭᠣᠯᠴᠤᠳ ᠤᠨ ᠬᠢ ᠬᠠᠮᠢᠶ᠎ᠠ ᠦᠭᠡᠢ ᠣᠯᠠᠨ ᠪᠠᠶᠢᠳᠠᠭ ᠤᠴᠢᠷ ᠨᠢ ᠬᠠᠯᠢᠮᠠᠭ᠂ ᠲᠣᠷᠭᠤᠳ ᠤᠨ ᠬᠦᠮᠦᠨ ᠠᠮᠠ 18-20 ᠍ ᠳᠦᠭᠡᠷ ᠵᠠᠭᠤᠨ ᠳᠤ ᠮᠠᠰᠢ ᠶᠡᠬᠡ ᠴᠥᠭᠡᠷᠡᠴᠡᠢ᠃

ᠲᠦᠷᠦᠭ ᠦᠳ ᠦᠨ ᠳᠤᠮᠳᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠣᠳᠣ ᠶᠢᠨ ᠬᠠᠰᠠᠭᠡᠶᠢᠨ ᠳᠤᠮᠳᠠ ᠣᠷᠣᠳ ᠲᠤ ᠬᠡᠷᠡᠶᠢᠳ ᠣᠪᠤᠭ ᠲᠠᠢ ᠬᠦᠮᠦᠰ ᠪᠠᠶᠢᠳᠠᠭ ᠪᠥᠭᠡᠳ ᠲᠡᠳᠡᠨ ᠦ ᠵᠠᠷᠢᠮ ᠨᠢ ᠮᠣᠩᠭᠣᠯ ᠳᠤ ᠪᠤᠢ᠃ ᠵᠠᠷᠢᠮ ᠬᠠᠰᠠᠭ ᠬᠦᠮᠦᠨ ᠬᠠᠰᠠᠭᠰᠲ᠋ᠠᠨ ᠤᠯᠤᠰ ᠲᠡᠦᠬᠡᠨ ᠭᠠᠵᠠᠷ ᠨᠤᠲᠤᠭ ᠤᠨ­ᠬᠠᠮᠢᠭ᠎ᠠ 1/3 ᠬᠤᠪᠢ ᠶᠢ ᠠᠯᠠᠳᠠᠭᠰᠠᠨ ᠭᠡᠵᠦ ᠦᠵᠡᠳᠡᠭ ᠪᠠ ᠡᠭᠦᠨ ᠦ ᠶᠡᠬᠡᠩᠬᠢ ᠬᠡᠰᠡᠭ ᠢ ᠣᠷᠣᠰ᠂ ᠬᠢᠲᠠᠳ ᠲᠤ ᠠᠯᠠᠳᠠᠭᠰᠠᠨ ᠪᠣᠯ ᠪᠤᠰᠤᠳ ᠭᠠᠵᠠᠷ ᠨᠢ ᠲᠥᠪ ᠠᠽᠢᠶ᠎ᠠ ᠶᠢᠨ ᠪᠤᠰᠤᠳ ᠣᠷᠣ­ᠨ ᠨᠤᠭᠤᠳ ᠲᠤ ᠣᠷᠣᠵᠠᠢ᠃[1] ᠲᠦᠷᠦᠭᠡᠭᠦᠳᠡ ᠬᠡᠷᠡᠶᠢᠳ᠂ ᠨᠠᠶᠢᠮᠠᠨ ᠵᠡᠷᠭᠡ ᠠᠶᠢᠮᠠᠭ ᠤᠳ ᠲᠦᠷᠦᠭ ᠠᠶᠢᠮᠠᠭ ᠤᠳ ᠪᠠᠶᠢᠭᠰᠠᠨ ᠭᠡᠵᠦ ᠦᠵᠡᠳᠡᠭ᠃ ᠺᠠᠽᠠᠭ ᠤᠳ ᠤᠨ ᠳᠤᠮᠳᠠ ᠬᠡᠷᠡᠶᠢᠳ ᠣᠪᠤᠭ ᠤᠨ ᠪᠠᠶᠢᠵᠤ ᠪᠣᠯᠬᠤ ᠬᠡᠳᠦᠨ ᠵᠠᠭᠤᠨ ᠮᠢᠩᠭ᠎ᠠ᠂ ᠨᠠᠶᠢᠮᠠᠨ ᠣᠪᠤᠭ ᠤᠨ ᠰᠠᠶ᠎ᠠ ᠭᠠᠷᠤᠢ ᠬᠦᠮᠦᠨ ᠪᠠᠶᠢᠳᠠᠭ᠃ ᠲᠦᠷᠦᠭ ᠰᠠᠶᠢᠲᠤ ᠳᠤ ᠪᠢᠴᠢᠭᠰᠡᠨ ᠢᠶᠡᠷ ᠶᠡᠬᠡ ᠮᠣᠩᠭᠣᠯ ᠤᠯᠤᠰ ᠍ ᠤᠨ ᠦᠶ᠎ᠡ ᠳᠦ ᠬᠠᠰᠠᠭ ᠤᠨ ᠬᠡᠷᠡᠶᠢᠳ ᠭᠠᠷᠤᠯ ᠲᠠᠢ ᠭᠡᠭᠳᠡᠳᠡᠭ ᠺᠧᠷᠧᠢ ᠣᠪᠤᠭ ᠰᠢᠨᠵᠢᠶᠠᠩᠢᠢ ᠬᠣᠶᠢᠳᠤ ᠬᠡᠰᠡᠭ ᠦᠨ ᠠᠯᠲᠠᠢ ᠶᠢᠨ ᠨᠢᠷᠤᠭᠤᠠᠯᠲᠠᠢ ᠲᠣᠭᠣᠷᠢᠭᠬᠠᠷ᠎ᠠ ᠡᠷᠴᠢᠰ ᠮᠥᠷᠡᠨ ᠬᠠᠪᠢᠶᠠᠷᠠ ᠨᠤᠲᠤᠭᠯᠠᠵᠤ ᠪᠠᠶᠢᠭᠰᠠᠨ ᠪᠠ ᠬᠣᠵᠢᠮ ᠨᠢ ᠣᠶᠢᠷᠠᠳ ᠦᠳ ᠳᠣᠪᠲᠣᠯᠤᠨ ᠪᠠᠷᠠᠭᠤᠨ ᠲᠡᠰᠢ ᠨᠢ ᠰᠢᠬᠠᠵᠠᠢ᠃ ᠡᠶᠢᠮᠦ ᠳᠦ ᠵᠦᠩᠭᠠᠷ ᠤᠨᠠᠭᠰᠠᠨ ᠤ ᠳᠠᠷᠠᠭ᠎ᠠ ᠰᠢᠨᠢᠵᠢᠨᠢ᠂ ᠠᠯᠲᠠᠢ ᠶᠢᠨ ᠨᠢᠷᠤᠭᠤᠨ ᠳᠤ ᠢᠷᠡᠭᠰᠡᠨ ᠬᠠᠰᠠᠭ ᠤᠳ ᠠᠭᠤᠭᠤᠯ ᠨᠤᠲᠤᠭ ᠲᠤ ᠪᠠᠨ ᠪᠠᠶᠢᠭ᠎ᠠ ᠭᠡᠵᠦ ᠲᠦᠷᠦᠭ ᠦᠳ ᠦᠵᠡᠳᠡᠭ᠃[2] ᠰᠢᠨᠢᠵᠢᠨ ᠦ ᠠᠯᠲᠠᠢ ᠲᠣᠭᠣᠷᠢᠭ ᠵᠡᠷᠭᠡ ᠺᠠᠽᠠᠭ ᠤᠳ ᠨᠡᠭᠦᠵᠦ ᠢᠷᠡᠭᠰᠡᠨ ᠨᠤᠲᠤᠭ ᠲᠤ ᠮᠠᠨᠵᠤ ᠶᠢᠨ ᠦᠶ᠎ᠡ ᠳᠤ ᠺᠠᠽᠠᠭ᠂ ᠣᠶᠢᠷᠠᠳ ᠤᠳ ᠤᠨ ᠳᠤᠮᠳᠠ ᠭᠠᠵᠠᠷ ᠨᠤᠲᠤᠭ ᠤᠨ ᠮᠠᠷᠭᠤᠭᠠᠨ ᠭᠠᠷᠴᠤ ᠪᠠᠶᠢᠭᠰᠠᠨ ᠪᠥᠭᠡᠳ ᠮᠠᠨᠵᠤ ᠨᠠᠷ ᠡᠭᠦᠨ ᠢ ᠵᠣᠷᠢᠭᠤᠳᠠ ᠳᠡᠪᠡᠷᠭᠡᠵᠦ ᠥᠪᠡᠷ ᠦᠨ ᠲᠠᠯ᠎ᠠ ᠳᠤ ᠠᠰᠢᠭᠲᠠᠢ ᠪᠠᠷ ᠡᠷᠭᠢᠭᠦᠯᠬᠦ ᠶᠢ ᠣᠷᠣᠯᠳᠤᠵᠤ ᠪᠠᠶᠢᠪᠠ᠃ ᠠᠯᠲᠠᠢ ᠲᠣᠭᠣᠷᠢᠭ ᠨᠢ ᠮᠣᠩᠭᠣᠯ ᠤᠨ ᠬᠣᠪᠳᠣ ᠶᠢᠨ ᠬᠢᠵᠠᠭᠠᠷ ᠍ ᠤᠨ ᠬᠠᠷᠢᠶᠠᠨ ᠤ ᠨᠤᠲᠤᠭ ᠪᠠᠶᠢᠴᠠᠢ᠃ ᠰᠢᠨᠢᠵᠢᠨ ᠦ ᠬᠠᠰᠠᠭ ᠤᠳ ᠬᠡᠷᠡᠶᠢᠳ ᠨᠠᠷ ᠡᠨᠡ ᠨᠤᠲᠤᠭ ᠲᠤ ᠪᠠᠶᠢᠭᠰᠠᠨ ᠭᠡᠵᠦ ᠦᠵᠡᠵᠦ ᠪᠠᠶᠢᠭᠰᠠᠨ ᠪᠣᠯ ᠣᠶᠢᠷᠠᠳ ᠤᠳ ᠴᠤ ᠮᠥᠨ ᠠᠳᠠᠯᠢ ᠥᠪᠡᠷᠰᠡᠳ ᠦᠨ ᠨᠤᠲᠤᠭ ᠬᠡᠮᠡᠨ ᠦᠵᠡᠵᠦ ᠪᠠᠶᠢᠪᠠ᠃

ᠮᠣᠩᠭᠣᠯ ᠤᠨ ᠺᠠᠽᠠᠭ ᠤᠳ ᠬᠡᠷᠡᠶᠢᠳ᠂ ᠨᠠᠶᠢᠮᠠᠨ ᠭᠡᠰᠡᠨ 2 ᠲᠣᠮᠣ ᠣᠪᠤᠭ ᠠᠴᠠ ᠪᠦᠷᠢᠳᠳᠡᠭ ᠪᠥᠭᠡᠳ 1990 ᠍ ᠊ᠭᠡᠳ ᠣᠨ ᠳᠤ ᠮᠣᠩᠭᠣᠯ ᠤᠨ ᠵᠠᠷᠢᠮ ᠺᠠᠽᠠᠭ ᠤᠳ 12 ᠍ ᠳᠦᠭᠡᠷ ᠵᠠᠭᠤᠨ ᠤ ᠬᠡᠷᠡᠶᠢᠳ᠂ ᠨᠠᠶᠢᠮᠠᠨ ᠠᠶᠢᠮᠠᠭ ᠤᠨ ᠨᠤᠲᠤᠭ ᠣᠳᠣ ᠶᠢᠨ ᠮᠣᠩᠭᠣᠯ ᠤᠨ ᠲᠥᠪ᠂ ᠪᠠᠷᠠᠭᠤᠨ ᠬᠡᠰᠡᠭ ᠢ ᠪᠦᠬᠦᠯᠢ ᠳᠦ ᠨᠢ ᠬᠠᠮᠤᠷᠴᠢ ᠪᠠᠶᠢᠭᠰᠠᠨ ᠲᠤᠯᠠ ᠮᠣᠩᠭᠣᠯ ᠤᠨ ᠨᠤᠲᠤᠭ ᠪᠣᠯ ᠬᠠᠰᠠᠭ ᠤᠨ ᠨᠤᠲᠤᠭ ᠭᠡᠵᠦ ᠵᠠᠷᠯᠠᠬᠤ ᠶᠢ ᠣᠷᠣᠯᠳᠤᠵᠤ ᠪᠠᠶᠢᠪᠠ᠃ ᠰᠢᠨᠢᠵᠢᠨ ᠦ ᠰᠠᠶ᠋ᠢ ᠭᠠᠷᠤᠢ ᠺᠠᠽᠠᠭ ᠤᠳ ᠤᠨ ᠳᠡᠶᠢᠯᠦᠩᠬᠢ ᠨᠢ ᠨᠠᠶᠢᠮᠠᠨᠴᠤᠳ ᠪᠣᠯ ᠦᠯᠡᠳᠡᠭᠰᠡᠨ ᠬᠡᠰᠡᠭ ᠦᠨ ᠨᠡᠯᠢᠶᠡᠳ ᠨᠢ ᠺᠧᠷᠧᠢ᠂ ᠳᠤᠯ ᠳᠤ (ᠳᠣᠯᠣᠭᠠᠳ) ᠵᠡᠷᠭᠡ ᠮᠣᠩᠭᠣᠯ ᠭᠠᠷᠤᠯ ᠲᠠᠢ ᠪᠠᠶᠢᠵᠤ ᠪᠣᠯᠬᠤ ᠬᠦᠮᠦᠰ ᠶᠤᠮ᠃

ᠬᠠᠰᠠᠭ ᠤᠨ ᠬᠡᠷᠡᠶᠢᠳ ᠭᠠᠷᠤᠯ ᠲᠠᠢ ᠭᠡᠳᠡᠭ ᠺᠧᠷᠧᠢ᠂ ᠺᠧᠷᠧᠢᠲ ᠭᠡᠰᠡᠨ 2 ᠣᠪᠤᠭ ᠪᠤᠢ᠃ ᠬᠠᠰᠠᠭᠰᠲ᠋ᠠᠨ ᠤ ᠪᠠᠷᠠᠭᠤᠨ ᠲᠠᠯ᠎ᠠ ᠶᠢᠨ ᠪᠠᠭ᠎ᠠ ᠣᠷᠣᠳ ᠲᠤ ᠪᠠᠶᠢᠳᠠᠭ ᠺᠧᠷᠧᠢᠲ ᠬᠡᠮᠡᠬᠦ ᠣᠪᠤᠭ ᠤᠨ ᠨᠡᠷ᠎ᠡ ᠬᠡᠷᠡᠶᠢᠳ ᠲᠡᠢ ᠪᠠᠷᠤᠭ ᠢᠵᠢᠯ ᠤᠴᠢᠷ ᠲᠡᠳᠡ ᠬᠡᠷᠡᠶᠢᠳ ᠭᠠᠷᠤᠯ ᠲᠠᠢ ᠭᠡᠳᠡᠭ ᠨᠢ ᠲᠣᠳᠣᠷᠬᠠᠢ᠃ ᠬᠠᠷᠢᠨ ᠺᠧᠷᠧᠢ ᠭᠡᠰᠡᠨ ᠨᠡᠷ᠎ᠡ ᠬᠡᠷᠡᠶᠢᠳ ᠦᠨ ᠨᠡᠷ᠎ᠡ ᠲᠡᠢ ᠠᠷᠠᠢ ᠲᠥᠰ ᠪᠠᠭᠠᠲᠠᠢ ᠲᠤᠯᠠ ᠲᠡᠳᠡ ᠬᠡᠷᠡᠶᠢᠳ ᠭᠠᠷᠤᠯ ᠲᠠᠢ ᠭᠡᠳᠡᠭ ᠲᠦ ᠰᠤᠳᠤᠯᠤᠭᠠᠴᠢᠳ ᠲᠡᠳᠦᠢ ᠦᠭᠡᠢ ᠵᠠᠷᠢᠮ ᠲᠦᠷᠦᠭ ᠦᠳ ᠡᠷᠡᠭᠡᠯᠵᠡᠳᠡᠭ᠃ ᠲᠡᠳᠡ ᠺᠧᠷᠧᠢ ᠣᠪᠤᠭ ᠤᠨ ᠭᠠᠷᠤᠯ ᠢ ᠬᠡᠷᠡᠶᠢᠳ ᠲᠡᠢ ᠬᠤᠯᠪᠤᠬᠤ ᠶᠤᠮ ᠤᠤ ᠡᠰᠡᠪᠡᠯ ᠬᠠᠷ᠎ᠠ ᠲᠠᠲ᠋ᠠᠷ ᠭᠡᠰᠡᠨ ᠨᠡᠷᠡᠨ ᠦ ᠬᠠᠷ᠎ᠠ (ᠲᠦᠷᠦᠭ ᠢᠶᠡᠷ ᠺᠠᠷᠠ) ᠭᠡᠰᠡᠨ ᠦᠭᠡ ᠰᠤᠨᠵᠢᠷᠠᠵᠤ ᠺᠧᠷᠧᠢ ᠪᠣᠯᠤᠭᠰᠠᠨ ᠭᠡᠵᠦ ᠲᠠᠶᠢᠯᠪᠤᠷᠢᠯᠠᠳᠠᠭ᠃ ᠬᠠᠷ᠎ᠠ ᠲᠠᠲ᠋ᠠᠷ ᠪᠣᠯ 12-13 ᠍ ᠳᠦᠭᠡᠷ ᠵᠠᠭᠤᠨ ᠤ ᠵᠠᠷᠢᠮ ᠮᠣᠩᠭᠣᠯᠴᠤᠳ ᠤᠨ ᠨᠡᠷ᠎ᠡ ᠪᠥᠭᠡᠳ ᠲᠦᠷᠦᠭ ᠦᠳ ᠲᠡᠳᠡᠨ ᠦ ᠪᠦᠷᠢᠯᠳᠦᠬᠦᠨ ᠳᠦ ᠪᠠᠶᠢᠭᠰᠠᠨ ᠬᠡᠷᠡᠶᠢᠳ᠂ ᠲᠠᠲ᠋ᠠᠷᠲᠠᠶᠢᠴᠢᠭᠤᠳ ᠬᠦᠮᠦᠰ ᠲᠦᠷᠦᠭ ᠦᠳ ᠪᠠᠶᠢᠭᠰᠠᠨ ᠭᠡᠵᠦ ᠲᠠᠶᠢᠯᠪᠤᠷᠢᠯᠠᠳᠠᠭ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠬᠡᠷᠡᠶᠢᠳ&oldid=459796》 ᠍  ᠡᠴᠡ ᠠᠪᠤᠭᠰᠠᠨ

ᠪᠢᠴᠢᠭᠡᠰᠦ