ᠬᠠᠷᠢᠶᠠᠲᠦ ᠲᠣᠮᠳᠠᠳᠦ ᠰᠣᠷᠭᠠᠭᠤᠯᠢ ᠶᠢᠨ ᠮᠣᠩᠭᠣᠯ ᠢᠶᠠᠷ ᠬᠢᠴᠢᠶᠡᠯᠯᠡᠬᠦ ᠬᠡᠯᠲᠡᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠦᠪᠦᠷ ᠮᠣᠩᠭᠣᠯ ᠤᠨ ᠪᠠᠭᠰᠢ ᠶᠢᠨ  ᠶᠡᠭᠡ ᠰᠣᠷᠭᠠᠭᠤᠯᠢ ᠶᠢᠨ ᠬᠠᠷᠢᠶᠠᠲᠦ ᠲᠣᠮᠳᠠᠳᠦ ᠰᠣᠷᠭᠠᠭᠤᠯᠢ ᠶᠢᠨ ᠮᠣᠩᠭᠣᠯ ᠢᠶᠠᠷ ᠬᠢᠴᠢᠶᠡᠯᠯᠡᠬᠦ ᠬᠡᠯᠲᠡᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠰᠢ ᠶᠢᠨ ᠡᠩᠨᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

( ᠴᠠᠭᠠᠨ ᠲᠤᠯᠣᠭᠠᠢ ᠶᠢᠨ ᠳᠠᠷᠠᠭᠠᠯᠠᠯ ᠢᠶᠠᠷ ᠵᠢᠭᠰᠠᠭᠠᠪᠠ )

ᠲᠣᠰ ᠰᠤᠷᠭᠠᠭᠤᠯᠢ ᠶᠢᠨ ᠮᠤᠩᠭᠤᠯ ᠢᠶᠡᠷ ᠬᠢᠴᠢᠶᠡᠯᠯᠡᠬᠦ ᠬᠡᠯᠳᠡᠰ ᠲᠤ ᠨᠡᠶᠢᠳᠡ 65 ᠪᠠᠭᠰᠢ ᠠᠵᠢᠯᠳᠠᠨ ᠳᠠᠢ᠂ ᠬᠢᠴᠢᠶᠡᠯᠯᠡᠵᠤ ᠪᠠᠶᠢᠭ᠎ᠠ ᠪᠠᠭᠰᠢ 65 ᠬᠦᠮᠦᠨ ᠪᠤᠢ᠃ ᠡᠬᠦᠨ  ᠤ ᠳᠤᠳᠤᠷ᠎ᠠ ᠠᠰᠫᠢᠷᠠᠨᠲ ᠤᠨ ᠰᠤᠷᠤᠯᠭ᠎ᠠ ᠶᠢᠨ ᠴᠤᠯᠠ ᠳᠠᠢ ᠪᠠᠭᠰᠢ 29 ᠂ ᠤᠨᠴᠠ ᠳᠡᠰ  ᠤᠨ ᠪᠠᠭᠰᠢ 3 ᠂ ᠨᠡᠷᠡᠳᠦ ᠪᠠᠭᠰᠢ 3 ᠂ ᠪᠦᠬᠦ ᠤᠷᠤᠨ ᠤ ᠬᠢᠴᠢᠶᠡᠯ ᠳᠦ᠋ᠷᠦᠯ ᠤᠨ ᠳᠠᠭᠠᠭᠤᠯᠤᠭᠴᠢ ᠪᠠᠭᠰᠢ 3 ᠂ ᠠᠰᠫᠢᠷᠠᠨᠲ ᠤᠨ ᠵᠢᠯᠤᠭᠤᠳᠤᠭᠴᠢ ᠪᠠᠭᠰᠢ 10 ᠪᠤᠢ ᠃

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠮᠣᠩᠭᠣᠯ ᠬᠡᠯᠡ ᠪᠢᠴᠢᠭ ᠦᠨ ᠲᠤᠭᠤᠶᠢᠯᠠᠩ᠄ ᠡᠷᠳᠡᠨᠢᠠᠠᠭᠤᠯᠠ ᠂ ᠦᠯᠵᠠᠶᠢᠮᠦ᠋ᠷᠡᠨ ᠂ ᠪᠢᠯᠢᠭᠦᠨᠭᠡᠷᠡᠯ ᠂ ᠬᠠᠰᠠᠠᠭᠤᠯᠠ ᠂ ᠰᠠᠶᠢᠨᠪᠢᠯᠢᠭ ᠂ ᠰᠠᠷᠠᠨ᠎ᠠ ᠂ ᠡ ᠊ ᠰᠠᠷᠠᠨ᠎ᠠ ᠂ ᠰᠠᠷᠠᠭᠤᠯ ᠂ ᠰᠡᠴᠡᠨ ᠂ ᠸᠠᠩ ᠯᠠᠢ ᠭᠧ


ᠬᠢᠲᠠᠳ ᠬᠡᠯᠡᠨ  ᠤ ᠲᠤᠭᠤᠶᠢᠯᠠᠩ ᠄  ᠨᠠᠷᠠᠨᠭᠤᠸ᠎ᠠ ᠂ ᠪᠠᠢ ᠊ ᠲᠠᠨ᠎ᠠ ᠂ ᠮᠸᠩ ᠴᠢᠩ ᠬᠤᠸᠠ ᠂ ᠰᠦ᠋ᠩ ᠯᠢ ᠰᠢᠶᠠ ᠂ ᠰᠦ᠋ᠩ ᠰᠢᠤ ᠿᠦ᠋ᠩ ᠂  ᠶᠠᠩ ᠵᠢᠶᠠᠨ ᠬᠤᠸᠠ ᠂ ᠸᠠᠩ ᠰᠢᠶᠤᠤ ᠳᠦ᠋ᠩ


ᠠᠩᠭᠯᠢ ᠬᠡᠯᠡᠨ  ᠤ ᠲᠤᠭᠤᠶᠢᠯᠠᠩ ᠄ ᠪᠠᠢ  ᠶᠢᠨ ᠯᠢᠨ ᠂ ᠭᠡᠭᠡᠨᠲᠣᠶᠠᠭ᠎ᠠ ᠂ ᠯᠢᠨ ᠰᠢᠶᠤᠤ ᠵᠢᠶᠦ᠋ᠨ ᠂ ᠳᠣᠸᠠᠨ ᠳᠠᠨ ᠮᠸᠢ ᠂ ᠴᠠᠩ ᠮᠸᠩ ᠮᠸᠩ ᠂ ᠵᠠᠩ ᠴᠢᠶᠤᠤ ᠹᠸᠩ ᠂ ᠵᠠᠩ ᠢᠤᠢ ᠴᠢᠤᠸᠠᠨ ᠂ ᠸᠠᠩ ᠬᠠᠢ ᠯᠢᠩ ᠂


ᠲᠣᠭᠠᠨ  ᠤ ᠲᠣᠭᠣᠶᠢᠯᠠᠩ ᠄ ᠡᠷᠳᠡᠨᠢᠪᠠᠶᠠᠷ ᠂ ᠡᠷᠳᠡᠨᠢᠴᠢᠮᠡᠭ ᠂ ᠪᠤᠦ ᠰᠢᠤ ᠫᠢᠩ ᠂ ᠪᠣᠤ ᠸᠸᠨ ᠫᠢᠩ ᠂ ᠬᠠᠰᠸᠠᠴᠢᠷ ᠂ ᠬᠦᠬᠡ ᠂ ᠲᠦᠪ ᠶᠤᠰᠤᠲᠦ ᠂ ᠴᠢᠣᠸᠠᠨ ᠰᠢ ᠂ ᠵᠤᠤ ᠶᠦᠩ ᠱᠸᠩ ᠂ ᠸᠠᠩᠴᠣᠭ ᠂


ᠹᠢᠽᠢᠺ ᠦᠨ ᠲᠣᠭᠣᠶᠢᠯᠠᠩ ᠄ ᠡᠷᠳᠡᠨᠢᠲᠤᠶᠠᠭ᠎ᠠ ᠂ ᠦᠯᠵᠡᠶᠢᠪᠦ᠋ᠷᠢᠨ ᠂ ᠦᠨᠡᠨᠴᠢ ᠂ ᠬᠡᠰᠢᠭᠳᠦ᠋ᠬᠦᠷᠡᠩ ᠂ ᠮᠢᠩᠭᠠᠨ ᠂ ᠰᠡᠴᠡᠨᠪᠠᠶᠠᠨ ᠂ ᠳᠦ᠋ᠩ ᠱᠣᠸᠠᠩ ᠯᠦ᠋ᠩ


ᠬᠢᠮᠢ ᠶᠢᠨ ᠲᠣᠭᠣᠶᠢᠯᠠᠩ ᠄ ᠠᠷᠢᠭᠤᠨᠲᠠᠨ᠎ᠠ ᠂ ᠪᠤᠤ ᠢᠤᠢ ᠴᠢᠣᠸᠠᠨ ᠂ ᠪᠤᠤ ᠬᠠᠢ ᠴᠢᠣᠸᠠᠨ ᠂ ᠭᠤᠤ ᠢᠤᠢ ᠮᠸᠢ ᠂ ᠲᠡᠮᠦᠷᠪᠡᠭᠠᠨ᠎ᠠ ᠂ ᠲᠡᠷᠭᠡᠯ


ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠠᠮᠢᠳᠣ ᠪᠤᠳᠠᠰ ᠤᠨ ᠲᠣᠭᠣᠶᠢᠯᠠᠩ ᠄ ᠣᠶᠣᠨᠴᠢᠮᠡᠭ ᠂ ᠯᠠᠢ ᠴᠠᠩ ᠰᠢ ᠂ ᠰᠣᠶᠣᠯ ᠂ ᠱᠸᠩ ᠯᠢ ᠂


ᠣᠯᠣᠰ ᠲᠦ᠋ᠷᠦ ᠶᠢᠨ ᠲᠣᠭᠣᠶᠢᠯᠠᠩ ᠄ ᠡᠣ ᠹᠸᠩ  ᠶᠢᠩ ᠂ ᠦᠨᠡᠨᠴᠢ ᠂  ᠨᠠᠷᠠᠰᠦ ᠂ ᠭᠠᠩᠭᠠᠠᠠᠠᠭᠤᠯᠠ


ᠭᠠᠵᠠᠷ ᠵᠦ᠋ᠢ ᠶᠢᠨ ᠲᠤᠭᠤᠶᠢᠯᠠᠩ ᠄ ᠪᠠᠢ ᠢᠤᠢ ᠂ ᠰᠠᠶᠢᠨᠳᠦ᠋ᠬᠦᠷᠡᠩ ᠂ ᠰᠦᠶ᠎ᠡ


ᠲᠡᠤᠬᠡ ᠶᠢᠨ ᠲᠣᠭᠣᠶᠢᠯᠠᠩ ᠄ ᠪᠠᠶᠢᠭᠤᠯᠤᠯᠲᠠ ᠂ ᠪᠢᠯᠢᠭᠴᠣᠭᠲᠦ ᠂ ᠳᠠᠭᠤᠯᠠ


ᠳᠠᠭᠤᠤ ᠂ ᠲᠠᠮᠢᠷ ᠂ ᠵᠢᠷᠣᠭ ᠤᠨ ᠲᠣᠭᠣᠶᠢᠯᠠᠩ ᠄ ᠬᠠᠰᠲᠤᠶᠠᠭ᠎ᠠ ( ᠳᠠᠭᠤᠤ ᠬᠦ᠋ᠭᠵᠢᠮ ) ᠂ ᠦᠨᠡᠨᠪᠠᠶᠠᠷ ᠂ ᠯᠢ ᠵᠢᠶᠦ᠋ᠨ ᠂ ᠵᠸᠩ ᠊ ᠪᠠᠶᠠᠷ ᠂ ( ᠲᠠᠮᠢᠷ ) ᠂ ᠭᠡᠷᠡᠯᠴᠤᠭᠲᠦ ( ᠣᠷᠠᠨ ᠵᠢᠷᠤᠭ )


ᠺᠣᠮᠫᠢᠦ᠋ᠲᠧᠷ ᠮᠡᠷᠭᠡᠵᠢᠯ ᠦᠨ ᠲᠤᠭᠤᠶᠢᠯᠠᠩ ᠄ ᠯᠢᠤ ᠯᠢ ᠪᠢᠨ


ᠨᠡᠶᠢᠳᠡᠮᠵᠢᠯ ᠮᠡᠷᠭᠡᠵᠢᠯ ᠦᠨ ᠲᠤᠭᠤᠶᠢᠯᠠᠩ ᠄ ᠰᠠᠴᠣᠷᠡ


ᠰᠡᠳᠬᠢᠴᠡ ᠬᠦᠮᠦᠵᠢᠯ ᠦᠨ ᠲᠤᠭᠤᠶᠢᠯᠠᠩ ᠄ ᠮᠦᠴᠢᠷ

 ᠨᠡᠷᠡᠲᠦ ᠪᠠᠭᠰᠢ ᠶᠢᠨ ᠢᠨᠵᠸᠨᠸᠷᠢᠩ[ᠵᠠᠰᠠᠪᠤᠷᠢᠯᠠᠬᠤ | ᠺᠣᠳ᠋ ᠢᠶᠠᠷ ᠵᠠᠰᠠᠬᠣ]

( ᠴᠠᠭᠠᠨ ᠲᠤᠯᠣᠭᠠᠢ ᠶᠢᠨ ᠳᠠᠷᠠᠭᠠᠯᠠᠯ ᠢᠶᠠᠷ ᠵᠢᠭᠰᠠᠭᠠᠪᠠ )

ᠡᠣ ᠹᠸᠩ ᠶᠢᠩ ᠂ ᠡᠷᠳᠡᠨᠢᠠᠠᠭᠤᠯᠠ ᠂ ᠡᠷᠳᠡᠨᠢᠪᠠᠶᠠᠷ ᠂ ᠡᠷᠳᠡᠨᠢᠴᠢᠮᠡᠭ ᠂ ᠦᠨᠡᠨᠪᠠᠶᠠᠷ ᠂ ᠦᠯᠵᠠᠶᠢᠮᠦ᠋ᠷᠡᠨ ᠂  ᠨᠠᠷᠠᠰᠦ ᠂ ᠪᠠᠢ ᠢᠤᠢ ᠂ ᠪᠠᠢ ᠊ ᠲᠠᠨ᠎ᠠ ᠂ ᠪᠢᠯᠢᠬᠦᠨᠬᠡᠷᠡᠯ ᠂ ᠪᠢᠯᠢᠭᠴᠣᠭᠲᠦ ᠂ ᠪᠤᠤ ᠢᠤᠢ ᠴᠢᠣᠸᠠᠨ ᠂ ᠪᠤᠤ ᠬᠠᠢ ᠴᠢᠣᠸᠠᠨ ᠂ ᠪᠤᠤ ᠰᠢᠤ ᠫᠢᠩ ᠂ ᠭᠡᠭᠡᠨᠲᠤᠶᠠᠭ᠎ᠠ ᠂ ᠬᠡᠰᠢᠭᠳᠦ᠋ᠬᠦᠷᠡᠩ ᠂ ᠭᠣᠤ ᠢᠤᠢ ᠮᠸᠢ ᠂ ᠮᠢᠩᠭᠠᠨ ᠂ ᠯᠠᠢ ᠴᠠᠩ ᠰᠢ ᠂ ᠯᠢ ᠵᠢᠶᠦ᠋ᠨ ᠂ ᠯᠢᠤ ᠯᠢ ᠪᠢᠨ ᠂ ᠯᠢᠨ ᠰᠢᠶᠤᠤ ᠵᠢᠶᠦ᠋ᠨ ᠂ ᠰᠠᠶᠢᠨᠳᠦ᠋ᠬᠦᠷᠡᠩ ᠂ ᠰᠠᠷᠠᠭᠤᠯ ᠂ ᠱᠸᠩ ᠯᠢ ᠂ ᠰᠦ᠋ᠩ ᠯᠢ ᠰᠢᠶᠠ ᠂ ᠳᠡᠭᠦᠳᠠᠭᠤᠯᠠ ᠂ ᠳᠣᠸᠠᠨ ᠳᠠᠨ ᠮᠸᠢ ᠂ ᠳᠦ᠋ᠩ ᠱᠤᠸᠠᠩ ᠯᠦ᠋ᠩ ᠂ ᠵᠸᠩ ᠊ ᠪᠠᠶᠠᠷ ᠂ ᠵᠤᠤ ᠶᠦ᠋ᠩ ᠱᠸᠩ ᠬᠦᠬᠡᠬᠤᠲᠠ ᠶᠢᠨ  ᠨᠡᠷᠡᠲᠦ ᠪᠠᠭᠰᠢ ᠶᠢᠨ ᠢᠨᠵᠸᠨᠸᠷᠢᠩ ᠤᠨ ᠲᠣᠰᠬᠠᠢ ᠮᠡᠷᠭᠡᠵᠢᠯᠲᠡᠨ ᠄ ᠡᠷᠳᠡᠨᠢᠪᠠᠶᠠᠷ ᠂ ᠵᠸᠩ ᠪᠠᠶᠠᠷ

ᠰᠣᠷᠣᠭᠴᠢ ᠶᠢᠨ ᠬᠣᠷᠠᠯ ᠤᠨ ᠲᠠᠨᠢᠯᠴᠠᠭᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠰᠤᠷᠭᠠᠭᠤᠯᠢ ᠰᠤᠷᠤᠯᠭ᠎ᠠ᠂ ᠶᠤᠰᠤ ᠮᠤᠷᠠᠯ ᠂ ᠪᠡᠶ᠎ᠡ ᠮᠠᠬᠠᠪᠤᠳ ᠂ ᠭᠤᠸ᠎ᠠ ᠰᠠᠶᠢᠬᠠᠨ ᠵᠡᠷᠭᠡ ᠡᠯ᠎ᠡ ᠳᠠᠯ᠎ᠠ ᠪᠡᠷ ᠬᠦ᠋ᠭᠵᠢᠭᠰᠡᠨ ᠰᠢᠨ᠎ᠡ ᠦᠶ᠎ᠡ ᠶᠢᠨ ᠰᠢᠯᠢᠳᠡᠭ ᠴᠢᠳᠠᠪᠤᠷᠢᠳᠠᠨ ᠬᠦᠮᠦᠵᠢᠬᠦᠯᠬᠦ ᠶᠢ ᠵᠤᠷᠢᠵᠤ ᠂ ᠲᠠᠮᠢᠷ ᠂ ᠤᠷᠠᠯᠢᠭ ᠂ ᠭᠤᠸ᠎ᠠ ᠰᠠᠶᠢᠬᠠᠨ ᠵᠡᠷᠭᠡ ᠲᠠᠯ᠎ᠠ ᠶᠢ  ᠴᠤ  ᠨᠡᠶᠢᠳᠡᠮ ᠬᠦᠨᠳᠦᠳᠭᠡᠭᠰᠡᠭᠡᠷ ᠢᠷᠡᠭᠰᠡᠨ ᠪᠢᠯᠡ ᠃ ᠮᠣᠩᠭᠤᠯ ᠢᠶᠠᠷ ᠬᠢᠴᠢᠶᠡᠯᠯᠡᠬᠦ ᠭᠡᠯᠳᠡᠰ ᠲᠤ ᠵᠢᠯ ᠪᠦ᠋ᠷᠢ ᠢᠷᠡᠭᠤ  ᠶᠠᠷᠢᠶ᠎ᠠ᠂ ᠤᠷᠠᠨ ᠪᠢᠴᠢᠯᠭᠡ᠂ ᠮᠠᠷᠭᠤᠯᠳᠤᠭᠠᠨ᠂ ᠰᠢᠯᠦᠭ  ᠤᠨ ᠣᠷᠤᠯᠳᠤᠭᠠᠨ ᠂ ᠲᠠᠭᠤᠨ ᠤ ᠮᠦᠷᠦᠶᠢᠴᠡᠭᠡᠨ᠂ ᠵᠤᠬᠢᠶᠠᠨ ᠪᠢᠴᠢᠬᠦ ᠣᠷᠤᠯᠳᠤᠭᠠᠨ᠂ ᠮᠣᠩᠭᠤᠯ ᠰᠢᠳᠠᠷ᠎ᠠ ᠶᠢᠨ ᠮᠦᠷᠦᠶᠢᠴᠡᠭᠡᠨ ᠮᠡᠳᠦ  ᠶᠢᠨ ᠰᠣᠶᠤᠯ  ᠤᠨ ᠪᠠᠶᠠᠯᠢᠭ ᠠᠭᠤᠯᠭ᠎ᠠ ᠪᠦᠬᠦᠢ ᠬᠦᠳᠡᠯᠭᠡᠭᠡᠨ ᠦᠷᠨᠢᠬᠦᠯᠳᠡᠭ ᠪᠦᠭᠡᠳ ᠳᠤᠮᠤ ᠭᠡᠯᠪᠡᠷᠢ  ᠶᠢᠨ ᠤᠷᠠᠨ ᠰᠠᠶᠢᠬᠠᠨ ᠤ ᠦᠳᠡᠰᠢᠯᠡᠭᠡ — 《 ᠤᠶᠠᠩᠭ᠎ᠠ ᠶᠢᠨ ᠲᠦᠷᠦᠭᠡ 》 ᠲᠤᠭᠯᠠᠯᠳᠠ ᠶᠢ ᠨᠢᠭᠡᠨᠳᠡ 12 ᠵᠢᠯ ᠡᠷᠬᠢᠯᠡᠵᠤ ᠂ ᠬᠦᠬᠡᠬᠤᠳᠠ ᠶᠢᠨ ᠮᠤᠩᠭᠤᠯ ᠰᠤᠷᠭᠠᠭᠤᠯᠢ ᠳᠠᠢ ᠬᠤᠷᠰᠢᠨ ᠡᠷᠬᠢᠯᠡᠳᠡᠭ ᠬᠦᠬᠡᠬᠤᠳᠠ ᠣᠷᠤᠨ ᠤ 《 ᠤᠶᠠᠩᠭ᠎ᠠ ᠶᠢᠨ ᠰᠠᠴᠣᠯᠢ 》 ᠢᠷᠡᠭᠤ  ᠶᠠᠷᠢᠶᠠᠨ ᠤ ᠣᠷᠤᠯᠳᠤᠭᠠᠨ ᠢ ᠤᠳᠤ ᠨᠢᠭᠡᠨᠳᠡ ᠠᠷᠪᠠᠨ ᠳᠦᠷᠪᠡᠳᠡᠭᠢ ᠵᠢᠯ ᠢᠶᠡᠨ ᠡᠷᠬᠢᠯᠡᠭᠡᠳ ᠪᠣᠢ ᠃ ᠤᠳᠤ ᠮᠠᠨ ᠤ ᠭᠡᠯᠳᠡᠰ ᠲᠤ 《 ᠰᠤᠷᠤᠭᠴᠢ ᠶᠢᠨ ᠬᠤᠷᠠᠯ ᠤᠨ ᠵᠤᠬᠢᠶᠠᠨ ᠪᠠᠶᠢᠭᠤᠯᠤᠯᠳᠠ》 ᠠᠴᠠ ᠭᠠᠳᠠᠨ᠎ᠠ 《 ᠵᠠᠭᠤᠨ ᠤ ᠬᠤᠷᠠᠶᠢᠯᠠᠯ 》 ᠮᠤᠩᠭᠤᠯ ᠰᠤᠶᠤᠯ ᠤᠨ ᠨᠡᠶᠢᠭᠡᠮᠯᠢᠭ᠂ 《 ᠮᠤᠩᠭᠤᠯ ᠪᠦᠭᠡ ᠶᠢᠨ ᠨᠡᠶᠢᠭᠡᠮᠯᠢᠭ 》 ᠂ 《 ᠮᠤᠩᠭᠤᠯ ᠰᠢᠳᠠᠷ᠎ᠠ ᠶᠢᠨ ᠨᠡᠶᠢᠭᠡᠮᠯᠢᠭ》 ᠂ 《 ᠮᠠᠷᠭᠤᠯᠳᠤᠭᠠᠨ  ᠤ ᠳᠤᠰᠬᠠᠢ  ᠨᠡᠶᠢᠭᠡᠮᠯᠢᠭ 》 ᠮᠡᠳᠦ  ᠶᠢᠨ ᠤᠯᠠᠨ ᠨᠡᠶᠢᠭᠡᠮᠯᠢᠭ ᠳᠡᠢ ᠃ ᠪᠦᠬᠦ ᠰᠤᠷᠭᠠᠭᠤᠯᠢ ᠶᠢᠨ ᠬᠦᠨᠳᠦ ᠬᠦᠩᠭᠡᠨ ᠪᠠᠶ᠎ᠡ ᠳᠠᠮᠢᠷ ᠤᠨ ᠤᠷᠤᠯᠳᠤᠭᠠᠨ ᠡᠴᠡ ᠭᠠᠳᠠᠨ᠎ᠠ ᠮᠠᠨ  ᠤ ᠭᠡᠯᠳᠡᠰ ᠵᠢᠯ ᠪᠦ᠋ᠷᠢ ᠰᠤᠷᠤᠭᠴᠢᠳ ᠤᠨ ᠬᠦᠯ ᠪᠦᠮᠪᠦᠭᠡ᠂ ᠰᠠᠭᠰᠤᠨ ᠪᠦᠮᠪᠦᠭᠡ᠂ ᠠᠯᠠᠭᠠᠳᠠᠬᠤ ᠪᠦᠮᠪᠦᠭᠡ ᠪᠠ ᠫᠢᠩᠫᠤᠩ ᠪᠦᠮᠪᠦᠭᠡᠨ ᠤ ᠤᠷᠤᠯᠳᠤᠭᠠᠨ᠂ ᠳᠡᠭᠡᠰᠦ ᠳᠠᠳᠠᠬᠤ ᠂ ᠳᠡᠭᠡᠰᠦ ᠦᠰᠦᠷᠭᠦ ᠪᠤᠯᠤᠨ ᠳᠦᠮᠡᠨ ᠮᠸᠲᠷ ᠬᠦᠶᠦᠬᠦ ᠮᠡᠳᠦ ᠤᠯᠠᠨ ᠳᠦᠷᠦᠯ  ᠤᠨ ᠳᠠᠮᠢᠷ ᠤᠨ ᠬᠦᠳᠡᠯᠭᠡᠭᠡᠨ ᠢ ᠡᠮᠬᠢ ᠳᠠᠷᠠᠭ᠎ᠠ ᠳᠡᠢ ᠡᠷᠬᠢᠯᠡᠨ ᠶᠠᠪᠤᠭᠳᠠᠭᠤᠯᠳᠠᠭ᠃ ᠡᠳᠡᠭᠡᠷ ᠳᠤᠮᠤ ᠵᠢᠵᠢᠭ ᠬᠡᠯᠪᠡᠷᠢ ᠶᠢᠨ ᠬᠦ᠋ᠳᠡᠯᠭᠡᠭᠡᠨ ᠢ ᠪᠦᠷ ᠰᠤᠷᠤᠭᠴᠢᠳ ᠦᠪᠡᠷ ᠢᠶᠡᠨ ᠵᠤᠬᠢᠶᠠᠨ ᠪᠠᠶᠢᠭᠤᠯᠵᠤ ᠡᠷᠬᠢᠯᠡᠨ ᠶᠠᠪᠤᠭᠳᠠᠭᠤᠯᠳᠠᠭ ᠨᠢ ᠮᠠᠨ ᠤ ᠪᠠᠰᠠ ᠨᠢᠭᠡᠨ ᠤᠨᠴᠠᠯᠢᠭ ᠪᠤᠯᠤᠨ᠎ᠠ ᠃

ᠠᠩᠭᠢ ᠶᠢᠨ ᠬᠡᠯᠲᠡᠰ  ᠳᠥᠭᠥᠮ ᠲᠠᠨᠢᠯᠴᠠᠭᠣᠯᠭ᠎ᠠ᠄ ᠮᠠᠨ ᠤ ᠬᠡᠯᠲᠡᠰ  ᠨᠢ ᠠᠩᠬ᠎ᠠ 1980 ᠤᠨ ᠳᠤ ᠪᠠᠶᠢᠭᠣᠯᠣᠭᠳᠠᠵᠣ ᠂ 30 ᠵᠢᠯ ᠦᠨ ᠥᠪ ᠵᠣᠵᠠᠭᠠᠨ ᠥᠥᠬᠡ ᠲᠡᠥᠬᠡ ᠲᠠᠢ ᠃ 《ᠰᠠᠶᠢᠨ ᠰᠠᠶᠢᠬᠠᠨ ᠰᠣᠷᠣᠯᠭ᠎ᠠ ᠶᠢᠨ ᠣᠷᠴᠢᠨ ᠲᠣᠭᠣᠷᠢᠨ ᠢ ᠪᠣᠢ ᠪᠣᠯᠭᠠᠵᠦ ᠂ ᠰᠣᠷᠣᠭᠴᠢ ᠨᠥ᠋ᠬᠦᠳ ᠲᠦ ᠪᠡᠨ ᠣᠶᠢᠯᠡᠴᠢᠯᠡᠬᠦ 》 ᠪᠠᠷ ᠬᠠᠷᠠᠯᠲᠠ ᠪᠠᠨ ᠪᠣᠯᠭᠠᠵᠦ ᠂ ᠡᠨᠡᠬᠦ ᠵᠠᠷᠴᠢᠮ ᠢᠶᠠᠨ ᠪᠠᠷᠢᠮᠲᠠᠯᠠᠭᠰᠠᠭᠠᠷ ᠠᠵᠢᠯ ᠡᠭᠦᠷᠭᠡ ᠪᠡᠨ ᠭᠦ᠋ᠢᠴᠡᠳ ᠪᠡᠶᠡᠯᠡᠭᠦᠯᠦᠭᠰᠡᠭᠡᠷ ᠢᠷᠡᠭᠰᠡᠨ ᠶᠣᠮ ᠃ ᠮᠠᠨ ᠤ ᠬᠡᠯᠲᠡᠰ ᠨᠢ ᠡᠳᠥᠷ ᠲᠤ ᠭᠣᠷᠪᠠ ᠣᠳᠠᠭ᠎ᠠ ᠠᠩᠭᠢ ᠶᠢᠨ ᠭᠡᠷ ᠵᠢᠴᠢ ᠭᠣᠳᠣᠮᠵᠢᠨ ᠤ ᠠᠷᠢᠭᠣᠨ ᠴᠡᠪᠡᠷ ᠦᠨ ᠲᠠᠯ᠎ᠠ ᠪᠠᠷ ᠪᠠᠶᠢᠴᠠᠭᠠᠯᠲᠠ ᠬᠢᠵᠦ᠂ ᠲᠣᠰ ᠲᠣᠰ ᠭᠠᠷᠠᠭ ᠤᠨ ᠂ ᠰᠠᠷ᠎ᠠ ᠶᠢᠨ ᠭᠡᠵᠦ ᠶᠡᠬᠡ ᠬᠡᠪᠴᠢᠶᠡᠨ ᠤ ᠪᠠᠶᠢᠴᠠᠭᠠᠯᠲᠠ ᠥᠷᠨᠢᠭᠥᠯᠵᠦ ᠪᠣᠢ᠃ ᠨᠢᠭᠡ ᠬᠣᠭᠣᠴᠠᠭᠠᠨ ᠤ ᠠᠵᠢᠯᠯᠠᠭᠠᠨ ᠳᠤ ᠪᠠᠨ ᠪᠠᠰᠠ ᠳᠡᠭᠡᠰᠦ ᠰᠥᠷᠬᠥ ᠣᠷᠣᠯᠳᠠᠭᠠᠨ ᠢ ᠵᠣᠬᠢᠶᠠᠨ ᠪᠠᠶᠢᠭᠣᠯᠵᠦ᠂ ᠰᠣᠷᠣᠭᠴᠢ ᠨᠥ᠋ᠬᠦᠳ ᠳᠦ ᠪᠡᠨ ᠪᠠᠶᠠᠷ ᠪᠠᠶᠠᠰᠬᠣᠯᠠᠩᠲᠦ ᠣᠷᠴᠢᠨ ᠲᠣᠭᠣᠷᠢᠨ ᠢ ᠪᠥ᠋ᠲᠦᠭᠡᠨ ᠪᠠᠶᠢᠭᠣᠯᠵᠦ ᠥᠭᠬᠦ ᠪᠡᠷ ᠴᠢᠷᠮᠠᠶᠢᠳᠠᠭ  ᠶᠣᠮ᠃ ᠪᠠᠶᠢᠴᠠᠭᠠᠯᠲᠠ ᠶᠢᠨ ᠲᠣᠬᠢᠷᠠᠭᠣᠯᠭ᠎ᠠ ᠳᠣᠣᠷᠠᠬᠢ ᠮᠡᠲᠦ : ᠡᠩ ᠦᠨ ᠡᠳᠣᠷ ᠤᠨ ᠪᠠᠶᠢᠴᠠᠭᠠᠯᠲᠠ ᠄ ᠥᠷᠯᠦᠭᠡ ᠄ 6 ᠄ 45 ᠬᠥᠳᠡᠯᠭᠡᠭᠡᠨ ᠤ ᠴᠠᠭ ᠄ 16 ᠄ 35 ᠰᠥᠨᠢ ᠶᠢᠨ ᠲᠠᠮᠢᠷ ᠄ 20 ᠄ 55 ᠭᠠᠷᠠᠭ ᠪᠠ ᠰᠠᠷ᠎ᠠ ᠶᠢᠨ ᠶᠡᠬᠡ ᠴᠡᠪᠡᠷᠯᠡᠭᠡ ᠄ ᠶᠡᠷᠦᠳᠡᠭᠡᠨ ᠭᠠᠷᠠᠭ ᠤᠨ ᠵᠢᠷᠭᠣᠭᠠᠨ ᠤ ᠦᠳᠡ ᠶᠢᠨ ᠬᠣᠶᠢᠨᠠᠬᠢ ᠬᠣᠶᠠᠷ ᠬᠢᠴᠢᠶᠡᠯ ᠪᠠᠭᠣᠭᠰᠠᠨ ᠤ ᠬᠣᠶᠢᠨ᠎ᠠ ᠴᠡᠪᠡᠷᠯᠡᠭᠡ ᠬᠢᠵᠦ ᠂ ᠪᠠᠶᠢᠴᠠᠭᠠᠬᠣ ᠴᠠᠭ ᠄ 17 ᠄ 05

ᠠᠮᠤᠷ  ᠢ ᠬᠠᠮᠠᠭᠠᠯᠠᠬᠤ ᠬᠡᠯᠳᠡᠰ ᠬᠡᠯᠳᠡᠰ ᠤᠨ ᠲᠠᠨᠢᠯᠴᠠᠭᠤᠯᠭ᠎ᠠ ᠄ ᠮᠠᠨ  ᠤ ᠬᠡᠯᠳᠡᠰ ᠨᠢ ᠭᠤᠤᠯᠳᠠᠭᠣ ᠤᠨᠲᠠᠯᠭ᠎ᠠ ᠶᠢᠨ ᠰᠠᠬᠢᠯᠭ᠎ᠠ ᠪᠠᠲᠤ ᠶᠢ ᠪᠠᠲᠤᠯᠠᠵᠤ᠂ ᠬᠦᠮᠦᠨ ᠤ ᠲᠤᠭ᠎ᠠ ᠶᠢ ᠪᠦ᠋ᠷᠢᠳᠭᠡᠨ᠂ ᠪᠠᠶᠢᠷᠢ ᠶᠢᠨ ᠠᠰᠠᠷ ᠤᠨ ᠡᠮᠬᠢ ᠲᠢᠭᠯᠢᠮ ᠢ ᠬᠠᠮᠢᠶᠠᠷᠠᠳᠠᠭ ᠴᠢᠬᠤᠯᠠ ᠬᠡᠯᠳᠡᠰ ᠪᠤᠯᠤᠨ᠎ᠠ᠃ ᠵᠢᠯ ᠪᠤᠯᠭᠠᠨ ᠤ ᠳᠡᠭᠡᠰᠦ ᠲᠠᠲᠠᠬᠤ ᠤᠷᠤᠯᠳᠤᠭᠠᠨ ᠦᠷᠨᠢᠭᠦᠯᠳᠡᠭ ᠃ ᠦᠳᠡ ᠶᠢᠨ 12 ᠄30 —13 ᠄30 ᠬᠦ᠋ᠷᠲᠡᠯ᠎ᠡ ᠪᠠᠶᠢᠷᠢ ᠶᠢᠨ ᠠᠰᠠᠷ ᠤᠨ ᠨᠠᠮ ᠵᠢᠮ ᠢ ᠪᠠᠲᠦᠯᠠᠨ᠂ ᠬᠦᠮᠦᠨ ᠤ ᠲᠤᠭ᠎ᠠ ᠶᠢ ᠪᠦᠷᠢᠳᠭᠡᠨ᠂ ᠤᠨᠲᠠᠯᠭ᠎ᠠ ᠶᠢᠨ ᠰᠠᠬᠢᠯᠡᠭ᠎ᠠ ᠪᠠᠲᠤ  ᠶᠢ ᠬᠠᠮᠠᠭᠠᠯᠠᠨ᠎ᠠ ᠃ ᠤᠷᠤᠢ ᠶᠢᠨ 23 ᠄05  ᠳᠣ ᠪᠠᠶᠢᠷᠢ ᠳᠧᠩ ᠢ ᠤᠨᠲᠠᠷᠠᠭᠠᠨ᠂ ᠤᠨᠲᠠᠯᠭ᠎ᠠ ᠶᠢᠨ ᠰᠠᠬᠢᠯᠭ᠎ᠠ ᠪᠠᠲᠤ  ᠶᠢ ᠬᠠᠮᠢᠶᠠᠷᠤᠨ᠎ᠠ ᠃ ᠭᠠᠷᠠᠭ ᠤᠨ ᠵᠢᠷᠭᠤᠭᠠᠨ ᠤ ᠤᠷᠤᠢ 22 ᠄20 ᠠᠴᠠ ᠡᠬᠢᠯᠡᠨ ᠬᠦᠮᠦᠨ ᠤ ᠲᠤᠭ᠎ᠠ ᠪᠦ᠋ᠷᠢᠳᠭᠡᠳᠡᠭ ᠃ ᠦᠳᠡ᠂ ᠤᠷᠤᠢ ᠪᠠᠴᠢᠮ ᠤᠴᠢᠷ ᠭᠠᠷᠬᠤ ᠦᠶᠡᠰ ᠮᠠᠨ ᠤ ᠬᠡᠯᠳᠡᠰ ᠤᠨ ᠭᠡᠰᠢᠬᠦᠨ ᠳᠣ ᠮᠡᠳᠡᠭᠳᠡᠨ᠂ ᠮᠠᠨ ᠤ ᠬᠡᠯᠳᠡᠰ ᠤᠨ ᠭᠡᠰᠢᠭᠦᠨ ᠪᠠᠭᠰᠢ ᠨᠠᠷ ᠲᠤ ᠮᠡᠳᠡᠭᠳᠡᠨ᠎ᠡ ᠃

ᠡᠮᠬᠢ ᠳᠢᠭᠯᠢᠮ ᠤᠨ ᠬᠡᠯᠳᠡᠰ ᠡᠮᠬᠢ ᠳᠢᠭᠯᠢᠮ ᠤᠨ ᠬᠡᠯᠲᠡᠰ ᠪᠤᠯ 2001.3 ᠰᠠᠷ᠎ᠠ ᠳᠣ ᠠᠩᠬ᠎ᠠ ᠪᠠᠶᠢᠭᠤᠯᠤᠭᠳᠠᠵᠤ ᠂ ᠤᠳᠠᠭᠠᠨ ᠵᠢᠯ ᠤᠨ ᠲᠤᠷᠰᠢ ᠮᠤᠩᠭᠤᠯ ᠠᠩᠬᠢ ᠳᠣ  ᠪᠠᠨ ᠥᠢᠯᠡᠴᠢᠯᠡᠵᠦ ᠂ ᠪᠢᠴᠢᠭ ᠢᠶᠠᠨ ᠰᠠᠶᠢᠨ ᠰᠤᠷᠴᠤ ᠂ ᠠᠵᠢᠯ ᠢᠶᠠᠨ ᠰᠠᠶᠢᠨ ᠬᠢᠬᠦ ᠵᠠᠷᠴᠢᠮ ᠢᠶᠠᠨ ᠪᠠᠷᠢᠮᠲᠠᠯᠠᠭᠰᠠᠭᠠᠷ ᠢᠷᠡᠵᠠᠢ ᠃ ᠰᠤᠷᠤᠭᠴᠢᠳ ᠤᠨ ᠡᠳᠦᠷ ᠲᠤᠲᠤᠮ ᠤᠨ ᠡᠮᠦᠰᠬᠡᠯ ᠵᠠᠰᠠᠯ᠂ ᠳᠤᠭᠤᠢ ᠲᠡᠭᠰᠢᠯᠡᠬᠦ ᠴᠢᠨᠠᠷ᠂ ᠲᠠᠪᠲᠠᠯᠭ᠎ᠠ ᠶᠢᠨ ᠡᠮᠬᠢ ᠲᠢᠭᠯᠢᠮ ᠵᠡᠷᠭᠡ  ᠨᠢ ᠡᠮᠬᠢ ᠲᠢᠭᠯᠢᠮ ᠤᠨ ᠬᠡᠯᠲᠡᠰ ᠤᠨ ᠬᠠᠮᠢᠶᠠᠷᠤᠯᠲᠠ  ᠶᠢᠨ ᠬᠦ᠋ᠷᠢᠶ᠎ᠡ ᠬᠡᠪᠴᠢᠶ᠎ᠡ ᠳᠣ ᠪᠠᠭᠲᠠᠵᠤ ᠪᠠᠶᠢᠳᠠᠭ ᠃ ᠲᠤᠬᠠᠶᠢᠯᠠᠪᠠᠯ ᠂ ᠥᠷᠯᠥᠭᠡ ᠳᠣ  ᠪᠠᠨ 6 ᠄35 —7 ᠄05 ᠪᠤᠯᠲᠠᠯ᠎ᠠ ᠬᠤᠶᠠᠷ ᠬᠡᠯᠲᠡᠰ ᠤᠨ ᠭᠡᠰᠢᠭᠦᠨ ᠡᠭᠦᠳᠡᠨ ᠳᠡᠭᠡᠷ᠎ᠡ ᠵᠤᠭᠰᠤᠵᠤ ᠰᠤᠷᠤᠭᠴᠢᠳ ᠤᠨ ᠰᠤᠷᠭᠠᠭᠤᠯᠢ ᠶᠢᠨ ᠬᠤᠪᠴᠠᠰᠤ ᠪᠠᠨ ᠡᠮᠦᠰᠦᠭᠰᠡᠨ ᠡᠰᠡᠭᠦ ᠂ ᠡᠨᠭᠭᠡᠷ ᠤᠨ ᠲᠡᠮᠳᠡᠭ ᠢᠶᠠᠨ ᠵᠡᠭᠦᠭᠰᠡᠨ ᠡᠰᠡᠭᠦ ᠶᠢ ᠪᠠᠶᠢᠴᠠᠭᠠᠵᠤ᠂ 7 ᠄05 ᠳᠤ ᠳᠤᠭᠤᠢ ᠤᠨᠤᠵᠤ ᠪᠠᠶᠢᠭ᠎ᠠ ᠰᠤᠷᠤᠭᠴᠢᠳ ᠤᠨ ᠳᠤᠭᠤᠢ ᠪᠠᠨ ᠳᠡᠷᠢ ᠳᠡᠭᠰᠢ ᠳᠡᠭᠰᠢᠯᠡᠭᠰᠡᠨ ᠡᠰᠡᠭᠦ  ᠶᠢ ᠪᠠᠶᠢᠴᠠᠭᠠᠨ᠎ᠠ ᠃ ᠤᠷᠤᠢ ᠶᠢᠨ ᠳᠠᠪᠲᠠᠯᠭ᠎ᠠ ᠶᠢᠨ ᠡᠮᠬᠢ ᠳᠢᠭᠯᠢᠮ ᠢ ᠪᠠᠶᠢᠴᠠᠭᠠᠵᠤ ᠂ ᠡᠯ᠎ᠡ ᠠᠩᠬᠢ ᠶᠢᠨ ᠳᠠᠪᠲᠠᠯᠭ᠎ᠠ ᠤᠷᠤᠬᠤ ᠴᠢᠨᠠᠷ ᠰᠠᠶᠢᠨ ᠪᠠᠶᠢᠬᠤ ᠶᠢ ᠪᠠᠲᠤᠯᠠᠵᠤ᠂ ᠰᠤᠷᠤᠭᠴᠢᠳ ᠲᠣ  ᠨᠡᠨᠭ ᠰᠠᠶᠢᠨ ᠰᠤᠷᠤᠯᠴᠠᠬᠤ ᠤᠷᠴᠢᠨ ᠲᠤᠭᠤᠷᠢᠨ ᠪᠤᠢ ᠪᠤᠯᠭᠠᠨ᠎ᠠ᠃ ᠡᠭᠦᠨ ᠠᠴᠠ ᠭᠠᠳᠠᠨ᠎ᠠ ᠂ ᠰᠤᠷᠭᠠᠭᠤᠯᠢ ᠶᠢᠨ ᠶᠤᠰᠤᠯᠠᠯ ᠤᠨ ᠲᠢᠨᠭᠬᠢᠮ ᠳᠣ ᠶᠠᠪᠤᠭᠳᠠᠬᠤ ᠶᠡᠬᠡ ᠪᠠᠭ᠎ᠠ ᠬᠥ᠋ᠳᠡᠯᠭᠡᠭᠡᠨ ᠣ ᠲᠠᠯᠠᠪᠤᠷ ᠲᠣ ᠤᠷᠤᠬᠤ ᠂ ᠰᠠᠭᠤᠳᠠᠯ ᠵᠡᠷᠭᠡ ᠶᠢ ᠲᠤᠬᠢᠷᠠᠭᠤᠯᠵᠤ ᠂ ᠲᠤᠬᠠᠢ  ᠶᠢᠨ ᠲᠠᠯᠠᠪᠠᠢ ᠶᠢᠨ ᠡᠮᠬᠢ ᠳᠢᠭᠯᠢᠮ ᠢ ᠪᠠᠲᠤᠯᠠᠨ᠎ᠠ ᠃ ᠰᠤᠷᠤᠭᠴᠢᠳ ᠤᠨ ᠡᠳᠦᠷ ᠲᠤᠲᠤᠮ ᠤᠨ ᠠᠮᠢᠳᠤᠷᠠᠯ ᠢ ᠨᠡᠩ ᠪᠠᠶᠠᠯᠢᠭ ᠪᠤᠯᠭᠠᠬᠤ ᠶᠢᠨ ᠲᠤᠯᠠᠲᠠ ᠮᠠᠨ ᠣ ᠬᠡᠯᠲᠡᠰ ᠨᠢ ᠵᠢᠯ ᠪᠤᠯᠭᠠᠨ ᠤ 9 ᠰᠠᠷ᠎ᠠ ᠳᠣ ᠪᠥᠭᠥ ᠮᠤᠩᠭᠤᠯ ᠠᠩᠬᠢ ᠶᠢᠨ ᠬᠡᠪᠴᠢᠶ᠎ᠡ ᠲᠠᠢ ᠳᠡᠭᠡᠰᠦ ᠦᠰᠦᠷᠭᠦ ᠤᠷᠤᠯᠳᠦᠭᠠᠨ ᠶᠠᠪᠤᠭᠳᠠᠭᠤᠯᠳᠠᠭ ᠪᠠᠶᠢᠨ᠎ᠠ ᠃ ᠡᠮᠬᠢ ᠲᠢᠭᠯᠢᠮ ᠤᠨ ᠬᠡᠯᠲᠡᠰ ᠨᠢ ᠮᠤᠩᠭᠤᠯ ᠠᠩᠬᠢ ᠶᠢᠨ ᠰᠤᠷᠤᠭᠴᠢ ᠶᠢᠨ ᠬᠤᠷᠠ ᠤᠨ ᠳᠤᠲᠠᠭᠲᠠᠵᠤ ᠪᠤᠯᠬᠤ ᠥᠭᠡᠢ ᠨᠢᠭᠡ ᠬᠡᠯᠲᠡᠰ ᠪᠤᠯᠤᠭᠰᠠᠨ ᠣ ᠬᠤᠪᠢ ᠳᠣ ᠠᠵᠢᠯ ᠳᠣ  ᠪᠠᠨ ᠬᠠᠷᠢᠭᠤᠴᠠᠯᠭ᠎ᠠ ᠲᠠᠢ ᠪᠠᠶᠢᠵᠤ ᠂ ᠡᠭᠥᠷᠭᠡ ᠪᠠᠨ ᠨᠢᠮᠪᠠᠢ ᠪᠡᠶᠡᠯᠡᠭᠥᠯᠵᠥ ᠂ ᠮᠤᠩᠭᠤᠯ ᠠᠩᠬᠢ ᠳᠣ ᠪᠠᠨ ᠥᠷᠭᠥᠯᠵᠢᠯᠡᠨ ᠬᠤᠪᠢ ᠨᠡᠮᠡᠷᠢ ᠥᠵᠡᠭᠥᠯᠬᠦ ᠪᠠᠷ ᠴᠢᠷᠮᠠᠶᠢᠬᠤ ᠶᠤᠮ ᠃

ᠤᠳᠬ᠎ᠠ ᠤᠷᠠᠯᠢᠭ ᠤᠨ ᠬᠡᠯᠲᠡᠰ ᠤᠳᠬ᠎ᠠ ᠤᠷᠠᠯᠢᠭ ᠤᠨ ᠬᠡᠯᠲᠡᠰ ᠪᠣᠯ ᠮᠣᠩᠭᠣᠯ ᠠᠩᠭᠢ ᠶᠢᠨ ᠨᠠᠢᠮᠠᠨ ᠬᠡᠯᠲᠡᠰ ᠢᠨ ᠳᠣᠲᠣᠷᠬᠢ ᠶᠢᠨ ᠬᠣᠶᠠᠳᠦᠭᠠᠷ ᠠᠵᠢᠯᠯᠠᠭᠠᠨ ᠤ ᠱᠤᠭᠤᠮ ᠳᠤ ᠪᠠᠶᠢᠭ᠎ᠠ ᠬᠡᠯᠲᠡᠰ  ᠶᠤᠮ ᠃ ᠪᠤᠰᠤᠳ ᠬᠡᠯᠲᠡᠰ ᠤᠨ ᠬᠤᠪᠢ ᠬᠠᠰᠤᠭᠰᠡᠨ᠂ ᠱᠠᠩᠨᠠᠵᠤ ᠭᠦᠬᠢᠭᠦᠯᠦᠭᠰᠡᠨ ᠪᠠᠶᠢᠳᠠᠯ ᠢ ᠳᠦ᠋ᠩᠨᠡᠨ ᠪᠣᠳᠣᠵᠤ ᠳᠦᠩᠨᠡᠯᠲ  ᠶᠢᠨ ᠰᠠᠮᠪᠠᠷ᠎ᠠ ᠳᠡᠭᠡᠷ᠎ᠡ ᠭᠠᠷᠭᠠᠵᠤ ᠂ ᠡᠯ᠎ᠡ ᠠᠩᠭᠢ ᠨᠢᠭᠡᠴᠢ ᠡᠳᠤᠷ ᠢᠶᠠᠷ ᠨᠢᠭᠡᠴᠢᠯᠡᠬᠦ ᠪᠥᠭᠡᠳ ᠭᠠᠷᠠᠭ ᠢᠶᠠᠷ ᠨᠢᠭᠡᠴᠢᠯᠡᠨ ᠬᠤᠪᠢ ᠶᠢ ᠪᠣᠳᠣᠵᠦ ᠰᠢᠯᠢᠳᠡᠭ ᠠᠩᠭᠢ ᠨᠢᠭᠡᠴᠢ ᠪᠠ ᠠᠳᠠᠭ  ᠲᠤ ᠣᠷᠤᠭᠰᠡᠨ ᠠᠩᠭᠢ ᠨᠢᠭᠡᠴᠢ ᠂ ᠲᠣᠷᠭᠠᠭᠳᠠᠬᠤ ᠬᠦᠮᠦᠨ ᠢ ᠰᠢᠯᠭᠠᠷᠠᠭᠤᠯᠵᠦ ᠭᠠᠷᠭᠠᠳᠠᠭ ᠶᠤᠮ᠃ ᠡᠭᠦᠨ ᠤ ᠬᠠᠮᠲᠦ ᠪᠤᠰᠦᠳ ᠳᠣᠯᠤᠭᠠᠨ ᠬᠡᠯᠲᠡᠰ ᠢ 《ᠠᠷᠪᠠᠨ ᠬᠤᠪᠢ ᠶᠢᠨ ᠳᠦᠷᠢᠮ》  ᠢᠶᠠᠷ ᠳᠠᠮᠵᠢᠨ ᠬᠢᠨᠠᠨ ᠪᠠᠶᠢᠴᠠᠭᠠᠬᠤ ᠠᠵᠢᠯ ᠬᠢᠵᠤ ᠪᠠᠶᠢᠳᠠᠭ ᠃ ᠭᠣᠣᠯᠳᠠᠭᠤ ᠰᠤᠷᠤᠭᠴᠢ ᠶᠢ ᠭᠦᠳᠭᠡᠬᠦ ᠂ ᠳᠤᠷ᠎ᠠ ᠪᠠᠷ ᠬᠤᠪᠢ ᠬᠠᠰᠦᠬᠤ᠂ ᠳᠦ᠋ᠩᠨᠡᠯᠲᠡ ᠬᠢᠬᠦ ᠴᠢᠨᠠᠷ ᠴᠢᠨᠰᠠᠭ᠎ᠠ ᠮᠠᠭᠤ ᠵᠡᠷᠭᠡ ᠠᠰᠠᠭᠤᠳᠠᠯ ᠳᠤ ᠴᠢᠭᠯᠡᠭᠦᠯᠤᠨ ᠡᠯ᠎ᠡ ᠬᠡᠯᠲᠡᠰ ᠠᠴᠠ ᠬᠠᠷᠭᠠᠯᠵᠠᠭᠰᠠᠨ ᠳᠦᠷᠢᠮ ᠢᠶᠠᠷ ᠬᠤᠪᠢ ᠬᠠᠰᠦᠳᠠᠭ᠃ ᠡᠭᠦᠨ ᠳᠤ ᠪᠠᠷᠢᠮᠵᠢᠶ᠎ᠠ ᠠᠴᠠ ᠪᠠᠭᠤᠭᠰᠡᠨ ᠬᠡᠯᠲᠡᠰ ᠤᠨ ᠬᠡᠯᠲᠡᠰ ᠤᠨ ᠳᠠᠷᠦᠭ᠎ᠠ ᠲᠥᠪ ᠭᠣᠣᠯᠴᠢ ᠶᠢᠨ ᠲᠥ᠋ᠯᠤᠭᠡ ᠳᠦ᠋ᠩᠨᠡᠯᠲᠡ ᠶᠢᠨ ᠦᠨᠡᠨ ᠪᠣᠳᠠᠳᠦ ᠴᠢᠨᠠᠷ ᠢ ᠬᠢᠨᠠᠨ ᠪᠠᠶᠢᠴᠠᠭᠠᠵᠤ ᠪᠣᠯᠤᠨ᠎ᠠ ᠃ ᠠᠵᠢᠯ ᠤᠨ ᠴᠠᠭ ᠭᠣᠣᠯᠳᠠᠭᠤ ᠣᠷᠣᠢ ᠶᠢᠨ ᠳᠠᠪᠲᠠᠯᠭ᠎ᠠ ᠪᠠᠭᠤᠭᠰᠡᠨ ᠤ ᠰᠡᠭᠦᠯᠡᠷ (22 ᠄35 ᠡᠪᠦᠯ ᠂22 ᠄45 ᠵᠤᠨ ) ᠂ ᠭᠠᠷᠠᠭ ᠤᠨ ᠳᠥ᠋ᠩᠨᠡᠯᠲᠡ ᠪᠠ ᠠᠷᠪᠠᠨ ᠬᠤᠪᠢ ᠶᠢᠨ ᠳᠦ᠋ᠷᠢᠮ  ᠢᠶᠠᠷ ᠶᠠᠪᠤᠭᠳᠠᠭᠰᠡᠨ ᠠᠵᠢᠯ  ᠨᠢ ᠭᠠᠷᠠᠭ ᠤᠨ ᠰᠡᠭᠦᠯᠴᠢ ᠳᠤ ᠲᠥᠪᠯᠡᠷᠡᠳᠡᠨᠭ᠃ ᠬᠤᠪᠢ ᠬᠦᠮᠦᠨ ᠤ ᠬᠤᠪᠢ ᠬᠠᠰᠤᠭᠳᠠᠭᠰᠡᠨ ᠪᠠᠶᠢᠳᠠᠯ  ᠢ ᠳᠥ᠋ᠩᠨᠡᠨ ᠪᠣᠳᠤᠬᠤ ᠨᠢ ᠰᠠᠷ᠎ᠠ ᠪᠦᠷᠢ ᠶᠢᠨ ᠳᠤᠮᠳᠠᠴᠢ ᠪᠠᠷ ᠲᠥᠪᠯᠡᠷᠡᠳᠡᠭ᠃ ᠶᠡᠷᠦ  ᠳᠣ ᠪᠠᠨ ᠰᠤᠯᠠ ᠰᠡᠯᠡᠭᠦᠤ ᠴᠠᠭ ᠢ  ᠪᠠᠨ ᠠᠰᠢᠭᠯᠠᠨ ᠬᠡᠯᠲᠡᠰ ᠤᠨ ᠭᠡᠰᠢᠭᠦᠨ ᠨᠤᠭᠦᠳ ᠬᠤᠪᠢᠶᠠᠵᠤ ᠠᠪᠴᠤ ᠬᠢᠳᠡᠭ ᠃ ᠬᠢᠵᠤ ᠪᠠᠷᠠᠭᠰᠡᠨ ᠤ ᠳᠠᠷᠠᠭ᠎ᠠ ᠰᠤᠷᠤᠭᠴᠢ ᠶᠢᠨ ᠬᠤᠷᠠᠯ ᠤᠨ ᠬᠠᠮᠢᠶᠠᠷᠤᠯᠲᠠ ᠶᠢᠨ ᠭᠠᠵᠠᠷ  ᠲᠤ ᠳᠤᠰᠢᠶᠠᠳᠠᠭ ᠪᠠᠶᠢᠨ᠎ᠠ ᠃

ᠪᠠᠶᠢᠷᠢ ᠶᠢᠨ ᠬᠡᠯᠲᠡᠰ ᠪᠠᠶᠢᠷᠢ ᠶᠢᠨ ᠬᠡᠯᠲᠡᠰ ᠨᠢ ᠬᠠᠷᠢᠶᠠᠲᠦ ᠳᠤᠮᠳᠠᠳᠤ ᠶᠢᠨ ᠰᠤᠷᠤᠭᠴᠢ ᠶᠢᠨ ᠬᠤᠷᠠᠯ ᠤᠨ ᠨᠢᠭᠡ ᠴᠢᠬᠤᠯᠠ ᠪᠦᠷᠢᠯᠳᠦᠭᠦᠨ ᠪᠤᠯᠤᠭᠰᠠᠨ ᠤ ᠬᠤᠪᠢ ᠳᠤ ᠂ ᠬᠠᠮᠲᠤ ᠰᠤᠷᠤᠭᠴᠢᠳ ᠶᠢᠨ ᠢᠲᠡᠭᠡᠯ ᠨᠠᠶᠢᠲᠠᠯᠭ᠎ᠠ᠂ ᠪᠠᠭᠰᠢ ᠠᠬᠠᠮᠠᠳ ᠤᠨ ᠵᠢᠯᠤᠭᠤᠳᠤᠯᠭ᠎ᠠ ᠱᠠᠭᠠᠷᠳᠠᠯᠭ᠎ᠠ ᠳᠤᠤᠷ᠎ᠠ ᠂ ᠤᠯᠠᠨ ᠵᠢᠯ ᠤᠨ ᠲᠤᠷᠰᠢ ᠴᠢᠷᠮᠠᠶᠢᠨ ᠠᠵᠢᠯᠯᠠᠭᠰᠠᠭᠠᠷ ᠢᠷᠡᠭᠰᠡᠨ  ᠶᠤᠮ᠃ ᠲᠤᠰ ᠬᠡᠯᠲᠡᠰ ᠨᠢ ᠪᠠᠶᠢᠷᠢ ᠶᠢᠨ ᠭᠡᠷ ᠤᠨ ᠠᠷᠢᠭᠤᠨ ᠴᠡᠪᠡᠷ ᠢ ᠭᠤᠤᠯᠳᠠᠭᠤ ᠪᠠᠲᠤᠯᠠᠨ ᠬᠠᠮᠠᠭᠠᠯᠠᠨ᠎ᠠ᠃ ᠪᠤᠳᠠᠲᠠᠢ ᠠᠵᠢᠯ  ᠤᠨ ᠲᠤᠬᠢᠷᠠᠭᠤᠯᠭ᠎ᠠ ᠄ ᠬᠢᠴᠢᠶᠡᠯ ᠤᠷᠤᠬᠤ ᠡᠳᠦᠷ  ᠤᠨ ᠥᠷᠯᠥᠭᠡ 6 ᠄ 30  ᠡᠴᠡ ᠡᠬᠢᠯᠡᠵᠦ ᠪᠠᠶᠢᠷᠢ ᠪᠠᠶᠢᠴᠠᠭᠠᠨ ᠂ ᠵᠠᠪᠰᠠᠷᠯᠠᠭ᠎ᠠ ᠶᠢᠨ ᠲᠠᠮᠢᠷ ᠳᠡᠭᠡᠷ᠎ᠡ ᠳᠠᠬᠢᠨ ᠪᠠᠶᠢᠴᠠᠭᠠᠯᠲᠠ ᠬᠢᠵᠦ 5 ᠬᠤᠪᠢ ᠪᠠᠷ ᠪᠠᠷᠢᠮᠵᠢᠶᠠᠯᠠᠵᠦ ᠂ ᠪᠠᠰᠠ ᠭᠠᠷᠠᠭ ᠂ ᠰᠠᠷ᠎ᠠ ᠶᠢᠨ ᠪᠠᠶᠢᠴᠠᠭᠠᠯᠲᠠ ᠵᠡᠷᠭᠡ ᠪᠠᠶᠢᠵᠦ ᠂ 4 ᠬᠤᠪᠢ  ᠪᠠᠷ ᠪᠠᠷᠢᠮᠵᠢᠶᠠᠯᠠᠳᠠᠭ᠃ ᠪᠠᠶᠢᠷᠢ ᠶᠢᠨ ᠬᠡᠯᠲᠡᠰ ᠨᠢ ᠲᠠ ᠤᠯᠠᠨ ᠢ ᠪᠠᠨ ᠬᠦᠰᠡᠷᠳᠡᠭᠦᠯᠬᠦ ᠦᠭᠡᠢ ᠪᠠᠷ ᠦᠷᠭᠦᠯᠵᠢᠯᠡᠨ ᠴᠢᠷᠮᠠᠶᠢᠨ ᠠᠵᠢᠯᠯᠠᠵᠤ᠂ ᠲᠠ ᠤᠯᠠᠨ ᠳᠦ ᠪᠠᠨ ᠨᠡᠩ ᠰᠠᠶᠢᠨ ᠪᠠᠶᠢᠷᠢ ᠶᠢᠨ ᠤᠷᠴᠢᠨ ᠲᠤᠭᠤᠷᠢᠨ ᠢ ᠬᠠᠩᠭᠠᠵᠦ  ᠶᠠᠪᠤᠬᠤ  ᠶᠤᠮ᠃

ᠲᠠᠮᠢᠷ ᠤᠨ ᠬᠡᠯᠲᠡᠰ ᠲᠠᠮᠢᠷ ᠤᠨ ᠬᠡᠯᠲᠡᠰ 1980 ᠳᠤ ᠪᠠᠶᠢᠭᠤᠯᠤᠭᠳᠠᠵᠦ ᠂ ᠮᠣᠩᠭᠤᠯ ᠠᠩᠭᠢ ᠶᠢᠨ ᠰᠤᠷᠤᠭᠴᠢ  ᠶᠢᠨ ᠬᠤᠷᠠᠯ  ᠲᠠᠢ ᠬᠠᠮᠲᠤ  ᠨᠤᠭᠤᠷᠠᠯ ᠪᠦ᠋ᠳᠦᠷᠢᠯ ᠤᠨ ᠳᠤᠮᠳᠠ ᠦᠰᠥᠨ ᠪᠤᠶᠢᠵᠢᠵᠦ ᠨᠢᠭᠡᠨᠲᠡ ᠭᠤᠴᠢᠭᠠᠳ ᠵᠢᠯ ᠪᠤᠯᠵᠠᠢ ᠃ ᠮᠠᠨ  ᠤ ᠬᠡᠯᠲᠡᠰ ᠪᠠᠶᠢᠭᠤᠯᠤᠭᠳᠠᠭᠰᠠᠨ ᠠᠴᠠ ᠡᠳᠦᠭᠡ ᠪᠤᠯᠲᠠᠯ᠎ᠠ ᠭᠡᠰᠢᠭᠦᠨ ᠪᠦᠷᠢ ᠮᠠᠨ ᠤ ᠬᠡᠯᠲᠡᠰ ᠤᠨ ᠠᠵᠢᠯᠯᠠᠭ᠎ᠠ ᠶᠢᠨ ᠤᠷᠤᠭᠰᠢᠲᠠᠢ ᠶᠠᠪᠤᠭᠳᠠᠬᠤ ᠪᠠ ᠬᠦᠭᠵᠢᠬᠦ ᠳᠤ ᠬᠦ᠋ᠴᠦᠨ ᠴᠢᠳᠠᠯ  ᠢᠶᠠᠨ ᠡᠷᠭᠦᠵᠦ ᠦᠨᠳᠦᠷ ᠠᠮᠵᠢᠯᠲᠠ ᠤᠯᠤᠭᠰᠠᠨ ᠪᠠᠶᠢᠨ᠎ᠠ ᠃ ᠬᠠᠲᠠᠭᠤ ᠴᠢᠩᠭ᠎ᠠ ᠳᠡᠭᠡᠳᠦ ᠳᠤᠮᠳᠠᠳᠤ ᠶᠢᠨ ᠰᠤᠷᠤᠯᠭ᠎ᠠ ᠶᠢᠨ ᠠᠮᠢᠳᠤᠷᠠᠯ ᠳᠤᠮᠳᠠ ᠡᠷᠠᠭᠦᠯ ᠴᠢᠭᠢᠷᠠᠭ ᠪᠡᠶ᠎ᠡ ᠮᠠᠬᠠᠪᠤᠳ  ᠲᠠᠢ ᠪᠠᠶᠢᠬᠤ ᠪᠤᠯ ᠳᠤᠲᠠᠭᠳᠠᠵᠤ ᠪᠤᠯᠤᠰᠢ ᠦᠭᠡᠢ ᠨᠦᠬᠦᠴᠡᠯ ᠮᠦ᠋ᠨ ᠃ ᠡᠶᠢᠮᠦ ᠠᠴᠠ ᠰᠤᠷᠤᠭᠴᠢ ᠨᠦᠬᠦᠳ ᠤᠨ ᠪᠡᠶ᠎ᠡ ᠮᠠᠬᠠᠪᠤᠳ ᠢ ᠳᠠᠪᠲᠠᠨ ᠪᠤᠯᠪᠠᠰᠤᠷᠠᠭᠤᠯᠬᠤ ᠪᠤᠯ ᠮᠠᠨ ᠤ ᠬᠡᠯᠲᠡᠰ  ᠤᠨ ᠬᠠᠮᠤᠭ ᠤᠨ ᠴᠢᠬᠤᠯᠠ ᠡᠭᠦᠷᠭᠡ ᠮᠦᠨ᠃ ᠮᠠᠨ  ᠤ ᠬᠡᠯᠲᠡᠰ ᠭᠤᠤᠯᠳᠠᠭᠤ ᠵᠠᠪᠰᠠᠷᠯᠠᠭ᠎ᠠ ᠶᠢᠨ ᠲᠠᠮᠢᠷ ᠪᠤᠯᠤᠨ ᠤᠷᠤᠢ ᠶᠢᠨ ᠲᠠᠮᠢᠷ  ᠤᠨ ᠡᠮᠬᠢ ᠲᠢᠭᠯᠢᠮ ᠬᠢᠭᠡᠳ ᠴᠢᠨᠠᠷ ᠴᠢᠨᠰᠠᠭ᠎ᠠ ᠶᠢ ᠪᠠᠶᠢᠴᠠᠭᠠᠨ ᠬᠠᠷᠢᠭᠤᠴᠠᠨ᠎ᠠ᠃ ᠡᠭᠦᠨ ᠠᠴᠠ ᠭᠠᠳᠠᠨ᠎ᠠ᠂ ᠮᠠᠨ ᠤ ᠬᠡᠯᠲᠡᠰ ᠵᠢᠯ ᠪᠦ᠋ᠷᠢ ᠲᠦᠮᠡᠨ ᠮᠧᠲᠷ ᠤᠨ ᠬᠦ᠋ᠴᠦᠨ ᠵᠠᠯᠭᠠᠬᠤ ᠤᠷᠤᠯᠳᠤᠭᠠᠨ ᠢ ᠡᠷᠬᠢᠯᠡᠨ ᠬᠠᠷᠢᠭᠤᠴᠠᠳᠠᠭ ᠃ ᠲᠠᠮᠢᠷ ᠤᠨ ᠬᠡᠯᠲᠡᠰ ᠨᠢᠭᠡ ᠤᠨ  ᠳᠤ ᠲᠠᠪᠤᠨ ᠡᠷᠡᠭᠲᠡᠢ᠂ ᠳᠦ᠋ᠷᠪᠡᠨ ᠡᠮᠡᠭᠲᠡᠢ ᠨᠡᠶᠢᠲᠡ ᠶᠢᠰᠦᠨ ᠭᠡᠰᠢᠭᠦᠨ ᠪᠠᠶᠢᠳᠠᠭ ᠃ ᠰᠤᠷᠤᠭᠴᠢ ᠨᠦᠬᠦᠳ ᠲᠤ ᠪᠠᠨ ᠤᠶᠢᠯᠡᠴᠢᠯᠡᠵᠦ ᠂ ᠲᠠᠮᠢᠷ  ᠤᠨ ᠴᠠᠭ  ᠤᠨ ᠡᠮᠬᠢ ᠲᠢᠭᠯᠢᠮ ᠬᠢᠭᠡᠳ ᠴᠢᠨᠠᠷ ᠢ ᠪᠠᠲᠤᠯᠠᠬᠤ ᠨᠢ ᠮᠠᠨ  ᠤ ᠳᠠᠷᠬᠠᠨ ᠡᠭᠦᠷᠭᠡ ᠮᠦᠨ ᠃

ᠵᠠᠭᠣᠨ ᠤ ᠬᠣᠷᠣᠶᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠣᠨ ᠤ ᠬᠣᠷᠣᠶᠢᠯᠠᠯ ᠮᠣᠩᠭᠣᠯ ᠰᠣᠶᠣᠯ  ᠤᠨ ᠦᠷᠭᠦᠭᠡᠨ  ᠤ ᠳᠣᠪᠴᠢ ᠲᠠᠨᠢᠯᠴᠠᠭᠣᠯᠭ᠎ᠠ ᠲᠠ ᠪᠢᠳᠡᠨ  ᠤ ᠡᠪᠦᠭᠡ ᠳᠡᠭᠡᠳᠦᠰ ᠲᠠᠷᠨᠢ ᠮᠡᠳᠦ ᠬᠡᠯᠡᠳᠡᠭ ᠦᠭᠡ — ᠮᠣᠩᠭᠣᠯ ᠲᠠ ᠪᠢᠳᠡᠨ  ᠤ ᠬᠣᠶᠢᠴᠢ ᠦᠶ᠎ᠡ  ᠶᠢᠨ ᠬᠢᠨ ᠲᠠᠩᠭᠠᠷᠢᠭ ᠮᠡᠳᠣ ᠳᠠᠪᠲᠠᠬᠣ ᠦᠭᠡ — ᠮᠣᠩᠭᠣᠯ ᠮᠠᠨ  ᠤ )) ᠵᠠᠭᠣᠨ ᠤ ᠬᠣᠷᠣᠶᠢᠯᠠᠯ )) ᠮᠣᠩᠭᠣᠯ ᠰᠣᠶᠣᠯ ᠤᠨ ᠦᠷᠭᠦᠭᠡ ᠨᠢ 2008 ᠣᠨ  ᠤ ᠡᠬᠢᠨ ᠳᠦ ᠦᠷᠭᠡᠨ ᠣᠯᠠᠨ ᠮᠣᠩᠭᠣᠯ ᠰᠣᠶᠣᠯ  ᠳᠦ ᠪᠠᠨ ᠬᠠᠶᠢᠷᠠᠲᠠᠢ ᠰᠣᠷᠣᠭᠴᠢᠳ ᠤᠨ ᠭᠠᠷ ᠳᠡᠭᠡᠷ᠎ᠡ ᠪᠠᠶᠢᠭᠣᠯᠣᠭᠳᠠᠭᠰᠠᠨ ᠶᠣᠮ ᠃ ᠡᠳᠣᠭᠡ )) ᠵᠠᠭᠣᠨ ᠤ ᠬᠣᠷᠣᠶᠢᠯᠠᠯ )) ᠨᠢ ᠮᠣᠩᠭᠣᠯ ᠠᠩᠭᠢ ᠶᠢᠨ ᠰᠣᠨᠢᠨ ᠢ ᠡᠷᠬᠢᠯᠡᠨ ᠨᠠᠶᠢᠷᠠᠭᠣᠯᠬᠣ ᠂ ᠮᠣᠩᠭᠣᠯ ᠰᠣᠶᠣᠯ ᠤᠨ ᠣᠬᠠᠭᠣᠯᠭ᠎ᠠ ᠬᠢᠬᠦ ᠂ ᠴᠡᠪᠡᠷ ᠮᠣᠩᠭᠣᠯ ᠢᠶᠠᠷ  ᠶᠠᠷᠢᠬᠣ ᠶᠢ ᠵᠣᠷᠢᠭᠵᠢᠭᠣᠯᠣᠨ ᠣᠷᠢᠶᠠᠯᠠᠭᠰᠠᠨ ᠣᠷᠴᠢᠭᠣᠯᠭ᠎ᠠ ᠶᠢᠨ ᠬᠠᠭᠣᠳᠠᠰᠣ ᠭᠠᠷᠭᠠᠬᠣ ᠂ ᠴᠢᠩᠬᠢᠰ ᠤᠨ ᠮᠡᠨᠳᠦᠯᠡᠭᠰᠡᠨ ᠡᠳᠦᠷ ᠮᠡᠳᠦ ᠶᠢᠨ ᠣᠨᠴᠠᠭᠠᠢ ᠪᠠᠶᠠᠷ ᠳᠣᠷᠠᠰᠬᠠᠯ ᠤᠨ ᠡᠳᠦᠷ ᠲᠤ ᠵᠣᠷᠢᠭᠣᠯᠣᠭᠰᠠᠨ ᠬᠦ᠋ᠳᠡᠯᠭᠡᠭᠡᠨ ᠦᠷᠨᠢᠭᠦᠯᠬᠦ ᠂ ᠰᠣᠷᠭᠠᠭᠣᠯᠢ ᠶᠢᠨ ᠡᠯ᠎ᠡ ᠵᠦ᠋ᠢᠯ  ᠤᠨ ᠣᠷᠣᠯᠳᠣᠭᠠᠨ ᠤ ᠠᠬᠣᠢ ᠲᠠᠯᠠᠪᠠᠢ  ᠶᠢᠨ ᠪᠣᠶᠣ ᠬᠠᠯᠠᠮ ᠠᠰᠠᠭᠣᠳᠠᠯ ᠤᠨ ᠰᠣᠷᠪᠣᠯᠵᠢᠯᠠᠭ᠎ᠠ ᠬᠢᠬᠦ᠂ ᠰᠣᠷᠣᠭᠴᠢ ᠶᠢᠨ ᠬᠣᠷᠠᠯ ᠤᠨ ᠮᠡᠷᠭᠡᠵᠢᠯ ᠤᠨ ᠲᠠᠯ᠎ᠠ ᠶᠢᠨ ᠠᠵᠢᠯ ᠢ ᠭᠦ᠋ᠢᠴᠡᠳᠬᠡᠬᠦ ᠵᠡᠷᠭᠡ ᠪᠠᠶᠢᠩᠭᠣ ᠶᠢᠨ ᠴᠢᠨᠠᠷ ᠲᠠᠢ ᠠᠵᠢᠯ ᠬᠢᠬᠦ ᠠᠴᠠ ᠭᠠᠳᠠᠨ᠎ᠠ᠂ ᠨᠠᠢᠮᠠᠨ ᠮᠣᠵᠢ ᠣᠷᠣᠨ ᠤ )) ᠠᠷᠭᠠᠰᠣᠨ ᠬᠣᠨᠳᠠᠭᠠᠳᠣ )) ᠮᠠᠷᠭᠣᠯᠳᠣᠭᠠᠨ ᠤ ᠣᠷᠣᠯᠳᠣᠭᠠᠨ ᠤ ᠨᠡᠶᠢᠭᠡᠮᠯᠢᠭ ᠪᠠ ᠬᠢᠲᠠᠳ ᠮᠣᠩᠭᠣᠯ ᠰᠣᠷᠣᠭᠴᠢ ᠶᠢᠨ ᠬᠠᠷᠢᠯᠴᠠᠭᠠᠨ ᠤ ᠨᠡᠶᠢᠭᠡᠮᠯᠢᠭ — )) ᠡᠭᠡᠰᠢᠭ )) ᠵᠡᠷᠭᠡ ᠶᠢ ᠡᠭᠦᠰᠬᠡᠨ ᠪᠠᠶᠢᠭᠣᠯᠵᠣ᠂ ᠵᠢᠯ ᠪᠣᠯᠭᠠᠨ ᠰᠣᠷᠭᠠᠭᠣᠯᠢ ᠶᠢᠨ ᠬᠡᠪᠴᠢᠶᠡᠨ ᠤ ᠮᠡᠳᠡᠯᠭᠡ ᠶᠢᠨ ᠮᠦᠷᠦᠶᠢᠴᠡᠭᠡᠨ ᠢ ᠡᠷᠬᠢᠯᠡᠨ ᠬᠢᠳᠡᠭ ᠶᠣᠮ ᠃ )) ᠵᠠᠭᠣᠨ ᠤ ᠬᠣᠷᠣᠶᠢᠯᠠᠯ )) ᠮᠣᠩᠭᠣᠯ ᠰᠣᠶᠣᠯ ᠤᠨ ᠦᠷᠭᠦᠭᠡᠨ ᠤ ᠬᠡᠰᠢᠭᠦᠳ ᠮᠠᠨᠢ ᠡᠷᠡᠨ ᠵᠠᠭᠣᠨ  ᠤ ᠳᠠᠯᠠᠯᠣᠯ ᠬᠣᠷᠣᠶᠢᠯᠠᠯ ᠳᠣᠣᠷ᠎ᠠ ᠮᠣᠩᠭᠣᠯ ᠰᠣᠶᠣᠯ ᠤᠨ ᠠᠷᠢᠭᠣᠨ ᠭᠣᠯᠣᠮᠳᠠ  ᠳᠦ ᠦᠪᠡᠷ  ᠤᠨ ᠭᠡᠰᠡᠨ ᠬᠦᠴᠦ ᠨᠡᠮᠡᠷᠢ ᠪᠠᠨ ᠡᠷᠭᠦᠭᠰᠡᠭᠡᠷ ᠢᠷᠡᠯ᠎ᠡ ᠃ )) ᠵᠠᠭᠣᠨ ᠤ ᠬᠣᠷᠣᠶᠢᠯᠠᠯ )) ᠮᠣᠩᠭᠣᠯ ᠰᠣᠶᠣᠯ ᠤᠨ ᠦᠷᠭᠦᠭᠡᠨ ᠤ 2015—2016 ᠣᠨ ᠤ ᠠᠵᠢᠯ ᠤᠨ ᠪᠠᠶᠢᠷᠢ ᠳᠡᠬᠢ ᠬᠡᠰᠢᠭᠦᠳ ᠄ ᠦᠷᠭᠦᠭᠡᠨ ᠳᠠᠷᠣᠭ᠎ᠠ ( ᠪᠣᠶᠣ ᠬᠡᠯᠲᠡᠰ  ᠤᠨ ᠳᠠᠷᠣᠭ᠎ᠠ) ᠄ 2.2 ᠦᠢᠯᠡᠰ 2.2  ᠨᠠᠷᠠᠲᠠᠢ ᠦᠷᠭᠦᠭᠡᠨ ᠭᠡᠰᠢᠭᠦᠨ( ᠪᠣᠶᠣ ᠬᠡᠯᠲᠡᠰ  ᠤᠨ ᠭᠡᠰᠢᠭᠦᠨ ) ᠄ 1.1 ᠢᠷᠠᠭᠣ 1.1 ᠣᠨᠳᠣᠷᠭ᠎ᠠ 1.2 ᠣᠷᠭᠣᠭ᠎ᠠ 1.3 ᠠᠮᠣᠷᠰᠠᠨᠠᠭ᠎ᠠ 1.3 ᠠᠯᠢᠶ᠎ᠠ 1.3 ᠴᠡᠭᠡᠯᠭᠡᠨ 1.4  ᠨᠢᠩᠵᠢᠨ 1.4 ᠰᠠᠶᠢ ᠂ ᠵᠠᠩᠭᠢᠶ᠎ᠠ 1.5  ᠨᠣᠮᠲᠠᠢ 1.5 ᠪᠠᠷᠬᠠᠰᠣᠪᠣᠳ 1.5 ᠬᠠᠶᠢᠷᠠᠬᠠᠨ ( ᠠᠩᠭᠢ  ᠶᠢᠨ ᠳᠣᠭᠠᠷ ᠪᠣᠯᠣᠨ ᠴᠠᠭᠠᠨ ᠲᠣᠯᠣᠭᠠᠢ  ᠶᠢᠨ ᠲᠠᠷᠠᠭᠠᠯᠠᠯ ᠶᠢ ᠦᠨᠳᠦᠰᠦᠯᠡᠨ ᠲᠠᠷᠠᠭᠠᠯᠯᠠᠪᠠ )

ᠠᠮᠵᠢᠯᠳᠠ ᠪᠦ᠋ᠳᠦᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠪᠦᠷ ᠮᠤᠩᠭᠤᠯ  ᠤᠨ ᠪᠠᠭᠰᠢ ᠶᠢᠨ  ᠶᠡᠭᠡ ᠰᠤᠷᠭᠠᠭᠤᠯᠢ  ᠶᠢᠨ ᠬᠠᠷᠢᠶᠠᠳᠦ ᠳᠤᠮᠳᠠᠳᠤ ᠰᠤᠷᠭᠠᠭᠤᠯᠢ  ᠨᠢ ᠰᠤᠷᠭᠠᠭᠤᠯᠢ ᠡᠷᠬᠢᠯᠡᠭᠰᠡᠨ 60 ᠭᠠᠷᠤᠢ ᠵᠢᠯ  ᠤᠨ ᠳᠤᠷᠰᠢ ᠡᠯᠪᠡᠭ ᠪᠠᠶᠠᠯᠢᠭ ᠳᠤᠷᠰᠢᠯᠭ᠎ᠠ ᠬᠤᠷᠠᠮᠳᠠᠭᠤᠯᠤᠨ᠂ ᠢᠯᠭᠤᠮ ᠠᠮᠵᠢᠯᠳᠠ ᠶᠢ ᠡᠬᠦᠳᠴᠦ ᠂ ᠤᠯᠤᠰ ᠤᠷᠤᠨ ᠳᠦ  ᠪᠡᠨ ᠤᠯᠠᠨ ᠰᠢᠯᠢᠳᠡᠭ ᠴᠢᠳᠠᠪᠤᠷᠢᠳᠠᠨ ᠢ ᠬᠦᠮᠦᠵᠢᠬᠦᠯᠦᠨ ᠦᠭᠬᠦᠭᠰᠡᠨ ᠪᠢᠯᠡ ᠃ ᠰᠢᠨ᠎ᠡ ᠵᠠᠭᠤᠨ ᠳᠦ ᠳᠠᠪᠰᠢᠭᠰᠠᠨ ᠠᠴᠠ ᠨᠠᠭᠠᠰᠢ᠂ ᠮᠠᠨ ᠤ ᠰᠤᠷᠭᠠᠭᠤᠯᠢ ᠨᠢ ᠤᠯᠤᠰ ᠤᠨ ᠰᠢᠯᠭᠠᠯᠳᠠ ᠪᠠ ᠡᠯ᠎ᠡ ᠳᠦ᠋ᠷᠦᠯ  ᠤᠨ ᠤᠷᠤᠯᠳᠤᠭᠠᠨ ᠳᠡᠮᠡᠴᠡᠭᠡᠨ ᠳᠦ ᠪᠦᠷ ᠬᠢᠯᠠᠯᠵᠠᠮ᠎ᠠ ᠠᠮᠵᠢᠯᠳᠠ  ᠶᠢ ᠤᠯᠵᠠᠢ ᠃  ᠶᠡᠭᠡ ᠰᠤᠷᠭᠠᠭᠤᠯᠢ ᠳᠦ ᠳᠠᠪᠰᠢᠭᠰᠠᠨ ᠨᠤᠷᠮ᠎ᠠ 100% ᠂ ᠭᠤᠤᠯᠳᠠᠯᠭ᠎ᠠ ᠲᠠᠢ ᠶᠡᠭᠡ ᠰᠤᠷᠭᠠᠭᠤᠯᠢ ᠳᠦ ᠳᠠᠪᠰᠢᠬᠤ ᠨᠤᠷᠮ᠎ᠠ 90%  ᠠᠴᠠ ᠳᠡᠭᠡᠭᠰᠢ ᠪᠠᠶᠢᠵᠦ ᠂ ᠡᠨᠡᠬᠦ  ᠨᠤᠷᠮ᠎ᠠ ᠨᠢ ᠵᠢᠯ ᠳᠠᠷᠠᠭᠠᠯᠠᠨ ᠨᠡᠮᠡᠭᠳᠡᠵᠦ ᠂ ᠤᠯᠠᠨ ᠵᠢᠯ  ᠤᠨ ᠳᠤᠷᠰᠢ ᠮᠠᠨ ᠤ ᠰᠤᠷᠭᠠᠭᠤᠯᠢ ᠶᠢᠨ ᠾᠦ᠋ᠩ ᡁᠢ ᠠᠩᠬᠢ ᠪᠤᠯᠤᠨ ᠮᠤᠩᠭᠤᠯ  ᠢᠶᠠᠷ ᠬᠢᠴᠢᠶᠡᠯᠯᠡᠬᠦ ᠳᠤᠷᠰᠢᠯᠳᠠ  ᠶᠢᠨ ᠠᠩᠭᠢ  ᠶᠢᠨ ᠭᠤᠤᠯᠳᠠᠯᠭ᠎ᠠ ᠲᠠᠢ ᠶᠡᠭᠡ ᠰᠤᠷᠭᠠᠭᠤᠯᠢ ᠳᠦ ᠳᠠᠪᠰᠢᠬᠤ ᠨᠤᠷᠮ᠎ᠠ ᠨᠢ 100% ᠪᠠᠶᠢᠵᠦ ᠂ ᠤᠯᠤᠰ  ᠤᠨ 《 985 》 ᠢᠨᠵᠸᠨᠸᠷᠢᠩ ᠤᠨ ᠶᠡᠭᠡ ᠳᠡᠭᠡᠳᠦ ᠰᠤᠷᠭᠠᠭᠤᠯᠢ ᠳᠦ ᠳᠠᠪᠰᠢᠬᠤ ᠰᠤᠷᠤᠭᠴᠢ ᠶᠢᠨ ᠳᠤᠭ᠎ᠠ ᠪᠦᠬᠦ ᠤᠷᠤᠨ ᠳᠦ ᠳᠡᠷᠢᠬᠦᠯᠠᠵᠦ ᠪᠤᠢ ᠃ ᠰᠤᠷᠭᠠᠭᠤᠯᠢ ᠶᠢᠨ ᠬᠦᠨᠳᠦ ᠬᠦᠩᠭᠡᠨ ᠪᠡᠶ᠎ᠡ ᠲᠠᠮᠢᠷ  ᠤᠨ ᠠᠩᠭᠢ ᠂ ᠰᠠᠭᠰᠤᠨ ᠪᠦᠮᠪᠦᠭᠡ ᠶᠢᠨ ᠠᠩᠭᠢ ᠨᠢ ᠬᠤᠳᠠ ᠶᠢᠨ ᠳᠡᠰ ᠂ ᠤᠷᠤᠨ  ᠤ ᠳᠡᠰ  ᠤᠨ ᠤᠷᠤᠯᠳᠤᠭᠠᠨ ᠳᠦ ᠤᠯᠠᠨ ᠤᠳᠠᠭ᠎ᠠ ᠳᠡᠷᠢᠬᠦᠨ ᠲᠡᠳ ᠲᠤ ᠦᠷᠢᠰᠦᠯᠳᠦᠵᠦ ᠂ ᠤᠯᠠᠨ ᠲᠠᠮᠢᠷᠴᠢᠨ ᠤᠷᠤᠨ ᠂ ᠬᠤᠳᠠ ᠶᠢᠨ ᠬᠦᠨᠳᠦ ᠬᠦᠩᠭᠡᠨ ᠪᠡᠶ᠎ᠡ ᠲᠠᠮᠢᠷ  ᠤᠨ ᠰᠢᠨ᠎ᠡ ᠳᠡᠮᠳᠡᠭᠯᠡᠯ ᠤᠳ ᠢ ᠡᠬᠦᠳᠴᠦ᠂ ᠬᠦᠨᠳᠦ ᠬᠦᠩᠭᠡᠨ ᠪᠡᠶ᠎ᠡ ᠲᠠᠮᠢᠷ ᠂ ᠰᠠᠭᠰᠤᠨ ᠪᠦᠮᠪᠦᠭᠡ ᠶᠢᠨ ᠲᠦᠷᠦᠯ ᠤᠨ ᠳᠠᠪᠠᠭᠤᠯᠢᠭ ᠢᠶᠠᠨ ᠦᠨᠦᠳᠦᠷ ᠬᠦᠷᠳᠡᠯ᠎ᠡ ᠪᠠᠷᠢᠮᠳᠠᠯᠠᠨ ᠪᠠᠳᠠᠷᠠᠭᠤᠯᠤᠭᠰᠠᠭᠠᠷ ᠪᠢᠯᠡ᠃ ᠮᠠᠨ  ᠤ ᠰᠤᠷᠭᠠᠭᠤᠯᠢ ᠶᠢᠨ ᠬᠦᠨᠳᠦ ᠬᠦᠩᠭᠡᠨ ᠪᠡᠶ᠎ᠡ ᠲᠠᠮᠢᠷ  ᠤᠨ ᠠᠩᠭᠢ ᠨᠢ 2007 ᠠᠴᠠ 2013 ᠬᠦᠷᠳᠡᠯ᠎ᠡ ᠳᠤᠯᠤᠭᠠᠨ ᠵᠢᠯ ᠳᠠᠷᠠᠭᠠᠯᠠᠨ ᠬᠦᠬᠡᠬᠤᠳᠠ ᠶᠢᠨ ᠳᠤᠮᠳᠠᠳᠤ ᠰᠤᠷᠭᠠᠭᠤᠯᠢ ᠶᠢᠨ ᠬᠦᠨᠳᠦ ᠬᠦᠩᠭᠡᠨ ᠪᠡᠶ᠎ᠡ ᠲᠠᠮᠢᠷ ᠤᠨ ᠤᠷᠤᠯᠳᠤᠭᠠᠨ ᠤ ᠬᠠᠮᠳᠤ ᠨᠢᠭᠡᠴᠢ ᠶᠢᠨ ᠳᠡᠷᠢᠬᠦᠨ ᠢ ᠪᠠᠳᠤᠯᠠᠭᠰᠠᠨ ᠪᠢᠯᠡ ᠃ 2009 ᠤᠨ ᠳᠦ ᠤᠷᠤᠨ ᠤ ᠳᠤᠮᠳᠠᠳᠤ ᠰᠤᠷᠭᠠᠭᠤᠯᠢ ᠶᠢᠨ ᠬᠦᠨᠳᠦ ᠬᠦᠩᠭᠡᠨ ᠪᠡᠶ᠎ᠡ ᠲᠠᠮᠢᠷ  ᠤᠨ ᠬᠠᠮᠳᠤ ᠨᠢᠭᠡᠴᠢ ᠶᠢᠨ ᠳᠡᠷᠢᠬᠦᠨ ᠂ 2010 ᠤᠨ ᠪᠤᠯᠤᠨ 2014 ᠤᠨ ᠳᠦ ᠳᠤᠰ ᠳᠤᠰ ᠬᠠᠮᠳᠤ ᠨᠢᠭᠡᠴᠢ ᠶᠢᠨ ᠳᠡᠳ ᠪᠠᠶᠢᠷᠢ᠃ ᠰᠤᠷᠭᠠᠭᠤᠯᠢ ᠶᠢᠨ ᠤᠷᠠᠯᠢᠭ  ᠤᠨ ᠪᠦᠯᠬᠦᠮ ᠨᠢ ᠬᠤᠳᠠ ᠠᠴᠠ ᠳᠡᠭᠡᠭᠰᠢᠬᠢ ᠳᠡᠰ  ᠤᠨ ᠡᠯ᠎ᠡ ᠲᠦ᠋ᠷᠦᠯ ᠤᠨ ᠳᠤᠭᠯᠠᠯᠳᠠ ᠳᠦ ᠬᠠᠮᠳᠤ ᠨᠢᠭᠡᠴᠢ ᠂ ᠬᠤᠪᠢ ᠬᠦᠮᠦᠨ ᠤ ᠨᠢᠭᠡ ᠬᠤᠶᠠᠳᠤᠭᠠᠷ ᠳᠡᠰ  ᠤᠨ ᠱᠠᠩᠨᠠᠯ 40 ᠭᠠᠷᠤᠢ ᠪᠤᠢ ᠃

2009 ᠤᠨ  ᠤ ᠤᠯᠤᠰ  ᠤᠨ ᠰᠢᠯᠭᠠᠯᠳᠠ  ᠳᠦ ᠮᠤᠩᠭᠤᠯ  ᠢᠶᠠᠷ ᠬᠢᠴᠢᠶᠡᠯᠯᠡᠬᠦ ᠠᠩᠭᠢ ᠶᠢᠨ ᠭᠤᠤᠯᠳᠠᠯᠭ᠎ᠠ ᠲᠠᠢ  ᠶᠡᠭᠡ ᠰᠤᠷᠭᠠᠭᠤᠯᠢ ᠳᠦ ᠳᠠᠪᠰᠢᠭᠰᠠᠨ ᠨᠤᠷᠮ᠎ᠠ ᠨᠢ 92% ᠪᠠᠶᠢᠵᠦ ᠂ ᠰᠤᠷᠤᠭᠴᠢ ᠠᠯᠤᠰ ᠪᠦᠬᠦ ᠤᠷᠤᠨ  ᠤ ᠮᠤᠩᠭᠤᠯ ᠢᠶᠠᠷ ᠬᠢᠴᠢᠶᠡᠯᠯᠡᠬᠦ ᠪᠠᠶᠢᠭᠠᠯᠢ  ᠶᠢᠨ ᠰᠢᠨᠵᠢᠯᠡᠭᠡᠨ ᠤ ᠠᠩᠭᠢ ᠶᠢᠨ ᠶᠡᠷᠦᠩᠭᠡᠢ ᠬᠤᠪᠢ ᠪᠡᠷ ᠳᠡᠷᠢᠬᠦᠯᠡᠵᠦ ᠂ 8 ᠰᠤᠷᠤᠭᠴᠢ ᠪᠦᠬᠦ ᠤᠷᠤᠨ ᠤ ᠮᠤᠩᠭᠤᠯ ᠢᠶᠠᠷ ᠬᠢᠴᠢᠶᠡᠯᠯᠡᠬᠦ ᠳᠠᠩ ᠬᠢᠴᠢᠶᠡᠯ ᠳᠦ᠋ᠷᠦᠯ ᠤᠨ ᠳᠡᠷᠢᠬᠦᠨ ᠨᠡᠷ᠎ᠡ᠂ 2 ᠰᠤᠷᠤᠭᠴᠢ ᠮᠤᠩᠭᠤᠯ  ᠢᠶᠠᠷ ᠬᠢᠴᠢᠶᠡᠯᠯᠡᠬᠦ ᠨᠡᠶᠢᠭᠡᠮ ᠤᠨ ᠰᠢᠨᠵᠢᠯᠡᠭᠡᠨ ᠤ ᠶᠡᠷᠦᠩᠭᠡᠢ ᠬᠢᠷᠢ ᠪᠦ᠋ᠳᠦᠮᠵᠢ ᠶᠢᠨ ᠳᠦ᠋ᠷᠦᠬᠦᠦ 3 ᠳᠦ ᠳᠤᠳᠤᠷᠠᠵᠦ ᠃

2010 ᠤᠨ  ᠤ ᠤᠯᠤᠰ ᠤᠨ ᠰᠢᠯᠭᠠᠯᠳᠠ ᠳᠦ ᠰᠤᠷᠤᠭᠴᠢ ᠬᠠᠶᠢᠷ᠎ 677 ᠬᠤᠪᠢ ( ᠰᠢᠭᠤᠳ ᠬᠤᠪᠢ )  ᠪᠡᠷ ᠪᠦᠬᠦ ᠮᠤᠩᠭᠤᠯ  ᠢᠶᠠᠷ ᠬᠢᠴᠢᠶᠡᠯᠯᠡᠬᠦ ᠪᠠᠶᠢᠭᠠᠯᠢ  ᠶᠢᠨ ᠰᠢᠨᠵᠢᠯᠡᠭᠡᠨ  ᠤ ᠲᠦ᠋ᠷᠦᠯ  ᠤᠨ ᠦᠵᠦ ᠮᠠᠩᠯᠠᠢ  ᠪᠡᠷ ᠳᠤᠳᠤᠷᠠᠵᠠᠢ ᠃

2012 ᠤᠨ  ᠤ ᠤᠯᠤᠰ  ᠤᠨ ᠰᠢᠯᠭᠠᠯᠳᠠ  ᠳᠦ ᠮᠤᠩᠭᠤᠯ ᠢᠶᠠᠷ ᠬᠢᠴᠢᠶᠡᠯᠯᠡᠬᠦ ᠠᠩᠭᠢ  ᠶᠢᠨ ᠰᠤᠷᠤᠭᠴᠢ ᠨᠢ ᠪᠦᠬᠦ ᠤᠷᠤᠨ  ᠤ ᠮᠤᠩᠭᠤᠯ  ᠢᠶᠠᠷ ᠬᠢᠴᠢᠶᠡᠯᠯᠡᠬᠦ ᠪᠠᠶᠢᠭᠠᠯᠢ  ᠶᠢᠨ ᠰᠢᠨᠵᠢᠯᠡᠭᠡᠨ  ᠤ ᠲᠦᠷᠦᠯ  ᠤᠨ ᠠᠩᠭᠢ ᠳᠤᠳᠤᠷ᠎ᠠ ᠪᠡᠨ ᠳᠡᠷᠢᠬᠦᠯᠡᠵᠦ ᠂ ᠡᠬᠦᠨ ᠤ ᠳᠠᠭᠠᠤ ᠮᠤᠩᠭᠤᠯ ᠢᠶᠠᠷ ᠬᠢᠴᠢᠶᠡᠯᠯᠡᠬᠦ ᠪᠠᠶᠢᠭᠠᠯᠢ ᠶᠢᠨ ᠰᠢᠨᠵᠢᠯᠡᠭᠡᠨ ᠤ ᠶᠡᠷᠦᠩᠭᠡᠶᠢᠯᠡᠭᠰᠡᠨ ᠲᠦᠷᠦᠯ᠂ ᠪᠠᠶᠢᠭᠠᠯᠢ ᠶᠢᠨ ᠰᠢᠨᠵᠢᠯᠡᠭᠡᠨ ᠤ ᠳᠤᠭ᠎ᠠ ᠂ ᠪᠠᠶᠢᠭᠠᠯᠢ ᠶᠢᠨ ᠰᠢᠨᠵᠢᠯᠡᠭᠡᠨ ᠤ ᠬᠡᠯᠡ ᠪᠢᠴᠢᠭ ᠵᠡᠷᠭᠡ ᠭᠤᠷᠪᠠᠨ ᠳᠦ᠋ᠷᠦᠯ ᠨᠢ ᠳᠠᠩ ᠲᠦᠷᠦᠯ ᠤᠨ ᠦᠵᠦ ᠮᠠᠩᠯᠠᠢ  ᠳᠦ ᠳᠤᠳᠤᠷᠠᠵᠦ ᠂ 8 ᠰᠤᠷᠤᠭᠴᠢ ᠤᠷᠤᠨ  ᠤ ᠮᠤᠩᠭᠤᠯ  ᠢᠶᠠᠷ ᠬᠢᠴᠢᠶᠡᠯᠯᠡᠬᠦ ᠪᠠᠶᠢᠭᠠᠯᠢ ᠶᠢᠨ ᠰᠢᠨᠵᠢᠯᠡᠭᠡᠨ ᠤ ᠲᠦᠷᠦᠯ ᠳᠦ ᠪᠡᠨ ᠳᠦᠷᠦᠬᠦᠦ ᠠᠷᠪᠠ ᠳᠦ ᠤᠷᠤᠵᠦ ᠂ 4 ᠰᠤᠷᠤᠭᠴᠢ ᠮᠤᠩᠭᠤᠯ  ᠢᠶᠠᠷ ᠬᠢᠴᠢᠶᠡᠯᠯᠡᠬᠦ ᠨᠡᠶᠢᠭᠡᠮ ᠤᠨ ᠰᠢᠨᠵᠢᠯᠡᠭᠡᠨ ᠤ ᠲᠦ᠋ᠷᠦᠯ ᠤᠨ ᠳᠦᠷᠦᠬᠦᠦ ᠠᠷᠪᠠ ᠳᠦ ᠤᠷᠤᠵᠠᠢ ᠃ ᠡᠬᠦᠨ  ᠳᠦ ᠰᠤᠷᠤᠭᠴᠢ ᠬᠠᠶᠢᠷᠬᠠᠨ ᠴᠢᠩᠬᠤᠸᠠ ᠶᠡᠭᠡ ᠰᠤᠷᠭᠠᠭᠤᠯᠢ ᠳᠦ ᠰᠢᠯᠭᠠᠨ ᠤᠷᠤᠭᠰᠠᠨ ᠪᠠᠶᠢᠨ᠎ᠠ ᠃ ᠮᠤᠩᠭᠤᠯ ᠢᠶᠠᠷ ᠬᠢᠴᠢᠶᠡᠯᠯᠡᠬᠦ ᠠᠩᠭᠢ ᠶᠢᠨ ᠭᠤᠤᠯᠳᠠᠯᠭ᠎ᠠ ᠲᠠᠢ ᠤᠳᠠᠰᠦ  ᠶᠢ ᠳᠠᠪᠠᠭᠰᠠᠨ ᠨᠤᠷᠮ᠎ᠠ 94% ᠂ ᠳᠠᠪᠰᠢᠭᠰᠠᠨ ᠬᠦ᠋ᠮᠦᠨ 165 ᠪᠠᠶᠢᠵᠦ ᠂ ᠪᠦᠬᠦ ᠤᠷᠤᠨ  ᠤ ᠮᠤᠩᠭᠤᠯ  ᠢᠶᠠᠷ ᠬᠢᠴᠢᠶᠡᠯᠯᠡᠬᠦ ᠳᠤᠮᠳᠠᠳᠤ ᠰᠤᠷᠭᠠᠭᠤᠢ ᠳᠤᠳᠤᠷ᠎ᠠ ᠪᠡᠨ ᠳᠡᠷᠢᠬᠦᠯᠡᠵᠠᠢ ᠃

2013 ᠤᠨ  ᠤ ᠤᠯᠤᠰ ᠤᠨ ᠰᠢᠯᠭᠠᠯᠳᠠ ᠳᠦ ᠮᠤᠩᠭᠤᠯ ᠢᠶᠠᠷ ᠬᠢᠴᠢᠶᠡᠯᠯᠡᠬᠦ ᠠᠩᠭᠢ ᠶᠢᠨ ᠰᠤᠷᠤᠭᠴᠢ ᠨᠤᠮᠴᠢᠨ 649.3 ᠬᠤᠪᠢ ( ᠰᠢᠭᠤᠳ ᠬᠤᠪᠢ ᠂ ᠠᠩᠭᠯᠢ ᠭᠡᠯᠡ  ᠶᠢ 100%  ᠪᠡᠷ ᠪᠤᠳᠤᠨ᠎ᠠ )  ᠪᠡᠷ ᠦᠪᠦᠷ ᠮᠤᠩᠭᠤᠯ ᠤᠷᠤᠨ  ᠤ ᠮᠤᠩᠭᠤᠯ  ᠢᠶᠠᠷ ᠬᠢᠴᠢᠶᠡᠯᠯᠡᠬᠦ ᠪᠠᠶᠢᠭᠠᠯᠢ  ᠶᠢᠨ ᠰᠢᠨᠵᠢᠯᠡᠭᠡᠨ  ᠤ ᠲᠦᠷᠦᠯ ᠤᠨ ᠶᠡᠷᠦᠩᠭᠡᠢ ᠬᠤᠪᠢ  ᠪᠡᠷ ᠪᠦᠬᠦ ᠤᠷᠤᠨ ᠳᠦ ᠳᠡᠷᠢᠬᠦᠯᠡᠵᠦ ᠂ ᠴᠢᠩᠬᠤᠸᠠ ᠶᠡᠭᠡ ᠰᠤᠷᠭᠠᠭᠤᠯᠢ ᠳᠦ ᠡᠯᠰᠡᠭᠳᠡᠵᠠᠢ ᠃ ᠪᠦᠬᠦ ᠤᠷᠤᠨ  ᠤ ᠮᠤᠩᠭᠤᠯ ᠢᠶᠠᠷ ᠬᠢᠴᠢᠶᠡᠯᠯᠡᠬᠦ ᠪᠠᠶᠢᠭᠠᠯᠢ ᠶᠢᠨ ᠰᠢᠨᠵᠢᠯᠡᠭᠡᠨ ᠤ ᠲᠦᠷᠦᠯ ᠤᠨ ᠲᠦᠷᠦᠬᠦᠦ ᠠᠷᠪᠠᠨ ᠨᠡᠷ᠎ᠡ ᠳᠦ ᠂ ᠮᠠᠨ  ᠤ ᠰᠤᠷᠭᠠᠭᠤᠯᠢ ᠶᠢᠨ 8 ᠰᠤᠷᠤᠭᠴᠢ ᠂ ᠪᠦᠬᠦ ᠤᠷᠤᠨ ᠳᠦ 600 ᠬᠤᠪᠢ ᠠᠴᠠ ᠳᠡᠭᠡᠭᠰᠢ 19 ᠬᠦᠮᠦᠨ ᠪᠠᠶᠢᠵᠦ᠂ ᠡᠬᠦᠨ  ᠳᠦ ᠮᠠᠨ  ᠤ ᠰᠤᠷᠭᠠᠭᠤᠯᠢ ᠶᠢᠨ 14 ᠰᠤᠷᠤᠭᠴᠢ ᠃ ᠪᠠᠶᠢᠭᠠᠯᠢ  ᠶᠢᠨ ᠰᠢᠨᠵᠢᠯᠡᠭᠡᠨ ᠤ ᠭᠤᠷᠪᠠᠨ ᠭᠡᠯᠡᠨ  ᠤ ᠳᠤᠷᠰᠢᠯᠳᠠ ᠶᠢᠨ ᠠᠩᠭᠢ ᠶᠢᠨ ᠳᠡᠭᠰᠢᠳᠭᠡᠭᠰᠡᠨ ᠬᠤᠪᠢ ᠨᠢ ᠬᠢᠳᠡᠳ ᠠᠩᠭᠢ  ᠶᠢᠨ ᠭᠤᠤᠯᠳᠠᠯᠭ᠎ᠠ ᠲᠠᠢ ᠤᠳᠠᠰᠤᠨ ᠤ ᠬᠤᠪᠢ ᠠᠴᠠ 76 ᠬᠤᠪᠢ ᠢᠯᠡᠬᠦᠦ ᠪᠠᠶᠢᠪᠠ ᠃ ᠰᠤᠷᠤᠭᠴᠢ ᠮᠦᠰᠢᠶᠡᠯ 566 ᠬᠤᠪᠢ ᠪᠡᠷ ( ᠰᠢᠭᠤᠳ ᠬᠤᠪᠢ ᠂ ᠮᠤᠩᠭᠤᠯ  ᠤ ᠬᠤᠪᠢ  ᠶᠢ 100%  ᠪᠡᠷ ᠤᠷᠤᠭᠤᠯᠤᠨ᠎ᠠ ) ᠮᠤᠩᠭᠤᠯ ᠢᠶᠠᠷ ᠬᠢᠴᠢᠶᠡᠯᠯᠡᠬᠦ  ᠨᠡᠶᠢᠭᠡᠮ  ᠤᠨ ᠰᠢᠨᠵᠢᠯᠡᠭᠡᠨ ᠤ ᠲᠦᠷᠦᠯ ᠤᠨ ᠶᠡᠷᠦᠩᠭᠡᠢ ᠬᠤᠪᠢ ᠪᠡᠷ ᠪᠦᠬᠦ ᠤᠷᠤᠨ ᠳᠦ ᠪᠡᠨ ᠬᠤᠶᠠᠷ ᠲᠤ ᠤᠷᠤᠭᠰᠠᠨ ᠪᠠᠶᠢᠨ᠎ᠠ᠃ ᠪᠦᠬᠦ ᠤᠷᠤᠨ ᠤ ᠨᠡᠶᠢᠭᠡᠮ ᠤᠨ ᠰᠢᠨᠵᠢᠯᠡᠭᠡᠨ  ᠤ ᠳᠦᠷᠦᠯ ᠤᠨ ᠳᠦᠷᠦᠬᠦᠦ ᠠᠷᠪᠠ ᠳᠦ ᠂ ᠮᠠᠨ ᠤ ᠰᠤᠷᠭᠠᠠᠭᠤᠯᠢ ᠶᠢᠨ 5 ᠰᠤᠷᠤᠭᠴᠢ᠂ ᠪᠦᠬᠦ ᠤᠷᠤᠨ ᠤ ᠨᠡᠶᠢᠭᠡᠮ ᠤᠨ ᠰᠢᠨᠵᠢᠯᠡᠭᠡᠨ ᠤ ᠲᠦᠷᠦᠯ ᠤᠨ ᠳᠦᠷᠦᠬᠦᠦ 50 ᠨᠡᠷ᠎ᠡ ᠳᠦ ᠮᠠᠨ ᠤ ᠰᠤᠷᠭᠠᠭᠤᠯᠢ  ᠶᠢᠨ 23 ᠰᠤᠷᠤᠭᠴᠢ ᠪᠠᠶᠢᠵᠦ ᠂ ᠭᠤᠤᠯᠳᠠᠯᠭ᠎ᠠ ᠲᠠᠢ ᠠᠩᠭᠢ ᠶᠢᠨ ᠨᠡᠶᠢᠭᠡᠮ ᠤᠨ ᠰᠢᠨᠵᠢᠯᠡᠭᠡᠨ ᠤ ᠳᠦᠷᠦᠯ ᠤᠨ ᠳᠡᠭᠰᠢᠳᠭᠡᠭᠰᠡᠨ ᠬᠤᠪᠢ ᠨᠢ ᠬᠢᠳᠡᠳ ᠠᠩᠭᠢ ᠶᠢᠨ ᠭᠤᠤᠯᠳᠠᠯᠭ᠎ᠠ ᠲᠠᠢ ᠤᠳᠠᠰᠤᠨ ᠤ ᠬᠤᠪᠢ ᠠᠴᠠ 37 ᠬᠤᠪᠢ ᠢᠯᠡᠬᠦᠦ ᠪᠠᠶᠢᠪᠠ ᠃

ᠮᠠᠨ  ᠤ ᠰᠤᠷᠭᠠᠭᠤᠯᠢ ᠤᠷᠢᠳ ᠬᠤᠵᠢᠳ 《 ᠳᠤᠮᠳᠠᠳᠤ ᠤᠯᠤᠰ ᠤᠨ ᠵᠠᠭᠤᠨ ᠬᠦᠴᠦᠷᠭᠡᠭ ᠰᠤᠷᠭᠠᠭᠤᠯᠢ 》 ᠂ 《 ᠪᠦᠬᠦ ᠤᠯᠤᠰ ᠤᠨ ᠰᠠᠭᠤᠷᠢ ᠰᠤᠷᠭᠠᠨ ᠬᠦᠮᠦᠵᠢᠯ ᠤᠨ ᠳᠡᠷᠢᠬᠦᠨ ᠤ  ᠨᠢᠭᠡᠴᠡ 》 ᠂ 《 ᠳᠤᠮᠳᠠᠳᠤ ᠤᠯᠤᠰ  ᠤᠨ ᠰᠤᠷᠭᠠᠭᠤᠯᠢ ᠶᠢᠨ ᠬᠦᠷᠢᠶᠡᠨ ᠤ ᠰᠦᠯᠵᠢᠶ᠎ᠡ ᠬᠢᠭᠡᠳ ᠰᠤᠷᠭᠠᠭᠤᠯᠢ ᠳᠤᠭᠤᠷᠢᠭ  ᠤᠨ ᠳᠠᠭᠤᠷᠢᠶᠠᠯ ᠰᠤᠷᠭᠠᠭᠤᠯᠢ 》 ᠂ 《 ᠦᠪᠡᠷᠳᠡᠭᠡᠨ ᠵᠠᠰᠠᠬᠤ ᠤᠷᠤᠨ  ᠤ ᠠᠩᠬᠠᠳᠠᠭᠴᠢ ᠭᠤᠤᠯᠳᠠᠯᠭ᠎ᠠ ᠲᠠᠢ ᠳᠤᠮᠳᠠᠳᠤ ᠰᠤᠷᠭᠠᠭᠤᠯᠢ 》 ᠂ 《 ᠦᠪᠡᠷᠳᠡᠭᠡᠨ ᠵᠠᠰᠠᠬᠤ ᠤᠷᠤᠨ  ᠤ ᠦᠨᠳᠦᠰᠦᠳᠡᠨ  ᠤ ᠰᠤᠷᠭᠠᠨ ᠬᠦ᠋ᠮᠦᠵᠢᠯ  ᠤᠨ ᠲᠡᠷᠢᠬᠦᠨ  ᠤ  ᠨᠢᠭᠡᠴᠡ 》 ᠂ 《 ᠦᠪᠡᠷᠳᠡᠭᠡᠨ ᠵᠠᠰᠠᠬᠤ ᠤᠷᠤᠨ ᠤ ᠡᠩ ᠤᠨ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠬᠠᠮᠢᠶᠠᠷᠤᠯᠳᠠ ᠶᠢᠨ ᠲᠡᠷᠢᠬᠦᠨ ᠤ ᠨᠢᠭᠡᠴᠡ 》 ᠂ 《 ᠦᠪᠡᠷᠳᠡᠭᠡᠨ ᠵᠠᠰᠠᠬᠤ ᠤᠷᠤᠨ  ᠤ ᠠᠩᠬᠠᠳᠠᠭᠴᠢ ᠳᠠᠭᠤᠷᠢᠶᠠᠯ ᠳᠤᠮᠳᠠᠳᠤ ᠰᠤᠷᠭᠠᠭᠤᠯᠢ 》 ᠂ 《 ᠦᠪᠡᠷᠳᠡᠭᠡᠨ ᠵᠠᠰᠠᠬᠤ ᠤᠷᠤᠨ  ᠤ ᠤᠳᠤᠬᠢᠴᠢᠯᠠᠭᠰᠠᠨ ᠰᠤᠷᠭᠠᠨ ᠬᠦ᠋ᠮᠦᠵᠢᠯ  ᠤᠨ ᠳᠡᠷᠢᠬᠦᠨ  ᠤ  ᠨᠢᠭᠡᠴᠡ 》 ᠂ 《 ᠦᠪᠡᠷᠳᠡᠭᠡᠨ ᠵᠠᠰᠠᠬᠤ ᠤᠷᠤᠨ ᠤ ᠲᠠᠪᠤ ᠨᠢᠭᠡ ᠢᠨᠵᠸᠨᠸᠷᠢᠩ ᠤᠨ ᠱᠠᠩᠨᠠᠯ 》 ᠂ 《 ᠪᠦᠬᠦ ᠤᠯᠤᠰ ᠤᠨ ᠰᠢᠨᠵᠢᠯᠡᠭᠡ ᠮᠡᠷᠭᠡᠵᠢᠯ ᠤᠨ ᠰᠤᠷᠭᠠᠨ ᠬᠦᠮᠦᠵᠢᠯ ᠤᠨ ᠰᠢᠨ᠎ᠡ ᠶᠢ ᠡᠬᠦᠳᠬᠦ ᠰᠢᠯᠢᠳᠡᠭ ᠰᠤᠷᠭᠠᠭᠤᠯᠢ 》 ᠂ 《 ᠦᠪᠡᠷᠳᠡᠭᠡᠨ ᠵᠠᠰᠠᠬᠤ ᠤᠷᠤᠨ ᠤ ᠰᠢᠨᠵᠢᠯᠡᠭᠡ ᠮᠡᠷᠭᠡᠵᠢᠯ ᠤᠨ ᠰᠤᠷᠭᠠᠨ ᠬᠦᠮᠦᠵᠢᠯ ᠤᠨ ᠳᠡᠷᠢᠬᠦᠨ ᠤ ᠰᠤᠷᠭᠠᠭᠤᠯᠢ 》 ᠬᠡᠬᠦ ᠮᠡᠳᠦ ᠶᠢᠨ ᠢᠷᠠᠭᠤ ᠠᠯᠳᠠᠷ  ᠢ ᠬᠦᠷᠳᠡᠵᠠᠢ ᠃

ᠪᠢᠴᠢᠭᠡᠰᠦ