ᠬᠠ ᠯᠣᠨ ᠪᠤᠯᠤᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠ ᠯᠣᠨ ᠪᠤᠯᠤᠨ*
United Nations Educational Scientific and Cultural Organization ᠍ ᠶᠢᠨ ᠳᠡᠯᠡᠬᠡᠢ ᠶᠢᠨ ᠥᠪ

Halong ensemble (colour corrected).jpg
ᠬᠠ ᠯᠣᠨ ᠪᠤᠯᠤᠨ
ᠲᠥᠷᠥᠯ ᠰᠤᠶᠤᠯ ᠤᠨ
ᠰᠢᠯᠭᠠᠭᠤᠷ vi, vii
ᠳ᠋ᠤᠭᠠᠷ 672
ᠪᠥᠰᠡ** ᠠᠽᠢᠶ᠎ᠠ᠂ ᠠᠦᠢᠰᠲ᠋ᠷᠯᠢᠶ᠎ᠠ ᠪᠠ ᠳᠠᠯᠠᠢ ᠶᠢᠨ ᠣᠷᠣᠨ ᠨᠤᠭᠤᠳ ᠳᠠᠬᠢ ᠳᠡᠯᠡᠬᠡᠢ ᠶᠢᠨ ᠥᠪ ᠦᠳ
ᠪᠦᠷᠢᠳᠬᠡᠭᠰᠡᠨ ᠲᠡᠦᠬᠡ
ᠪᠦᠷᠢᠳᠬᠡᠭᠰᠡᠨ 1994  (18 ᠍ ᠳᠦᠭᠡᠷ ᠴᠢᠭᠤᠯᠭᠠᠨ)
ᠰᠤᠩᠭᠠᠯᠲᠠ 2000
* ᠨᠡᠷ᠎ᠡ ᠨᠢ ᠳᠡᠯᠡᠬᠡᠢ ᠶᠢᠨ ᠥᠪ ᠦᠨ ᠵᠢᠭ᠌ᠰᠠᠭᠠᠯᠳᠠ ᠳᠤ ᠪᠦᠷᠢᠳᠬᠡᠭᠳᠡᠭᠰᠡᠨ ᠦ ᠳᠠᠭᠠᠤ᠃
** ᠪᠥᠰᠡ ᠨᠢ United Nations Educational Scientific and Cultural Organization ᠍ ᠦᠨ ᠲᠣᠭᠲᠠᠭᠠᠭᠰᠠᠨ ᠤ ᠳᠠᠭᠠᠤ᠃

ᠬᠠ ᠯᠣᠨ ᠪᠤᠯᠤᠨ (ᠦᠭᠡᠴᠢᠯᠡᠪᠡᠯ: ᠤᠨᠵᠢᠵᠤ ᠪᠤᠢ ᠯᠤᠤᠲᠤ ᠪᠤᠯᠤᠨ; ᠸᠢᠶᠧᠲ᠋ᠨᠠᠮ ᠬᠡᠯᠡ: Vịnh Hạ Long) ᠨᠢ ᠸᠢᠶᠧᠲ᠋ᠨᠠᠮ ᠍ ᠤᠨ ᠺᠦ᠋ᠠᠨ ᠨᠢᠨᠢ ᠮᠤᠵᠢ ᠳᠤ ᠣᠷᠣᠰᠢᠳᠠᠭ ᠪᠥᠭᠡᠳ United Nations Educational Scientific and Cultural Organization ᠍ ᠶᠢᠨ ᠳᠡᠯᠡᠬᠡᠢ ᠶᠢᠨ ᠥᠪᠡᠭᠦᠳᠡ ᠶᠢᠨ ᠨᠢᠭᠡ ᠶᠠᠭᠤᠮ᠎ᠠ᠃ ᠤᠭ ᠪᠤᠯᠤᠨ ᠳᠤ ᠣᠯᠠᠨ ᠶᠠᠩᠵᠤ ᠶᠢᠨ ᠬᠡᠯᠪᠡᠷᠢ ᠳᠦᠷᠰᠦ ᠬᠡᠮᠵᠢᠶ᠎ᠡ ᠲᠡᠢ ᠮᠢᠩᠭ᠎ᠠ ᠭᠠᠷᠤᠢ ᠱᠣᠬᠣᠢᠨ ᠴᠢᠯᠠᠭᠤᠨ ᠠᠪᠤᠷᠭᠤ ᠴᠣᠬᠢᠶᠠᠨ ᠨᠤᠭᠤᠳ ᠪᠠᠶᠢᠳᠠᠭ᠃ ᠬᠠ ᠯᠣᠨ ᠨᠢ ᠵᠡᠭᠦᠨ ᠬᠣᠶᠢᠳᠤ ᠸᠢᠶᠧᠲ᠋ᠨᠠᠮ ᠤᠨ ᠪᠤᠯᠤᠨ ᠪᠥᠭᠡᠳ ᠵᠡᠭᠦᠨ᠂ ᠵᠡᠭᠦᠨ ᠡᠮᠦᠨᠡᠲᠦ ᠲᠠᠯ᠎ᠠ ᠪᠠᠷ ᠢᠶᠠᠨ ᠲᠣᠩᠬᠢᠨ ᠤ ᠪᠤᠯᠤᠨ᠂ ᠤᠮᠠᠷᠠᠳᠤ ᠲᠠᠯ᠎ᠠ ᠪᠠᠷ ᠢᠶᠠᠨ ᠬᠢᠲᠠᠳ ᠤᠯᠤᠰ᠂ ᠪᠠᠷᠠᠭᠤᠨ ᠪᠣᠯᠤᠨ ᠪᠠᠷᠠᠭᠤᠨ ᠡᠮᠦᠨᠡᠲᠦ ᠲᠠᠯ᠎ᠠ ᠪᠠᠷ ᠢᠶᠠᠨ ᠺᠠᠲ ᠪᠠ ᠠᠷᠠᠯ ᠢᠶᠠᠷ ᠬᠦᠷᠢᠶᠡᠯᠡᠭᠳᠡᠭᠰᠡᠨ ᠪᠠᠶᠢᠳᠠᠭ᠃ 500 ᠰᠠᠶ᠎ᠠ ᠵᠢᠯ ᠦᠨ ᠡᠮᠦᠨ᠎ᠡ ᠡᠨᠡ ᠬᠡᠯᠪᠡᠷᠢ ᠪᠡᠨ ᠣᠯᠤᠭᠰᠠᠨ ᠬᠠ ᠯᠣᠨ ᠪᠤᠯᠤᠩ ᠤᠨ ᠡᠷᠭᠢ ᠶᠢᠨ ᠨᠡᠶᠢᠲᠡ ᠤᠷᠲᠤ ᠨᠢ 120 ᠺᠢᠯᠣᠮᠧᠲ᠋ᠷ᠂ ᠣᠶᠢᠷᠠᠯᠴᠠᠭ᠎ᠠ ᠪᠠᠷ 1553 ᠺᠢᠯᠣᠮᠧᠲ᠋ᠷ 2 ᠤᠰᠤᠨ ᠭᠠᠳᠠᠷᠭᠤ ᠲᠠᠢ᠂ 1969 ᠵᠢᠵᠢᠭ ᠠᠷᠠᠯ ᠲᠠᠢ᠃ ᠤᠭ ᠪᠥᠰᠡ ᠶᠢᠨ 434 ᠺᠦᠸᠠᠳ᠋ ᠺᠢᠯᠣᠮᠧᠲ᠋ᠷ ᠲᠠᠯᠠᠪᠠᠢ᠂ 775 ᠵᠢᠵᠢᠭ ᠠᠷᠠᠯ ᠢ ᠣᠷᠣᠭᠤᠯᠤᠨ ᠳᠡᠯᠡᠬᠡᠢ ᠶᠢᠨ ᠥᠪ ᠲᠦ ᠪᠦᠷᠢᠳᠬᠡᠵᠡᠢ᠃ ᠪᠤᠯᠤᠩ ᠤᠨ ᠠᠷᠠᠯ ᠤᠳ ᠤᠨ ᠬᠤᠪᠢ ᠳᠤ ᠬᠣᠶᠠᠷ ᠤᠯᠠᠷᠢᠯᠲᠠᠢ᠃ ᠬᠠᠯᠠᠭᠤᠨ ᠪᠥᠭᠡᠳ ᠴᠢᠭᠢᠭᠯᠢᠭ ᠵᠤᠨ᠂ ᠬᠠᠭᠤᠷᠠᠢ ᠪᠥᠭᠡᠳ ᠬᠦᠢᠲᠡᠨ ᠡᠪᠦᠯ. ᠤᠭ ᠪᠤᠯᠤᠨ ᠳᠤ 16000 ᠮᠢᠩᠭᠠᠨ ᠵᠢᠯ ᠦᠨ ᠡᠮᠦᠨ᠎ᠡ ᠡᠴᠡ ᠬᠦᠮᠦᠨ ᠠᠮᠢᠳᠤᠷᠠᠵᠤ ᠢᠷᠡᠭᠰᠡᠨ ᠤᠯᠠ ᠮᠥᠷ ᠦᠯᠡᠳᠡᠳᠡᠭ᠃ ᠬᠠ ᠯᠣᠨ ᠪᠤᠯᠤᠨ ᠳᠤ ᠸᠢᠶᠧᠲ᠋ᠨᠠᠮᠴᠢ ᠨᠤᠭᠤᠳ ᠬᠠᠷᠢ ᠶᠢᠨ ᠳᠠᠶᠢᠰᠤᠨ ᠨᠤᠭᠤᠳ ᠤᠨ ᠡᠰᠡᠷᠬᠦ ᠣᠯᠠᠨ ᠲᠣᠭᠠᠨ ᠤ ᠲᠤᠯᠤᠯᠳᠤᠭᠠᠨ ᠨᠤᠭᠤᠳ ᠢ ᠬᠢᠵᠦ ᠪᠠᠶᠢᠪᠠ᠃ ᠪᠠᠺ ᠳᠠᠩ ᠭᠣᠣᠯ ᠤᠨ ᠣᠶᠢᠷᠠᠯᠴᠠᠭᠠᠬᠢ ᠭᠤᠷᠪᠠᠨ ᠵᠢᠵᠢᠭ ᠠᠷᠠᠯ ᠳᠡᠭᠡᠷ᠎ᠡ ᠬᠣᠷᠢᠭᠯᠠᠭᠰᠠᠨ ᠸᠢᠶᠧᠲ᠋ᠨᠠᠮᠴᠢ ᠨᠤᠭᠤᠳ ᠡᠬᠡ ᠭᠠᠵᠠᠷ ᠠᠴᠠ ᠳᠣᠪᠲᠣᠯᠤᠭᠰᠠᠨ ᠬᠢᠲᠠᠳ ᠤᠨ ᠶᠡᠬᠡ ᠴᠡᠷᠢᠭ ᠦᠨ ᠭᠤᠷᠪᠠᠨ ᠤᠳᠠᠭ᠎ᠠ ᠶᠢᠨ ᠬᠠᠯᠳᠠᠯᠭ᠎ᠠ ᠶᠢ ᠪᠤᠲᠠ ᠴᠣᠬᠢᠵᠤ ᠪᠠᠶᠢᠪᠠ᠃ 1288 ᠣᠨ ᠳᠤ ᠸᠢᠶᠧᠲ᠋ᠨᠠᠮ ᠤᠨ ᠠᠯᠳᠠᠷᠲᠤ ᠵᠠᠩᠵᠤᠨ ᠲᠠᠷᠠᠨ ᠬᠤᠨ ᠳᠠᠣᠭᠡᠶᠢᠨ ᠤᠳᠤᠷᠢᠳᠤᠭᠰᠠᠨ ᠸᠢᠶᠧᠲ᠋ᠨᠠᠮ ᠤᠨ ᠬᠤᠶᠠᠭᠯᠠᠭᠰᠠᠨ ᠵᠠᠪᠢᠨ ᠨᠤᠭᠤᠳ ᠪᠠᠺ ᠳᠠᠩ ᠭᠣᠣᠯ ᠤᠨ ᠠᠳᠠᠭ ᠲᠤ ᠮᠣᠩᠭᠣᠯ ᠍ ᠤᠨ ᠳᠤᠪᠠᠬᠠᠢ ᠬᠠᠨ ᠤ ᠹᠯᠣᠲ ᠢ ᠪᠦᠷᠢᠨ ᠵᠢᠪᠡᠭᠦᠯᠵᠦ ᠪᠠᠶᠢᠪᠠ᠃ ᠸᠢᠶᠧᠲ᠋ᠨᠠᠮ ᠤᠨ ᠳᠠᠶᠢᠨᠢ ᠦᠶ᠎ᠡ ᠳᠦ ᠤᠭ ᠪᠤᠯᠤᠨ ᠳᠤ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠠᠷᠮᠢ ᠶᠢᠨ ᠲᠠᠯᠪᠢᠭᠰᠠᠨ ᠣᠯᠠᠨ ᠲᠣᠭᠠᠨ ᠤ ᠮᠢᠩ ᠦᠳ ᠥᠨᠥᠳᠥᠷ ᠴᠤ ᠵᠠᠪᠢ ᠨᠤᠭᠤᠳ ᠲᠤ ᠠᠶᠤᠯ ᠲᠠᠷᠢᠭᠰᠠᠭᠠᠷ ᠪᠠᠶᠢᠨ᠎ᠠ᠃

ᠬᠠ ᠯᠣᠩ ᠤᠨ ᠳᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠯᠠᠨ ᠵᠢᠯ ᠦᠨ ᠡᠮᠦᠨ᠎ᠡ ᠸᠢᠶᠧᠲ᠋ᠨᠠᠮᠴᠢ ᠨᠤᠭᠤᠳ ᠬᠢᠲᠠᠳ ᠤᠨ ᠬᠠᠯᠠᠳᠠᠨ ᠲᠦᠷᠢᠮᠡᠭᠡᠶᠢᠯᠡᠭᠴᠢᠳ ᠲᠡᠢ ᠲᠤᠯᠤᠯᠳᠤᠵᠤ ᠪᠠᠶᠢᠬᠤ ᠦᠶ᠎ᠡ ᠳᠦ ᠪᠤᠷᠬᠠᠳ ᠯᠤᠤᠭᠡᠶᠢᠨ ᠭᠡᠷ ᠪᠦᠯᠢ ᠶᠢ ᠡᠬᠡ ᠣᠷᠣᠨ ᠢᠶᠠᠨ ᠬᠠᠮᠠᠭᠠᠯᠠᠬᠤ ᠳᠤ ᠨᠢ ᠲᠤᠰᠯᠠᠭᠤᠯᠬᠤ ᠪᠠᠷ ᠢᠯᠡᠭᠡᠵᠢ ᠪᠡᠨ᠃ ᠯᠤᠤ ᠶᠢᠨ ᠭᠡᠷ ᠪᠦᠯᠢ ᠶᠢᠨ ᠬᠢᠨ ᠡᠷᠳᠡᠨᠢᠰ ᠦᠨ ᠴᠢᠯᠠᠭᠤ᠂ ᠬᠠᠰ ᠪᠣᠯᠤᠨ ᠬᠤᠪᠢᠷᠠᠵᠤ᠂ ᠤᠭ ᠪᠤᠯᠤᠨ ᠳᠤ ᠡᠷᠳᠡᠨᠢᠰ ᠦᠨ ᠴᠢᠯᠠᠭᠤᠨ ᠬᠠᠨᠠᠨ ᠬᠡᠷᠡᠮ ᠪᠣᠯᠵᠠᠢ᠃ ᠸᠢᠶᠧᠲ᠋ᠨᠠᠮ ᠤᠯᠤᠰ ᠡᠨᠡ ᠴᠠᠭ ᠠᠴᠠ ᠬᠣᠶᠢᠰᠢ ᠡᠬᠡ ᠣᠷᠣᠨ ᠳᠤ ᠪᠠᠨ ᠠᠮᠤᠷ ᠲᠠᠶᠢᠪᠤᠩ ᠠᠮᠢᠳᠤᠷᠠᠬᠤ ᠪᠣᠯᠤᠭᠰᠠᠨ ᠭᠡᠳᠡᠭ᠃ ᠳᠣᠮᠣᠭ ᠲᠤ ᠯᠤᠤᠨ ᠨᠤᠭᠤᠳ ᠤᠨ ᠪᠠᠭᠤᠵᠤ ᠢᠷᠡᠭᠰᠡᠨ ᠪᠤᠯᠤᠨ ᠢ ᠬᠠ ᠯᠣᠨ ᠭᠡᠵᠦ ᠨᠡᠷᠡᠯᠡᠬᠦ ᠪᠣᠯᠵᠠᠢ᠃

ᠭᠠᠯᠧᠷᠧᠢ[ᠵᠠᠰᠠᠪᠤᠷᠢᠯᠠᠬᠤ | ᠺᠣᠳ᠋ ᠢᠶᠠᠷ ᠵᠠᠰᠠᠬᠣ]

External links[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠬᠠ ᠯᠣᠨ ᠪᠤᠯᠤᠨ»

ᠪᠢᠴᠢᠭᠡᠰᠦ