ᠬᠡᠰᠢᠭᠲᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠡᠰᠢᠭᠲᠡᠨ

ᠬᠡᠰᠢᠭᠲᠡᠨ ᠴᠡᠷᠢᠭ ᠨᠢ ᠮᠣᠩᠭᠣᠯ ᠤᠨ ᠡᠵᠡᠨᠲᠦ ᠭᠦᠷᠦᠨ ᠦ ᠶᠡᠬᠡᠰ ᠳᠡᠭᠡᠳᠦᠰ ᠦᠨ ᠬᠠᠮᠠᠭᠠᠯᠠᠭᠴᠢᠳ ᠪᠠᠶᠢᠭᠰᠠᠨ ᠶᠤᠮ᠃ ᠢᠯᠠᠩᠭᠤᠶ᠎ᠠ ᠴᠢᠩᠭᠢᠰ ᠬᠠᠭᠠᠨ ᠪᠣᠯᠤᠨ ᠲᠡᠭᠦᠨ ᠦ ᠬᠠᠲᠤᠨ ᠪᠥᠷᠲᠡ ᠰᠢᠭ ᠤᠳᠤᠷᠢᠳᠤᠭᠴᠢ ᠨᠠᠷ ᠢ ᠬᠠᠮᠠᠭᠠᠯᠠᠳᠠᠭ ᠪᠠᠶᠢᠭᠰᠠᠨ ᠶᠤᠮ᠃ ᠲᠡᠳᠡᠨ ᠦ ᠦᠨᠳᠦᠰᠦᠨ ᠡᠭᠦᠷᠭᠡ ᠨᠢ ᠬᠠᠭᠠᠨ ᠪᠣᠯᠤᠨ ᠰᠠᠶᠢᠳ ᠨᠣᠶᠠᠳ ᠢ ᠡᠳᠦᠷ ᠦᠨ ᠪᠣᠯᠤᠨ ᠰᠥᠨᠢ ᠶᠢᠨ ᠴᠠᠭ ᠢᠶᠠᠷ ᠬᠠᠮᠠᠭᠠᠯᠠᠬᠤ ᠶᠠᠪᠤᠳᠠᠯ ᠪᠤᠯᠤᠨ᠎ᠠ᠃ ᠲᠡᠳᠡᠨ ᠢ ᠬᠤᠶᠠᠷ ᠪᠦᠯᠦᠭ ᠪᠣᠯᠭᠠᠨ ᠬᠤᠪᠢᠶᠠᠳᠠᠭ ᠪᠠᠶᠢᠭᠰᠠᠨ ᠶᠤᠮ᠃ ᠳᠠᠷᠤᠢ ᠡᠳᠦᠷ ᠦᠨ ᠬᠠᠷᠠᠭᠤᠯ ᠪᠤᠯᠤᠨ ᠰᠥᠨᠢ ᠶᠢᠨ ᠬᠠᠷᠠᠭᠤᠯ (ᠬᠡᠪᠲᠡᠭᠦᠯ) ᠪᠢᠯᠡ᠃ ᠲᠡᠳᠡ ᠡᠩ ᠦᠨ ᠴᠡᠷᠢᠭ ᠦᠳ ᠡᠴᠡ ᠢᠯᠭᠠᠭ᠎ᠠ ᠲᠠᠢ ᠪᠠ ᠲᠡᠳᠡᠨ ᠲᠡᠢ ᠬᠠᠮᠲᠤ ᠠᠶᠠᠨ ᠳᠠᠶᠢᠨ ᠳᠤ ᠶᠠᠪᠤᠳᠠᠭ ᠦᠭᠡᠢ᠃ ᠬᠠᠷᠢᠨ ᠡᠬᠡ ᠨᠤᠲᠤᠭ ᠢᠶᠠᠨ ᠰᠠᠬᠢᠨ ᠬᠠᠮᠠᠭᠠᠯᠠᠵᠤ ᠦᠯᠡᠳᠡᠳᠡᠭ᠃ ᠲᠡᠳᠡᠨ ᠦ ᠤᠳᠤᠷᠢᠳᠤᠭᠴᠢ ᠨᠢ ᠴᠡᠷᠪᠢ ᠪᠠᠶᠢᠭᠰᠠᠨ ᠶᠤᠮ᠃ ᠲᠡᠶᠢᠮᠦ ᠤᠴᠢᠷ ᠠᠴᠠ ᠮᠣᠩᠭᠣᠯ ᠤᠨ ᠡᠵᠡᠨᠲᠦ ᠭᠦᠷᠦᠨ ᠧᠦ᠋ᠷᠦᠫᠡ ᠠᠽᠢᠶ᠎ᠠ ᠶᠢ ᠬᠣᠯᠪᠣᠵᠤ ᠪᠠᠶᠢᠭᠰᠠᠨ ᠶᠤᠮ᠃ ᠡᠭᠦᠨ ᠦ ᠦᠷ᠎ᠡ ᠳ᠋ᠦᠩ ᠳᠦ ᠮᠣᠩᠭᠣᠯ ᠤᠨ ᠡᠵᠡᠨᠲᠦ ᠭᠦᠷᠦᠨ ᠦ ᠮᠠᠰᠢ ᠥᠷᠭᠡᠨ ᠭᠠᠵᠠᠷ ᠨᠤᠲᠤᠭ ᠢ ᠤᠳᠤᠷᠢᠳᠴᠤ ᠴᠢᠳᠠᠳᠠᠭ ᠪᠠᠶᠢᠭᠰᠠᠨ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠷᠢᠰᠦᠯᠳᠦᠭᠴᠢ ᠮᠣᠩᠭᠣᠯ ᠠᠶᠢᠮᠠᠭ ᠤᠳ ᠤᠨ ᠠᠮᠢ ᠨᠠᠰᠤᠨ ᠳᠤ ᠬᠠᠯᠳᠠᠬᠤ ᠨᠢ ᠡᠩ ᠦᠨ ᠦᠵᠡᠭᠳᠡᠯ  ᠪᠠᠶᠢᠭᠰᠠᠨ ᠶᠤᠮ᠃ ᠤᠴᠢᠷ ᠨᠢ ᠪᠠᠶᠢᠩᠭᠤ ᠶᠢᠨ ᠤᠷᠪᠠᠯᠭᠠᠨ ᠵᠥᠷᠢᠴᠡᠯᠳᠦᠭᠡᠨ ᠲᠡᠢ ᠰᠣᠨᠢᠷᠬᠠᠯ ᠮᠣᠩᠭᠣᠯ ᠤᠨ ᠣᠪᠤᠭ ᠠᠶᠢᠮᠠᠭ ᠤᠳ ᠤᠨ ᠳᠤᠮᠳᠠ ᠪᠠᠶᠢᠭᠰᠠᠨ ᠶᠤᠮ᠃ ᠵᠢᠱᠢᠶ᠎ᠡ ᠨᠢ ᠴᠢᠩᠭᠢᠰ ᠬᠠᠭᠠᠨ ᠡᠴᠢᠭᠡ ᠶᠡᠰᠦᠭᠡᠢ] ᠨᠢ ᠲᠡᠭᠦᠨ ᠦ ᠳᠠᠶᠢᠰᠤᠨ ᠨᠤᠭᠤᠳ ᠤᠨ ᠨᠢᠭᠡᠨ ᠪᠠᠶᠢᠭᠰᠠᠨ ᠲᠠᠲ᠋ᠠᠷ ᠲᠤ ᠰᠠᠨᠠᠮᠰᠠᠷ ᠦᠭᠡᠢ ᠬᠣᠣᠷᠯᠠᠭᠳᠠᠭᠰᠠᠨ ᠪᠠᠶᠢᠳᠠᠭ᠃ ᠮᠣᠩᠭᠣᠯ ᠤᠨ ᠭᠡᠷ ᠨᠢᠮᠭᠡᠨ ᠬᠠᠨ᠎ᠠ ᠲᠠᠢ ᠤᠴᠢᠷ ᠠᠴᠠ ᠰᠥᠨᠢ ᠳᠤᠮᠳᠠ ᠮᠠᠰᠢ ᠶᠡᠬᠡ ᠡᠷᠦᠰᠳᠡᠯ ᠲᠡᠢ ᠪᠠᠶᠢᠳᠠᠭ᠃ ᠲᠡᠶᠢᠮᠦ ᠡᠴᠡ ᠰᠡᠯᠡᠮ᠎ᠡ ᠪᠣᠯᠤᠨ ᠵᠢᠳᠠ ᠪᠠᠷ ᠬᠠᠨ᠎ᠠ ᠶᠢ ᠬᠢᠯᠪᠠᠷ ᠨᠡᠪᠲᠡᠯᠦᠨ ᠳᠣᠲᠣᠷ᠎ᠠ ᠪᠠᠶᠢᠭ᠎ᠠ ᠬᠦᠮᠦᠨ ᠢ ᠬᠠᠳᠬᠤᠳᠠᠭ᠃ ᠡᠭᠦᠨ ᠦ ᠦᠷ᠎ᠡ ᠳ᠋ᠦᠩ ᠳᠦ ᠮᠣᠩᠭᠣᠯ ᠪᠣᠯᠤᠨ ᠲᠦᠷᠦᠭ ᠦᠨ ᠬᠠᠭᠠᠳ ᠬᠣᠪᠢ ᠶᠢᠨ ᠬᠠᠮᠠᠭᠠᠯᠠᠭᠴᠢ ᠨᠠᠷ ᠲᠠᠢ ᠪᠠᠶᠢᠭᠰᠠᠨ ᠶᠤᠮ᠃ ᠬᠡᠷᠡᠶᠢᠳ ᠦᠨ ᠬᠠᠭᠠᠨ ᠲᠣᠷᠮᠢᠯ ᠲᠣᠷᠭᠤᠳ ᠬᠡᠮᠡᠬᠦ ᠡᠵᠡᠨᠳᠦ ᠭᠦᠷᠦᠨ ᠦ ᠬᠠᠮᠠᠭᠠᠯᠠᠭᠴᠢ ᠲᠠᠢ ᠪᠠᠶᠢᠭᠰᠠᠨ ᠶᠤᠮ᠃ ᠠᠮᠠ ᠳᠠᠮᠵᠢᠭᠰᠠᠨ ᠶᠠᠷᠢᠶᠠᠨ ᠠᠴᠠ ᠲᠡᠳᠡᠨ ᠦ ᠡᠭᠦᠰᠦᠯ ᠭᠠᠷᠤᠯ ᠨᠢ ᠲᠣᠷᠭᠤᠳ ᠬᠦᠮᠦᠰ ᠪᠠᠶᠢᠵᠤ ᠪᠣᠯᠬᠤ ᠶᠤᠮ᠃ 1203 ᠤᠨ ᠳᠤ ᠸᠠᠩ ᠬᠠᠨ ᠢ ᠤᠰᠠᠳᠬᠠᠭᠰᠠᠨ ᠤ ᠳᠠᠷᠠᠭ᠎ᠠ᠂ ᠴᠢᠩᠭᠢᠰ ᠬᠠᠭᠠᠨ ᠬᠡᠰᠢᠭᠲᠡᠨ ᠴᠡᠷᠢᠭ ᠢ ᠪᠤᠢ ᠪᠣᠯᠭᠠᠵᠠᠢ᠃ ᠬᠡᠰᠢᠭᠲᠡᠨ ᠴᠡᠷᠢᠭ ᠦᠳ ᠨᠢ ᠶᠡᠬᠡᠩᠬᠢ ᠳᠦ ᠪᠡᠨ ᠠᠮᠠ ᠲᠠᠩᠭᠠᠷᠢᠭ ᠥᠭᠭᠦᠭᠰᠡᠨ ᠬᠣᠪᠢ ᠶᠢᠨ ᠳᠠᠭᠠᠯᠳᠤᠭᠴᠢ ᠨᠠᠷ ᠠᠴᠠ ᠪᠦᠷᠢᠳᠳᠡᠭ ᠪᠠᠶᠢᠭᠰᠠᠨ ᠶᠤᠮ᠃

ᠠᠩᠬᠠᠨ ᠳᠤ ᠪᠠᠨ ᠡᠨᠡ ᠨᠢ ᠳᠥᠷᠪᠡᠳ ᠡᠰᠡᠪᠡᠯ ᠳᠥᠷᠪᠡᠳ ᠠᠴᠠ ᠪᠦᠷᠢᠳᠦᠭᠰᠡᠨ 70 ᠡᠳᠦᠷ ᠦᠨ ᠬᠠᠷᠠᠭᠤᠯ ᠠᠴᠠ ᠪᠦᠷᠢᠳᠳᠡᠭ ᠪᠠᠶᠢᠭᠰᠠᠨ ᠶᠤᠮ᠃ ᠰᠥᠨᠢ 80 ᠬᠡᠪᠲᠡᠭᠦᠯ ᠪᠤᠶᠤ ᠬᠠᠷᠠᠭᠤᠯ ᠪᠠᠶᠢᠳᠠᠭ ᠪᠠᠶᠢᠭᠰᠠᠨ ᠶᠤᠮ᠃ ᠴᠢᠩᠭᠢᠰ ᠦᠨ ᠬᠠᠭᠠᠨᠴᠢᠯᠠᠯ ᠤᠨ ᠦᠶ᠎ᠡ ᠳᠦ 4 ᠬᠡᠰᠡᠭ ᠬᠤᠪᠢᠶᠠᠭᠳᠠᠵᠤ᠂ 4 ᠵᠠᠩᠵᠤᠨ ᠢᠶᠠᠷ ᠤᠳᠤᠷᠢᠳᠤᠭᠤᠯᠳᠠᠭ ᠪᠠᠶᠢᠭᠰᠠᠨ ᠪᠢᠯᠡ᠃ ᠡᠨᠡ ᠨᠢ ᠮᠤᠬᠤᠯᠠᠢ᠂ ᠴᠢᠯᠠᠭᠤᠨ᠂ ᠪᠣᠭᠣᠷᠴᠢ᠂ ᠪᠣᠷᠣᠬᠤᠯ ᠪᠢᠯᠡ᠃ ᠮᠣᠩᠭᠣᠯ ᠤᠨ ᠡᠵᠡᠨᠲᠦ ᠭᠦᠷᠦᠨ ᠳᠦ ᠬᠡᠰᠢᠭᠲᠡᠨ ᠴᠡᠷᠢᠭ ᠦᠨ ᠭᠡᠰᠢᠭᠦᠳ ᠶᠠᠮᠠᠷ ᠴᠤ ᠪᠤᠰᠤᠳ ᠴᠡᠷᠢᠭ ᠦᠨ ᠠᠬᠠᠯᠠᠭᠴᠢ ᠨᠠᠷ ᠠᠴᠠ ᠢᠯᠡᠭᠦᠦ ᠪᠠᠶᠢᠳᠠᠭ᠃ ᠲᠡᠳᠡ ᠮᠠᠰᠢ ᠥᠨᠳᠥᠷ ᠱᠠᠩ ᠬᠠᠷᠠᠮᠵᠢ ᠲᠠᠢ ᠪᠠᠶᠢᠭᠰᠠᠨ ᠤᠴᠢᠷ ᠠᠴᠠ ᠡᠨᠡ ᠡᠭᠦᠷᠭᠡ ᠨᠢ ᠮᠠᠰᠢ ᠠᠯᠳᠠᠷᠲᠠᠢ ᠪᠠᠶᠢᠭᠰᠠᠨ ᠪᠢᠯᠡ᠃ ᠲᠡᠶᠢᠮᠦ ᠡᠴᠡ ᠬᠡᠰᠢᠭᠲᠡᠨ ᠴᠡᠷᠢᠭ ᠦᠨ ᠲᠣᠭ᠎ᠠ ᠮᠠᠰᠢ ᠲᠦᠷᠭᠡᠨ ᠥᠰᠦᠭᠰᠡᠨ ᠶᠤᠮ᠃ ᠲᠡᠳᠡ ᠨᠢᠭᠡ ᠡᠭᠡᠯᠵᠢᠨ ᠳᠦ ᠭᠠᠷᠬᠤ ᠳᠤ ᠪᠠᠨ ᠭᠤᠷᠪᠠᠨ ᠬᠣᠨᠣᠭ ᠢᠶᠠᠷ ᠭᠠᠷᠳᠠᠭ᠃ ᠬᠡᠰᠢᠭᠲᠡᠨ ᠴᠡᠷᠢᠭ ᠦᠨ ᠭᠡᠰᠢᠭᠦᠳ ᠨᠢ ᠮᠠᠰᠢ ᠶᠡᠬᠡ ᠨᠡᠷ᠎ᠡ ᠬᠦᠨᠳᠦᠲᠡᠢ ᠪᠠᠶᠢᠭᠰᠠᠨ ᠶᠤᠮ᠃ ᠠᠩᠬ᠎ᠠ 1000 ᠬᠡᠰᠢᠭᠲᠡᠨ ᠬᠠᠷᠠᠭᠤᠯ ᠲᠠᠢ ᠪᠠᠶᠢᠭᠰᠠᠨ ᠴᠢᠩᠭᠢᠰ ᠬᠠᠭᠠᠨ ᠤ ᠬᠠᠭᠠᠨᠴᠢᠯᠠᠯ ᠤᠨ ᠳᠤᠮᠳᠠ ᠦᠶ᠎ᠡ ᠳᠦ 10000 ᠬᠠᠷᠠᠭᠤᠯ ᠲᠠᠢ ᠪᠤᠯᠲᠡᠯ᠎ᠡ ᠥᠰᠴᠦ᠂ ᠨᠠᠶᠠ ᠵᠠᠩᠵᠤᠨ ᠢᠶᠠᠷ ᠵᠠᠬᠢᠷᠤᠭᠤᠯᠳᠠᠭ ᠪᠠᠶᠢᠭᠰᠠᠨ ᠶᠤᠮ᠃

ᠬᠡᠰᠢᠭᠲᠡᠨ ᠮᠣᠩᠭᠣᠯ ᠪᠣᠯᠤᠨ ᠲᠦᠷᠦᠭ ᠤᠳ ᠡᠴᠡ ᠪᠦᠷᠢᠳᠳᠡᠭ ᠪᠠᠶᠢᠭᠰᠠᠨ ᠶᠤᠮ᠃ ᠡᠵᠡᠨᠲᠦ ᠤᠯᠤᠰ ᠮᠠᠰᠢ ᠬᠤᠷᠳᠤᠨ ᠥᠷᠭᠡᠵᠢᠬᠦ ᠳᠦ ᠴᠢᠩᠭᠢᠰ ᠬᠠᠭᠠᠨ ᠤ ᠤᠭᠰᠠᠭ᠎ᠠ ᠵᠠᠯᠭᠠᠮᠵᠢᠯᠠᠭᠴᠢ ᠨᠠᠷ ᠬᠢᠲᠠᠳ᠂ ᠺᠢᠫᠴᠠᠺ᠂ ᠭᠦᠷᠦᠵᠢᠶ ᠠ᠂ ᠠᠷᠮᠧᠨ᠂ ᠠᠯᠠᠨ᠂ ᠰᠣᠯᠣᠩᠭᠣᠰ᠂ ᠢᠲ᠋ᠠᠯᠢ᠂ ᠣᠷᠣᠰ ᠤᠨ ᠴᠡᠷᠢᠭ ᠦᠳ ᠢ ᠠᠯᠪᠠᠨ ᠳᠤ ᠲᠠᠲᠠᠭᠰᠠᠨ ᠶᠤᠮ᠃ ᠬᠠᠭᠠᠨ ᠢ ᠬᠠᠮᠠᠭᠠᠯᠠᠭᠴᠢ ᠬᠡᠰᠢᠭᠲᠡᠨ ᠴᠡᠷᠢᠭ ᠦᠳ ᠨᠢ ᠮᠣᠩᠭᠣᠯ ᠨᠤᠲᠤᠭ ᠤᠨ ᠬᠦᠮᠦᠰ ᠪᠠᠶᠢᠭᠰᠠᠨ ᠶᠤᠮ᠃ ᠬᠠᠭᠠᠨ ᠤ ᠤᠭᠰᠠᠭ᠎ᠠ ᠵᠠᠯᠭᠠᠮᠵᠢᠯᠠᠭᠴᠢ ᠨᠠᠷ ᠲᠡᠳᠡᠭᠡᠷ ᠢ ᠥᠪᠯᠡᠵᠦ ᠠᠪᠤᠭ᠎ᠠ ᠦᠭᠡᠢ᠃ ᠲᠡᠭᠦᠨ ᠦ ᠣᠷᠣᠨ ᠳᠤ ᠦᠬᠦᠭᠰᠡᠨ ᠬᠠᠭᠠᠳ ᠤᠨ ᠬᠡᠰᠢᠭᠲᠡᠨ ᠴᠡᠷᠢᠭ ᠦᠳ ᠨᠢ ᠭᠡᠷ ᠪᠦᠯᠢ ᠪᠣᠯᠤᠨ ᠭᠡᠷ ᠦᠨ ᠠᠵᠢᠯ ᠳᠤ ᠲᠤᠰᠠᠯᠠᠳᠠᠭ ᠪᠠᠶᠢᠭᠰᠠᠨ᠃ ᠭᠡᠬᠦ ᠳᠦ ᠪᠡᠨ ᠭᠦᠶᠦᠭ ᠬᠠᠭᠠᠨ ᠲᠡᠭᠦᠨ ᠦ ᠠᠪᠤ ᠪᠣᠯᠬᠤ ᠥᠭᠡᠲᠡᠢ ᠶᠢᠨ ᠶᠡᠬᠡᠩᠬᠢ ᠬᠡᠰᠢᠭᠲᠡᠨ ᠢ ᠠᠪᠤᠭᠰᠠᠨᠶᠤᠮ᠃ ᠬᠤᠪᠢᠯᠠᠢ ᠬᠠᠭᠠᠨ ᠡᠭᠦᠨ ᠢ ᠥᠭᠡᠷᠡᠴᠢᠯᠡᠵᠦ ᠬᠠᠭᠤᠴᠢᠨ ᠬᠡᠰᠢᠭᠲᠡᠨ ᠴᠡᠷᠢᠭ ᠦᠳ ᠢ ᠠᠯᠪᠠᠨ ᠳᠤ ᠨᠢ ᠣᠷᠣᠭᠤᠯᠵᠤ᠂ 12000 ᠪᠡᠶ᠎ᠡ ᠬᠠᠮᠠᠭᠠᠯᠠᠭᠴᠢ ᠲᠠᠢ ᠪᠣᠯᠵᠠᠢ᠃

ᠲᠣᠷᠭᠤᠳ - ᠲᠡᠳᠡ ᠡᠳᠦᠷ ᠦᠨ ᠬᠠᠮᠠᠭᠠᠯᠠᠭᠴᠢᠳ ᠪᠥᠭᠡᠳ ᠲᠡᠳᠡ ᠡᠵᠡᠨ ᠢ ᠪᠡᠨ ᠳᠠᠶᠢᠨ ᠳᠤ ᠴᠤ᠂ ᠡᠳᠦᠷ ᠲᠤᠲᠤᠮ ᠤᠨ ᠬᠢ ᠨᠢ ᠠᠵᠢᠯ ᠳᠤ ᠴᠤ ᠳᠠᠭᠠᠵᠤ ᠣᠶᠢᠷᠠᠬᠠᠨ ᠶᠠᠪᠤᠳᠠᠭ᠃

ᠬᠡᠪᠲᠡᠭᠦᠯ - ᠲᠡᠳᠡ ᠰᠥᠨᠢ ᠶᠢᠨ ᠬᠠᠷᠠᠭᠤᠯ ᠪᠥᠭᠡᠳ ᠡᠵᠡᠨ ᠢ ᠪᠡᠨ ᠰᠥᠨᠢ ᠭᠡᠷ ᠲᠦ ᠤᠨᠲᠠᠵᠤ ᠪᠠᠶᠢᠬᠤ ᠳᠤ ᠨᠢ ᠬᠠᠮᠠᠭᠠᠯᠠᠬᠤ ᠡᠭᠦᠷᠭᠡ ᠲᠡᠢ᠃

ᠳᠠᠭᠠᠯᠳᠤᠬᠤ ᠨᠢᠭᠡᠴᠡ ᠨᠦᠭᠦᠳ

ᠬᠣᠷᠴᠢᠨ-ᠲᠡᠳᠡ ᠡᠵᠡᠨ ᠬᠠᠭᠠᠳ ᠤᠨ ᠳᠠᠶᠢᠨ ᠤ ᠦᠶ᠎ᠡ ᠶᠢᠨ ᠬᠠᠮᠠᠭᠠᠯᠠᠭᠴᠢ ᠨᠠᠷ᠃

ᠠᠰᠤᠳ ᠬᠠᠮᠠᠭᠠᠯᠠᠭᠴᠢ - ᠪᠦᠬᠦ ᠬᠦᠮᠦᠰ ᠨᠢ ᠠᠯᠠᠨᠴᠤᠳ ᠠᠴᠠ ᠪᠦᠷᠢᠳᠦᠭᠰᠡᠨ ᠪᠠᠶᠢᠳᠠᠭ᠃

ᠪᠢᠴᠢᠭᠡᠰᠦ