ᠬᠡᠯᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠡᠯᠡ ᠭᠡᠳᠡᠭ ᠨᠢ ᠬᠦᠮᠦᠨ ᠦ ᠶᠡᠷᠦᠩᠬᠡᠢ ᠣᠶᠢᠯᠠᠭᠠᠯᠲᠠ᠂ ᠦᠵᠡᠯ ᠪᠣᠳᠣᠯ᠂ ᠤᠳᠬ᠎ᠠ ᠰᠠᠨᠠᠭ᠎ᠠ ᠵᠡᠷᠭᠡ ᠶᠢ ᠢᠯᠡᠷᠬᠡᠶᠢᠯᠡᠵᠦ ᠬᠣᠭᠣᠷᠣᠨᠳᠣ ᠪᠠᠨ ᠬᠠᠷᠤᠴᠠᠬᠤ ᠳᠤ ᠬᠡᠷᠡᠭᠯᠡᠭᠳᠡᠳᠡᠭ ᠳᠣᠬᠢᠶ᠎ᠠ ᠵᠠᠩᠭᠠᠭ᠎ᠠ᠂ ᠳᠦᠷᠢᠮ ᠵᠦᠢ᠂ ᠲᠡᠮᠳᠡᠭᠯᠡᠭᠡ᠂ ᠳᠠᠭᠤᠳᠠᠯᠭ᠎ᠠ᠂ ᠦᠭᠡ ᠵᠡᠷᠭᠡ ᠶᠢ ᠪᠦᠬᠦᠯᠢ ᠳᠦ ᠨᠢ ᠬᠠᠮᠤᠷᠤᠭᠤᠯᠤᠭᠰᠠᠨ ᠰᠢᠰᠲ᠋ᠧᠮ ᠶᠤᠮ᠃ ᠹᠧᠷᠳ᠋ᠢᠨᠠᠩ ᠳᠤ ᠳᠧ ᠰᠤᠱᠶᠷ ᠨᠢ ᠠᠩᠬᠠᠯᠠᠨ ᠬᠡᠯᠡ ᠰᠤᠳᠤᠯᠤᠯ ᠢ ᠺᠣᠳᠣᠴᠢᠯᠠᠨ ᠰᠤᠳᠤᠯᠵᠤ᠂ ᠰᠢᠨᠵᠢᠯᠡᠬᠦ ᠤᠬᠠᠭᠠᠨ ᠤ ᠲᠦᠪᠰᠢᠨ ᠳᠦ ᠠᠪᠴᠢᠷᠠᠨ ᠨᠡᠶᠢᠲᠡ ᠳᠦ ᠬᠦᠷᠭᠡᠭᠰᠡᠨ ᠪᠠᠶᠢᠨ᠎ᠠ᠃

ᠬᠦᠮᠦᠨ ᠦ ᠬᠡᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠯᠡ ᠰᠢᠨᠵᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠬᠡᠯᠡ ᠰᠢᠨᠵᠢᠯᠡᠯ

ᠬᠡᠯᠡ ᠰᠢᠨᠵᠢᠯᠡᠯ ᠨᠢ ᠬᠦᠮᠦᠨ ᠦ ᠬᠡᠯᠡ ᠶᠢ ᠰᠢᠨᠵᠢᠯᠡᠬᠦ ᠤᠬᠠᠭᠠᠨ ᠤ ᠡᠭᠦᠳᠡᠨ ᠡᠴᠡ ᠲᠠᠶᠢᠯᠪᠤᠷᠢᠯᠠᠳᠠᠭ ᠬᠦᠮᠦᠨᠯᠢᠭ ᠦᠨ ᠤᠬᠠᠭᠠᠨᠢ ᠰᠠᠯᠪᠤᠷᠢ ᠰᠢᠨᠵᠢᠯᠡᠬᠦ ᠤᠬᠠᠭᠠᠨ ᠶᠤᠮ᠃ ᠬᠦᠮᠦᠨ ᠲᠥᠷᠥᠯᠬᠢᠲᠡᠨ ᠦ ᠬᠡᠯᠡ᠂ ᠲᠡᠭᠦᠨ ᠦ ᠭᠠᠷᠤᠯ ᠡᠭᠦᠰᠦᠯ᠂ ᠮᠥᠨ ᠴᠢᠨᠠᠷ᠂ ᠡᠭᠦᠷᠭᠡ᠂ ᠲᠡᠭᠦᠨᠴᠢᠯᠡᠨ ᠳᠡᠯᠡᠬᠡᠢ ᠶᠢᠨ ᠣᠯᠠᠨ ᠬᠡᠯᠡᠨ ᠦ ᠪᠦᠲᠦᠴᠡ᠂ ᠲᠣᠭᠲᠠᠯᠴᠠᠭ᠎ᠠ᠂ ᠬᠥᠭᠵᠢᠯ᠂ ᠵᠦᠢ ᠲᠣᠭᠲᠠᠯ᠂ ᠲᠥᠷᠥᠯ᠂ ᠬᠡᠪ ᠮᠠᠶ᠋ᠢᠭ ᠢ ᠰᠤᠳᠤᠯᠳᠠᠭ ᠰᠢᠨᠵᠢᠯᠡᠬᠦ ᠤᠬᠠᠭᠠᠨ ᠢ ᠬᠡᠯᠡ ᠰᠢᠨᠵᠢᠯᠡᠯ ᠭᠡᠨ᠎ᠡ᠃

ᠬᠡᠯᠡ ᠰᠢᠨᠵᠢᠯᠡᠯ ᠦᠨ ᠤᠬᠠᠭᠠᠨ ᠨᠢ 19 ᠵᠠᠭᠤᠨ ᠤ ᠡᠬᠢᠨ ᠦᠶᠡᠰ ᠰᠢᠨᠵᠢᠯᠡᠬᠦ ᠤᠬᠠᠭᠠᠨ ᠪᠣᠯᠤᠨ ᠬᠥᠭᠵᠢᠵᠦ ᠢᠷᠡᠭᠰᠡᠨ ᠭᠡᠵᠦ ᠦᠵᠡᠵᠦ ᠪᠣᠯᠤᠨ᠎ᠠ᠃ ᠬᠡᠯᠡ ᠰᠢᠨᠵᠢᠯᠡᠯ ᠦᠨ ᠤᠬᠠᠭᠠᠨ ᠤ ᠬᠥᠭᠵᠢᠯ ᠦᠨ ᠲᠣᠶᠢᠮᠣ ᠶᠢ ᠠᠪᠴᠤ ᠦᠵᠡᠪᠡᠯ ᠬᠡᠯᠡ ᠰᠢᠨᠵᠢᠯᠡᠯ ᠦᠨ ᠰᠤᠳᠤᠯᠬᠤ ᠵᠦᠢᠯ᠂ ᠰᠤᠳᠤᠯᠭᠠᠨ ᠤ ᠠᠷᠭ᠎ᠠ᠂ ᠰᠠᠯᠪᠤᠷᠢ ᠤᠬᠠᠭᠠᠨ ᠵᠡᠷᠭᠡ ᠶᠢ ᠲᠣᠭᠲᠠᠭᠠᠬᠤ ᠳᠤ ᠴᠢᠭᠯᠡᠭᠳᠡᠵᠦ ᠪᠠᠶᠢᠪᠠ᠃ ᠬᠡᠯᠡᠨ ᠦ ᠲᠤᠬᠠᠢ ᠰᠢᠨᠵᠢᠯᠡᠬᠦ ᠤᠬᠠᠭᠠᠨ ᠢ ᠬᠡᠯᠡ ᠰᠢᠨᠵᠢᠯᠡᠯ ᠭᠡᠳᠡᠭ᠃ ᠬᠦᠮᠦᠰ ᠥᠪᠡᠷ ᠬᠣᠭᠣᠷᠣᠨᠳᠣ ᠪᠠᠨ ᠬᠠᠷᠢᠯᠴᠠᠵᠤ᠂ ᠰᠠᠨᠠᠯ ᠢᠶᠠᠨ ᠰᠣᠯᠢᠯᠴᠠᠵᠤ᠂ ᠤᠯᠠᠮ ᠢᠶᠠᠷ ᠨᠡᠶᠢᠭᠡᠮ ᠢᠶᠡᠨ ᠬᠥᠭᠵᠢᠭᠦᠯᠵᠦ᠂ ᠤᠷᠤᠭᠰᠢᠭᠤᠯᠵᠤ ᠪᠠᠶᠢᠳᠠᠭ ᠮᠠᠰᠢ ᠴᠢᠬᠤᠯᠠ ᠬᠡᠷᠡᠭᠯᠡᠭᠦᠷ ᠪᠣᠯᠬᠤ ᠬᠡᠯᠡᠨ ᠦ ᠡᠭᠦᠰᠦᠨ ᠬᠥᠭᠵᠢᠵᠦ ᠢᠷᠡᠭᠰᠡᠨ ᠲᠡᠦᠬᠡᠨ ᠵᠦᠢ ᠲᠣᠭᠲᠠᠯ᠂ ᠮᠥᠨ ᠴᠢᠨᠠᠷ ᠬᠢᠭᠡᠳ ᠬᠥᠭᠵᠢᠯ ᠦᠨ ᠢᠷᠡᠭᠡᠳᠦᠢ ᠶᠢᠨ ᠲᠥᠯᠥᠪ ᠢ ᠬᠡᠯᠡ ᠰᠢᠨᠵᠢᠯᠡᠯ ᠰᠤᠳᠤᠯᠳᠠᠭ᠃

ᠬᠡᠯᠡ ᠰᠢᠨᠵᠢᠯᠡᠯ ᠢ ᠭᠤᠷᠪᠠᠨ ᠦᠨᠳᠦᠰᠦᠨ ᠬᠡᠰᠡᠭ ᠲᠦ ᠪᠣᠯᠭᠠᠨ ᠦᠵᠡᠳᠡᠭ᠃

  1. ᠬᠡᠯᠡ ᠰᠢᠨᠵᠢᠯᠡᠯ ᠦᠨ ᠤᠳᠤᠷᠢᠳᠬᠠᠯ
  2. ᠬᠡᠯᠡ ᠰᠢᠨᠵᠢᠯᠡᠯ ᠦᠨ ᠲᠡᠦᠬᠡ
  3. ᠶᠡᠷᠦᠩᠬᠡᠢ ᠬᠡᠯᠡ ᠰᠢᠨᠵᠢᠯᠡᠯ ᠡᠳᠡᠭᠡᠷ ᠪᠣᠯᠤᠨ᠎ᠠ᠃

ᠬᠡᠯᠡ ᠰᠢᠨᠵᠢᠯᠡᠯ ᠦᠨ ᠤᠳᠤᠷᠢᠳᠬᠠᠯ ᠤᠨ ᠵᠣᠷᠢᠯᠭ᠎ᠠ ᠨᠢ ᠶᠡᠷᠦᠩᠬᠡᠢ ᠬᠡᠯᠡ ᠰᠢᠨᠵᠢᠯᠡᠯ ᠦᠨ ᠦᠨᠳᠦᠰᠦᠨ ᠠᠰᠠᠭᠤᠳᠠᠯ ᠤᠳ᠂ ᠬᠡᠯᠡ ᠰᠢᠨᠵᠢᠯᠡᠯ ᠦᠨ ᠭᠣᠣᠯ ᠣᠶᠢᠯᠠᠭᠠᠯᠲᠠ᠂ ᠰᠢᠨᠵᠢᠯᠡᠭᠡᠨ ᠦ ᠠᠷᠭ᠎ᠠ ᠪᠣᠯᠤᠨ ᠨᠡᠷ᠎ᠡ ᠲᠣᠮᠢᠶ᠎ᠠ ᠵᠡᠷᠭᠡ ᠶᠢ ᠰᠤᠳᠤᠯᠳᠠᠭ᠃ ᠬᠡᠯᠡ ᠰᠢᠨᠵᠢᠯᠡᠯ ᠦᠨ ᠲᠡᠦᠬᠡ ᠶᠢᠨ ᠵᠣᠷᠢᠯᠭ᠎ᠠ ᠨᠢ ᠬᠡᠯᠡᠨ ᠦ ᠲᠤᠬᠠᠢ ᠰᠤᠷᠭᠠᠯ ᠤᠨ ᠲᠡᠦᠬᠡᠨ ᠳᠦ ᠪᠠᠶᠢᠭᠰᠠᠨ ᠡᠷᠳᠡᠮ ᠰᠢᠨᠵᠢᠯᠡᠭᠡᠨ ᠦ ᠣᠯᠠᠨ ᠳᠡᠭ᠂ ᠴᠢᠭᠯᠡᠯ᠂ ᠳᠡᠯᠡᠬᠡᠢ ᠳᠠᠬᠢᠨ ᠤ ᠨᠡᠷᠡᠲᠦ ᠬᠡᠯᠡᠨ ᠦ ᠰᠢᠨᠵᠢᠯᠡᠯᠲᠡᠨ ᠨᠠᠷ ᠤᠨ ᠪᠦᠲᠦᠭᠡᠯ᠂ ᠣᠷᠴᠢᠨ ᠦᠶ᠎ᠡ ᠶᠢᠨ ᠬᠡᠯᠡ ᠰᠢᠨᠵᠢᠯᠡᠯ ᠳᠦ ᠲᠡᠳᠡᠨ ᠦ ᠡᠵᠡᠯᠡᠬᠦ ᠪᠠᠶᠢᠷᠢ ᠵᠡᠷᠭᠡ ᠶᠢ ᠠᠪᠴᠤ ᠦᠵᠡᠳᠡᠭ᠃ ᠶᠡᠷᠦᠩᠬᠡᠢ ᠬᠡᠯᠡ ᠰᠢᠨᠵᠢᠯᠡᠯ ᠦᠨ ᠵᠣᠷᠢᠯᠭ᠎ᠠ ᠨᠢ ᠣᠷᠴᠢᠨ ᠦᠶ᠎ᠡ ᠶᠢᠨ ᠳᠡᠯᠡᠬᠡᠢ ᠳᠠᠬᠢᠨ ᠤ ᠬᠡᠯᠡ ᠰᠢᠨᠵᠢᠯᠡᠯ ᠦᠨ ᠭᠣᠣᠯ ᠠᠰᠠᠭᠤᠳᠠᠯ ᠤᠳ ᠲᠠᠢ ᠲᠠᠨᠢᠯᠴᠠᠭᠤᠯᠬᠤ ᠳᠤ ᠣᠷᠣᠰᠢᠳᠠᠭ᠃

ᠠᠩᠬᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠯᠡ ᠶᠢ ᠰᠤᠳᠤᠯᠳᠠᠭ ᠰᠢᠨᠵᠢᠯᠡᠬᠦ ᠤᠬᠠᠭᠠᠨ ᠪᠤᠢ ᠪᠣᠯᠤᠭᠰᠠᠨ ᠠᠴᠠ ᠬᠣᠶᠢᠰᠢ ᠣᠯᠠᠨ ᠣᠯᠠᠨ ᠦᠵᠡᠯ ᠪᠠᠷᠢᠮᠲᠠᠯᠠᠯ ᠪᠤᠢ ᠪᠣᠯᠤᠨ ᠨᠠᠷᠢᠰᠤᠨ ᠬᠥᠭᠵᠢᠭᠰᠡᠭᠡᠷ ᠢᠷᠡᠭᠰᠡᠨ ᠪᠥᠭᠡᠳ ᠲᠤᠬᠠᠶᠢᠯᠠᠪᠠᠯ ᠬᠡᠯᠡ ᠰᠢᠨᠵᠢᠯᠡᠯ ᠣᠷᠴᠢᠨ ᠦᠶ᠎ᠡ ᠳᠦ ᠳᠠᠷᠠᠭᠠᠬᠢ ᠭᠤᠷᠪᠠᠨ ᠴᠢᠭᠯᠡᠯ ᠢᠶᠡᠷ ᠬᠥᠭᠵᠢᠵᠦ ᠪᠠᠶᠢᠨ᠎ᠠ:

ᠣᠨᠣᠯ ᠤᠨ ᠬᠡᠯᠡ ᠰᠢᠨᠵᠢᠯᠡᠯ (Theoretical linguistics)
  • ᠲᠠᠨᠢᠬᠤᠢ ᠶᠢᠨ ᠬᠡᠯᠡ ᠰᠢᠨᠵᠢᠯᠡᠯ (Cognitive linguistics)
  • ᠡᠭᠦᠰᠬᠡᠭᠦᠷ ᠬᠡᠯᠡ ᠰᠢᠨᠵᠢᠯᠡᠯ (Generative linguistics)
  • ᠠᠪᠢᠶᠠᠯᠠᠪᠤᠷᠢ ᠵᠦᠢ (Phonology)
  • ᠦᠭᠡ ᠵᠦᠢ (Morphology)
  • ᠥᠭᠦᠯᠡᠪᠦᠷᠢ ᠵᠦᠢ (Syntax)
  • ᠦᠭᠡ ᠶᠢᠨ ᠰᠠᠩ ᠰᠤᠳᠤᠯᠤᠯ (Lexicology)
  • ᠤᠳᠬ᠎ᠠ ᠵᠦᠢ (Semantics)
  • ᠪᠣᠳᠠᠲᠤ ᠬᠡᠯᠡ ᠰᠢᠨᠵᠢᠯᠡᠯ (Pragmatics)
ᠲᠣᠳᠣᠷᠬᠠᠶᠢᠯᠠᠬᠤ ᠬᠡᠯᠡ ᠰᠢᠨᠵᠢᠯᠡᠯ (Descriptive linguistics)
  • ᠬᠦᠮᠦᠨ ᠰᠤᠳᠤᠯᠤᠯ ᠤᠨ ᠬᠡᠯᠡ ᠰᠢᠨᠵᠢᠯᠡᠯ (Anthropological linguistics)
  • ᠬᠠᠷᠢᠴᠠᠭᠤᠯᠤᠭᠰᠠᠨ ᠬᠡᠯᠡ ᠰᠢᠨᠵᠢᠯᠡᠯ (Comparative linguistics)
  • ᠦᠭᠡ ᠶᠢᠨ ᠭᠠᠷᠤᠯ ᠰᠤᠳᠤᠯᠤᠯ (Etymology)
  • ᠲᠡᠦᠬᠡᠨ ᠬᠡᠯᠡ ᠰᠢᠨᠵᠢᠯᠡᠯ (Historical linguistics)
  • ᠠᠪᠢᠶ᠎ᠠ ᠵᠦᠢ (Phonetics)
  • ᠨᠡᠶᠢᠭᠡᠮ ᠬᠡᠯᠡ ᠰᠢᠨᠵᠢᠯᠡᠯ (Sociolinguistics)
ᠬᠠᠪᠰᠠᠷᠭ᠎ᠠ ᠬᠡᠯᠡ ᠰᠢᠨᠵᠢᠯᠡᠯ (Applied linguistics)
  • ᠺᠣᠮᠫᠢᠶᠦ᠋ᠲ᠋ᠧᠷ ᠬᠡᠯᠡ ᠰᠢᠨᠵᠢᠯᠡᠯ (Computational linguistics)
  • ᠰᠢᠭᠦᠬᠦ ᠡᠮᠨᠡᠯᠭᠡ ᠶᠢᠨ ᠬᠡᠯᠡ ᠰᠢᠨᠵᠢᠯᠡᠯ (Forensic linguistics)
  • ᠬᠡᠯᠡ ᠡᠵᠡᠮᠰᠢᠬᠦᠢ (Language acquisition)
  • ᠬᠡᠯᠡᠨ ᠦ ᠦᠨᠡᠯᠡᠭᠡ (Language assessment)
  • ᠬᠡᠯᠡᠨ ᠦ ᠬᠥᠭᠵᠢᠯ (Language development)
  • ᠬᠡᠯᠡᠨ ᠦ ᠪᠣᠯᠪᠠᠰᠤᠷᠠᠯ (Language education)
  • ᠬᠡᠯᠡ ᠰᠢᠨᠵᠢᠯᠡᠯ ᠦᠨ ᠬᠦᠮᠦᠨ ᠰᠤᠳᠤᠯᠤᠯ (Linguistic anthropology)
  • ᠮᠡᠳᠡᠷᠡᠯ ᠬᠡᠯᠡ ᠰᠢᠨᠵᠢᠯᠡᠯ (Neurolinguistics)
  • ᠰᠡᠳᠬᠢᠴᠡ ᠬᠡᠯᠡ ᠰᠢᠨᠵᠢᠯᠡᠯ (Psycholinguistics)
  • ᠨᠠᠶᠢᠷᠠᠭᠤᠯᠭ᠎ᠠ ᠵᠦᠢ (Stylistics) [Linguistics]

ᠬᠡᠯᠡᠨ ᠦ ᠠᠩᠬᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠬᠡᠯᠡᠨ ᠦ ᠠᠶᠢᠮᠠᠭ ᠪᠠ ᠬᠡᠯᠡᠨ ᠨᠦᠭᠦᠳ

ᠳᠡᠯᠡᠬᠡᠢ ᠳᠡᠭᠡᠷᠡᠬᠢ ᠬᠡᠯᠡᠨ ᠨᠦᠭᠦᠳ ᠢ ᠲᠥᠰᠲᠡᠢ ᠪᠠᠶᠢᠳᠠᠯ ᠢᠶᠠᠷ ᠨᠢ ᠬᠡᠳᠦ ᠬᠡᠳᠦᠨ ᠪᠦᠯᠦᠭ ᠲᠦ ᠠᠩᠭᠢᠯᠠᠳᠠᠭ᠃ ᠲᠣᠮᠣᠬᠠᠨ ᠠᠴᠠ ᠨᠢ ᠳᠤᠷᠠᠳᠪᠠᠯ᠂ ᠡᠨᠡᠳᠬᠡᠭ-ᠧᠦ᠋ᠷᠣᠫᠠ ᠬᠡᠯᠡᠨ ᠨᠦᠭᠦᠳᠠᠹᠷᠣ-ᠠᠽᠢᠶ᠎ᠠ ᠬᠡᠯᠡᠨ ᠨᠦᠭᠦᠳᠬᠢᠲᠠᠳ-ᠲᠥᠪᠡᠳ ᠬᠡᠯᠡᠨ ᠨᠦᠭᠦᠳᠹᠢᠨ᠎ᠠ-ᠤᠶᠢᠭᠤᠷ ᠬᠡᠯᠡᠠᠦᠢᠰᠲ᠋ᠷᠯᠢᠶ᠎ᠠ-ᠠᠽᠢᠶ᠎ᠠ ᠬᠡᠯᠡ ᠪᠣᠯᠤᠨ᠎ᠠ᠃ ᠮᠣᠩᠭᠣᠯ ᠬᠡᠯᠡ ᠨᠢ ᠠᠯᠲᠠᠢ ᠬᠡᠯᠡᠨ ᠦ ᠢᠵᠠᠭᠤᠷ ᠲᠤ ᠪᠠᠭᠲᠠᠳᠠᠭ᠃

ᠵᠣᠬᠢᠶᠠᠮᠠᠯ ᠬᠡᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠵᠣᠬᠢᠶᠠᠮᠠᠯ ᠬᠡᠯᠡᠨ ᠨᠦᠭᠦᠳ

ᠳᠡᠯᠡᠬᠡᠢ ᠶᠢᠨ ᠨᠡᠶᠢᠲᠡ ᠪᠡᠷ ᠴᠢᠯᠦᠭᠡᠲᠡᠢ ᠰᠠᠭᠠᠳ ᠦᠭᠡᠢ ᠬᠡᠯᠡᠯᠴᠡᠬᠦ᠂ ᠡᠩᠬᠡ ᠲᠠᠶᠢᠪᠤᠩ ᠤᠨ ᠵᠣᠷᠢᠯᠭ᠎ᠠ ᠪᠠᠷ ᠬᠣᠶᠠᠷ ᠵᠣᠬᠢᠶᠠᠮᠠᠯ ᠬᠡᠯᠡ ᠶᠢ ᠵᠣᠬᠢᠶᠠᠭᠰᠠᠨ ᠪᠣᠯᠪᠠᠴᠤ ᠲᠡᠳᠦᠶᠢᠯᠡᠨ ᠠᠮᠵᠢᠯᠲᠠ ᠣᠯᠤᠭ᠎ᠠ ᠦᠭᠡᠢ᠃ ᠡᠭᠦᠨ ᠳᠦ ᠸᠣᠯᠠᠫᠦᠺ ᠪᠣᠯᠤᠨ ᠡᠰᠫᠧᠷᠠᠨᠲ᠋ᠣ ᠭᠡᠰᠡᠨ 2 ᠬᠡᠯᠡ ᠪᠠᠭᠲᠠᠳᠠᠭ᠃ ᠸᠣᠯᠠᠫᠦᠺ ᠬᠡᠯᠡ ᠲᠡᠳᠦᠶᠢᠯᠡᠨ ᠨᠡᠶᠢᠲᠡ ᠶᠢᠨ ᠬᠡᠷᠡᠭᠯᠡᠭᠡᠨ ᠳᠦ ᠬᠡᠷᠡᠭᠯᠡᠭᠳᠡᠵᠦ ᠴᠢᠳᠠᠭ᠎ᠠ ᠦᠭᠡᠢ᠂ ᠡᠰᠫᠧᠷᠠᠨᠲ᠋ᠣ ᠬᠡᠯᠡ ᠨᠢ ᠲᠤᠰᠯᠠᠬᠤ ᠬᠡᠯᠡᠨ ᠦ ᠡᠭᠦᠷᠭᠡ ᠶᠢ ᠣᠳᠣ ᠴᠤ ᠭᠦᠢᠴᠡᠳᠭᠡᠵᠦ ᠪᠠᠶᠢᠨ᠎ᠠ᠃

ᠠᠮᠢᠲᠠᠨ ᠤ ᠬᠡᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠠᠮᠢᠲᠠᠨ ᠤ ᠬᠡᠯᠡ

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Language
http://wiki.uhaan.com/index.php?title=ᠬᠡᠯᠡ&oldid=476013》 ᠍  ᠡᠴᠡ ᠠᠪᠤᠭᠰᠠᠨ

ᠪᠢᠴᠢᠭᠡᠰᠦ