ᠬᠠᠷᠠᠬᠤᠷᠤᠮ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
{{{ᠠᠯᠪᠠᠨ ᠶᠣᠰᠣᠨ ᠤ ᠨᠡᠷ᠎ᠡ}}}</br>
ᠬᠣᠲᠠ ᠶᠢᠨ ᠵᠢᠷᠤᠭ</br>ᠬᠠᠷ᠍ᠠᠬᠣᠷᠣᠮ᠂ 1270 ᠣᠨ</br>
ᠤᠯᠤᠰ {{{ᠵᠠᠬᠢᠷᠭ᠎ᠠ ᠨᠡᠷ᠎ᠡ}}}
ᠭᠠᠵᠠᠷ ᠨᠤᠲᠤᠭ  
 - ᠨᠡᠶᠢᠲᠡ {{{ᠭᠠᠵᠠᠷ ᠨᠤᠲᠤᠭ ᠨᠡᠶᠢᠲᠡ}}} km²
ᠬᠦᠮᠦᠨ ᠠᠮᠠ  
 - ᠨᠡᠶᠢᠲᠡ (1270) {{{ᠬᠦᠮᠦᠨ ᠠᠮᠠ ᠨᠡᠶᠢᠲᠡ}}}
 - ᠨᠢᠭᠲᠠᠷᠠᠯ {{{ᠬᠦᠮᠦᠨ ᠠᠮᠠ ᠨᠢᠭᠲᠠᠰᠢᠯ}}}/km²
ᠴᠠᠭ ᠤᠨ ᠪᠥᠰᠡ UTC+7

ᠬᠠᠷᠠᠬᠤᠷᠤᠮ ᠪᠤᠶᠤ ᠺᠠᠷᠠᠺᠣᠷᠣᠮ ᠬᠣᠲᠠ ᠨᠢ ᠶᠠᠬᠡ ᠮᠣᠩᠭᠣᠯ ᠤᠯᠤᠰ ᠤᠨ ᠠᠩᠬᠠᠨ ᠤ ᠠᠯᠪᠠᠨ ᠶᠣᠰᠣᠨ ᠤ ᠨᠡᠶᠢᠰᠯᠡᠯ ᠶᠤᠮ᠃ ᠠᠷᠪᠠᠨ ᠭᠤᠷᠪᠠᠳᠤᠭᠠᠷ ᠵᠠᠭᠤᠨ ᠤ ᠦᠶ᠎ᠡ ᠳᠦ ᠪᠠᠶᠢᠭᠤᠯᠤᠭᠳᠠᠭᠰᠠᠨ ᠪᠥᠭᠡᠳ ᠤᠭ ᠬᠣᠲᠠ ᠨᠢ ᠮᠢᠩ ᠤᠯᠤᠰ ᠠᠴᠠ ᠶᠠᠪᠤᠭᠤᠯᠤᠭᠰᠠᠨ ᠳᠣᠪᠲᠣᠯᠭᠠᠨ ᠤ ᠦᠷ᠎ᠡ ᠳ᠋ᠦᠩ ᠳᠦ ᠰᠦᠢᠳᠦᠭᠰᠡᠨ ᠶᠤᠮ᠃ ᠰᠡᠭᠦᠯ ᠦᠨ ᠵᠢᠯ ‍ ‍ᠤᠳ ᠲᠤ ᠲᠥᠷᠥ ᠵᠠᠰᠠᠭ ᠪᠣᠯᠤᠨ ᠠᠷᠠᠳ ᠲᠦᠮᠡᠨ ᠦ ᠳᠤᠮᠳᠠ ᠤᠭ ᠬᠣᠲᠠ ᠶᠢᠨ ᠪᠠᠶᠢᠭᠰᠠᠨ ᠭᠠᠵᠠᠷ ᠲᠤ ᠰᠢᠨ᠎ᠡ ᠬᠣᠲᠠ ᠡᠭᠦᠰᠬᠡᠨ ᠪᠠᠶᠢᠭᠤᠯᠵᠤ ᠨᠡᠶᠢᠰᠯᠡᠯ ᠬᠣᠲᠠ ᠪᠣᠯᠭᠠᠬᠤ ᠰᠠᠨᠠᠯ ᠰᠠᠨᠠᠭᠠᠴᠢᠯᠭ᠎ᠠ ᠭᠠᠷᠴᠤ ᠪᠠᠶᠢᠭᠰᠠᠨ ᠪᠣᠯᠤᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠷᠠᠬᠣᠷᠣᠮ ᠬᠣᠲᠠ ᠶᠢ 1220 ᠣᠨ ᠳᠤ ᠴᠢᠩᠭᠢᠰ ᠬᠠᠭᠠᠨ ᠦᠨᠳᠦᠰᠦᠯᠡᠵᠦ ᠂ ᠬᠤᠪᠢᠯᠠᠢ ᠬᠠᠭᠠᠨ ᠤ ᠦᠶ᠎ᠡ ᠳᠦ ᠪᠠᠷᠢᠨ ᠳᠠᠭᠤᠰᠬᠠᠵᠠᠢ᠃ ᠲᠡᠨᠳᠡ ᠬᠣᠲᠠ ᠰᠠᠭᠤᠷᠢᠨ ᠠᠩᠬ᠎ᠠ ᠪᠠᠶᠢᠭᠤᠯᠤᠭᠳᠠᠭᠰᠠᠨ ᠨᠢ ᠨᠠᠶᠢᠮᠠᠳᠤᠭᠠᠷ ᠵᠠᠭᠤᠨ ᠤ (ᠤᠶᠢᠭᠤᠷ ᠤᠯᠤᠰ) ᠦᠶ᠎ᠡ ᠳᠦ ᠬᠣᠯᠪᠣᠭᠳᠠᠳᠠᠭ᠃ ᠴᠢᠩᠭᠢᠰ ᠬᠠᠭᠠᠨ ᠤ ᠦᠶ᠎ᠡ ᠳᠦ ᠬᠠᠷᠠᠬᠣᠷᠣᠮ ᠨᠢ ᠴᠡᠷᠢᠭ ᠵᠡᠪᠰᠡᠭ ᠦᠨ ᠠᠭᠤᠯᠬᠤ ᠰᠠᠭᠤᠷᠢᠨ ᠭᠠᠵᠠᠷ ᠤᠨ ᠪᠠᠶᠢᠳᠠᠯ ᠲᠡᠢ ᠪᠠᠶᠢᠵᠠᠢ᠃ 1232 ᠣᠨ ᠳᠤ ᠬᠠᠷᠠᠬᠣᠷᠣᠮ ᠤᠨ ᠭᠣᠣᠯ ᠬᠡᠷᠡᠮ ᠢ ᠪᠠᠶᠢᠭᠤᠯᠵᠠᠢ᠃ 1235 ᠣᠨ ᠳᠤ ᠬᠠᠭᠠᠨᠲᠤ ᠲᠥᠷᠥ ᠶᠢᠨ ᠰᠦᠷ ᠬᠦᠴᠦ᠂ ᠬᠥᠭᠵᠢᠯ ᠴᠡᠴᠡᠭᠯᠡᠯᠲᠡ ᠶᠢᠨ ᠢᠯᠡᠷᠬᠡᠶᠢᠯᠡᠯ ᠪᠣᠯᠭᠠᠨ ᠲᠦᠮᠡᠨ ᠠᠮᠤᠭᠤᠯᠠᠩᠲᠤ ᠣᠷᠳᠣᠨ ᠢ ᠪᠠᠶᠢᠭᠤᠯᠤᠭᠰᠠᠨ ᠢᠶᠠᠷ ᠬᠠᠷᠠᠬᠣᠷᠣᠮ ᠬᠣᠲᠠ ᠤᠯᠠᠮ ᠴᠤ ᠥᠩᠭᠡ ᠵᠢᠪᠬᠤᠭ᠎ᠠ ᠲᠠᠢ ᠪᠣᠯᠵᠠᠢ᠃ ᠲᠡᠭᠦᠨ ᠦ ᠡᠮᠦᠨᠡᠬᠡᠨ ᠦᠭᠡᠳᠡᠢ ᠬᠠᠭᠠᠨ ᠣᠷᠣ ᠰᠠᠭᠤᠭᠰᠠᠨ ᠤ 7 ᠍ ᠳ᠋ᠤᠭᠠᠷ ᠣᠨ ᠬᠥᠬᠡᠭᠴᠢᠨ ᠬᠣᠨᠢᠨ ᠵᠢᠯ (1235 ᠣᠨ) ᠍ ᠦᠨ ᠬᠠᠪᠤᠷ ᠬᠠᠷᠠᠬᠣᠷᠣᠮ ᠬᠣᠲᠠ ᠶᠢ ᠴᠣᠭᠴᠠᠯᠠᠨ ᠪᠠᠶᠢᠭᠤᠯᠵᠤ ᠲᠦᠮᠡᠨ ᠠᠮᠤᠭᠤᠯᠠᠩᠲᠤ ᠣᠷᠳᠣᠨ ᠢ ᠪᠠᠷᠢᠵᠤ᠂ 8 ᠍ ᠳ᠋ᠤᠭᠠᠷ ᠣᠨ ᠤ (1236 ᠣᠨ) ᠤᠯᠠᠭᠠᠨ ᠪᠡᠴᠢᠨ ᠵᠢᠯ ᠦᠨ ᠴᠠᠭᠠᠨ ᠰᠠᠷ᠎ᠠ ᠳᠤ ᠣᠯᠠᠨ ᠸᠠᠩ ᠨᠣᠶᠠᠳ ᠵᠣᠭᠣᠭ ᠪᠠᠵᠠᠭᠠᠨ ᠤᠭ ᠣᠷᠳᠣᠨ ᠢ ᠪᠠᠷᠢᠵᠤ ᠭᠦᠢᠴᠡᠭᠰᠡᠨ ᠳᠦ ᠵᠣᠷᠢᠭᠤᠯᠵᠤ ᠶᠡᠬᠡ ᠨᠠᠶᠢᠷ᠂ ᠬᠤᠷᠢᠮ ᠶᠣᠰᠣᠯᠠᠯ ᠦᠢᠯᠡᠳᠴᠡᠢ᠃ ᠡᠶᠢᠨᠬᠦ ᠥᠭᠡᠲᠡᠢ ᠬᠠᠭᠠᠨ ᠬᠠᠷᠠᠬᠣᠷᠣᠮ ᠤᠨ ᠪᠦᠲᠦᠭᠡᠨ ᠪᠠᠶᠢᠭᠤᠯᠤᠯᠲᠠ ᠶᠢᠨ ᠠᠵᠢᠯ ᠢ ᠵᠣᠬᠢᠶᠠᠨ ᠪᠠᠶᠢᠭᠤᠯᠤᠭᠰᠠᠨ ᠢᠶᠠᠷ ᠮᠣᠩᠭᠣᠯ ᠤᠨ ᠡᠵᠡᠨᠲᠦ ᠭᠦᠷᠦᠨ ᠦ ᠨᠡᠶᠢᠰᠯᠡᠯ ᠦᠨ ᠥᠩᠭᠡ ᠲᠥᠷᠬᠥ ᠶᠢ ᠲᠦᠯᠦᠭᠡᠯᠡᠵᠤ ᠴᠢᠳᠠᠮᠠᠷ ᠬᠣᠲᠠ ᠪᠣᠯᠤᠭᠰᠠᠨ ᠪᠠᠶᠢᠨ᠎ᠠ᠃ ᠬᠠᠷᠠᠬᠣᠷᠣᠮ ᠬᠣᠲᠠ ᠶᠢ ᠪᠠᠶᠢᠭᠤᠯᠬᠤ ᠳᠤ ᠮᠣᠩᠭᠣᠯᠴᠤᠳ ᠤᠨ ᠵᠡᠷᠭᠡᠴᠡᠭᠡ 《ᠹᠷᠠᠨᠼᠢ᠂ ᠠᠩᠭᠯᠢ᠂ ᠣᠷᠣᠰ᠂ ᠤᠩᠭᠠᠷᠢ᠂ ᠲᠥᠪᠡᠳ᠂ ᠪᠠᠯᠪᠠᠫᠧᠷᠰᠬᠢᠲᠠᠳᠰᠣᠯᠣᠩᠭᠣᠰ ᠵᠡᠷᠭᠡ ᠣᠷᠣᠨ ᠤ ᠰᠢᠯᠢᠳᠡᠭ ᠤᠷᠠᠨ ᠪᠠᠷᠢᠯᠭᠠᠴᠢᠳ ᠢ ᠳᠠᠶᠢᠴᠢᠯᠠᠨ ᠠᠵᠢᠯᠯᠠᠭᠤᠯᠵᠠᠢ᠃ ᠶᠤᠸᠠᠨ ᠤᠯᠤᠰ ᠤᠨ ᠰᠤᠳᠤᠷ ᠲᠤ ᠪᠢᠴᠢᠭᠰᠡᠨ ᠢᠶᠡᠷ 《1500 ᠠᠯᠪᠠᠨ ᠬᠦᠮᠦᠨ》 ᠬᠠᠷᠠᠬᠣᠷᠣᠮ ᠢ ᠪᠠᠶᠢᠭᠤᠯᠬᠤ ᠳᠤ ᠢᠳᠡᠪᠬᠢᠲᠡᠢ ᠠᠵᠢᠯᠯᠠᠵᠤ ᠪᠠᠶᠢᠵᠠᠢ᠃ ᠶᠡᠷᠦ ᠨᠢ ᠬᠣᠲᠠ ᠪᠠᠶᠢᠭᠤᠯᠤᠯᠲᠠ ᠳᠤ ᠬᠠᠷᠢ ᠣᠷᠣᠨ ᠤ ᠭᠠᠷ ᠤᠷᠠᠴᠤᠳ ᠢ ᠠᠰᠢᠭᠯᠠᠬᠤ ᠶᠠᠪᠤᠳᠠᠯ ᠾᠦᠩᠨᠦ ᠶᠢᠨ ᠦᠶ᠎ᠡ ᠳᠦ ᠴᠤ ᠪᠠᠶᠢᠭᠰᠠᠨ ᠶᠤᠮ᠃

ᠬᠣᠲᠠ ᠶᠢᠨ ᠭᠣᠣᠯ ᠬᠡᠰᠡᠭ ᠢ ᠲᠣᠭᠣᠷᠢᠭᠤᠯᠤᠨ ᠪᠣᠰᠬᠠᠭᠰᠠᠨ ᠪᠡᠬᠢᠯᠡᠯᠲᠡ ᠬᠡᠷᠡᠮ ᠨᠢ ᠳᠥᠷᠪᠡᠨ ᠲᠠᠯ᠎ᠠ ᠳᠤ ᠪᠠᠨ ᠲᠤᠰ ᠪᠦᠷᠢ ᠨᠢᠭᠡ ᠠᠰᠠᠷ ᠬᠠᠭᠠᠯᠭ᠎ᠠ ᠲᠠᠢ ᠪᠠᠶᠢᠭᠰᠠᠨ ᠪᠠ ᠮᠠᠷᠺᠦᠫᠦᠯᠤ᠋ ᠶᠢᠨ ᠮᠡᠳᠡᠭᠡ ᠪᠡᠷ ᠪᠣᠯ ᠡᠷᠭᠢᠨ ᠲᠣᠭᠣᠷᠢᠨ ᠤ ᠤᠷᠲᠤ  ᠨᠢ ᠭᠤᠷᠪᠠᠨ ᠪᠡᠷ᠎ᠡ (4.92 ᠺᠢᠯᠣᠮᠧᠲ᠋ᠷ) ᠬᠡᠮᠵᠢᠶ᠎ᠡ ᠲᠡᠢ ᠪᠠᠶᠢᠪᠠ᠃ ᠲᠡᠦᠬᠡ ᠰᠤᠳᠤᠯᠤᠯ (ᠠᠷᠬᠧᠣᠯᠣᠭᠢ) ᠍ ᠤᠨ ᠰᠢᠨᠵᠢᠯᠡᠭᠡᠨ ᠦ ᠦᠷ᠎ᠡ ᠳ᠋ᠦᠩ ᠡᠴᠡ ᠦᠵᠡᠪᠡᠯ ᠬᠣᠲᠠ ᠶᠢᠨ ᠬᠡᠷᠡᠮ ᠦᠨ ᠪᠠᠷᠠᠭᠤᠨ ᠬᠠᠨ᠎ᠠ ᠨᠢ 1500 ᠮᠧᠲ᠋ᠷ ᠤᠷᠲᠤ᠂ ᠤᠷᠳᠤ ᠲᠠᠯ᠎ᠠ ᠶᠢᠨ ᠬᠠᠨ᠎ᠠ ᠨᠠᠷᠢᠨ ᠲᠣᠳᠣᠷᠬᠠᠢ ᠪᠤᠰᠤ᠂ ᠵᠡᠭᠦᠨ ᠲᠠᠯ᠎ᠠ ᠶᠢᠨ ᠬᠠᠨ᠎ᠠ ᠨᠢ 1200 ᠮᠸᠲᠷ ᠤᠷᠲᠤ᠂ ᠬᠣᠶᠢᠲᠤ ᠬᠠᠨ᠎ᠠ ᠨᠢ 1100 ᠮᠧᠲ᠋ᠷ ᠤᠷᠲᠤ ᠪᠣᠯᠬᠤ ᠶᠢ ᠲᠣᠭᠲᠠᠭᠠᠵᠠᠢ᠃

1985 ᠣᠨ ᠳᠤ ᠱᠠᠩᠬᠠᠢ ᠬᠣᠲᠠᠨ ᠳ᠋᠋ᠦ  ᠬᠡᠪᠯᠡᠭᠳᠡᠭᠰᠡᠨ 《ᠬᠢᠲᠠᠳ ᠤᠨ ᠨᠡᠪᠲᠡᠷᠬᠡᠢ ᠲᠣᠯᠢ ᠪᠢᠴᠢᠭ-ᠶᠤᠸᠠᠨ ᠭᠦᠷᠦᠨ ᠦ ᠲᠡᠦᠬᠡ》 ᠬᠡᠮᠡᠬᠦ ᠵᠣᠬᠢᠶᠠᠯ ᠳᠤ 《ᠬᠠᠷᠠᠬᠣᠷᠣᠮ ᠨᠢ ᠬᠤᠶᠢᠨ᠎ ᠠ ᠡᠴᠡ ᠡᠮᠦᠨᠡᠰᠢ ᠪᠠᠨ 2304 ᠮᠸᠲᠷ᠂ ᠵᠡᠭᠦᠨ ᠡᠴᠡ ᠪᠠᠷᠠᠭᠤᠨ ᠲᠡᠰᠢ ᠪᠠᠷᠤᠭᠴᠠᠭᠠᠯᠠᠪᠠᠯ 1152 ᠮᠸᠲᠷ ᠬᠡᠮᠵᠢᠶ᠎ᠡ ᠲᠡᠢ》 ᠭᠡᠵᠡᠢ᠃

ᠬᠣᠲᠠ ᠶᠢᠨ ᠪᠠᠷᠠᠭᠤᠨ ᠤᠷᠢᠳᠤ ᠬᠡᠰᠡᠭ ᠲᠦ ᠭᠠᠳᠠᠭᠤᠷ ᠢᠶᠠᠨ ᠳᠥᠷᠪᠡᠨ ᠲᠠᠯ᠎ᠠ ᠲᠠᠢ ᠠᠰᠠᠷ ᠬᠠᠭᠠᠯᠭ᠎ᠠ ᠲᠠᠢ ᠪᠠᠲᠤ ᠪᠡᠬᠢ ᠬᠡᠷᠡᠮ ᠤᠨ ᠳᠣᠲᠣᠷ᠎ᠠ ᠲᠠᠯ᠎ᠠ ᠳᠤ 《ᠲᠦᠮᠡᠨ ᠠᠮᠤᠭᠤᠯᠠᠩᠲᠤ》 ᠬᠡᠮᠡᠬᠦ ᠠᠯᠲᠠ ᠡᠷᠳᠡᠨᠢᠰ᠂ ᠱᠢᠷᠦ ᠰᠤᠪᠤᠳ ᠢᠶᠠᠷ ᠴᠢᠮᠡᠭᠯᠡᠭᠰᠡᠨ ᠬᠠᠭᠠᠨᠲᠤ ᠲᠥᠷᠥ ᠶᠢᠨ ᠶᠡᠬᠡ ᠣᠷᠳᠣᠨ ᠰᠦᠨᠳᠡᠷᠯᠡᠵᠦ ᠪᠠᠶᠢᠪᠠ᠃

ᠨᠣᠭᠣᠭᠠᠨ ᠵᠦᠯᠭᠡ᠂ ᠴᠡᠴᠡᠭ᠂ ᠨᠠᠪᠴᠢ ᠠᠯᠠᠭᠯᠠᠭᠰᠠᠨ ᠬᠠᠷᠠᠬᠣᠷᠣᠮ ᠬᠣᠲᠠ ᠶᠢᠨ ᠬᠡᠷᠡᠮ ᠨᠢ ᠬᠣᠶᠢᠨ᠎ᠠ ᠠᠴᠠ ᠤᠷᠤᠭᠰᠢ᠂ ᠪᠠᠷᠠᠭᠤᠨ ᠠᠴᠠ ᠵᠡᠭᠦᠨ ᠲᠡᠰᠢ ᠨᠡᠪᠲᠡ ᠭᠠᠷᠤᠭᠰᠠᠨ ᠲᠣᠮᠣᠬᠠᠨ ᠭᠤᠳᠤᠮᠵᠢ ᠲᠠᠢ ᠪᠠ ᠲᠡᠳᠡᠭᠡᠷ ᠨᠢ ᠲᠥᠪ ᠳᠤᠮᠳᠠ ᠪᠠᠨ ᠣᠭᠲᠣᠯᠤᠯᠴᠠᠵᠤ᠂ ᠬᠣᠲᠠ ᠶᠢ ᠳᠥᠷᠪᠡᠨ ᠲᠣᠭᠣᠷᠢᠭ ᠲᠤ ᠬᠣᠪᠢᠶᠠᠳᠠᠭ ᠪᠠᠶᠢᠪᠠ᠃ ᠡᠭᠦᠨ ᠳᠦ ᠨᠢᠭᠡᠳᠦᠭᠡᠷ ᠲᠣᠭᠣᠷᠢᠭ ᠲᠤ ᠭᠠᠵᠠᠷ ᠪᠦᠷᠢ ᠡᠴᠡ ᠢᠷᠡᠭᠰᠡᠨ ᠮᠥᠰᠥᠯᠢᠨ ᠬᠤᠳᠠᠯᠳᠤᠭᠠᠴᠢᠳ᠂ ᠬᠣᠶᠠᠳᠤᠭᠠᠷ ᠲᠣᠭᠣᠷᠢᠭ ᠲᠤ ᠬᠢᠲᠠᠳ ᠬᠤᠳᠠᠯᠳᠤᠭᠠᠴᠢᠳ᠂ ᠭᠠᠷ ᠤᠷᠠᠴᠤᠳ ᠤᠨ ᠵᠠᠬ᠎ᠠ ᠵᠡᠭᠡᠯᠢ ᠪᠠᠶᠢᠵᠤ᠂ ᠭᠤᠷᠪᠠᠳᠤᠭᠠᠷ ᠲᠣᠭᠣᠷᠢᠭ ᠲᠤ ᠭᠣᠣᠯᠳᠠᠭᠤ᠂ ᠡᠵᠡᠨ ᠬᠠᠭᠠᠨ ᠤ ᠬᠠᠲᠤᠳ᠂ ᠬᠥᠪᠡᠭᠦᠳ ᠦᠨ ᠣᠷᠳᠣ ᠬᠠᠷᠰᠢ ᠪᠣᠯᠤᠨ ᠴᠢᠩᠭᠢᠰ ᠦᠨ ᠠᠯᠲᠠᠨ ᠤᠷᠤᠭ ᠤᠨ ᠨᠣᠶᠠᠳ ᠳᠡᠭᠡᠳᠦᠰ᠂ ᠶᠡᠬᠡ ᠵᠠᠩᠵᠤᠳ ᠤᠨ ᠪᠠᠶᠢᠷᠢ᠂ ᠣᠷᠳᠣ ᠥᠷᠭᠥᠭᠡ ᠵᠡᠷᠭᠡ ᠪᠠᠶᠢᠵᠤ᠂ ᠳᠥᠷᠪᠡᠳᠦᠭᠡᠷ ᠲᠣᠭᠣᠷᠢᠭ ᠲᠤ᠂ ᠪᠤᠳ᠋ᠳ᠋ᠾᠠᠾᠷᠢᠰᠲ᠋ᠦ᠋ᠰᠯᠠᠯᠤ ᠍ ᠤᠨ ᠱᠠᠰᠢᠨ ᠤ ᠰᠦᠮ᠎ᠡ ᠬᠡᠶᠢᠳ᠂ ᠳ᠋ᠢᠫᠯᠣᠮᠠᠲ ᠡᠯᠴᠢ ᠲᠥᠯᠥᠭᠡᠯᠡᠭᠴᠢᠳ ᠦᠨ ᠪᠠᠭᠤᠳᠠᠯ᠂ ᠮᠥᠷᠭᠥᠯ ᠦᠨ ᠭᠠᠵᠠᠷ ᠪᠦᠬᠦᠢ ᠬᠣᠲᠠ ᠪᠠᠶᠢᠭᠤᠯᠤᠯᠲᠠ ᠶᠢᠨ ᠬᠤᠪᠢ ᠳᠤ ᠨᠠᠷᠢᠨ ᠵᠣᠬᠢᠶᠠᠨ ᠪᠠᠶᠢᠭᠤᠯᠤᠯ ᠲᠠᠢ ᠲᠣᠮᠣ ᠬᠣᠲᠠ ᠪᠣᠯᠵᠠᠢ᠃

ᠣᠯᠠᠨ ᠲᠣᠭᠠᠨ ᠤ ᠤᠷᠠᠨ ᠳᠠᠷᠬᠠᠳ ᠨᠤᠭᠤᠳ ᠢ ᠠᠪᠴᠢᠷᠠᠵᠤ ᠠᠵᠢᠯᠯᠠᠭᠤᠯᠤᠭᠰᠠᠨ ᠠᠴᠠ ᠦᠵᠡᠪᠡᠯ ᠮᠣᠩᠭᠣᠯ ᠬᠠᠭᠠᠳ ᠬᠠᠷᠠᠬᠣᠷᠣᠮ ᠢᠶᠠᠨ ᠬᠥᠯ ᠶᠡᠬᠡ ᠲᠡᠢ᠂ ᠬᠥᠭᠵᠢᠯ ᠰᠠᠶᠢᠲᠠᠢ ᠲᠣᠮᠣᠬᠠᠨ ᠬᠣᠲᠠ ᠪᠣᠯᠭᠠᠬᠤ ᠭᠡᠵᠦ ᠨᠡᠯᠢᠶᠡᠳ ᠴᠢᠷᠮᠠᠶᠢᠵᠤ ᠪᠠᠶᠢᠵᠠᠢ᠃ ᠲᠤᠬᠠᠢ ᠶᠢᠨ ᠦᠶ᠎ᠡ ᠶᠢᠨ ᠰᠢᠯᠢᠳᠡᠭ ᠤᠷᠠᠨ ᠳᠠᠷᠬᠠᠳ ᠨᠤᠭᠤᠳ ᠤᠨ ᠪᠦᠲᠦᠭᠡᠭᠰᠡᠨ ᠨᠢᠭᠡᠨ ᠲᠣᠮᠣᠬᠠᠨ ᠪᠦᠲᠦᠭᠡᠯ ᠪᠣᠯ ᠲᠦᠮᠡᠨ ᠠᠮᠤᠭᠤᠯᠠᠩᠲᠤ ᠣᠷᠳᠣᠨ ᠳᠣᠲᠣᠷ᠎ᠠ ᠪᠠᠶᠢᠷᠢᠯᠠᠵᠤ᠂ ᠤᠷᠠᠨ ᠭᠣᠶᠣ ᠬᠢᠴᠡ ᠪᠡᠷ ᠢᠶᠡᠨ ᠣᠯᠠᠨ ᠲᠦᠮᠡᠨ ᠳᠦ ᠱᠠᠭᠰᠢᠭᠳᠠᠵᠤ ᠪᠠᠶᠢᠭᠰᠠᠨ ᠮᠥᠩᠭᠥᠨ ᠮᠣᠳᠣ ᠪᠣᠯᠤᠨ᠎ᠠ᠃ ᠲᠡᠭᠦᠨ ᠢ ᠪᠦᠲᠦᠭᠡᠬᠦ ᠠᠵᠢᠯ ᠢ ᠮᠥᠩᠬᠡ ᠬᠠᠭᠠᠨᠹᠷᠠᠨᠼᠢ ᠍ ᠤᠨ ᠨᠡᠶᠢᠰᠯᠡᠯ ᠫᠠᠷᠢᠰ ᠬᠣᠲᠠ ᠶᠢᠨ ᠠᠯᠳᠠᠷᠲᠤ ᠤᠷᠠᠨ ᠳᠠᠷᠬᠠᠨ ᠸᠢᠯᠢᠭᠧᠯᠮ ᠪᠤᠰᠢᠶ᠎ᠡ ᠳᠤ ᠬᠠᠭᠠᠨ ᠤ ᠰᠠᠩ ᠠᠴᠠ ᠰᠠᠩᠬᠦᠵᠢᠯᠲᠡ ᠬᠢᠵᠦ᠂ 50 ᠲᠤᠰᠯᠠᠬᠤ ᠳᠠᠷᠬᠠᠳ ᠢ ᠥᠭᠴᠦ ᠪᠠᠷᠢᠭᠤᠯᠵᠠᠢ᠃ ᠸ᠂ ᠪᠤᠰᠢᠶ᠎ᠡ ᠲᠡᠭᠦᠨ ᠢ 1254 ᠣᠨ ᠳᠤ ᠬᠢᠵᠦ ᠳᠠᠭᠤᠰᠬᠠᠭᠠᠳ᠂ ᠤᠷᠠᠨ ᠪᠠᠷᠢᠯᠭ᠎ᠠ ᠶᠢᠨ ᠬᠣᠣᠰ ᠦᠭᠡᠢ ᠪᠦᠲᠦᠭᠡᠯ ᠲᠦᠮᠡᠨ ᠠᠮᠤᠭᠤᠯᠠᠩᠲᠤ ᠬᠡᠮᠡᠬᠦ ᠶᠡᠬᠡ ᠣᠷᠳᠣᠨ ᠤ ᠳᠣᠲᠣᠷ᠎ᠠ ᠲᠠᠯ᠎ᠠ ᠳᠤ᠂ ᠬᠠᠭᠠᠨ ᠤ ᠰᠡᠩ ᠤᠨ ᠡᠮᠦᠨᠡᠬᠢ ᠲᠠᠯᠠᠪᠠᠢ ᠳᠤ ᠪᠠᠶᠢᠷᠢᠯᠠᠭᠤᠯᠤᠨ ᠵᠠᠯᠠᠵᠠᠢ᠃ ᠮᠥᠩᠭᠥᠨ ᠮᠣᠳᠣᠨ ᠤ ᠢᠷᠤᠭᠠᠷ ᠲᠤ ᠲᠤᠰ ᠪᠦᠷᠢ ᠡᠴᠡ ᠨᠢ ᠠᠶᠢᠷᠠᠭ ᠣᠯᠣᠭᠠᠶᠢᠳᠤᠨ ᠭᠠᠷᠬᠤ ᠴᠣᠷᠭᠣᠨ ᠠᠮᠠ ᠲᠠᠢ ᠳᠥᠷᠪᠡᠨ ᠮᠥᠩᠭᠥᠨ ᠠᠷᠰᠯᠠᠨ ᠪᠠᠶᠢᠷᠢᠯᠠᠭᠤᠯᠵᠠᠢ᠃ ᠮᠣᠳᠣᠨ ᠤ ᠳᠣᠲᠣᠭᠤᠷ ᠣᠷᠣᠢ ᠳᠤ ᠨᠢ ᠬᠦᠷᠲᠡᠯ᠎ᠡ ᠳᠥᠷᠪᠡᠨ ᠪᠣᠰᠤᠭ᠎ᠠ ᠬᠣᠭᠣᠯᠠᠢ ᠲᠠᠲᠠᠵᠤ᠂ ᠲᠡᠳᠡᠭᠡᠷ ᠦᠨ ᠠᠮᠠᠰᠠᠷ ᠢ ᠳᠣᠷᠣᠭᠰᠢ ᠤᠨᠵᠢᠭᠤᠯᠠᠨ᠂ ᠲᠤᠰ ᠪᠦᠷᠢ ᠶᠢᠨ ᠠᠮᠠᠰᠠᠷ ᠢ ᠠᠯᠲᠠᠨ ᠰᠢᠷᠠᠮᠠᠯ ᠮᠣᠭᠠᠢ ᠶᠢᠨ ᠠᠮᠠ ᠮᠠᠶ᠋ᠢᠭᠲᠠᠢ ᠦᠢᠯᠡᠳᠴᠦ ᠰᠡᠭᠦᠯᠡᠷ ᠨᠢ ᠮᠥᠩᠭᠥᠨ ᠮᠣᠳᠣ ᠶᠢ ᠣᠷᠢᠶᠠᠯᠭᠠᠨ ᠤᠷᠠᠯᠠᠵᠠᠢ᠃ ᠡᠳᠡᠭᠡᠷ ᠬᠣᠭᠣᠯᠠᠢ ᠶᠢᠨ ᠨᠢᠭᠡ ᠡᠴᠡ ᠳᠠᠷᠠᠰᠤ᠂ ᠨᠥᠭᠥᠭᠡ ᠡᠴᠡ ᠴᠤᠯᠠ ᠠᠶᠢᠷᠠᠭ᠂ ᠭᠤᠷᠪᠠᠳ᠋ᠡᠬᠢ ᠠᠴᠠ ᠪᠠᠯ ᠤᠨ ᠤᠮᠳᠠᠭᠠᠨ᠂ ᠳᠥᠷᠪᠡᠳ᠋ᠡᠬᠢ ᠡᠴᠡ ᠲᠧᠷᠷᠠᠼᠢᠨᠠ ᠬᠡᠮᠡᠬᠦ ᠪᠤᠳᠠᠭᠠᠨ ᠤ ᠰᠢᠷ᠎ᠠ ᠠᠶᠢᠷᠠᠭ ᠭᠤᠭᠤᠵᠢᠳᠠᠭ ᠪᠠᠶᠢᠪᠠ᠃

ᠮᠣᠳᠣᠨ ᠤ ᠢᠷᠤᠭᠠᠷ ᠬᠠᠪᠢ ᠳᠤ ᠠᠮᠲᠠᠲᠠᠨ ᠤᠮᠳᠠᠭ᠎ᠠ ᠶᠢ ᠶᠡᠭᠦᠯᠡᠬᠦ ᠲᠤᠰᠬᠠᠢ ᠮᠥᠩᠭᠥᠨ ᠰᠠᠪᠠ ᠤᠳ ᠢ ᠬᠣᠭᠣᠯᠠᠢ ᠪᠦᠷᠢ ᠶᠢᠨ ᠳᠣᠣᠷ᠎ᠠ ᠲᠣᠰᠤᠨ ᠪᠠᠶᠢᠷᠢᠯᠠᠭᠤᠯᠵᠠᠢ᠃ ᠮᠥᠩᠭᠥᠨ ᠮᠣᠳᠣᠨ ᠤ ᠣᠷᠣᠢ ᠳᠡᠭᠡᠷ᠎ᠡ ᠪᠦᠷᠢᠶ᠎ᠡ ᠪᠠᠷᠢᠭᠰᠠᠨ ᠠᠩᠭᠧᠯ ᠬᠡᠮᠡᠬᠦ ᠲᠩᠷᠢ ᠶᠢᠨ ᠡᠯᠴᠢ ᠶᠢᠨ ᠳᠦᠷᠢ ᠶᠢ ᠸᠢᠯᠢᠭᠧᠯᠮ ᠳᠠᠷᠬᠠᠨ ᠤᠷᠠᠯᠠᠨ ᠪᠣᠰᠬᠠᠵᠤ ᠮᠣᠳᠣᠨ ᠤ ᠳᠣᠣᠷᠠᠬᠢ ᠭᠠᠵᠠᠷ ᠲᠤ ᠬᠦᠮᠦᠨ ᠳᠠᠯᠳᠠ ᠣᠷᠣᠬᠤᠶᠢᠴᠠ ᠵᠣᠭᠣᠷᠢ ᠪᠡᠯᠡᠳᠦᠨ ᠮᠣᠳᠣᠨ ᠤ ᠭᠣᠣᠯ ᠢᠶᠠᠷ ᠠᠩᠭᠧᠯ ᠢ ᠬᠦᠷᠲᠡᠯ᠎ᠡ ᠪᠠᠰᠠ ᠨᠢᠭᠡ ᠴᠣᠷᠭᠣ ᠦᠢᠯᠡᠳᠴᠡᠢ᠃ ᠮᠣᠳᠣᠨ ᠤ ᠮᠥᠴᠢᠷ᠂ ᠨᠠᠪᠴᠢ᠂ ᠵᠢᠮᠢᠰ ᠪᠦᠭᠦᠳᠡ ᠶᠢ ᠴᠤᠯᠠ ᠮᠥᠩᠭᠥ ᠪᠡᠷ ᠤᠷᠠᠯᠠᠵᠠᠢ᠃

ᠳᠡᠯᠡᠬᠡᠢ ᠶᠢᠨ ᠭᠤᠷᠪᠠᠨ ᠲᠣᠮᠣ ᠱᠠᠰᠢᠨ ᠪᠣᠯᠬᠤ ᠪᠤᠳ᠋ᠳ᠋ᠾᠠ᠂ ᠾᠷᠢᠰᠲ᠋ᠦ᠋ᠰ᠂ ᠯᠠᠯᠤ ᠶᠢᠨ ᠪᠣᠯᠤᠨ ᠪᠥᠭᠡ ᠮᠥᠷᠭᠥᠯ ᠦᠨ ᠶᠣᠰᠣᠨ ᠤ ᠲᠥᠯᠥᠭᠡᠯᠡᠭᠴᠢᠳ ᠨᠡᠶᠢᠰᠯᠡᠯ ᠳᠦ ᠲᠤᠰ ᠲᠤᠰ ᠤᠨ ᠦᠢᠯᠡ ᠠᠵᠢᠯᠯᠠᠭ᠎ᠠ ᠶᠢ ᠶᠠᠪᠤᠭᠤᠯᠵᠤ ᠪᠠᠶᠢᠭᠰᠠᠨ ᠪᠥᠭᠡᠳ 1254 ᠣᠨ ᠳᠤ ᠮᠥᠩᠬᠡ ᠬᠠᠭᠠᠨ ᠬᠠᠷᠠᠬᠣᠷᠣᠮ ᠬᠣᠳᠠ ᠳᠤ ᠪᠤᠳ᠋ᠳ᠋ᠾᠠ᠂ ᠾᠷᠢᠰᠲ᠋ᠦ᠋ᠰ᠂ ᠯᠠᠯᠤ ᠶᠢᠨ ᠪᠣᠯᠤᠨ ᠪᠥᠭᠡ ᠮᠥᠷᠭᠥᠯ ᠦᠨ ᠶᠣᠰᠣᠨ ᠤ ᠲᠥᠯᠥᠭᠡᠯᠡᠭᠴᠢᠳ ᠢ ᠢᠷᠡᠭᠦᠯᠦᠨ ᠳᠡᠯᠡᠬᠡᠢ ᠶᠢᠨ ᠲᠡᠦᠬᠡᠨ ᠳ᠋ᠦ ᠠᠩᠬ᠎ᠠ ᠤᠳᠠᠭ᠎ᠠ ᠣᠨᠣᠯ ᠤᠨ ᠮᠠᠷᠭᠤᠭᠠᠨ ᠵᠣᠬᠢᠶᠠᠨ ᠪᠠᠶᠢᠭᠤᠯᠤᠭᠰᠠᠨ ᠪᠠᠶᠢᠨ᠎ᠠ᠃

ᠮᠥᠩᠬᠡ ᠬᠠᠭᠠᠨ ᠤ ᠦᠶ᠎ᠡ ᠳᠦ 1256 ᠣᠨ ᠳᠤ ᠬᠠᠷᠠᠬᠣᠷᠣᠮ ᠳᠤ ᠪᠠᠶᠢᠭᠤᠯᠤᠭᠰᠠᠨ ᠪᠤᠳ᠋ᠳ᠋ᠾᠠ ᠶ᠋ᠢᠨ "ᠬᠢᠨ ᠥᠩ ᠭᠡᠨ" ᠪᠤᠶᠤ "ᠶᠡᠬᠡ ᠠᠰᠠᠷᠲᠤ ᠰᠦᠮ᠎ᠡ"᠂ "ᠴᠢᠲ᠋ᠠᠸᠠᠩ" ᠵᠡᠷᠭᠡ 12᠂ ᠯᠠᠯᠤ ᠶᠢᠨ ᠰᠦᠮ᠎ ᠡ 2᠂ ᠾᠷᠢᠰᠲ᠋ᠦ᠋ᠰ ᠍ ᠤᠨ 1᠂ ᠨᠡᠶᠢᠲᠡ 15 ᠲᠣᠭᠠᠨ ᠤ ᠰᠦᠮ᠎ᠡ ᠳᠤᠭᠠᠩ ᠥᠪᠡᠷ ᠥᠪᠡᠷ ᠦᠨ ᠰᠤᠷᠲᠠᠯ ᠢ ᠨᠣᠮᠯᠠᠵᠤ ᠪᠠᠶᠢᠵᠠᠢ᠃

ᠡᠳᠡᠭᠡᠷ ᠱᠠᠰᠢᠨ ᠤ ᠪᠣᠯᠤᠨ ᠢᠷᠭᠡᠨ ᠦ ᠰᠤᠷᠭᠠᠭᠤᠯᠢ᠂ ᠭᠡᠷ ᠦᠨ ᠪᠤᠶᠤ ᠣᠷᠳᠣᠨ ᠤ ᠰᠤᠷᠭᠠᠭᠤᠯᠢ ᠰᠤᠶᠤᠯ ᠤᠨ ᠭᠠᠵᠠᠷ᠂ ᠨᠣᠮ ᠤᠨ ᠰᠠᠩ᠂ ᠲᠡᠦᠬᠡ ᠰᠤᠳᠤᠯᠬᠤ ᠬᠦᠷᠢᠶᠡᠯᠡᠩ ᠨᠤᠭᠤᠳ ᠨᠢ ᠬᠠᠷᠠᠬᠣᠷᠣᠮ ᠳᠤ ᠠᠵᠢᠯᠯᠠᠵᠤ ᠪᠠᠶᠢᠪᠠ᠃ ᠶᠡᠬᠡ ᠭᠦᠷᠦᠨ ᠦ ᠪᠦᠷᠢᠯᠳᠦᠬᠦᠨ ᠳᠦ ᠳᠡᠭᠡᠷᠡᠬᠢ ᠭᠤᠷᠪᠠᠨ ᠭᠣᠣᠯ ᠱᠠᠰᠢᠨᠲᠤ ᠤᠯᠤᠰ᠂ ᠣᠷᠣᠨ ᠨᠤᠭᠤᠳ ᠬᠠᠮᠤᠷᠠᠭᠳᠠᠵᠤ ᠪᠠᠶᠢᠭᠰᠠᠨ ᠪᠣᠯᠬᠣᠷ ᠲᠡᠳᠡᠭᠡᠷ ᠱᠠᠰᠢᠨᠲᠠᠨ ᠤ ᠲᠥᠪᠯᠡᠷᠡᠭᠰᠡᠨ ᠲᠥᠯᠥᠭᠡᠯᠡᠯ ᠢ ᠨᠡᠶᠢᠰᠯᠡᠯ ᠳᠦ ᠪᠤᠢ ᠪᠣᠯᠭᠠᠬᠤ ᠱᠠᠭᠠᠷᠳᠠᠯᠭ᠎ᠠ ᠤᠷᠭᠤᠨ ᠭᠠᠷᠴᠠᠢ᠃

ᠠᠷᠪᠠᠨ ᠭᠤᠷᠪᠠᠳᠤᠭᠠᠷ ᠵᠠᠭᠤᠨ ᠳᠤ ᠴᠢᠩᠭᠢᠰ ᠬᠠᠭᠠᠨ ᠤ ᠦᠷ᠎ᠡ ᠠᠴᠢ ᠨᠠᠷ ᠲᠦ  ᠪᠠᠨ ᠨᠡᠶᠢᠲᠡ ᠭᠦᠷᠦᠨ ᠦ ᠨᠤᠲᠤᠭ ᠢ ᠬᠤᠪᠢᠶᠠᠷᠢᠯᠠᠨ ᠥᠮᠴᠢᠯᠡᠭᠦᠯᠦᠭᠰᠡᠨ ᠶᠢᠡᠷ ᠲᠤᠰ ᠲᠤᠰ ᠤᠨ ᠡᠵᠡᠮᠰᠢᠯ ᠳᠡᠭᠡᠷ᠎ᠡ ᠮᠣᠩᠭᠣᠯ ᠤᠨ ᠬᠡᠳᠦ ᠬᠡᠳᠦᠨ ᠤᠯᠤᠰ ᠪᠤᠢ ᠪᠣᠯᠪᠠ᠃ ᠲᠡᠳᠡᠭᠡᠷ ᠨᠢ ᠣᠷᠣᠰ ᠳᠠᠬᠢ "ᠠᠯᠲᠠᠨ ᠣᠷᠳᠣ"᠂ ᠢᠷᠡᠨ ᠳ᠋ᠠᠬᠢ "ᠢᠯ ᠬᠠᠭᠠᠨᠲᠤ ᠤᠯᠤᠰ" ᠪᠤᠶᠤ ᠠᠩᠬᠠᠨ ᠤ ᠬᠠᠭᠠᠨ ᠤ ᠨᠡᠷ᠎ᠡ ᠪᠡᠷ ᠠᠯᠳᠠᠷᠰᠢᠭᠰᠠᠨ "ᠬᠦᠯᠡᠭᠦᠦ (ᠦᠯᠡᠭᠦᠦ) ᠶᠢᠨ ᠤᠯᠤᠰ" ᠳᠤᠮᠳᠠᠳᠤ ᠠᠽᠢᠶ᠎ᠠ ᠳ᠋ᠠᠬᠢ "ᠴᠠᠭᠠᠳᠠᠢ ᠶᠢᠨ ᠤᠯᠤᠰ" ᠂ ᠬᠣᠵᠢᠮ 1260 ᠣᠨ ᠠᠴᠠ ᠬᠢᠲᠠᠳ ᠤᠷᠤᠨ ᠳᠤ ᠪᠠᠶᠢᠭᠤᠯᠤᠭᠳᠠᠭᠰᠠᠨ ᠮᠣᠩᠭᠣᠯ ᠤᠨ "ᠶᠤᠸᠠᠨ ᠤᠯᠤᠰ" ᠵᠡᠷᠭᠡ ᠪᠣᠯᠤᠨ᠎ᠠ᠃ ᠲᠡᠳᠡᠭᠡᠷ ᠨᠢ ᠲᠤᠬᠠᠢ ᠶᠢᠨ ᠦᠶ᠎ᠡ ᠶᠢᠨ ᠨᠥᠬᠥᠴᠡᠯ ᠪᠠᠶᠢᠳᠠᠯ᠂ ᠭᠠᠵᠠᠷ ᠵᠦᠢ ᠶᠢᠨ ᠪᠠᠶᠢᠷᠢᠯᠠᠯ ᠠᠴᠠ ᠪᠣᠯᠵᠤ ᠥᠪᠡᠷ ᠥᠪᠡᠷ ᠦᠨ ᠲᠥᠪ ᠬᠣᠲᠠ ᠲᠠᠢ ᠪᠠᠶᠢᠪᠠ᠃ ᠲᠤᠬᠠᠶᠢᠯᠠᠪᠠᠯ ᠢᠵᠢᠯ ᠮᠥᠷᠡᠨ ᠦ ᠰᠠᠪᠠ ᠨᠤᠲᠤᠭ ᠲᠤ ᠤᠷᠤᠰᠢᠬᠤ ᠪᠠᠲᠤ ᠬᠠᠨ ᠤ ᠰᠠᠷᠠᠢᠪᠡᠷᠬᠡᠶ᠋ᠢᠨ ᠰᠠᠷᠠᠢ᠂ ᠢᠷᠡᠨ ᠳ᠋ᠠᠬᠢ ᠮᠣᠩᠭᠣᠯ ᠤᠨ ᠬᠠᠭᠠᠨᠲᠤ ᠤᠯᠤᠰ ᠤᠨ ᠲᠥᠪ ᠲᠢᠪᠷᠢᠽ ᠮᠥᠨ ᠴᠠᠭᠠᠳᠠᠢ ᠶᠢᠨ ᠤᠯᠤᠰ ᠤᠨ ᠨᠤᠲᠤᠭ ᠪᠣᠯᠬᠤ ᠹᠧᠷᠭᠠᠨ ᠳᠤ ᠠᠨᠳᠢᠵᠠᠨ᠂ ᠮᠥᠨ ᠪᠡᠭᠡᠵᠢᠩᠪᠠᠭᠳᠠᠳ᠋ᠪᠤᠬᠤᠷᠰᠠᠮᠠᠷᠺᠠᠨᠳ ᠵᠡᠷᠭᠡ ᠬᠣᠲᠠ ᠨᠤᠭᠤᠳ ᠣᠷᠣᠰᠢᠵᠤ ᠪᠠᠶᠢᠪᠠ᠃ ᠮᠣᠩᠭᠣᠯ ᠤᠨ ᠬᠠᠭᠠᠳ ᠨᠡᠶᠢᠲᠡ ᠭᠦᠷᠦᠨ ᠢ ᠬᠠᠷᠠᠬᠣᠷᠣᠮ ᠬᠣᠳᠠ ᠳᠤ ᠲᠥᠪᠯᠡᠷᠡᠨ ᠲᠡᠨᠳᠡ ᠡᠴᠡ ᠤᠳᠤᠷᠢᠳᠴᠤ ᠪᠠᠶᠢᠭᠰᠠᠨ ᠪᠣᠯᠬᠣᠷ ᠶᠡᠬᠡ ᠨᠡᠶᠢᠰᠯᠡᠯ ᠨᠢ ᠮᠥᠨ ᠬᠠᠷᠠᠬᠣᠷᠣᠮ ᠪᠠᠶᠢᠵᠠᠢ᠃

ᠡᠨᠡ ᠪᠦᠬᠦᠨ ᠡᠴᠡ ᠳ᠋ᠦᠩᠨᠡᠨ ᠦᠵᠡᠬᠦ ᠳᠦ ᠠᠷᠪᠠᠨ ᠭᠤᠷᠪᠠᠳᠤᠭᠠᠷ ᠵᠠᠭᠤᠨ ᠤ ᠦᠶ᠎ᠡ ᠳᠦ ᠬᠠᠷᠠᠬᠣᠷᠣᠮ ᠬᠣᠲᠠ ᠠᠽᠢᠶ᠎ᠠ-ᠧᠦ᠋ᠷᠣᠫᠠᠠᠷᠠᠪ ᠳᠠᠬᠢᠨ ᠤ ᠠᠶᠠᠨᠴᠢᠨ ᠵᠢᠭᠤᠯᠴᠢᠳ᠂ ᠠᠯᠪᠠᠨ ᠤ ᠲᠦᠰᠢᠮᠡᠳ᠂ ᠶᠡᠬᠡᠰ ᠳᠡᠭᠡᠳᠦᠰ᠂ ᠡᠷᠳᠡᠮᠲᠡᠨ ᠮᠡᠷᠭᠡᠳ ᠢ ᠥᠪᠡᠷᠲᠡᠭᠡᠨ ᠳᠠᠯᠠᠯᠤᠨ ᠳᠠᠭᠤᠳᠠᠭᠰᠠᠨ ᠳᠡᠯᠡᠬᠡᠢ ᠶᠢᠨ ᠰᠤᠶᠤᠯ ᠢᠷᠭᠡᠨᠰᠢᠯ  ᠢ ᠬᠣᠯᠪᠣᠭᠴᠢ ᠬᠣᠲᠠ ᠶᠢᠨ ᠡᠭᠦᠷᠭᠡ ᠶᠢ ᠭᠦᠢᠴᠡᠳᠭᠡᠵᠦ ᠪᠠᠶᠢᠭᠰᠠᠨ ᠪᠣᠯᠬᠤ ᠨᠢ ᠰᠤᠳᠤᠯᠭᠠᠨ ᠤ ᠶᠠᠪᠤᠴᠠ ᠳᠤ ᠲᠣᠳᠣᠷᠬᠠᠢ ᠪᠣᠯᠵᠤ ᠪᠠᠶᠢᠨ᠎ᠠ᠃

ᠪᠢᠴᠢᠭᠡᠰᠦ