ᠬᠠᠺᠢᠮ ᠣᠯᠵᠢᠶᠦ᠋ᠪᠤᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠠᠺᠢᠮ ᠠᠪᠳᠤᠯ ᠣᠯᠵᠢᠶᠦ᠋ᠪᠤᠨ (ᠠᠩᠭᠯᠢ ᠪᠠᠷ Hakeem Abdul Olajuwon, 1963 ᠣᠨ ᠤ ᠨᠢᠭᠡᠳᠦᠭᠡᠷ ᠰᠠᠷ᠎ᠠ ᠶᠢᠨ 21 ᠍ ᠳᠤ ᠨᠢᠭᠧᠷᠢᠢ ᠠ ᠤᠯᠤᠰ ᠍ ᠤᠨ ᠯᠠᠭᠣᠰ ᠬᠣᠲᠠᠣᠳᠣ ᠲᠦᠷᠦᠭᠰᠡᠨ) — ᠨᠢᠭᠧᠷᠢᠢ ᠠ ᠭᠠᠷᠤᠯᠲᠠᠢ ᠠᠮᠧᠷᠢᠺᠠ ᠶᠢᠨ ᠵᠣᠳᠣᠭ ᠲᠠᠶᠢᠯᠤᠭᠰᠠᠨ ᠮᠡᠷᠭᠡᠵᠢᠯ ᠦᠨ ᠰᠠᠭᠰᠤᠨ ᠪᠥᠮᠪᠥᠭᠡᠴᠢᠨ᠂ ᠪᠦᠬᠦ ᠴᠠᠭ ᠦᠶ᠎ᠡ ᠶᠢᠨ ᠬᠠᠮᠤᠭ ᠤᠨ ᠰᠢᠯᠢᠳᠡᠭ ᠲᠥᠪ ᠦᠨ ᠲᠣᠭᠯᠠᠭᠴᠢ ᠶᠤᠮ᠃[1][2]

ᠵᠠᠮᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠶᠤᠶᠢᠰᠲ᠋ᠣᠨ ᠤ ᠶᠡᠬᠡ ᠰᠤᠷᠭᠠᠭᠤᠯᠢ ᠶᠢᠨ ᠰᠠᠮᠪᠠᠷ᠎ᠠ᠂ 1994 ᠣᠨ᠃

ᠲᠡᠷᠡ ᠪᠡᠷ ᠦᠨᠳᠦᠰᠦᠨ ᠦ ᠰᠠᠭᠰᠤᠨ ᠪᠥᠮᠪᠥᠭᠡ ᠶᠢᠨ ᠬᠣᠯᠪᠣᠭ᠎ᠠᠨ ᠤ ᠬᠦᠶᠤᠶᠢᠰᠲ᠋ᠣᠨ ᠷᠣᠺᠧᠲ᠋ᠰ (1984—2001) ᠪᠣᠯᠤᠨ ᠲᠣᠷᠣᠨᠲ᠋ᠣ ᠷᠧᠫᠲ᠋ᠣᠷᠰ (2001—2002) ᠪᠠᠭ ᠤᠳ ᠲᠤ ᠲᠣᠭᠯᠠᠵᠤ ᠪᠠᠶᠢᠯ᠎ᠠ᠃ ᠣᠯᠵᠢᠶᠦ᠋ᠪᠤᠨ ᠠᠮᠧᠷᠢᠺᠠ ᠶᠢᠨ ᠨᠢᠭᠡᠳᠦᠭᠰᠡᠨ ᠤᠯᠤᠰ ᠤᠨ ᠰᠢᠭᠰᠢᠭᠡ ᠳᠦ 1996 ᠣᠨ ᠤ ᠣᠯᠢᠮᠫᠢᠺ ᠤᠨ ᠠᠪᠤᠷᠭᠤ ᠪᠣᠯᠤᠭᠰᠠᠨ ᠶᠤᠮ᠃ NBA ᠍ ᠶᠢᠨ ᠬᠣᠶᠠᠷ ᠤᠳᠠᠭ᠎ᠠ ᠶᠢᠨ ᠠᠪᠤᠷᠭᠤ (1994, 1995), 1994 ᠣᠨ ᠤ ᠤᠯᠠᠷᠢᠯ ᠤᠨ᠂ 1994 ᠪᠣᠯᠤᠨ 1995 ᠣᠨ ᠤ ᠰᠢᠪᠲᠤᠷᠭ᠎ᠠ ᠶᠢᠨ ᠲᠣᠭᠯᠠᠯᠲᠠ ᠶᠢᠨ ᠦᠨ᠎ᠡ ᠴᠡᠨ᠎ᠡ ᠲᠡᠢ ᠲᠣᠭᠯᠠᠭᠴᠢ᠂ ᠪᠦᠬᠦ ᠣᠳᠣᠳ ᠤᠨ ᠲᠣᠭᠯᠠᠯᠲᠠᠨ ᠳᠤ 12 ᠤᠳᠠᠭ᠎ᠠ ᠣᠷᠣᠯᠴᠠᠭᠰᠠᠨ ᠳᠣᠮᠣᠭᠲᠤ ᠲᠣᠭᠯᠠᠭᠴᠢ ᠪᠢᠯᠡ᠃ 1994 ᠣᠨ ᠳᠤ ᠤᠯᠠᠷᠢᠯ ᠤᠨ ᠨᠡᠶᠢᠲᠡ 82 ᠲᠣᠭᠯᠠᠯᠲᠠᠨ ᠳᠤ ᠣᠷᠣᠯᠴᠠᠬᠤ ᠳᠤ ᠪᠠᠨ ᠨᠢᠭᠡ ᠲᠣᠭᠯᠠᠯᠲᠠᠨ ᠳᠤ ᠳᠤᠮᠳᠠᠴᠢ ᠪᠠᠷ 27.3 ᠣᠨᠣᠭ᠎ᠠ᠂ 11.9 ᠪᠥᠮᠪᠥᠭᠡ ᠠᠪᠤᠯᠲᠠ᠂ ᠬᠠᠰᠤᠭᠳᠠᠬᠤ ᠱᠠᠲᠤᠨ ᠤ ᠲᠣᠭᠯᠠᠯᠲᠠ ᠪᠦᠷᠢ ᠳᠦ ᠳᠤᠮᠳᠠᠴᠢ ᠪᠠᠷ 43.0 ᠮᠢᠨᠦ᠋ᠲ᠂ 28.9 ᠣᠨᠣᠭ᠎ᠠ᠂ 11.0 ᠪᠥᠮᠪᠥᠭᠡ ᠠᠪᠤᠯᠲᠠ ᠬᠢᠭᠰᠡᠨ ᠪᠣᠯ 1995 ᠣᠨ ᠳᠤ ᠤᠯᠠᠷᠢᠯ ᠤᠨ ᠲᠤᠷᠰᠢ 27.8 ᠣᠨᠣᠭ᠎ᠠ᠂ 10.8 ᠪᠥᠮᠪᠥᠭᠡ ᠠᠪᠤᠯᠲᠠ᠂ ᠬᠠᠰᠤᠭᠳᠠᠬᠤ ᠱᠠᠲᠤᠨ ᠳᠤ 33.0 ᠣᠨᠣᠭ᠎ᠠ᠂ 10.3 ᠪᠥᠮᠪᠥᠭᠡ ᠠᠪᠤᠯᠲᠠ ᠳᠤᠮᠳᠠᠵᠢᠯᠵᠤ ᠪᠠᠭ᠎ᠠ ᠪᠠᠨ NBA ᠍ ᠳᠦ ᠠᠩᠬ᠎ᠠ ᠤᠳᠠᠭ᠎ᠠ᠂ ᠮᠥᠨ ᠳᠠᠷᠠᠭᠠᠯᠠᠨ ᠲᠦᠷᠦᠭᠦᠯᠡᠬᠦ ᠳᠦ ᠣᠨᠴᠠᠭᠠᠢ ᠡᠭᠦᠷᠭᠡ ᠭᠦᠢᠴᠡᠳᠭᠡᠭᠰᠡᠨ ᠬᠦᠴᠦᠷᠬᠡᠭ ᠲᠥᠪ ᠦᠨ ᠲᠣᠭᠯᠠᠭᠴᠢ ᠪᠢᠯᠡ᠃ ᠰᠠᠮᠪᠠᠷ᠎ᠠ ᠳᠤ ᠪᠣᠰᠤᠭ᠎ᠠ ᠲᠡᠭᠦᠨ ᠦ ᠣᠨᠣᠭ᠎ᠠ ᠠᠪᠤᠯᠲᠠ ᠪᠣᠯᠤᠨ ᠰᠠᠮᠪᠠᠷ᠎ᠠ ᠠᠴᠠ ᠪᠥᠮᠪᠥᠭᠡ ᠠᠪᠤᠯᠲᠠ ᠶᠡᠬᠡ᠂ ᠭᠣᠣᠯᠳᠠᠭᠤ ᠴᠠᠭᠠᠷᠢᠭ ᠲᠤ ᠲᠣᠬᠣᠳᠠᠭ᠂ ᠬᠣᠯᠠ ᠶᠢᠨ ᠵᠠᠶᠢᠨ ᠠᠴᠠ ᠰᠢᠳᠡᠬᠦ ᠨᠢ ᠲᠤᠩ ᠪᠠᠭ᠎ᠠ᠂ ᠶᠡᠷᠦ ᠨᠢ ᠰᠢᠳᠦᠯ ᠳᠦ ᠲᠡᠳᠦᠶᠢᠯᠡᠨ ᠰᠠᠶᠢᠨ ᠪᠢᠰᠢ ᠪᠠᠶᠢᠴᠠᠢ᠃

ᠲᠡᠷᠡ ᠵᠠᠮᠨᠠᠯ ᠤᠨ ᠢᠶᠠᠨ ᠲᠤᠷᠰᠢᠳᠠ 26946 ᠣᠨᠣᠭ᠎ᠠ᠂ 13747 ᠪᠥᠮᠪᠥᠭᠡ ᠠᠪᠤᠯᠲᠠ ᠪᠣᠯᠤᠨ 3830 ᠬᠠᠭᠠᠯᠲᠠ ᠬᠢᠵᠦ᠂ NBA ᠍ ᠦᠨ ᠲᠡᠦᠬᠡᠲᠦ ᠲᠠᠪᠤ ᠶᠢᠨ ᠨᠢᠭᠡᠰᠠᠭᠰᠤᠨ ᠪᠥᠮᠪᠥᠭᠡ ᠶᠢᠨ ᠠᠯᠳᠠᠷ ᠤᠨ ᠲᠠᠩᠬᠢᠮ ᠍ ᠤᠨ ᠭᠡᠰᠢᠭᠦᠨ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Daily Dime: Special Edition The game's greatest giants ever, espn.com, March 6, 2007, accessed April 12, 2007.
  2. Heisler. Pg. 3
    *Ruley, Clayton. Top Five Centers in NBA History, geoclan.com, accessed January 3, 2007.

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠬᠤᠷᠢᠶᠠᠩᠭᠤᠢ ᠬᠦᠰᠦᠨᠦᠭ ᠲᠦ ᠵᠠᠭᠪᠤᠷ:NBA ᠍ ᠦᠨ ᠳ᠋ᠷᠠᠹᠲ ᠢ ᠲᠡᠷᠢᠭᠦᠯᠡᠭᠴᠢᠳ

ᠵᠠᠭᠪᠤᠷ:NBA ᠍ ᠦᠨ ᠤᠯᠠᠷᠢᠯ ᠤᠨ MVP ᠵᠠᠭᠪᠤᠷ:1993-1994 ᠣᠨ ᠤ NBA ᠍ ᠦᠨ ᠠᠪᠣᠷᠭᠣᠴᠣᠳ ᠵᠠᠭᠪᠤᠷ:1994-1995 ᠣᠨ ᠤ NBA ᠍ ᠦᠨ ᠠᠪᠣᠷᠭᠣᠴᠣᠳ

</tr></table> {{1996 ᠣᠨ ᠤ ᠵᠤᠨ ᠤ ᠣᠯᠢᠮᠫᠢᠺ ᠲᠤ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠡᠭᠲᠡᠶᠢᠴᠦᠳ ᠦᠨ ᠰᠠᠭᠰᠤᠨ ᠪᠥᠮᠪᠥᠭᠡ ᠶᠢᠨ ᠪᠠᠭ}}

ᠪᠢᠴᠢᠭᠡᠰᠦ