ᠬᠠᠷᠠ᠋ᠥ᠋ᠬᠢᠨ ᠤ ᠳ᠋ᠠᠮᠪᠢᠵᠠᠯᠰᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠷᠠ᠋ᠥ᠋ᠬᠢᠨ ᠤ ᠳ᠋ᠠᠮᠪᠢᠵᠠᠯᠰᠠᠨ
H.Dambijalsan.jpg

ᠲᠦᠷᠦᠭᠰᠡᠨ: 1933 ᠤᠨ 5 ᠰᠠᠷ᠎ᠠ 5 ᠡᠳᠥᠷ
ᠵᠤᠤ ᠤᠳᠠ ᠠᠶᠢᠮᠠᠭ ᠤᠨ ᠪᠠᠭᠠᠷᠢᠨ ᠵᠡᠭᠦᠨ ᠬᠤᠰᠢᠭᠤ
ᠮᠡᠷᠭᠡᠵᠢᠯ ᠵᠣᠬᠢᠶᠠᠯᠴᠢ᠂ᠰᠢᠯᠦᠭᠴᠢ᠂ ᠡᠷᠳᠡᠮᠲᠡᠨ
ᠤᠯᠤᠰ ᠣᠷᠣᠨ ᠳᠤᠮᠳᠠᠳᠤ ᠤᠯᠤᠰ
ᠪᠣᠯᠪᠠᠰᠤᠷᠠᠯ ᠳᠡᠭᠡᠳᠦ
ᠲᠥᠷᠥᠯ ᠰᠢᠯᠦᠭ᠂ ᠥᠭᠦᠯᠡᠯᠭᠡ

ᠬᠠᠷᠠ᠋ᠥ᠋ᠬᠢᠨ ᠤ ᠳ᠋ᠠᠮᠪᠢᠵᠠᠯᠰᠠᠨ ᠪᠣᠯ ᠥᠪᠥᠷ ᠮᠣᠩᠭᠣᠯ ᠤᠨ ᠠᠯᠳᠠᠷᠲᠤ ᠰᠢᠯᠦᠭᠴᠢᠨ᠂ ᠡᠷᠳᠡᠮᠲᠡᠨ᠂ ᠳᠤᠮᠳᠠᠳᠤ ᠤᠯᠤᠰ ᠤᠨ ᠮᠣᠩᠭᠣᠯ ᠵᠠᠩ ᠦᠢᠯᠡ ᠤᠨ ᠰᠤᠳᠤᠯᠤᠯ ᠤᠨ ᠰᠠᠭᠤᠷᠢᠯᠠᠭᠴᠢ ᠂ ᠰᠤᠷᠭᠠᠨ ᠬᠦᠮᠦᠵᠢᠯ ᠤᠨ ᠭᠠᠷᠮᠠᠭᠠᠢ ᠵᠢᠳᠬᠦᠯᠲᠡᠨ᠃ 《ᠲᠥᠷᠤᠯᠬᠢ ᠨᠤᠳᠤᠭ》(ᠰᠢᠯᠦᠭ)᠂ 《 ᠪᠠᠭᠠᠳᠤᠷ ᠤᠨ ᠥᠯᠤᠭᠡᠢ》᠂ 《ᠠᠭᠤᠷᠳᠤ ᠠᠪᠤ》᠂ 《 ᠡᠶᠢᠮᠦ ᠨᠢᠭᠡᠨ ᠵᠠᠯᠠᠭᠤ》᠂ 《ᠯᠠᠷᠵᠠᠲᠤ ᠳᠣᠭᠮᠢᠳ ᠬᠢᠭᠡᠳ ᠲᠡᠭᠦᠨ ᠤ ᠴᠤᠤᠲᠠᠢ ᠬᠡᠦᠬᠡᠨ 》ᠵᠡᠷᠭᠡ ᠪᠦᠲᠦᠭᠡᠯ ᠲᠡᠢ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

1933 ᠤᠨ ᠤ 5 ᠰᠠᠷ᠎ᠠ ᠶᠢᠨ 5 ᠤ ᠡᠳᠥᠷ ᠵᠤᠤ ᠤᠳᠠ ᠠᠶᠢᠮᠠᠭ(ᠣᠳᠣ ᠶᠢᠨ ᠤᠯᠠᠭᠠᠨᠬᠠᠳᠠ ᠬᠣᠲᠠ) ᠤᠨ ᠪᠠᠭᠠᠷᠢᠨ ᠵᠡᠭᠦᠨ ᠬᠣᠰᠢᠭᠤᠨ ᠤ ᠪᠠᠶᠠᠨ᠍ᠠ᠋ᠭᠤᠯᠠ ᠰᠤᠮᠤ ᠶᠢᠨ ᠤᠯᠠᠭᠠᠨᠪᠠᠶᠢᠴᠠ ᠭᠠᠴᠠᠭ᠎ᠠ ᠶᠢᠨ ᠮᠠᠯᠴᠢᠨ ᠮᠡᠷᠭᠡᠨ ᠫᠤᠤᠴᠢ ᠬᠠᠷᠠ᠋ᠥ᠋ᠬᠢᠨ ᠤ ᠭᠤᠷᠪᠠᠳᠤᠭᠠᠷ ᠬᠦᠪᠡᠭᠦᠨ ᠨᠢ ᠪᠣᠯᠣᠨ ᠮᠡᠨᠳᠦᠯᠡᠵᠡᠢ᠃ ᠲᠡᠭᠦᠨ ᠢ ᠳᠣᠯᠣᠭᠠᠨ ᠨᠠᠰᠤᠲᠠᠢ ᠳᠤ ᠨᠢ ᠭᠣᠮᠪᠣᠨ ᠤ ᠲᠤᠭᠤᠸᠠᠨ ᠭᠡᠭᠡᠨ ᠡᠴᠡ ᠲᠤᠰ ᠬᠣᠰᠢᠭᠤᠨ ᠤ ᠬᠢᠯᠠᠭᠠᠨᠠᠲᠠᠢ ᠶᠢᠨ ᠰᠦᠮ᠎ᠡ ᠶᠢᠨ ᠭᠡᠭᠡᠨ ᠭᠡᠵᠦ ᠲᠣᠳᠣᠯᠣᠭᠰᠠᠨ ᠠᠴᠠ ᠰᠦᠮ᠎ᠡ ᠳᠦ ᠰᠠᠭᠤᠵᠤ ᠲᠦᠪᠡᠳ᠂ ᠮᠣᠩᠭᠣᠯ ᠨᠣᠮ ᠰᠤᠷᠴᠠᠢ᠃[1]ᠪᠠᠭ᠎ᠠ ᠶᠢᠨ ᠨᠡᠷ᠎ᠡ ᠨᠢ ᠰᠡᠷᠵᠢᠳᠣᠪᠴᠢᠨ᠂ ᠨᠣᠮ ᠤᠨ ᠨᠡᠷ᠎ᠡ ᠨᠢ ᠯᠤᠪᠰᠠᠩᠳᠠᠮᠪᠢᠵᠠᠯᠰᠠᠨ᠃

  • 1947 — 1948 ᠤᠨ ᠤ ᠬᠣᠭᠣᠷᠣᠨᠳᠤ ᠯᠢᠨᠳ᠋ᠦ᠋ᠩ ᠳᠡᠬᠢ ᠥᠪᠥᠷ ᠮᠣᠩᠭᠣᠯ ᠤᠨ ᠥᠪᠡᠷᠲᠡᠭᠡᠨ ᠵᠠᠰᠠᠬᠤ ᠳᠡᠭᠡᠳᠦ ᠰᠤᠷᠭᠠᠭᠤᠯᠢ ᠳᠤ ᠰᠤᠷᠤᠯᠴᠠᠵᠤ ᠪᠠᠶᠢᠵᠠᠢ᠃
  • 1951 — 1954 ᠤᠨ ᠤ ᠬᠣᠭᠣᠷᠣᠨᠳᠤ ᠳᠤᠬᠠᠢ ᠶᠢᠨ ᠦᠶ᠎ᠡ ᠶᠢᠨ ᠪᠠᠭᠠᠷᠢᠨ ᠵᠡᠭᠦᠨ ᠬᠣᠰᠢᠭᠤᠨ ᠤ ᠨᠤᠤᠷᠭᠠᠢ ᠪᠠᠭ᠎ᠠ ᠰᠤᠷᠭᠠᠭᠤᠯᠢ᠂ ᠯᠢᠨᠳ᠋ᠦ᠋ᠩ ᠤᠨ ᠪᠠᠭᠰᠢ ᠶᠢᠨ ᠰᠤᠷᠭᠠᠭᠤᠯᠢ ᠳᠤ ᠪᠠᠭᠰᠢᠯᠠᠵᠠᠢ᠃
  • 1954 — 1957 ᠤᠨ ᠤ ᠬᠣᠭᠣᠷᠣᠨᠳᠤ ᠥᠪᠥᠷ ᠮᠣᠩᠭᠣᠯ ᠤᠨ ᠪᠠᠭᠰᠢ ᠶᠢᠨ ᠳᠡᠭᠡᠳᠦ ᠰᠤᠷᠭᠠᠭᠤᠯᠢ ᠳᠤ ᠰᠤᠷᠤᠯᠴᠠᠵᠤ ᠃ ᠰᠤᠷᠭᠠᠭᠤᠯᠢ ᠪᠠᠨ ᠳᠡᠭᠦᠰᠦᠭᠰᠡᠨ ᠤ ᠳᠠᠷᠠᠭ᠎ᠠ ᠰᠤᠷᠭᠠᠭᠤᠯᠢ ᠳᠤ ᠪᠠᠨ ᠦᠯᠡᠳᠡᠵᠦ ᠪᠠᠭᠰᠢᠯᠠᠵᠤ᠂ ᠥᠪᠥᠷ ᠮᠣᠩᠭᠣᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠫᠷᠣᠹᠧᠰᠰᠣᠷ ᠵᠡᠷᠭᠡ ᠵᠡᠷᠭᠡ ᠲᠡᠢ᠃
  • 1998 ᠤᠨ ᠳᠤ ᠠᠵᠢᠯ ᠠᠴᠠ ᠪᠠᠨ ᠠᠮᠠᠷᠠᠵᠠᠢ᠃
  • 2004 ᠤᠨ ᠤ 10 ᠰᠠᠷ᠎ᠠ ᠳᠤ ᠨᠠᠰᠤ ᠪᠠᠷᠠᠵᠠᠢ᠃

ᠳ᠋ᠠᠮᠪᠢᠵᠠᠯᠰᠠᠨ ᠨᠢᠭᠡ ᠨᠠᠰᠤ ᠪᠠᠨ ᠮᠣᠩᠭᠣᠯ ᠬᠡᠯᠡ ᠤᠳᠬ᠎ᠠ ᠵᠣᠬᠢᠶᠠᠯ᠂ ᠮᠣᠩᠭᠣᠯ ᠵᠠᠩ ᠦᠢᠯᠡ ᠶᠢᠨ ᠰᠤᠳᠤᠯᠤᠯ᠂ ᠮᠣᠩᠭᠣᠯ ᠦᠨᠳᠦᠰᠦᠲᠡᠨ ᠦ ᠰᠤᠷᠭᠠᠨ ᠬᠦᠮᠦᠵᠢᠯ ᠳᠦ ᠵᠣᠷᠢᠭᠤᠯᠵᠠᠢ᠃

ᠲᠡᠷᠡ ᠶᠡᠬᠡ ᠰᠤᠷᠭᠠᠭᠤᠯᠢ ᠶᠢᠨ ᠬᠦᠷᠢᠶᠡᠨ ᠳᠦ ᠲᠥᠴᠢ ᠭᠠᠷᠤᠢ ᠵᠢᠯ ᠠᠵᠢᠯᠯᠠᠭᠠᠤᠨ᠂ ᠤᠷᠢᠤᠨ ᠬᠤᠵᠢᠤᠨ ᠮᠤᠩᠭᠤᠯ ᠭᠡᠯᠨ ᠤᠤᠠᠬ᠎ᠠ ᠵᠤᠬᠢᠶᠠᠯ ᠤᠨ ᠰᠠᠯᠪᠤᠷᠢ ᠶᠢᠨ ᠤᠤᠠᠬ᠎ᠠ ᠵᠤᠬᠢᠶᠠᠯ ᠰᠤᠳᠤᠯᠬᠤ ᠲᠠᠰᠤᠭ ᠤᠨ ᠡᠷᠬᠢᠯᠡᠭᠴᠢ᠂ ᠮᠤᠩᠭᠤᠯ ᠵᠠᠩ ᠤᠶᠢᠯᠨ ᠰᠤᠳᠤᠯᠬᠤ ᠲᠠᠰᠤᠭ ᠤᠨ ᠡᠷᠬᠢᠯᠡᠭᠴᠢ ᠪᠥᠭᠡᠤᠨ ᠡᠷᠳᠡᠮ ᠰᠢᠨᠵᠢᠯᠡᠭᠡᠨ ᠤ ᠲᠠᠭᠠᠭᠤᠯᠤᠬᠴᠢ᠂ ᠰᠠᠯᠪᠤᠷᠢ ᠶᠢᠨ ᠨᠠᠮ ᠤᠨ ᠶᠠᠷᠤᠩᠭᠡᠢ ᠡᠬᠦᠷ ᠤᠨ ᠭᠡᠰᠢᠬᠦᠨ᠂ ᠲᠡᠳ᠋ ᠡᠷᠬᠢᠯᠡᠭᠴᠢ ᠶᠢᠨ ᠲᠤᠰᠢᠶᠠᠯ ᠢ ᠬᠠᠷᠢᠭᠤᠴᠠᠵᠤ ᠪᠠᠶᠢᠬᠰᠠᠠ ᠪᠥᠭᠡᠤᠨ ᠤᠯᠠᠨ ᠤᠯᠤᠰ ᠤᠨ ᠮᠤᠩᠭᠤᠯ ᠰᠤᠳᠤᠯᠤᠯ ᠤᠨ ᠬᠤᠯᠪᠤᠭᠠᠨ ᠤ ᠭᠡᠰᠢᠬᠦᠨ᠂ ᠲᠤᠮᠳᠠᠳᠤ ᠤᠯᠤᠰ ᠤᠨ ᠮᠤᠩᠭᠤᠯ ᠤᠤᠠᠬ᠎ᠠ ᠵᠤᠬᠢᠶᠠᠯ ᠤᠨ ᠨᠠᠶᠢᠭᠡᠮᠯᠢᠭ ᠤᠨ ᠭᠡᠷᠡᠭ ᠡᠷᠬᠢᠯᠡᠭᠴᠢ᠂ ᠲᠤᠮᠳᠠᠳᠤ ᠤᠯᠤᠰ  ᠤᠨ ᠵᠤᠬᠢᠶᠠᠯᠴᠢᠤᠨ ᠤᠨ ᠡᠪᠯᠡᠯ ᠤᠨ ᠭᠡᠰᠢᠬᠦᠨ᠂ ᠲᠤᠮᠳᠠᠳᠤ ᠤᠯᠤᠰ ᠤᠨ ᠠᠷᠠᠤᠨ ᠤᠨ ᠤᠤᠠᠬ᠎ᠠ ᠤᠷᠠᠯᠢᠬᠴᠢᠤᠨ ᠤᠨ ᠬᠤᠯᠪᠤᠭᠠᠨ ᠤ ᠭᠡᠰᠢᠬᠦᠨ᠂ ᠥᠪᠤᠷ ᠮᠤᠩᠭᠤᠯ ᠤᠨ ᠠᠷᠠᠤᠨ ᠤᠨ ᠤᠤᠠᠬ᠎ᠠ ᠤᠷᠠᠯᠢᠬᠴᠢᠤᠨ ᠤᠨ ᠬᠤᠯᠪᠤᠭᠠᠨ ᠤ ᠭᠡᠷᠡᠭ ᠡᠷᠬᠢᠯᠡᠭᠴᠢ᠂ ᠥᠪᠤᠷ ᠮᠤᠩᠭᠤᠯ ᠤᠨ ᠵᠠᠩ ᠤᠶᠢᠯᠨ ᠶᠢᠨ ᠨᠠᠶᠢᠭᠡᠮᠯᠢᠭ ᠤᠨ ᠲᠠᠷᠤᠭ᠎ᠠ᠂ ᠥᠪᠤᠷ ᠮᠤᠩᠭᠤᠯ ᠤᠨ ᠵᠤᠬᠢᠶᠠᠯᠴᠢᠤᠨ ᠤᠨ ᠡᠪᠯᠡᠯ ᠤᠨ ᠭᠡᠷᠡᠭ ᠡᠷᠬᠢᠯᠡᠭᠴᠢ ᠵᠡᠷᠭᠡ ᠲᠤᠰᠢᠶᠠᠯ ᠢ ᠬᠠᠷᠢᠭᠤᠴᠠᠵᠤ ᠪᠠᠶᠢᠪᠠ᠃ ᠥᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ᠂ ᠥᠪᠤᠷ ᠮᠤᠩᠭᠤᠯ ᠤᠨ ᠡᠩ ᠤᠨ ᠶᠡᠭᠡ ᠰᠤᠷᠭᠠᠭᠤᠯᠢ᠂ ᠥᠪᠤᠷ ᠮᠤᠩᠭᠤᠯ ᠤᠨ ᠨᠠᠰᠤᠨ ᠳᠤ ᠬᠥᠷᠤᠭ᠍ᠰᠡᠤᠨ ᠤᠨ ᠶᠡᠭᠡ ᠲᠡᠭᠡᠳᠤ ᠰᠤᠷᠭᠠᠭᠤᠯᠢ ᠶᠢᠨ ᠲᠡᠭᠡᠳᠤ ᠵᠡᠷᠭᠡ ᠶᠢᠨ ᠡᠷᠳᠡᠮ ᠤᠨ ᠴᠤᠯᠨ ᠶᠢ ᠬᠢᠨᠠᠠ ᠲᠤᠬᠳᠠᠭᠠᠬᠤ ᠵᠥᠪᠯᠡᠯ ᠤᠨ ᠭᠡᠰᠢᠬᠦᠨ᠂ ᠨᠠᠶᠢᠭᠡᠮ ᠤᠨ ᠰᠢᠨᠵᠢᠯᠡᠬᠦ ᠤᠬᠠᠭᠠᠨ ᠤ ᠲᠤᠭᠤᠶᠢᠯᠠᠩ ᠤᠨ ᠲᠡᠳ᠋ ᠲᠠᠷᠤᠭ᠎ᠠ ᠪᠠᠷ ᠠᠷᠪᠠᠭᠠᠤᠨ ᠵᠢᠯ ᠬᠢᠨ᠋ᠨᠨ ᠲᠤᠬᠳᠠᠭᠠᠬᠤ ᠠᠵᠢᠯ ᠢ ᠬᠢᠵᠦ ᠦᠩᠭᠡᠷᠡᠵᠡᠢ᠃[2]

ᠵᠣᠬᠢᠶᠠᠯ ᠪᠦᠲᠦᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠯᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠲᠥᠷᠤᠯᠬᠢ ᠨᠤᠳᠤᠭ》(1959 ᠤᠨ) 《ᠪᠠᠭᠠᠳᠤᠷ ᠤᠨ ᠥᠯᠤᠭᠡᠢ》( 1978 ᠤᠨ)《ᠬᠠ᠊ · ᠳ᠋ᠠᠮᠪᠢᠵᠠᠯᠰᠠᠠ ᠤ ᠰᠢᠯᠤᠭ᠌ ᠤᠨ ᠰᠤᠩᠭᠤᠮᠠᠯ》( 1985 ᠤᠨ)《 ᠡᠪᠤᠭᠡᠨ ᠬᠠᠶᠢᠯᠠᠰᠤᠨ ᠤ ᠱᠤᠤᠬᠢᠶᠠᠠ》 ( 2003 )

ᠥᠭᠦᠯᠡᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠠᠭᠤᠷᠳᠤ ᠠᠪᠤ》᠂ 《 ᠡᠶᠢᠮᠤ ᠨᠢᠭᠡ ᠵᠠᠯᠠᠭᠤ 》᠂ 《 ᠯᠠᠷᠵᠠᠳᠤ ᠲᠤᠬᠮᠢᠤᠨ ᠬᠢᠭᠡᠤᠨ ᠲᠠᠬᠦᠨ ᠤ ᠴᠤᠤᠳᠠᠢ ᠭᠡᠤᠭᠡᠨ 》 ᠵᠡᠷᠭᠡ ᠥᠬᠦᠯᠡᠯᠭᠡ ᠨᠠᠶᠢᠳᠡᠯᠡᠪᠡ᠃

ᠮᠣᠩᠭᠣᠯ ᠤᠨ ᠵᠠᠩ ᠦᠢᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠷᠢᠳᠤᠭᠠᠷ ᠵᠠᠭᠤᠨ ᠤ ᠲᠠᠯᠠᠭᠠᠳ ᠤᠨ ᠤ ᠰᠡᠬᠦᠯᠴᠢ ᠡᠴᠡ ᠬᠠ‍᠊ ᠂ ‍ᠳ᠋ᠠᠮᠪᠢᠵᠠᠯᠰᠠᠨ ᠭᠤᠸᠠᠢ ᠤᠷᠴᠢᠨ ᠦᠶ᠎ᠡ ᠵᠢᠨ ᠮᠤᠨᠭᠭᠤᠯ ᠵᠠᠩ ᠦᠢᠯᠡ ᠵᠢᠨ ᠰᠠᠭᠤᠷᠢᠯᠠᠭᠴᠢ ᠯᠤᠪᠰᠠᠩᠴᠤᠶᠢᠳᠠᠨ ᠤ《ᠮᠤᠨᠭᠭᠤᠯ ᠤᠨ ᠵᠠᠩ ᠠᠭᠠᠯᠢ ᠵᠢᠨ ᠤᠶᠢᠯᠠᠪᠤᠷᠢ 》 ᠵᠢ ᠴᠤᠬᠤᠯᠠᠨ ᠲᠠᠶᠢᠯᠪᠤᠷᠢᠯᠠᠵᠤ ᠂ ᠰᠤᠳᠤᠯᠭᠠᠨ ᠤ ᠳᠡᠯᠭᠡᠷᠡᠩᠬᠦᠢ ᠤᠳᠤᠷᠢᠳᠬᠠᠯ ᠪᠢᠴᠢᠭᠰᠡᠨ ᠶᠠᠪᠤᠳᠠᠯ ᠨᠢ ᠬᠠᠭᠠᠰ ᠵᠠᠭᠤᠨ ᠤ ᠳᠤᠷᠰᠢ ᠲᠠᠰᠤᠯᠠᠭᠳᠠᠭᠰᠠᠨ ᠮᠤᠨᠭᠭᠤᠯ ᠵᠠᠩ ᠦᠢᠯᠡ ᠰᠤᠳᠤᠯᠤᠯ ᠢ ᠰᠡᠷᠬᠦᠬᠡᠵᠦ ᠮᠤᠨᠭᠭᠤᠯ ᠵᠠᠩ ᠦᠢᠯᠡ ᠰᠤᠳᠤᠯᠭᠠᠨ ᠳᠤ ᠰᠢᠨ᠎ᠡ ᠠᠮᠢᠵᠢᠷᠠᠯ ᠤᠨ ᠬᠦᠴᠦᠨ ᠢ ᠤᠯᠭᠤᠪᠠ ᠃

1988 ᠤᠨ ᠳᠤ ᠦᠪᠦᠷ ᠮᠤᠨᠭᠭᠤᠯ ᠤᠨ ᠵᠠᠩ ᠦᠢᠯᠡ ᠵᠢᠨ ᠨᠡᠶᠢᠭᠡᠮᠯᠢᠭ᠌ ᠢ ᠪᠠᠶᠢᠭᠤᠯᠵᠤ ᠠᠩᠬᠠᠳᠠᠭᠴᠢ ᠨᠡᠶᠢᠭᠡᠮᠯᠢᠭ᠌ ᠤᠨ ᠲᠠᠷᠤᠭ᠎ᠠ ᠵᠢᠨ ᠳᠤᠰᠢᠶᠠᠯ ᠢ ᠡ‍ᠬᠦᠷᠭᠡᠯᠡᠵᠦ ᠂ ᠡ‍ᠨᠡᠬᠦ ᠬᠤᠭᠤᠴᠠᠭᠠᠨ ᠳᠤ ᠪᠦᠬᠦ ᠤᠷᠤᠨ ᠤ ᠵᠠᠩ ᠦᠢᠯᠡ ᠵᠢᠨ ᠰᠤᠳᠤᠯᠭᠠᠨ ᠤ ᠡ‍ᠩᠨᠡᠭᠡ ᠵᠢ ᠪᠦᠳᠦᠭᠡᠨ ᠪᠠᠶᠢᠭᠤᠯᠵᠤ ᠂ ᠡ‍ᠷᠳᠡᠮ ᠰᠢᠨᠵᠢᠯᠡᠭᠡᠨ ᠤ ᠠᠵᠢᠯ ᠢ ᠡ‍ᠷᠴᠢᠮᠳᠠᠢ ᠦᠷᠨᠢᠬᠦᠯᠵᠤ ᠂ ᠤᠯᠠᠨ ᠠᠷᠪᠢᠨ ᠪᠦᠳᠦᠭᠡᠯ ᠭᠡᠪᠯᠡᠬᠦᠯᠦᠨ ᠂ ᠦᠪᠡᠷᠳᠡᠭᠡᠨ ᠵᠠᠰᠠᠬᠤ ᠤᠷᠤᠨ ᠤ ᠵᠠᠩ ᠦᠢᠯᠡ ᠰᠤᠶᠤᠯ ᠤᠨ ᠦᠢᠯᠡᠰ ᠤᠨ ᠬᠦᠭᠵᠢᠯᠳᠠ ᠳᠤ ᠠᠰᠤᠷᠤ ᠶᠡᠭᠡ ᠭᠠᠪᠢᠶ᠎ᠡ ᠵᠢᠳᠬᠦᠯ ᠦᠵᠡᠬᠦᠯᠵᠡᠢ ᠃ ᠨᠠᠶᠠᠭᠠᠳ ᠤᠨ ᠤ ᠡ‍ᠬᠢᠨ ᠢᠶᠡᠷ ᠂ ᠬᠠ‍᠊ ᠂ ‍ᠳ᠋ᠠᠮᠪᠢᠵᠠᠯᠰᠠᠨ ᠦᠪᠦᠷ ᠮᠤᠨᠭᠭᠤᠯ ᠤᠨ ᠪᠠᠭᠰᠢ ᠵᠢᠨ ᠶᠡᠭᠡ ᠰᠤᠷᠭᠠᠭᠤᠯᠢ ᠳᠤ ᠮᠤᠨᠭᠭᠤᠯ ᠵᠠᠩ ᠦᠢᠯᠡ ᠵᠢᠨ ᠬᠢᠴᠢᠶᠡᠯ ᠢ ᠠᠩᠬᠠᠯᠠᠨ ᠨᠡᠭᠡᠭᠡᠭᠰᠡᠨ ᠤ ᠦᠷ᠎ᠡ ᠳ᠋ᠦᠩ ᠳᠤ ᠨᠢᠭᠡ ᠪᠦᠯᠦᠭ ᠵᠠᠯᠠᠭᠤ ᠤᠶᠤᠳᠠᠳ ᠂ ᠠᠰᠫᠢᠷᠠᠨᠲ ᠮᠤᠨᠭᠭᠤᠯ ᠵᠠᠩ ᠦᠢᠯᠡ ᠵᠢᠨ ᠵᠢᠭᠠᠨ ᠰᠤᠷᠭᠠᠯᠳᠠ ᠪᠤᠯᠤᠨ ᠡ‍ᠷᠳᠡᠮ ᠰᠢᠨᠵᠢᠯᠡᠭᠡᠨ ᠤ ᠵᠠᠮ ᠢᠶᠡᠷ ᠵᠠᠮᠨᠠᠭᠰᠠᠨ ᠪᠠᠶᠢᠨ᠎ᠠ ᠃

1990 ᠤᠨ ᠳᠤ ᠂ ᠦᠪᠦᠷ ᠮᠤᠨᠭᠭᠤᠯ ᠤᠨ ᠪᠠᠭᠰᠢ ᠵᠢᠨ ᠶᠡᠭᠡ ᠰᠤᠷᠭᠠᠭᠤᠯᠢ ᠵᠢᠨ ᠮᠤᠨᠭᠭᠤᠯ ᠭᠡᠯᠡᠨ ᠤ ᠰᠠᠯᠪᠤᠷᠢ ᠳᠤ《 ᠮᠤᠨᠭᠭᠤᠯ ᠵᠠᠩ ᠦᠢᠯᠡ ᠰᠤᠳᠤᠯᠬᠤ ᠲᠠᠰᠤᠭ 》 ᠢ ᠰᠠᠨᠠᠭᠠᠴᠢᠯᠠᠨ ᠪᠠᠶᠢᠭᠤᠯᠵᠤ ᠂ ᠦᠪᠦᠷ ᠮᠤᠨᠭᠭᠤᠯ ᠤᠨ ᠪᠠᠭᠰᠢ ᠵᠢᠨ ᠶᠡᠭᠡ ᠰᠤᠷᠭᠠᠭᠤᠯᠢ ᠵᠢᠨ ᠵᠠᠩ ᠦᠢᠯᠡ ᠰᠤᠳᠤᠯᠭᠠᠨ ᠢ ᠵᠤᠬᠢᠶᠠᠨ ᠪᠠᠶᠢᠭᠤᠯᠤᠯᠳᠠ ᠲᠠᠢ ᠂ ᠲᠦᠯᠦᠪᠯᠡᠯᠭᠡ ᠲᠠᠢ ᠶᠠᠪᠤᠭᠳᠠᠭᠤᠯᠤᠭᠰᠠᠨ ᠨᠢ ᠦᠨᠦᠳᠦᠷ ᠤᠨ ᠵᠠᠩ ᠦᠢᠯᠡ ᠵᠢᠨ ᠰᠢᠨᠵᠢᠯᠡᠭᠡᠨ ᠤ ᠪᠦᠳᠦᠭᠡᠨ ᠪᠠᠶᠢᠭᠤᠯᠤᠯᠳᠠ ᠳᠤ ᠪᠠᠳᠦ ᠪᠡᠬᠢ ᠰᠠᠭᠤᠷᠢ ᠲᠠᠯᠪᠢᠭᠰᠠᠨ ᠶᠤᠮ ᠃[3]

ᠪᠤᠰᠤᠳ ᠪᠦᠲᠦᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

《 ᠬᠠ᠊ · ᠳ᠋ᠠᠮᠪᠢᠵᠠᠯᠰᠠᠠ ᠤ ᠥᠬᠦᠯᠠᠯ ᠤᠨ ᠲᠠᠬᠦᠪᠤᠷᠢ》( 1997 ᠤᠨ)᠂《 ᠮᠤᠩᠭᠤᠯ ᠵᠠᠩ ᠤᠶᠢᠯᠨ ᠶᠢᠨ ᠵᠥᠢ 》 ᠭᠡᠬᠦ ᠭᠤᠴᠢᠨ ᠭᠡᠳᠤᠨ ᠲᠥᠮᠨᠨ ᠥᠰᠥᠭ ᠲᠠᠢ ᠨᠤᠮ ᠢ ᠭᠤᠤᠯᠯᠠᠨ ᠨᠠᠶᠢᠷᠠᠭᠤᠯᠵᠤ᠂ 1995 ᠤᠨ ᠳᠤ ᠬᠡᠪᠯᠡᠭᠦᠯᠪᠡ᠃ 《 ᠬᠥᠷᠠᠩ ᠪᠤᠬ᠎ᠠ ᠤᠨᠤᠬᠰᠠᠠ ᠬᠥᠭᠡ ᠴᠢᠨ᠋ᠸ᠎ᠠ 》 ( ᠠᠷᠠᠤᠨ ᠤᠨ ᠠᠮᠨᠨ ᠥᠯᠢᠭᠡᠷ ) 1959 ᠤᠨ ᠳᠤ ᠬᠡᠪᠯᠡᠭᠳᠡᠪᠡ᠃ 《 ᠥᠭᠡᠬᠦᠨ ᠴᠠᠭᠠᠨ ᠥᠨᠤᠴᠢᠨ ᠪᠠᠭᠠᠳᠤᠷ》( ᠲᠤᠤᠯᠢ ) ᠢ ᠡᠮᠬᠢᠤᠨᠭᠡᠵᠤ᠂ 1980 ᠤᠨ ᠳᠤ ᠨᠠᠶᠢᠳᠡᠯᠠᠪᠠ᠃[2]

ᠴᠤᠯᠠ ᠬᠡᠷᠬᠡᠮ[ᠵᠠᠰᠠᠪᠤᠷᠢᠯᠠᠬᠤ | ᠺᠣᠳ᠋ ᠢᠶᠠᠷ ᠵᠠᠰᠠᠬᠣ]

1951 ᠤᠨ ᠠᠴᠠ ᠠᠵᠢᠯ ᠤᠨ ᠭᠠᠷᠤᠭ᠎ᠠ ᠪᠠᠨ ᠡᠬᠢᠯᠡᠵᠦ ᠨᠤᠤᠷᠭᠠᠢ ᠪᠠᠭ᠎ᠠ ᠰᠤᠷᠭᠠᠭᠤᠯᠢ ᠶᠢᠨ ᠪᠠᠭᠰᠢ᠂ ᠯᠢᠨᠳ᠋ᠦ᠋ᠩ ᠤᠨ ᠪᠠᠭᠰᠢ ᠶᠢᠨ ᠰᠤᠷᠭᠠᠭᠤᠯᠢ ᠶᠢᠨ ᠪᠠᠭᠰᠢ᠂ ᠥᠪᠥᠷ ᠮᠣᠩᠭᠣᠯ ᠤᠨ ᠶᠡᠬ ᠰᠤᠷᠭᠠᠭᠤᠯᠢ ᠶᠢᠨ ᠪᠠᠭᠰᠢ᠂ ᠫᠧᠷᠣᠹᠧᠰᠰᠣᠷ ᠵᠡᠷᠭᠡ ᠠᠵᠢᠯ ᠢ ᠬᠠᠷᠢᠭᠤᠴᠠᠵᠤ ᠪᠠᠶᠢᠭᠰᠠᠨ᠃

ᠳᠤᠮᠳᠠᠳᠤ ᠤᠯᠤᠰ ᠤᠨ ᠮᠣᠩᠭᠣᠯ ᠬᠡᠯᠡ ᠤᠳᠬ᠎ᠠ ᠵᠣᠬᠢᠶᠠᠯ ᠤᠨ ᠨᠡᠶᠢᠭᠡᠮᠯᠢᠭ ᠤᠨ ᠬᠡᠷᠡᠭ ᠮᠡᠳᠡᠭᠴᠢ᠂ ᠥᠪᠥᠷ ᠮᠣᠩᠭᠣᠯ ᠤᠨ ᠵᠠᠩ ᠦᠢᠯᠡ ᠶᠢᠨ ᠨᠡᠶᠢᠭᠡᠮᠯᠢᠭ ᠤᠨ ᠳᠠᠷᠤᠭ᠎ᠠ᠃ ᠳᠤᠮᠳᠠᠳᠤ ᠤᠯᠤᠰ ᠤᠨ ᠵᠣᠬᠢᠶᠠᠯᠴᠢᠳ ᠤᠨ ᠨᠡᠶᠢᠭᠡᠮᠯᠢᠭ ᠤᠨ ᠭᠡᠰᠢᠭᠦᠨ᠃

  • 1983 ᠤᠨ ᠂ 《 ᠥᠭᠡᠬᠦᠨ ᠴᠠᠭᠠᠨ ᠥᠨᠤᠴᠢᠨ ᠪᠠᠭᠠᠳᠤᠷ 》ᠨᠢ ᠳᠤᠮᠳᠠᠳᠤ ᠤᠯᠤᠰ ᠤᠨ ᠠᠷᠠᠳ ᠤᠨ ᠠᠮᠠᠨ ᠵᠣᠬᠢᠶᠠᠯ ᠤᠨ ᠪᠦᠲᠦᠭᠡᠯ ᠤᠨ ᠨᠢᠭᠡᠳᠦᠭᠡᠷ ᠳᠡᠰ ᠤᠨ ᠱᠠᠩᠨᠠᠯ᠃
  • 1984 ᠤᠨ ᠂ 《 ᠥᠨᠤᠷ ᠬᠠᠩᠬᠤᠯᠤᠬᠰᠠᠠ ᠨᠢᠭᠡᠨ ᠪᠤᠳᠡ ᠬᠤᠷᠴᠠ ᠴᠡᠴᠡᠭ》( ᠰᠢᠬᠦᠮᠵᠢ ) ᠨᠢ ᠰᠣᠯᠣᠩᠭ᠎ᠠ ᠱᠠᠩᠨᠠᠯ ᠤᠨ ᠬᠣᠶᠠᠳᠤᠭᠠᠷ ᠳᠡᠰ᠃
  • 1985 ᠤᠨ ᠂ ᠥᠪᠤᠷ ᠮᠤᠩᠭᠤᠯ ᠤᠨ ᠰᠤᠷᠭᠠᠨ ᠬᠥᠮᠤᠵᠢᠯ ᠤᠨ ᠲᠢᠩᠬᠢᠮ ᠠᠴᠠ《ᠢᠷᠠᠭᠤ ᠠᠯᠳᠠᠷᠳᠤ ᠠᠷᠠᠤᠨ ᠤᠨ ᠪᠠᠭᠰᠢ》 ᠪᠠᠷ ᠴᠤᠯᠠᠯᠠᠭᠳᠠᠵᠠᠢ᠃
  • 1988 ᠤᠨ ᠂ 《 ᠮᠤᠩᠭᠤᠯ ᠤᠨ ᠵᠠᠩ ᠠᠭᠠᠯᠢ ᠶᠢᠨ ᠤᠶᠢᠯᠠᠪᠤᠷᠢ》ᠨᠢ ᠮᠤᠩᠭᠤᠯ ᠤᠤᠠᠬ᠎ᠠ ᠵᠤᠬᠢᠶᠠᠯ ᠤᠨ ᠰᠤᠳᠤᠯᠭᠠᠨ ᠤ ᠰᠢᠯᠢᠳᠡᠭ ᠪᠥᠳᠤᠭᠡᠯ ᠤᠨ ᠢᠷᠡᠭᠤ ᠠᠯᠳᠠᠷ ᠤᠨ ᠱᠠᠩᠨᠠᠯ ᠬᠥᠷᠳᠡᠵᠡᠢ᠃
  • 1993 ᠤᠨ ᠂ ᠲᠥᠷᠤ ᠶᠢᠨ ᠵᠥᠪᠯᠡᠯ ᠤᠨ ᠣᠨᠴᠠ ᠬᠠᠷᠠᠭᠠᠯᠵᠠᠯ ᠢ ᠬᠦᠷᠲᠡᠵᠡᠢ᠃
  • 1999 ᠤᠨ ᠂ 《 ᠮᠤᠩᠭᠤᠯ ᠵᠠᠩ ᠤᠶᠢᠯᠨ ᠶᠢᠨ ᠵᠥᠢ》 ᠭᠡᠳᠡᠭ ᠨᠤᠮ ᠪᠥᠬᠦ ᠤᠯᠤᠰ ᠤᠨ ᠶᠡᠭᠡ᠂ ᠲᠡᠭᠡᠳᠤ ᠰᠤᠷᠭᠠᠭᠤᠯᠢ ᠶᠢᠨ ᠨᠢᠭᠡᠳᠤᠯᠳᠠᠢ ᠭᠡᠷᠡᠭᠯᠡᠬᠦ᠂ ᠥᠨᠳᠤᠰᠤᠳᠡᠡ ᠤ ᠭᠡᠯᠨ ᠪᠠᠷ ᠨᠠᠶᠢᠷᠠᠭᠤᠯᠤᠬᠰᠠᠠ ᠵᠢᠭᠠᠬᠤ ᠮᠠᠲ᠋ᠧᠷᠢᠶᠠᠯ ᠤᠨ ᠨᠢᠭᠡᠳᠤᠭᠡᠷ ᠲᠡᠰ ᠤᠨ ᠱᠠᠩᠨᠠᠯ ᠬᠥᠷᠳᠡᠵᠡᠢ᠃
  • 2003 ᠤᠨ ᠳᠤ᠂ ᠠᠷᠠᠤᠨ ᠤᠨ ᠠᠮᠨᠨ ᠵᠤᠬᠢᠶᠠᠯ ᠢ ᠴᠤᠬᠯᠠᠭᠤᠯᠵᠤ ᠡᠮᠬᠢᠤᠨᠭᠡᠬᠦ᠂ ᠰᠤᠳᠤᠯᠵᠤ ᠰᠢᠨᠵᠢᠬᠦ ᠪᠠ ᠥᠨᠳᠤᠰᠤᠳᠡᠡ ᠤ ᠥᠪ ᠰᠤᠶᠤᠯ ᠢ ᠬᠠᠮᠠᠭᠠᠯᠠᠨ ᠵᠠᠯᠭᠠᠮᠵᠢᠯᠠᠬᠤ ᠲᠠᠯ᠎ᠠ ᠪᠠᠷ ᠬᠢ ᠬᠤᠪᠢ ᠨᠠᠮᠠᠷᠢ ᠶᠢ ᠥᠨᠡᠯᠠᠵᠤ᠂ ᠥᠪᠤᠷ ᠮᠤᠩᠭᠤᠯ ᠤᠨ ᠠᠷᠠᠤᠨ ᠤᠨ ᠤᠷᠠᠯᠢᠬᠴᠢᠤᠨ ᠤᠨ ᠨᠠᠶᠢᠭᠡᠮᠯᠢᠭ ᠠᠴᠠ ᠥᠪᠤᠷ ᠮᠤᠩᠭᠤᠯ ᠤᠨ ᠠᠩᠬᠠᠳᠤᠭᠠᠷ ᠤᠳᠠᠭᠠᠨ ᠤ 《 ᠠᠷᠠᠤᠨ》 ᠨᠠᠷᠠᠮᠵᠢᠳᠤ ᠱᠠᠩᠨᠠᠯ ᠤᠨ ᠤᠨᠴᠠ ᠬᠤᠪᠢ ᠨᠡᠮᠡᠷᠢ ᠥᠵᠡᠬᠦᠯᠤᠭ᠍ᠰᠡᠤᠨ ᠤᠨ ᠠᠯᠳᠠᠷ ᠬᠥᠨᠳᠤ  ᠶᠢ ᠤᠯᠭᠤᠵᠠᠢ᠃[2]

ᠠᠰᠢᠭᠯᠠᠭᠰᠠᠨ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠪᠠᠶᠠᠨ᠍ᠠ᠋ᠭᠤᠯᠠ ᠨᠤᠲᠤᠭ ᠤᠨ ᠣᠶᠢᠯᠠᠯᠭ᠎᠂1999.12᠂ p 406
  2. 2.0 2.1 2.2 http://mgl.blzq.gov.cn/am/2015/12/14/U_10674_179071.html?pid=2005
  3. http://www.nmg.xinhuanet.com/mg/wenhua/2015-11/02/c_1117038679.htm

ᠪᠢᠴᠢᠭᠡᠰᠦ