ᠬᠠᠷᠢᠶᠠᠴᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠷᠢᠶᠠᠴᠠᠢ
Red-rumpedSwallow01.jpg
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠠᠩᠭᠢ: ᠵᠢᠭᠦᠷᠲᠡᠨ
ᠪᠠᠭ: ᠪᠣᠷᠣ ᠰᠢᠪᠠᠭᠤ ᠬᠡᠯᠪᠡᠷᠢᠲᠡᠨ
ᠳᠡᠳ᠋ ᠪᠠᠭ: Passeri
ᠣᠪᠤᠭ: Hirundinidae
ᠸᠢᠭᠠᠷᠰ᠂ 1825

ᠬᠠᠷᠢᠶᠠᠴᠠᠢ ᠨᠢ ᠪᠣᠷᠣ ᠰᠢᠪᠠᠭᠤᠨ ᠤ ᠪᠦᠯᠦᠭ ᠦᠨ Hirundinidae ᠣᠪᠤᠭ ᠤᠨ ᠰᠢᠪᠠᠭᠤ ᠶᠤᠮ᠃ ᠡᠨᠡ ᠣᠪᠤᠭ ᠨᠢ 2 ᠳᠡᠳ᠋ ᠣᠪᠤᠭ ᠠᠴᠠ ᠪᠥᠷᠢᠳᠦᠨ᠎ᠡ: Pseudochelidoninae ᠪᠤᠶᠤ ᠭᠣᠣᠯ ᠤᠨ ᠬᠠᠷᠢᠶᠠᠴᠠᠢ (ᠨᠡᠶᠢᠲᠡ 2 ᠵᠦᠢᠯ), Hirundininae (ᠦᠯᠡᠳᠡᠭᠰᠡᠨ ᠪᠦᠬᠦ ᠬᠠᠷᠢᠶᠠᠴᠠᠢ). ᠡᠨᠡᠬᠦ ᠣᠪᠣᠭᠲᠤ ᠨᠡᠶᠢᠲᠡ 19 ᠲᠥᠷᠥᠯ ᠦᠨ 83 ᠵᠦᠢᠯ ᠰᠢᠪᠠᠭᠤ ᠪᠠᠭᠲᠠᠳᠠᠭ᠃ ᠬᠠᠷᠢᠶᠠᠴᠠᠢ ᠠᠨᠲ᠋ᠠᠷᠺᠲ᠋ᠢᠳ᠋ᠠ ᠠᠴᠠ ᠪᠤᠰᠤᠳ ᠪᠦᠬᠦ ᠲᠢᠪ᠂ ᠡᠬᠡ ᠭᠠᠵᠠᠷ ᠲᠤ ᠥᠷᠭᠡᠨ ᠲᠠᠷᠬᠠᠵᠠᠢ᠃ ᠠᠹᠷᠢᠺᠠ ᠲᠢᠪ ᠡᠴᠡ ᠭᠠᠷᠤᠯ ᠲᠠᠢ ᠭᠡᠭᠳᠡᠳᠡᠭ ᠪᠠ ᠣᠳᠣ ᠴᠤ ᠠᠹᠷᠢᠺᠠ ᠳᠤ ᠬᠠᠮᠤᠭ ᠤᠨ ᠣᠯᠠᠨ ᠶᠠᠩᠵᠤ ᠶᠢᠨ ᠬᠠᠷᠢᠶᠠᠴᠠᠢ ᠠᠮᠢᠳᠤᠷᠠᠳᠠᠭ ᠪᠣᠯᠤᠨ᠎ᠠ᠃ ᠮᠥᠨ ᠳᠠᠯᠠᠢ᠂ ᠲᠡᠩᠭᠢᠰ ᠦᠨ ᠬᠡᠳᠦ ᠬᠡᠳᠦᠨ ᠠᠷᠠᠯ ᠳᠤ ᠲᠠᠭᠠᠷᠠᠨ᠎ᠠ᠃ ᠨᠡᠯᠢᠶᠡᠳ ᠬᠡᠳᠦᠨ ᠵᠦᠢᠯ ᠨᠡᠭᠦᠳᠡᠯ ᠦᠨ ᠬᠠᠷᠢᠶᠠᠴᠠᠢ ᠪᠤᠢ᠃ ᠴᠥᠭᠡᠨ ᠬᠡᠳᠦᠨ ᠵᠦᠢᠯ ᠬᠠᠷᠢᠶᠠᠴᠠᠢ ᠬᠦᠮᠦᠨ ᠦ ᠦᠢᠯᠡ ᠠᠵᠢᠯᠯᠠᠭᠠᠨ ᠠᠴᠠ ᠪᠣᠯᠵᠤ ᠤᠰᠠᠳᠤᠭᠰᠠᠨ ᠴᠤ ᠵᠠᠷᠢᠮ ᠵᠦᠢᠯ ᠨᠢ ᠬᠦᠮᠦᠨ ᠦ ᠥᠭᠡᠷᠡᠴᠢᠯᠡᠭᠰᠡᠨ ᠤᠷᠴᠢᠨ ᠳᠤ ᠳᠠᠰᠤᠨ ᠵᠣᠬᠢᠴᠠᠵᠤ᠂ ᠬᠦᠮᠦᠨ ᠲᠡᠢ ᠣᠶᠢᠷ᠎ᠠ ᠠᠮᠢᠳᠤᠷᠠᠳᠠᠭ᠃


ᠪᠡᠶ᠎ᠡ ᠶᠢᠨ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠷᠢᠶᠠᠴᠠᠢ ᠰᠢᠪᠠᠭᠤ ᠨᠢ ᠨᠠᠷᠢᠨ ᠱᠤᠪᠲᠤᠩ ᠬᠡᠯᠪᠡᠷᠢ ᠶᠢᠨ ᠪᠡᠶ᠎ᠡ᠂ ᠦᠵᠦᠭᠦᠷ ᠲᠡᠰᠢ ᠨᠠᠷᠢᠰᠤᠭᠰᠠᠨ ᠤᠷᠲᠤ ᠳᠠᠯᠠᠪᠴᠢ ᠲᠠᠢ ᠪᠠ ᠡᠨᠡ ᠨᠢ ᠴᠢᠭᠯᠡᠯ ᠢᠶᠡᠨ ᠬᠤᠷᠳᠤᠨ ᠥᠭᠡᠷᠡᠴᠢᠯᠡᠵᠦ ᠬᠠᠯᠢᠨ ᠨᠢᠰᠬᠦ ᠳᠦ ᠰᠠᠶᠢᠨ ᠵᠣᠬᠢᠴᠠᠭᠰᠠᠨ ᠪᠥᠭᠡᠳ ᠨᠢᠰᠴᠦ ᠪᠤᠢ ᠬᠣᠷᠣᠬᠠᠢ ᠰᠢᠪᠠᠵᠢ ᠶᠢ ᠠᠩᠨᠠᠬᠤ ᠳᠤ ᠪᠠᠨ ᠴᠢᠳᠠᠮᠠᠭᠠᠢ᠃ ᠳᠤᠮᠳᠠᠴᠢ ᠪᠠᠷ 30-40 ᠺᠮᠴ ᠬᠤᠷᠳᠤ ᠲᠠᠢ ᠨᠢᠰᠬᠦ ᠪᠠ 50-65 ᠺᠮᠴ ᠬᠤᠷᠳᠤᠯᠠᠵᠤ ᠴᠢᠳᠠᠳᠠᠭ᠃ ᠬᠠᠷᠢᠶᠠᠴᠠᠢ ᠪᠣᠭᠣᠨᠢ ᠬᠣᠰᠢᠭᠤ ᠲᠠᠢ ᠴᠤ ᠬᠦᠴᠦᠲᠡᠢ᠂ ᠥᠷᠭᠡᠨ ᠠᠮᠠ ᠲᠠᠢ᠃ ᠪᠡᠶ᠎ᠡ ᠶᠢᠨ ᠤᠷᠲᠤ ᠨᠢ 10-24 ᠰᠠᠨᠲ᠋ᠢᠮᠧᠲ᠋ᠷ ᠪᠠ 10-60 ᠭᠷᠦᠶᠢᠫ ᠬᠦᠷᠲᠡᠯᠡᠬᠢ ᠵᠢᠩ ᠲᠡᠢ ᠪᠠᠶᠢᠨ᠎ᠠ᠃ ᠰᠡᠭᠦᠯ ᠨᠢ 12 ᠥᠳᠥ ᠲᠡᠢ ᠪᠠ 2 ᠰᠠᠯᠠᠭᠠᠯᠠᠭᠰᠠᠨ᠂ ᠡᠰᠡᠪᠡᠯ ᠲᠡᠭᠰᠢ ᠲᠡᠭᠦᠰᠬᠡᠯ ᠲᠡᠢ ᠪᠠᠶᠢᠳᠠᠭ᠃ ᠡᠷ᠎ᠡ ᠨᠢ ᠭᠣᠣᠯᠳᠠᠭᠤ ᠠᠷᠠᠢ ᠤᠷᠲᠤ ᠰᠡᠭᠦᠯ ᠲᠡᠢ ᠪᠠᠶᠢᠬᠤ ᠪᠠ ᠨᠢᠰᠦᠯᠭᠡ ᠶᠢᠨ ᠦᠶ᠎ᠡ;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;;ᠯᠫ ᠳᠦᠯᠫ ᠳᠦᠯᠫ ᠳᠦᠯᠫ ᠳᠦᠯ ᠳᠤᠹᠢᠯᠫ ᠳᠦᠯ ᠳᠤᠹᠢᠯ ᠳᠤᠹᠢᠯ

ᠳ ᠬᠤᠷᠳᠤᠨ ᠴᠢᠭᠯᠡᠯ ᠢᠶᠡᠨ ᠥᠭᠡᠷᠡᠴᠢᠯᠡᠬᠦ ᠪᠣᠯᠤᠨ ᠦᠷᠡᠵᠢᠯ ᠦᠨ ᠦᠶ᠎ᠡ ᠳᠦ ᠡᠮ᠎ᠡ ᠬᠠᠷᠢᠶᠠᠴᠠᠢ ᠶᠢ ᠥᠪᠡᠷᠲᠡᠭᠡᠨ ᠲᠠᠲᠠᠬᠤ ᠳᠤ ᠲᠤᠰᠠ ᠪᠣᠯᠳᠠᠭ ᠠᠵᠢ᠃ ᠬᠥᠯ ᠨᠢ ᠪᠣᠭᠣᠨᠢ ᠪᠠ ᠠᠯᠬᠤᠬᠤ ᠠᠴᠠ ᠢᠯᠡᠭᠦᠦ ᠮᠣᠳᠣᠨ ᠤ ᠮᠥᠴᠢᠷ ᠪᠣᠯᠤᠨ ᠶᠠᠭᠤᠮᠠᠨ ᠳᠡᠭᠡᠷ᠎ᠡ ᠰᠠᠭᠤᠬᠤ ᠳᠤ ᠵᠣᠬᠢᠴᠠᠭᠰᠠᠨ ᠪᠠᠶᠢᠳᠠᠭ᠃

ᠬᠠᠷᠢᠶᠠᠴᠠᠢ ᠨᠢ ᠰᠢᠪᠠᠵᠢ ᠪᠠᠷ ᠬᠣᠭᠣᠯᠠᠯᠠᠬᠤ ᠪᠠ ᠨᠢᠰᠴᠦ ᠪᠠᠶᠢᠬᠤ ᠳᠤ ᠪᠠᠨ ᠠᠩᠨᠠᠳᠠᠭ᠃ ᠵᠥᠭᠡᠢ ᠪᠣᠯᠤᠨ ᠬᠡᠳᠡᠭᠡᠨ᠎ᠡ ᠠᠪᠠᠯᠠᠬᠤ ᠠᠴᠠ ᠪᠠᠨ ᠵᠠᠶᠢᠯᠠᠰᠬᠢᠳᠡᠭ ᠠᠵᠢ᠃ ᠮᠥᠨ ᠦᠷ᠎ᠡ᠂ ᠵᠢᠮᠢᠰ ᠢᠶᠡᠷ ᠬᠣᠭᠣᠯᠠᠯᠠᠳᠠᠭ ᠲᠥᠷᠥᠯ ᠪᠠᠰᠠ ᠪᠤᠢ᠃ ᠦᠷᠡᠵᠢᠯ ᠦᠨ ᠢᠶᠡᠨ ᠦᠶ᠎ᠡ ᠳᠦ ᠰᠦᠷᠦᠭᠯᠡᠨ ᠬᠣᠣᠰ ᠢᠶᠠᠨ ᠣᠯᠵᠤ ᠭᠣᠣᠯ ᠤᠨ ᠡᠷᠭᠢ ᠶᠢᠨ ᠨᠦᠬᠡ᠂ ᠬᠠᠭᠤᠴᠢᠨ ᠡᠭᠦᠷ᠂ ᠪᠠᠶᠢᠰᠢᠩ ᠪᠠᠷᠢᠯᠭ᠎ᠠ ᠶᠢᠨ ᠥᠨᠴᠥᠭ ᠪᠤᠯᠤᠩᠳᠠ ᠰᠢᠪᠠᠷ ᠢᠶᠠᠷ ᠡᠭᠦᠷ ᠪᠠᠷᠢᠬᠤ ᠵᠡᠷᠭᠡ ᠪᠡᠷ ᠡᠭᠦᠷᠯᠡᠵᠦ ᠥᠨᠳᠡᠭᠡ ᠪᠡᠨ ᠭᠠᠷᠭᠠᠨ᠎ᠠ᠃

ᠭᠠᠯᠯᠧᠷᠧᠢ[ᠵᠠᠰᠠᠪᠤᠷᠢᠯᠠᠬᠤ | ᠺᠣᠳ᠋ ᠢᠶᠠᠷ ᠵᠠᠰᠠᠬᠣ]


ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Hirundinidae

ipopiuipuiou '; ';'

ᠪᠢᠴᠢᠭᠡᠰᠦ