ᠬᠠᠶᠢᠷᠬᠠᠨᠳᠤᠯᠠᠭᠠᠨ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Mn coa uvurkhangay aymag.png ᠥᠪᠦᠷᠬᠠᠩᠭᠠᠢ ᠠᠶᠢᠮᠠᠭ ᠤᠨ
ᠬᠠᠶᠢᠷᠬᠠᠨᠳᠤᠯᠠᠭᠠᠨ ᠰᠤᠮᠤ
ᠤᠯᠠᠪᠢᠷ ᠰᠢᠷ᠎ᠠ ᠨᠢ ᠠᠷᠪᠠᠶᠢᠬᠦ ᠪᠡᠷ᠂ ᠶᠠᠭᠠᠨ ᠨᠢ ᠬᠠᠶᠢᠷᠬᠠᠨᠳᠤᠯᠠᠭᠠᠨ
4,138 ᠺᠦᠸᠠᠳ᠋ ᠺᠢᠯᠣᠮᠧᠲ᠋ᠷ (4/19) ᠭᠠᠵᠠᠷ ᠨᠤᠲᠤᠭ ᠲᠤ
2011 ᠣᠨ ᠳᠤ 1,033 ᠡᠷᠦᠬᠡ ᠶᠢᠨ
3,396 ᠬᠦᠮᠦᠨ (11/19) ᠣᠷᠣᠰᠢᠨ ᠰᠠᠭᠤᠵᠤ ᠪᠠᠶᠢᠪᠠ᠃[1]
ᠳᠣᠲᠣᠷ᠎ᠠ ᠪᠠᠨ ᠪᠤᠷᠬᠠᠨ ᠳᠤ᠂ ᠨᠠᠷᠠᠲᠤ᠂ ᠡᠮᠡᠭᠡᠯ᠂ ᠳᠡᠷᠡᠰᠦᠨ ᠬᠣᠩᠬᠣᠷ᠂ ᠠᠷᠤ ᠠᠭᠤᠢ ᠳᠤ᠂ ᠮᠠᠷᠵᠠᠲ ᠭᠡᠬᠦ ᠵᠢᠷᠭᠤᠭᠠᠨ ᠪᠠᠭ ᠲᠤ ᠬᠤᠪᠢᠶᠠᠭᠳᠠᠨ᠎ᠠ᠃
2011 ᠣᠨ ᠤ ᠲᠥᠰᠥᠪ ᠲᠦ 50.4 ᠰᠠᠶ᠋ᠢ ₮ (16/19) ᠣᠷᠣᠭᠤᠯᠵᠤ᠂
ᠮᠥᠨ ᠣᠨᠳᠣᠣ 819 ᠰᠠᠶ᠋ᠢ ₮ (14/19) ᠵᠠᠷᠤᠵᠠᠢ᠃[1]
2011 ᠣᠨ ᠤ 145,630 ᠲᠣᠯᠣᠭᠠᠢ ᠮᠠᠯ (7/19) ᠨᠢ
ᠨᠢᠭᠡ ᠬᠦᠨᠳᠦ ᠨᠣᠭᠳᠠᠪᠠᠯ 42.9 (_/19) ᠪᠣᠯᠤᠨ᠎ᠠ᠃[1]
ᠡᠭᠦᠰᠬᠡᠨ ᠪᠠᠶᠢᠭᠤᠯᠤᠭᠳᠠᠭᠰᠠᠨ ____ ᠣᠨ ᠳᠤ
ᠡᠷᠭᠢᠨ ᠲᠣᠭᠣᠷᠢᠨ ᠳᠤ ᠪᠠᠨ ᠨᠠᠷᠢᠨᠲᠡᠯᠤᠶᠠᠩᠭ᠎ᠠᠲᠠᠷᠠᠭ ᠲᠤᠭᠤᠴᠢᠨ-ᠤᠰᠤᠪᠠᠷᠠᠭᠤᠨᠪᠠᠶᠠᠨ-ᠤᠯᠠᠭᠠᠨ ᠭᠡᠳᠡᠭ ᠲᠠᠪᠤᠨ ᠰᠤᠮᠤ ᠪᠠᠷ ᠬᠦᠷᠢᠶᠡᠯᠡᠭᠳᠡᠨ ᠣᠷᠣᠰᠢᠳᠠᠭ᠃

ᠮᠣᠩᠭᠣᠯ ᠤᠯᠤᠰ ᠍ ᠤᠨ ᠥᠪᠦᠷᠬᠠᠩᠭᠠᠢ ᠠᠶᠢᠮᠠᠭ ᠤᠨ ᠠᠷᠪᠠᠨ ᠶᠢᠰᠦᠨ ᠰᠤᠮᠤ ᠍ ᠤᠨ ᠨᠢᠭᠡ ᠨᠢ ᠬᠠᠶᠢᠷᠬᠠᠨᠳᠤᠯᠠᠭᠠᠨ ᠰᠤᠮᠤ ᠶᠤᠮ᠃ ᠤᠯᠤᠰ ᠤᠨ ᠨᠡᠶᠢᠰᠯᠡᠯ ᠡᠴᠡ ᠪᠠᠷᠠᠭᠤᠨ ᠤᠷᠤᠭᠰᠢ 502 ᠺᠢᠯᠣᠮᠧᠲ᠋ᠷ᠂ ᠠᠶᠢᠮᠠᠭ ᠤᠨ ᠲᠥᠪ ᠠᠷᠪᠠᠶᠢᠬᠦ ᠪᠡᠷ ᠬᠣᠲᠠ ᠠᠴᠠ ᠪᠠᠷᠠᠭᠤᠨ ᠤᠷᠤᠭᠰᠢ 72 ᠺᠢᠯᠣᠮᠧᠲ᠋ᠷ ᠳᠠᠪᠬᠢᠵᠤ ᠪᠠᠶᠢᠵᠤ ᠲᠤᠰ ᠰᠤᠮᠤ ᠶᠢᠨ ᠲᠥᠪ ᠲᠦ ᠬᠦᠷᠡᠳᠡᠭ᠃[1] ᠤᠷᠢᠳᠤ ᠶᠢᠨ ᠴᠠᠭ ᠲᠤ ᠰᠠᠶᠢᠨ ᠨᠣᠶᠠᠨ ᠬᠠᠨ ᠠᠶᠢᠮᠠᠭ ᠤᠨ ᠰᠠᠶᠢᠨ ᠨᠣᠶᠠᠨ ᠬᠠᠨ ᠤ ᠬᠣᠰᠢᠭᠤᠨ ᠳᠤ ᠬᠠᠷᠢᠶᠠᠯᠠᠭᠳᠠᠵᠤ ᠪᠠᠶᠢᠭᠰᠠᠨ᠃ ᠪᠦᠷ ᠨᠠᠮᠨᠠᠨᠰᠦ᠋ᠷᠦᠩ ᠬᠠᠨ ᠤ ᠣᠷᠳᠣ ᠭᠡᠷ ᠲᠤᠰ ᠰᠤᠮᠤ ᠶᠢᠨ ᠬᠠᠨ ᠬᠥᠭᠰᠢᠨ ᠠᠭᠤᠯᠠ ᠶᠢᠨ ᠠᠷᠤ ᠳᠤ ᠪᠠᠶᠢᠳᠠᠭ ᠪᠠᠶᠢᠴᠠᠢ᠃ ᠬᠠᠶᠢᠷᠬᠠᠨᠳᠤᠯᠠᠭᠠᠨ ᠰᠤᠮᠤ ᠨᠢ ᠥᠪᠦᠷᠬᠠᠩᠭᠠᠢ ᠠᠶᠢᠮᠠᠭ ᠤᠨ ᠨᠤᠲᠤᠭ ᠤᠨ ᠪᠠᠷᠠᠭᠤᠨ ᠬᠡᠰᠡᠭ ᠲᠦ᠂ ᠪᠠᠷᠠᠭᠤᠨ ᠤᠷᠢᠳᠤ ᠲᠠᠯ᠎ᠠ ᠪᠠᠷ ᠢᠶᠠᠨ ᠨᠠᠷᠢᠨᠲᠡᠯ᠂ ᠬᠣᠶᠢᠳᠤ ᠲᠠᠯ᠎ᠠ ᠪᠠᠷ ᠢᠶᠠᠨ ᠤᠶᠠᠩᠭ᠎ᠠ᠂ ᠵᠡᠭᠦᠨ ᠲᠠᠯ᠎ᠠ ᠪᠠᠷ ᠢᠶᠠᠨ ᠲᠠᠷᠠᠭ ᠲᠤ᠂ ᠤᠷᠢᠳᠤ ᠲᠠᠯ᠎ᠠ ᠪᠠᠷ ᠢᠶᠠᠨ ᠭᠤᠴᠢᠨ ᠤᠰᠤ ᠰᠤᠮᠤ ᠲᠠᠢ ᠬᠢᠯᠢᠯᠡᠵᠦ᠂ ᠬᠠᠩᠭᠠᠢ ᠨᠢᠷᠤᠭᠤᠨ ᠤ ᠥᠪᠥᠷ᠂ ᠲᠠᠯ᠎ᠠ ᠬᠡᠭᠡᠷ᠎ᠡ ᠶᠢᠨ ᠪᠥᠰᠡ ᠳᠦ ᠳᠠᠯᠠᠢ ᠶᠢᠨ ᠲᠥᠪᠰᠢᠨ ᠡᠴᠡ ᠳᠡᠭᠡᠭᠰᠢ 2000 - 2978 ᠮ ᠥᠨᠳᠥᠷ ᠲᠦ ᠡᠷᠭᠦᠭᠳᠡᠭᠰᠡᠨ᠂ 413,8 ᠮᠢᠩᠭᠠᠨ ᠺᠦᠸᠠᠳ᠋.ᠮ ᠭᠠᠵᠠᠷ ᠨᠤᠲᠤᠭ ᠢ ᠡᠵᠡᠯᠡᠨ ᠣᠷᠣᠰᠢᠳᠠᠭ᠃ ᠪᠤᠷᠬᠠᠨ ᠳᠤ᠂ ᠨᠠᠷᠠᠲᠤ᠂ ᠡᠮᠡᠭᠡᠯᠲᠦ᠂ ᠳᠡᠷᠡᠰᠦᠨ ᠬᠣᠩᠬᠣᠷ᠂ ᠠᠷᠭᠤᠢ ᠳᠤ᠂ ᠮᠠᠷᠵᠠᠲ ᠭᠡᠰᠡᠨ 6 ᠪᠠᠭ ᠤᠨ ᠨᠡᠶᠢᠲᠡ 1014 ᠥᠷᠬᠥᠳ 3298 ᠬᠦᠮᠦᠨ ᠠᠮᠢᠳᠤᠷᠠᠳᠠᠭ᠃

179062 ᠲᠣᠯᠣᠭᠠᠢ ᠮᠠᠯ ᠲᠠᠢ᠃ ᠪᠠᠶᠢᠭᠠᠯᠢ᠂ ᠭᠠᠵᠠᠷ ᠵᠦᠢ ᠶᠢᠨ ᠣᠨᠴᠠᠯᠢᠭ

ᠭᠠᠵᠠᠷ ᠵᠦᠢ ᠶᠢᠨ ᠣᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠯᠠᠢ ᠶᠢᠨ ᠲᠦᠪᠰᠢᠨ ᠡᠴᠡ ᠳᠡᠭᠡᠭᠰᠢ 1900 ᠮ ᠡᠷᠭᠦᠭᠳᠡᠭᠰᠡᠨ᠃ᠹᠢᠽᠢᠺ ᠭᠠᠵᠠᠷ ᠵᠦᠢ ᠶᠢᠨ ᠬᠤᠪᠢ ᠳᠤ ᠬᠠᠩᠭᠠᠢ ᠶᠢᠨ ᠨᠢᠷᠤᠭᠤᠨ ᠤ ᠠᠤᠯᠠᠯᠠᠰ ᠤᠨ ᠪᠥᠰᠡ ᠳᠦ ᠪᠠᠭᠲᠠᠳᠠᠭ᠃

ᠭᠠᠵᠠᠷ ᠬᠥᠳᠡᠯᠦᠯ ᠦᠨ ᠡᠷᠴᠢᠮ 3-4 ᠪᠠᠯᠯ᠃

ᠰᠤᠮᠤ ᠶᠢᠨ ᠨᠤᠲᠤᠭ ᠳᠡᠪᠢᠰᠬᠡᠷ ᠨᠢ ᠠᠭᠤᠯᠠ᠂ ᠭᠦᠪ ᠢᠶᠡᠨ ᠲᠣᠯᠣᠭᠠᠳ ᠪᠦᠬᠦᠢ ᠬᠠᠩᠭᠠᠶᠢᠬᠦ ᠪᠡᠷ ᠪᠤᠶᠤ ᠮᠠᠯ ᠠᠵᠤ ᠠᠬᠤᠢ ᠪᠣᠯᠤᠨ ᠭᠠᠵᠠᠷ ᠲᠠᠷᠢᠶᠠᠯᠠᠩ ᠡᠷᠬᠢᠯᠡᠬᠦ ᠳᠦ ᠲᠣᠬᠢᠷᠠᠮᠵᠢᠲᠠᠢ᠃

ᠴᠠᠭ ᠠᠭᠤᠷ ᠤᠨ ᠨᠥᠬᠥᠴᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠭᠤᠷ ᠠᠮᠢᠰᠬᠤᠯ ᠤᠨ ᠬᠤᠪᠢ ᠳᠤ ᠶᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ᠃ ᠰᠡᠭᠦᠯ ᠦᠨ 3 ᠵᠢᠯ ᠦᠨ ᠳᠤᠮᠳᠠᠴᠢ ᠪᠠᠷ ᠬᠤᠷ᠎ᠠ ᠲᠤᠨᠳᠠᠰᠤᠨ ᠤ ᠬᠡᠮᠵᠢᠶ᠎ᠡ 143,7 ᠮᠢᠯᠯᠢᠮᠧᠲ᠋ᠷ᠂ ᠭᠠᠩᠲᠠᠢ ᠵᠢᠯ ᠦᠨ ᠲᠤᠨᠤᠳᠠᠰᠤ 77,3 ᠮᠢᠯᠯᠢᠮᠧᠲ᠋ᠷ ᠪᠠᠶᠢᠨ᠎ᠠ᠃ ᠮᠣᠩᠭᠣᠯ ᠣᠷᠣᠨ ᠤ ᠠᠭᠤᠷ ᠠᠮᠢᠰᠬᠤᠯ ᠤᠨ ᠮᠤᠵᠢᠯᠠᠯ ᠤᠨ ᠬᠤᠪᠢ ᠳᠤ ᠠᠪᠴᠤ ᠦᠵᠡᠪᠡᠯ ᠰᠤᠮᠤ ᠶᠢᠨ ᠨᠤᠲᠤᠭ ᠤᠨ ᠶᠡᠬᠡᠩᠬᠢ ᠬᠡᠰᠡᠭ ᠨᠢ ᠬᠠᠭᠤᠷᠠᠶᠢᠳᠠᠭᠤ ᠰᠡᠷᠢᠭᠦᠬᠡᠨ ᠵᠤᠨ ᠲᠠᠢ᠂ ᠡᠪᠦᠯ ᠳᠦ ᠪᠡᠨ ᠴᠠᠰᠤ ᠶᠡᠬᠡ ᠲᠡᠢ ᠪᠠᠶᠢᠳᠠᠭ᠃

§ 1 ᠳᠦᠭᠡᠷ ᠰᠠᠷ᠎ᠠ ᠶᠢᠨ ᠳᠤᠮᠳᠠᠴᠢ

ᠲᠣᠯᠠᠭᠠᠨ ᠤ ᠬᠡᠮᠵᠢᠶ᠎ᠡ-21 °ᠰ

§ 7 ᠳ᠋ᠤᠭᠠᠷ ᠰᠠᠷ᠎ᠠ ᠶᠢᠨ ᠳᠤᠮᠳᠠᠴᠢ

ᠲᠣᠯᠠᠭᠠᠨ ᠤ ᠬᠡᠮᠵᠢᠶ᠎ᠡ+18 °ᠰ

§ ᠵᠢᠯ ᠦᠨ ᠳᠤᠮᠳᠠᠴᠢ ᠰᠠᠯᠬᠢᠨ ᠤ ᠬᠤᠷᠳᠤ 4-8 ᠮ/ᠰ

§ ᠵᠢᠯ ᠦᠨ ᠬᠤᠷ᠎ᠠ ᠲᠤᠨᠠᠳᠠᠭᠰᠠᠨ ᠤ ᠨᠡᠶᠢᠯᠡᠪᠦᠷᠢ 255-337 ᠮᠢᠯᠯᠢᠮᠧᠲ᠋ᠷ

ᠭᠠᠵᠠᠷ ᠨᠤᠲᠤᠭ

ᠨᠡᠶᠢᠲᠡ ᠭᠠᠵᠠᠷ ᠨᠤᠲᠤᠭ ᠤᠨ ᠬᠡᠮᠵᠢᠶ᠎ᠡ 413770.0 ᠭᠠ᠃

ЭДИЙН ЗАСАГ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠨ ᠨᠤᠲᠤᠭ ᠤᠨ ᠲᠥᠰᠥᠪ᠃

ᠰᠤᠮᠤ ᠶᠢᠨ ᠲᠥᠰᠥᠪ ᠦᠨ ᠨᠡᠶᠢᠲᠡ ᠣᠷᠣᠯᠭ᠎ᠠ ᠨᠢ 101.3 ᠰᠠᠶ᠎ᠠ ᠲᠥᠭᠥᠷᠢᠭ ᠪᠥᠭᠡᠳ ᠤᠯᠤᠰ ᠤᠨ ᠲᠥᠪᠯᠡᠷᠡᠭᠰᠡᠨ ᠲᠥᠰᠥᠪ ᠦᠨ ᠰᠢᠯᠵᠢᠭᠦᠯᠭᠡ 2.2 ᠰᠠᠶ᠎ᠠ ᠲᠥᠭᠥᠷᠢᠭ᠂ ᠠᠶᠢᠮᠠᠭ᠂ ᠰᠤᠮᠤ ᠶᠢᠨ ᠥᠪᠡᠷ ᠦᠨ ᠣᠷᠣᠯᠭ᠎ᠠ 99.1 ᠰᠠᠶ᠎ᠠ ᠲᠥᠭᠥᠷᠢᠭ ᠦᠨ ᠣᠷᠣᠯᠭ᠎ᠠ ᠠᠴᠠ ᠪᠦᠷᠢᠳᠳᠡᠭ᠃

ᠣᠷᠣᠨ ᠨᠤᠲᠤᠭ ᠤᠨ ᠨᠡᠶᠢᠲᠡ ᠲᠥᠰᠥᠪ ᠦᠨ ᠵᠠᠷᠤᠳᠠᠯ ᠨᠢ 288.5 ᠰᠠᠶ᠎ᠠ ᠲᠥᠭᠥᠷᠢᠭ ᠪᠠᠶᠢᠨ᠎ᠠ᠃ ᠨᠡᠶᠢᠲᠡ ᠵᠠᠷᠤᠳᠠᠯ ᠤᠨ 63.0 ᠬᠤᠪᠢ ᠨᠢ ᠴᠠᠯᠢᠩ᠂ 7.0 ᠬᠤᠪᠢ ᠨᠢ ᠨᠡᠶᠢᠭᠡᠮ ᠤᠨ ᠳᠠᠭᠠᠳᠬᠠᠯ ᠤᠨ ᠰᠢᠮᠡᠳᠭᠡᠯ᠂ 19.4 ᠬᠤᠪᠢ ᠶᠢ ᠤᠷᠤᠰᠬᠠᠯ ᠰᠢᠯᠵᠢᠭᠦᠯᠭᠡ᠂ 10.6 ᠬᠤᠪᠢ ᠶᠢ ᠨᠢ ᠪᠤᠰᠤᠳ ᠵᠠᠷᠤᠳᠠᠯ ᠡᠵᠡᠯᠡᠵᠦ ᠪᠠᠶᠢᠨ᠎ᠠ᠃

ᠡᠳ᠋ ᠍ ᠦᠨ ᠵᠠᠰᠠᠭ ᠤᠨ ᠪᠦᠲᠦᠴᠡ

ᠰᠤᠮᠤ ᠶᠢᠨ ᠬᠡᠮᠵᠢᠶᠡᠨ ᠳᠦ ᠨᠡᠶᠢᠲᠡ 22 ᠠᠵᠤ ᠠᠬᠤᠢ ᠶᠢᠨ ᠨᠢᠭᠡᠴᠡ᠂ ᠪᠠᠶᠢᠭᠤᠯᠤᠯᠭ᠎ᠠ᠂ ᠢᠷᠭᠡᠨ ᠦᠢᠯᠡ ᠠᠵᠢᠯᠯᠠᠭ᠎ᠠ ᠶᠠᠪᠤᠭᠤᠯᠵᠤ 69.1 ᠰᠠᠶ᠎ᠠ ᠲᠥᠭᠥᠷᠢᠭ ᠦᠨ ᠪᠦᠲᠦᠭᠡᠭᠳᠡᠬᠦᠨ ᠦᠢᠯᠡᠳᠪᠦᠷᠢᠯᠡᠵᠦ ᠤᠯᠤᠰ ᠲᠤ 2.2 ᠰᠠᠶ᠎ᠠ᠂ ᠠᠶᠢᠮᠠᠭ ᠲᠤ 71.4 ᠰᠠᠶ᠋ᠢ᠂ ᠣᠷᠣᠨ ᠨᠤᠲᠤᠭ ᠲᠤ 27.7 ᠰᠠᠶ᠎ᠠ ᠨᠡᠶᠢᠲᠡ 101.3 ᠰᠠᠶ᠎ᠠ ᠲᠥᠭᠥᠷᠢᠭ ᠦᠨ ᠲᠠᠲᠠᠪᠤᠷᠢ ᠲᠥᠪᠯᠡᠷᠡᠭᠦᠯᠵᠦ ᠪᠠᠶᠢᠨ᠎ᠠ᠃

ᠭᠠᠵᠠᠷ ᠲᠠᠷᠢᠶᠠᠯᠠᠩ ᠤᠨ ᠦᠢᠯᠡᠳᠪᠦᠷᠢᠯᠡᠯ ᠡᠷᠬᠢᠯᠡᠳᠡᠭ 1 ᠬᠣᠷᠰᠢᠶ᠎ᠠ᠂ 1 ᠪᠦᠯᠦᠭ᠂ 41 ᠢᠷᠭᠡᠨ᠂ ᠣᠶᠣᠳᠠᠯ᠂ ᠭᠤᠲᠤᠯ ᠦᠢᠯᠡᠳᠪᠦᠷᠢᠯᠡᠯ ᠦᠨ ᠴᠢᠭᠯᠡᠯ ᠢᠶᠡᠷ 1 ᠬᠣᠷᠰᠢᠶ᠎ᠠ᠂ 4 ᠢᠷᠭᠡᠨ᠂ ᠳᠤᠭᠤᠢ ᠵᠠᠰᠠᠪᠤᠷᠢ 2 ᠢᠷᠭᠡᠨ᠂ ᠲᠡᠮᠦᠷ ᠬᠢᠴᠡ , ᠭᠠᠩᠨᠠᠭᠤᠷ ᠤᠨ ᠴᠢᠭᠯᠡᠯ ᠢᠶᠡᠷ 2 ᠢᠷᠭᠡᠨ᠂ ᠢᠰᠡᠭᠡᠢ ᠦᠢᠯᠡᠳᠪᠦᠷᠢᠯᠡᠯ ᠦᠨ ᠴᠢᠭᠯᠡᠯ ᠢᠶᠡᠷ 2 ᠢᠷᠭᠡᠨ᠂ ᠮᠣᠳᠣᠨ ᠡᠳ᠋ᠯᠡᠯ ᠦᠨ ᠴᠢᠭᠯᠡᠯ ᠢᠶᠡᠷ 2 ᠢᠷᠭᠡᠨ᠂ ᠲᠤᠰᠯᠠᠬᠤ ᠠᠵᠤ ᠠᠬᠤᠢ ᠡᠷᠬᠢᠯᠡᠳᠡᠭ 5 ᠢᠷᠭᠡᠨ᠂ ᠬᠤᠳᠠᠯᠳᠤᠭ᠎ᠠ᠂ ᠦᠢᠯᠡᠴᠢᠯᠡᠭᠡᠨ ᠦ ᠴᠢᠭᠯᠡᠯ ᠢᠶᠡᠷ 2 ᠬᠣᠷᠰᠢᠶ᠎ᠠ᠂ 17 ᠢᠷᠭᠡᠨ ᠲᠤᠰ ᠲᠤᠰ ᠠᠵᠢᠯᠯᠠᠵᠤ ᠪᠠᠶᠢᠭ᠎ᠠ ᠨᠢ ᠲᠤᠰ ᠰᠤᠮᠤ ᠶᠢᠨ ᠦᠢᠯᠡᠳᠪᠦᠷᠢᠯᠡᠯ᠂ ᠦᠢᠯᠡᠴᠢᠯᠡᠭᠡ ᠶᠢ ᠬᠥᠭᠵᠢᠭᠦᠯᠬᠦ ᠳᠤ ᠨᠥᠯᠦᠭᠡᠯᠡᠵᠦ ᠪᠠᠶᠢᠨ᠎ᠠ᠃

ᠬᠥᠳᠡᠭᠡ ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠯ ᠤᠨ ᠪᠦᠲᠦᠴᠡ

ᠰᠤᠮᠤ ᠶᠢᠨ ᠬᠡᠮᠵᠢᠶᠡᠨ ᠳᠦ 179062 ᠲᠣᠯᠣᠭᠠᠢ ᠮᠠᠯᠤ ᠲᠠᠢ ᠠᠴᠠ 65 ᠲᠡᠮᠡᠭᠡ᠂ 7236 ᠠᠳᠤᠭᠤ᠂ 3733 ᠦᠬᠡᠷ᠂ 72389 ᠬᠣᠨᠢ᠂ 95639 ᠢᠮᠠᠭ᠎ᠠ ᠪᠠᠶᠢᠨ᠎ᠠ᠃

ᠭᠠᠵᠠᠷ ᠲᠠᠷᠢᠶᠠᠯᠠᠩ

ᠰᠤᠮᠤ ᠶᠢᠨ ᠬᠡᠮᠵᠢᠶᠡᠨ ᠳᠦ ᠨᠡᠶᠢᠲᠡ 12 ᠭᠠ ᠳᠦ ᠭᠠᠵᠠᠷ ᠲᠠᠷᠢᠶᠠᠯᠠᠩ ᠡᠷᠬᠢᠯᠡᠳᠡᠭ᠃ ᠡᠭᠦᠨ ᠡᠴᠡ 5 ᠭᠠ ᠪᠤᠶᠤ 42 ᠬᠤᠪᠢ ᠳᠤ ᠨᠢ ᠲᠥᠮᠥᠰᠥ᠂ 3 ᠭᠠ ᠪᠤᠶᠤ 25 ᠬᠤᠪᠢ ᠳᠤ ᠬᠦᠨᠡᠰᠦᠨ ᠦ ᠨᠣᠭᠣᠭ᠎ᠠ᠂ 3 ᠭᠠ ᠪᠤᠶᠤ 25 ᠬᠤᠪᠢ ᠳᠤ ᠮᠠᠯ ᠤᠨ ᠲᠡᠵᠢᠭᠡᠯ ᠦᠨ ᠤᠷᠭᠤᠮᠠᠯ᠂ 1 ᠭᠠ ᠪᠤᠶᠤ 8 ᠬᠤᠪᠢ ᠳᠤ ᠴᠢᠴᠠᠷᠭᠠᠨ᠎ᠠ ᠲᠠᠷᠢᠶᠠᠯᠠᠵᠤ ᠪᠠᠶᠢᠨ᠎ᠠ᠃

ᠢᠨᠵᠧᠨᠧᠷ ᠦᠨ ᠳᠡᠳ᠋ ᠪᠦᠲᠦᠴᠡ

ᠵᠠᠮ ᠲᠡᠭᠡᠭᠡᠪᠦᠷᠢ᠃ ᠰᠤᠮᠤ ᠶᠢᠨ ᠭᠠᠵᠠᠷ ᠨᠤᠲᠤᠭ ᠳᠡᠭᠡᠭᠦᠷ ᠠᠷᠪᠠᠶᠢᠬᠦ ᠪᠡᠷ- ᠪᠠᠶᠠᠨᠬᠣᠩᠭᠣᠷ ᠤᠨ ᠴᠢᠭᠯᠡᠯ ᠢ ᠬᠣᠯᠪᠣᠭᠰᠠᠨ ᠤᠯᠤᠰ ᠤᠨ ᠴᠢᠨᠠᠷᠲᠠᠢ 77 ᠺᠢᠯᠣᠮᠧᠲ᠋ᠷ ᠠᠦ᠋ᠲ᠋ᠣ᠋ ᠵᠠᠮ ᠳᠠᠭᠠᠷᠢᠨ ᠥᠩᠭᠡᠷᠡᠳᠡᠭ᠃ ᠪᠠᠭ ᠤᠳ ᠬᠣᠭᠣᠷᠣᠨᠳᠣ ᠪᠠᠨ ᠰᠢᠷᠤᠶᠢᠨ ᠵᠠᠮ ᠢᠶᠠᠷ ᠬᠣᠯᠪᠣᠭᠳᠠᠳᠠᠭ᠃

ᠴᠠᠬᠢᠯᠭᠠᠨ ᠬᠠᠩᠭᠠᠮᠵᠢ᠃ᠰᠤᠮᠤ ᠨᠢ ᠲᠥᠪ ᠦᠨ ᠡᠷᠴᠢᠮ ᠬᠦᠴᠦᠨ ᠦ ᠰᠢᠰᠲ᠋ᠧᠮ ᠳᠦ ᠬᠣᠯᠪᠣᠭᠳᠠᠭᠰᠠᠨ᠃ᠰᠤᠮᠤ ᠶᠢᠨ ᠲᠥᠪ ᠳᠡᠭᠡᠷ᠎ᠡ 2004 ᠣᠨ ᠳᠤ ᠪᠠᠷᠢᠭᠳᠠᠭᠰᠠᠨ 110/35/10 ᠺᠢᠯᠣᠸᠠᠲ ᠦᠨ ᠳᠡᠳ᠋ ᠰᠲ᠋ᠠᠨᠼᠢ ᠲᠠᠢ᠃

ᠤᠰᠤ ᠬᠠᠩᠭᠠᠮᠵᠢ᠃ᠰᠤᠮᠤ ᠶᠢᠨ ᠲᠥᠪ ᠲᠦ ᠴᠡᠪᠡᠷ ᠤᠰᠤᠨ ᠤ ᠡᠬᠢ ᠡᠭᠦᠰᠪᠦᠷᠢ ᠶᠢᠨ 3 ᠭᠦᠨ ᠦ ᠬᠤᠳᠳᠤᠭ᠂ 36 ᠮ 3 ᠪᠠᠭᠲᠠᠭᠠᠮᠵᠢ ᠲᠠᠢ 2 ᠤᠰᠤᠨ ᠰᠠᠩ᠂ 1 ᠴᠠᠭ ᠲᠤ 1.6 ᠲᠣᠨ ᠤᠰᠤ ᠲᠠᠲᠠᠬᠤ ᠬᠦᠴᠦᠨ ᠴᠢᠳᠠᠯ ᠲᠠᠢ 1 ᠨᠠᠰᠣᠰ᠂ 1 ᠴᠠᠭ ᠲᠤ 3.6 ᠲᠣᠨ ᠤᠰᠤ ᠲᠠᠲᠠᠬᠤ ᠬᠦᠴᠦᠨ ᠴᠢᠳᠠᠯ ᠲᠠᠢ 2 ᠨᠠᠰᠣᠰ ᠢᠶᠠᠷ ᠤᠰᠤ ᠶᠢ ᠰᠢᠭᠤᠳ ᠲᠠᠲᠠᠨ ᠱᠤᠭᠤᠮ ᠬᠣᠭᠣᠯᠠᠢ ᠪᠠᠷ ᠲᠦᠭᠡᠭᠡᠵᠦ ᠪᠠᠶᠢᠨ᠎ᠠ᠃ ᠲᠥᠪᠯᠡᠷᠡᠭᠰᠡᠨ ᠤᠰᠤ ᠬᠠᠩᠭᠠᠮᠵᠢ ᠶᠢᠨ ᠰᠢᠰᠲ᠋ᠧᠮ ᠳᠦ ᠬᠣᠯᠪᠣᠭᠳᠠᠭ᠎ᠠ ᠦᠭᠡᠢ᠃

ᠳᠤᠯᠠᠭᠠᠨ ᠬᠠᠩᠭᠠᠮᠵᠢ᠃ ᠰᠤᠮᠤ ᠶᠢᠨ ᠲᠥᠪ ᠲᠦ ᠲᠥᠪᠯᠡᠷᠡᠭᠰᠡᠨ ᠠᠭᠤᠷ ᠤᠨ ᠵᠤᠤᠬ᠎ᠠ ᠪᠠᠶᠢᠬᠤ ᠦᠭᠡᠢ᠂ ЗДТГазар, ᠡᠷᠡᠭᠦᠯ ᠮᠡᠨᠳᠦ ᠶᠢᠨ ᠲᠥᠪ᠂ ᠶᠡᠷᠦᠩᠬᠡᠢ ᠪᠣᠯᠪᠠᠰᠤᠷᠠᠯ ᠤᠨ 12 ᠵᠢᠯ ᠦᠨ ᠰᠤᠷᠭᠠᠭᠤᠯᠢ 1, ᠳᠣᠲᠣᠭᠤᠷ ᠪᠠᠶᠢᠷᠢ 1, ᠰᠤᠶᠤᠯ ᠤᠨ ᠲᠥᠪ 1, ᠬᠡᠦᠬᠡᠳ ᠦᠨ ᠴᠡᠴᠡᠷᠯᠢᠭ 1, ᠨᠡᠶᠢᠲᠡ 6 ᠠᠭᠤᠷ ᠤᠨ ᠵᠤᠤᠬ᠎ᠠ ᠨᠤᠭᠤᠳ ᠠᠵᠢᠯᠯᠠᠵᠤ ᠪᠠᠶᠢᠨ᠎ᠠ᠃

ᠰᠢᠯᠵᠢᠯᠲᠡ ᠬᠥᠳᠡᠯᠭᠡᠭᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤ ᠨᠢ ᠠᠶᠢᠮᠠᠭ ᠲᠠᠢ ᠬᠢᠯᠢ ᠵᠠᠯᠭᠠᠭ᠎ᠠ ᠣᠷᠣᠰᠢᠵᠤ ᠨᠡᠶᠢᠲᠡ ᠬᠦᠮᠦᠨ ᠠᠮᠠ ᠶᠢᠨ 22.1 ᠬᠤᠪᠢ ᠨᠢ ᠰᠤᠮᠤ ᠶᠢᠨ ᠲᠥᠪ ᠲᠦ᠂ 77.9 ᠬᠤᠪᠢ ᠨᠢ ᠬᠥᠳᠡᠭᠡ ᠳᠦ ᠠᠮᠢᠳᠤᠷᠠᠳᠠᠭ᠂ ᠡᠮᠡᠭᠡᠯᠲᠦ᠂ ᠳᠡᠷᠡᠰᠦᠨ ᠬᠣᠩᠬᠣᠷ ᠪᠠᠭ ᠠᠶᠢᠮᠠᠭ ᠲᠠᠢ ᠬᠢᠯᠢ ᠵᠠᠯᠭᠠᠳᠠᠭ᠂ ᠠᠷᠭᠤᠢ ᠳᠤ ᠪᠠᠭ ᠰᠤᠮᠤ ᠶᠢᠨ ᠲᠥᠪ ᠡᠴᠡ ᠠᠯᠤᠰᠯᠠᠭᠳᠠᠮᠠᠯ ᠣᠷᠣᠰᠢᠳᠠᠭ᠃ᠡᠨᠡ ᠨᠥᠬᠥᠴᠡᠯ ᠨᠢ ᠬᠦᠮᠦᠨ ᠠᠮᠠ ᠶᠢᠨ ᠰᠢᠯᠵᠢᠯᠲᠡ ᠬᠥᠳᠡᠯᠭᠡᠭᠡᠨ ᠦ ᠲᠣᠭᠲᠠᠪᠤᠷᠢᠲᠠᠢ ᠪᠠᠶᠢᠳᠠᠯ ᠳᠤ ᠰᠥᠷᠭᠡᠷ᠎ᠡ ᠨᠥᠯᠦᠭᠡᠯᠡᠵᠦ ᠪᠠᠶᠢᠨ᠎ᠠ᠃

ᠰᠤᠮᠤ ᠶᠢᠨ ᠬᠦᠮᠦᠨ ᠠᠮᠠ ᠶᠢᠨ 54.7 ᠬᠤᠪᠢ ᠨᠢ ᠵᠠᠯᠠᠭᠤ ᠪᠣᠯᠤᠨ ᠳᠤᠮᠳᠠ ᠨᠠᠰᠤᠨ ᠤ ᠬᠢᠨ᠂ 37.4 ᠬᠤᠪᠢ ᠨᠢ ᠬᠡᠦᠬᠡᠳ᠂ 7.9 ᠬᠤᠪᠢ ᠨᠢ ᠬᠥᠭᠰᠢᠳᠡ ᠪᠠᠶᠢᠨ᠎ᠠ᠃

ᠣᠷᠣᠨ ᠰᠠᠭᠤᠴᠠᠨ ᠤ ᠬᠠᠩᠭᠠᠮᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤᠨ ᠳᠤ ᠢᠨᠵᠧᠨᠧᠷ ᠦᠨ ᠪᠦᠷᠢᠨ ᠬᠠᠩᠭᠠᠮᠵᠢᠲᠠᠢ ᠣᠷᠣᠨ ᠰᠠᠭᠤᠴᠠ ᠪᠠᠷᠢᠭᠳᠠᠭ᠎ᠠ ᠦᠭᠡᠢ᠃ ᠰᠢᠨ᠎ᠡ ᠪᠡᠷ ᠣᠷᠣᠨ ᠰᠠᠭᠤᠴᠠᠨ ᠤ ᠪᠠᠷᠢᠯᠭ᠎ᠠ ᠪᠠᠷᠢᠬᠤ ᠱᠠᠭᠠᠷᠳᠠᠯᠭ᠎ᠠ ᠲᠠᠢ᠃

ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠷᠦᠩᠬᠡᠢ ᠪᠣᠯᠪᠠᠰᠤᠷᠠᠯ ᠤᠨ 12 ᠵᠢᠯ ᠦᠨ ᠰᠤᠷᠭᠠᠭᠤᠯᠢ ᠶᠢᠨ 18 ᠪᠦᠯᠦᠭᠲᠦ 470 ᠬᠡᠦᠬᠡᠳ ᠡᠳᠦᠷ ᠢᠶᠡᠷ ᠰᠤᠷᠤᠯᠴᠠᠵᠤ᠂ ᠠᠯᠪᠠᠨ ᠪᠤᠰᠤ ᠪᠣᠯᠪᠠᠰᠤᠷᠠᠯ ᠤᠨ ᠳᠦᠢᠴᠡᠭᠰᠡᠨ ᠬᠥᠲᠥᠯᠪᠦᠷᠢ ᠪᠡᠷ ᠪᠠᠭ᠎ᠠ᠂ ᠰᠠᠭᠤᠷᠢ᠂ ᠪᠦᠷᠢᠨ ᠳᠤᠮᠳᠠ ᠪᠣᠯᠪᠠᠰᠤᠷᠠᠯ ᠨᠥᠬᠥᠨ ᠣᠯᠭᠣᠬᠤ ᠰᠤᠷᠭᠠᠯᠲᠠᠨ ᠳᠤ 18 ᠢᠷᠭᠡᠨ ᠰᠤᠷᠤᠯᠴᠠᠵᠤ ᠪᠠᠶᠢᠨ᠎ᠠ᠃ ᠪᠠᠭ᠎ᠠ ᠠᠩᠬᠢ ᠶᠢᠨ ᠬᠠᠮᠤᠷᠤᠨ ᠰᠤᠷᠭᠠᠯᠲᠠ 83.0 ᠬᠤᠪᠢ᠂ ᠰᠠᠭᠤᠷᠢ ᠪᠣᠯᠪᠠᠰᠤᠷᠠᠯ ᠤᠨ ᠬᠠᠮᠤᠷᠤᠨ ᠰᠤᠷᠭᠠᠯᠲᠠ 80.0 ᠬᠤᠪᠢ ᠳᠤ ᠬᠦᠷᠦᠭᠰᠡᠨ᠃ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠳᠤ ᠮᠡᠷᠭᠡᠵᠢᠯ ᠲᠡᠢ ᠪᠠᠭᠰᠢ ᠶᠢᠨ ᠬᠠᠩᠭᠠᠯᠲᠠ 100 ᠬᠤᠪᠢ᠃.

ᠲᠥᠷᠥ ᠶᠢᠨ ᠥᠮᠴᠢ ᠶᠢᠨ ᠴᠡᠴᠡᠷᠯᠢᠭ ᠦᠨ ᠦᠨᠳᠦᠰᠦᠨ ᠰᠤᠷᠭᠠᠯᠲᠠᠨ ᠳᠤ 96, ᠭᠡᠷ ᠴᠡᠴᠡᠷᠯᠢᠭ ᠲᠦ 150 ᠬᠡᠦᠬᠡᠳ ᠬᠠᠮᠤᠷᠤᠭᠳᠠᠵᠤ᠂ ᠰᠤᠷᠭᠠᠭᠤᠯᠢ ᠶᠢᠨ ᠡᠮᠦᠨᠡᠬᠢ ᠪᠣᠯᠪᠠᠰᠤᠷᠠᠯ ᠤᠨ ᠬᠠᠮᠤᠷᠤᠯ ᠳᠤ 82,0 ᠬᠤᠪᠢ ᠳᠤ ᠬᠦᠷᠦᠭᠰᠡᠨ᠃

ᠰᠤᠷᠭᠠᠭᠤᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

§ ᠶᠡᠷᠦᠩᠬᠡᠢ ᠪᠣᠯᠪᠠᠰᠤᠷᠠᠯ ᠤᠨ 12 ᠵᠢᠯ ᠦᠨ ᠰᠤᠷᠭᠠᠭᠤᠯᠢ

§ ᠮᠠᠷᠵᠠᠲ ᠪᠠᠭ ᠤᠨ ᠬᠠᠶᠢᠷᠬᠠᠨ ᠤ ᠬᠣᠷᠢᠶᠠᠨ ᠳᠤ ᠪᠠᠶᠢᠷᠢᠰᠢᠯ ᠲᠠᠢ

§ 640 ᠬᠡᠦᠬᠡᠳ ᠦᠨ ᠬᠦᠴᠦᠨ ᠴᠢᠳᠠᠯ ᠲᠠᠢ᠂ ᠣᠳᠣ ᠪᠠᠷ 470 ᠬᠡᠦᠬᠡᠳ ᠰᠤᠷᠤᠯᠴᠠᠵᠤ ᠪᠠᠶᠢᠨ᠎ᠠ

§ 51 ᠪᠠᠭᠰᠢ᠂ ᠠᠵᠢᠯᠯᠠᠭᠰᠠᠳ ᠲᠠᠢ

§ 1985 ᠣᠨ ᠳᠤ ᠠᠰᠢᠭᠯᠠᠯᠲᠠᠨ ᠳᠤ ᠣᠷᠣᠭᠰᠠᠨ᠃ 2005 ᠣᠨ ᠳᠤ ᠶᠡᠬᠡ ᠵᠠᠰᠠᠪᠤᠷᠢ ᠬᠢᠭᠳᠡᠭᠰᠡᠨ᠂ ᠲᠣᠭᠣᠰᠬᠠᠨ ᠬᠢᠴᠡ ᠲᠡᠢ᠂ ᠴᠢᠨᠠᠷ ᠰᠠᠶᠢᠲᠠᠢ ᠪᠠᠷᠢᠯᠭ᠎ᠠ ᠲᠠᠢ᠃

ᠴᠡᠴᠡᠷᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

§ ᠬᠡᠦᠬᠡᠳ ᠦᠨ ᠴᠡᠴᠡᠷᠯᠢᠭ ᠮᠠᠷᠵᠠᠲ ᠪᠠᠭ ᠤᠨ ᠬᠠᠶᠢᠷᠬᠠᠨ ᠤ ᠬᠣᠷᠢᠶᠠᠯᠠᠯ ᠳᠤ ᠪᠠᠶᠢᠷᠢᠰᠢᠯ ᠲᠠᠢ

§ 75 ᠬᠡᠦᠬᠡᠳ ᠦᠨ ᠬᠦᠴᠦᠨ ᠴᠢᠳᠠᠯ ᠲᠠᠢ᠂ ᠣᠳᠣ ᠪᠠᠷ 72 ᠬᠡᠦᠬᠡᠳ ᠬᠦᠮᠦᠵᠢᠵᠦ ᠪᠠᠶᠢᠨ᠎ᠠ

§ 12 ᠪᠠᠭᠰᠢ᠂ ᠠᠵᠢᠯᠯᠠᠭᠰᠠᠳ ᠲᠠᠢ

§ 2010 ᠣᠨ ᠳᠤ ᠠᠰᠢᠭᠯᠠᠯᠲᠠᠨ ᠳᠤ ᠣᠷᠣᠭᠰᠠᠨ ᠲᠣᠭᠣᠰᠬᠠᠨ ᠬᠢᠴᠡ ᠲᠡᠢ᠂ ᠵᠣᠷᠢᠭᠤᠯᠤᠯᠲᠠ ᠶᠢᠨ ᠪᠠᠷᠢᠯᠭ᠎ᠠ ᠲᠠᠢ᠃

ᠡᠷᠡᠭᠦᠯ ᠮᠡᠨᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤᠨ ᠳᠤ ᠤᠯᠤᠰ ᠤᠨ ᠲᠥᠰᠥᠪ ᠦᠨ 11 ᠣᠷᠣ ᠲᠠᠢ 1 ᠡᠮᠨᠡᠯᠭᠡ᠂ 2 ᠡᠮ ᠦᠨ ᠰᠠᠩ ᠦᠢᠯᠡ ᠠᠵᠢᠯᠯᠠᠭ᠎ᠠ ᠶᠠᠪᠤᠭᠤᠯᠵᠤ᠂ 2 ᠶᠡᠬᠡ ᠡᠮᠴᠢ᠂ 12 ᠡᠮᠨᠡᠯᠭᠡ ᠶᠢᠨ ᠲᠤᠰᠬᠠᠢ ᠮᠡᠷᠭᠡᠵᠢᠯᠲᠡᠨ ᠨᠦᠭᠦᠳ ᠠᠵᠢᠯᠯᠠᠵᠤ ᠪᠠᠶᠢᠨ᠎ᠠ᠃

2012 ᠣᠨ ᠳᠤ ᠨᠡᠶᠢᠲᠡ 68 ᠬᠡᠦᠬᠡᠳ ᠮᠡᠨᠳᠦᠯᠡᠵᠦ᠂ 0-1 ᠨᠠᠰᠤᠨ ᠤ ᠬᠡᠦᠬᠡᠳ ᠦᠨ ᠡᠨᠳᠡᠭᠳᠡᠯ᠂ ᠡᠬᠡ ᠶᠢᠨ ᠡᠨᠳᠡᠭᠳᠡᠯ ᠪᠠᠶᠢᠬᠤ ᠦᠭᠡᠢ ᠪᠠᠶᠢᠨ᠎ᠠ᠃ ᠨᠡᠶᠢᠲᠡ ᠡᠪᠡᠳᠴᠢᠯᠡᠯ ᠢ ᠠᠪᠴᠤ ᠦᠵᠡᠪᠡᠯ ᠬᠠᠯᠳᠠᠪᠤᠷᠢᠲᠤ ᠪᠤᠰᠤ ᠡᠪᠡᠳᠴᠢᠯᠡᠯ 378, ᠣᠰᠣᠯ ᠭᠡᠮᠲᠦᠯ 6, ᠬᠠᠯᠳᠠᠪᠤᠷᠢᠲᠤ ᠡᠪᠡᠳᠴᠢᠯᠡᠯ ᠦᠨ 13 ᠲᠣᠬᠢᠶᠠᠯᠳᠤᠯ ᠭᠠᠷᠤᠭᠰᠠᠨ ᠪᠠᠶᠢᠨ᠎ᠠ᠃

ᠡᠮᠨᠡᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

§ ᠡᠷᠡᠭᠦᠯ ᠮᠡᠨᠳᠦ ᠶᠢᠨ ᠲᠥᠪ

§ ᠮᠠᠷᠵᠠᠲ ᠪᠠᠭ ᠤᠨ ᠬᠠᠶᠢᠷᠬᠠᠨ ᠤ ᠬᠣᠷᠣᠭᠠᠷᠠᠯ ᠳᠤ ᠪᠠᠶᠢᠷᠢᠰᠢᠯ ᠲᠠᠢ

§ 11 ᠣᠷᠣ ᠲᠠᠢ

§ 2 ᠶᠡᠬᠡ ᠡᠮᠴᠢ᠂ 8 ᠪᠠᠭ᠎ᠠ ᠡᠮᠴᠢ᠂ 5 ᠰᠤᠪᠢᠯᠠᠭᠴᠢ ᠨᠡᠶᠢᠲᠡ 23 ᠠᠵᠢᠯᠯᠠᠭᠰᠠᠳ ᠲᠠᠢ

2007 ᠣᠨ ᠳᠤ ᠠᠰᠢᠭᠯᠠᠯᠲᠠᠨ ᠳᠤ ᠣᠷᠣᠭᠰᠠᠨ ᠲᠣᠭᠣᠰᠬᠠᠨ ᠬᠢᠴᠡ ᠲᠡᠢ᠂ ᠵᠣᠷᠢᠭᠤᠯᠤᠯᠲᠠ ᠶᠢᠨ ᠪᠤᠰᠤ ᠪᠠᠷᠢᠯᠭ᠎ᠠ᠃ ᠢᠨᠵᠧᠨᠧᠷ ᠦᠨ ᠪᠡᠶ᠎ᠡ ᠳᠠᠭᠠᠭᠰᠠᠨ ᠬᠠᠩᠭᠠᠮᠵᠢᠲᠠᠢ᠃ 2007 ᠶᠡᠬᠡ ᠵᠠᠰᠠᠪᠤᠷᠢ ᠬᠢᠭᠳᠡᠭᠰᠡᠨ ᠢᠶᠡᠷ ᠡᠮᠨᠡᠯᠭᠡ ᠶᠢᠨ ᠦᠢᠯᠡ ᠠᠵᠢᠯᠯᠠᠭ᠎ᠠ ᠶᠠᠪᠤᠭᠤᠯᠬᠤ ᠰᠲ᠋ᠠᠨᠳᠠᠷᠲ ᠤᠨ ᠱᠠᠭᠠᠷᠳᠠᠯᠭ᠎ᠠ ᠬᠠᠩᠭᠠᠵᠤ ᠪᠠᠶᠢᠭ᠎ᠠ᠃

ᠰᠤᠶᠤᠯ᠂ ᠰᠫᠣᠷᠲ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠫᠣᠷᠲ ᠽᠠᠯ ᠪᠣᠯᠤᠨ ᠰᠫᠣᠷᠲ ᠤᠨ ᠣᠷᠳᠣᠨ ᠪᠠᠶᠢᠬᠤ ᠦᠭᠡᠢ᠃ ᠱᠠᠭᠠᠷᠳᠠᠯᠭ᠎ᠠ ᠬᠠᠩᠭᠠᠭᠰᠠᠨ ᠰᠫᠣᠷᠲ ᠤᠨ ᠣᠷᠳᠣᠨ ᠰᠢᠨ᠎ᠡ ᠪᠡᠷ ᠪᠠᠷᠢᠬᠤ ᠱᠠᠭᠠᠷᠳᠠᠯᠭ᠎ᠠ ᠲᠠᠢ᠃

ᠰᠤᠶᠤᠯ ᠤᠨ ᠲᠥᠪ[ᠵᠠᠰᠠᠪᠤᠷᠢᠯᠠᠬᠤ | ᠺᠣᠳ᠋ ᠢᠶᠠᠷ ᠵᠠᠰᠠᠬᠣ]

§ ᠰᠤᠶᠤᠯ ᠤᠨ ᠲᠥᠪ

§ ᠮᠠᠷᠵᠠᠲ ᠪᠠᠭ ᠤᠨ ᠬᠠᠶᠢᠷᠬᠠᠨ ᠤ ᠬᠣᠷᠢᠶᠠᠯᠠᠯ ᠳᠤ ᠪᠠᠶᠢᠷᠢᠰᠢᠯ ᠲᠠᠢ

§ 250 ᠬᠦᠮᠦᠨ ᠦ ᠰᠠᠭᠤᠳᠠᠯ ᠲᠠᠢ

§ 8 ᠠᠵᠢᠯᠯᠠᠭᠰᠠᠳ ᠲᠠᠢ

§ 2012 ᠣᠨ ᠳᠤ ᠠᠰᠢᠭᠯᠠᠯᠲᠠᠨ ᠳᠤ ᠣᠷᠣᠭᠰᠠᠨ ᠲᠣᠭᠣᠰᠬᠠᠨ ᠬᠢᠴᠡ ᠲᠡᠢ᠂ ᠵᠣᠷᠢᠭᠤᠯᠤᠯᠲᠠ ᠶᠢᠨ ᠪᠠᠷᠢᠯᠭ᠎ᠠ᠃

ᠰᠤᠮᠤ ᠶᠢᠨ ᠬᠡᠮᠵᠢᠶ᠎ᠡ ᠪᠡᠷ ᠨᠡᠶᠢᠲᠡ 179062 ᠮᠢᠩᠭᠠᠨ ᠮᠠᠯ ᠲᠣᠭᠠᠯᠠᠭᠳᠠᠭᠰᠠᠨ ᠠᠴᠠ ᠴᠡᠪᠡᠷ ᠡᠭᠦᠯᠳᠡᠷ᠂ ᠡᠷᠯᠢᠵᠡ᠂ ᠨᠤᠲᠤᠭ ᠤᠨ ᠰᠢᠯᠢᠮᠡᠯ ᠣᠮᠤᠭ ᠤᠨ 56121 ᠮᠢᠩᠭᠠᠨ ᠲᠣᠯᠣᠭᠠᠢ ᠮᠠᠯ ᠲᠣᠭᠠᠯᠠᠭᠳᠠᠭᠰᠠᠨ ᠨᠢ ᠨᠡᠶᠢᠲᠡ ᠮᠠᠯ ᠤᠨ 31.3 ᠬᠤᠪᠢ ᠪᠠᠶᠢᠨ᠎ᠠ᠃

683 ᠮᠠᠯᠴᠢᠨ ᠡᠷᠦᠬᠡ᠂201 ᠮᠠᠯ ᠲᠠᠢ ᠡᠷᠦᠬᠡ ᠪᠠᠶᠢᠭ᠎ᠠ ᠨᠢ ᠰᠤᠮᠤ ᠶᠢᠨ ᠨᠡᠶᠢᠲᠡ ᠡᠷᠦᠬᠡ ᠶᠢᠨ 87.2 ᠬᠤᠪᠢ ᠶᠢ ᠡᠵᠡᠯᠡᠵᠦ ᠪᠠᠶᠢᠨ᠎ᠠ᠃

ᠰᠤᠮᠤ ᠶᠢᠨ ᠬᠡᠮᠵᠢᠶ᠎ᠡ ᠪᠡᠷ ᠵᠢᠯ ᠳᠤ 12 `ᠭᠠ ᠲᠠᠯᠠᠪᠠᠢ ᠳᠤ ᠦᠷ᠎ᠡ ᠲᠠᠷᠢᠶ᠎ᠠ᠂ 5.0 ᠭᠠ ᠲᠠᠯᠠᠪᠠᠢ ᠳᠤ ᠲᠥᠮᠥᠰᠥ᠂ 3.0 ᠭᠠ ᠲᠠᠯᠠᠪᠠᠢ ᠳᠤ ᠬᠦᠨᠡᠰᠦᠨ ᠦ ᠨᠣᠭᠣᠭ᠎ᠠ᠂ 3.0 ᠭᠠ ᠲᠠᠯᠠᠪᠠᠢ ᠳᠤ ᠲᠡᠵᠢᠭᠡᠯ ᠦᠨ ᠤᠷᠭᠤᠮᠠᠯ ᠲᠠᠷᠢᠶᠠᠯᠠᠵᠤ 65.5 ᠲᠣᠨ ᠲᠥᠮᠥᠰᠥ᠂ 11.0 ᠲᠣᠨ ᠬᠦᠨᠡᠰᠦᠨ ᠦ ᠨᠣᠭᠣᠭ᠎ᠠ᠂ 31.0 ᠲᠣᠨ ᠲᠡᠵᠢᠭᠡᠯ ᠦᠨ ᠤᠷᠭᠤᠮᠠᠯ ᠬᠤᠷᠢᠶᠠᠨ ᠠᠪᠤᠭᠰᠠᠨ᠃

ᠲᠥᠷᠥ ᠶᠢᠨ ᠪᠠᠶᠢᠭᠤᠯᠤᠯᠭ᠎ᠠ ᠳᠤ 118 ᠬᠦᠮᠦᠨ ᠠᠵᠢᠯᠯᠠᠵᠤ ᠪᠠᠶᠢᠨ᠎ᠠ᠃

ᠠᠵᠢᠯᠭᠦᠶᠢᠳᠡᠯ᠂ ᠶᠠᠳᠠᠭᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤᠨ ᠳᠤ ᠪᠦᠷᠢᠳᠬᠡᠯ ᠲᠡᠢ ᠠᠵᠢᠯ ᠦᠭᠡᠢ 62 ᠢᠷᠭᠡᠳ ᠪᠠᠶᠢᠨ᠎ᠠ᠃ ᠨᠡᠶᠢᠲᠡ ᠠᠵᠢᠯ ᠦᠭᠡᠢ ᠢᠷᠭᠡᠳ ᠦᠨ 50 ᠬᠤᠪᠢ ᠶᠢ ᠡᠮᠡᠭᠲᠡᠶᠢᠴᠦᠳ ᠡᠵᠡᠯᠡᠵᠦ ᠪᠠᠶᠢᠨ᠎ᠠ᠃ ᠪᠦᠷᠢᠳᠬᠡᠯᠲᠡᠢ ᠠᠵᠢᠯ ᠦᠭᠡᠢ ᠢᠷᠭᠡᠳ ᠢ ᠪᠣᠯᠪᠠᠰᠤᠷᠠᠯ ᠤᠨ ᠲᠦᠪᠰᠢᠨ ᠢᠶᠡᠷ ᠨᠢ ᠠᠪᠴᠤ ᠦᠵᠡᠪᠡᠯ 11.2 ᠬᠤᠪᠢ ᠶᠢ ᠳᠡᠭᠡᠳᠦ᠂ 1.6 ᠬᠤᠪᠢ ᠶᠢ ᠲᠤᠰᠬᠠᠢ ᠳᠤᠮᠳᠠ᠂ 40.3 ᠬᠤᠪᠢ ᠶᠢ ᠪᠦᠷᠢᠨ ᠳᠤᠮᠳᠠ᠂ 32.2 ᠬᠤᠪᠢ ᠶᠢ ᠪᠦᠷᠢᠨ ᠪᠤᠰᠤ ᠳᠤᠮᠳᠠ᠂ 6 ᠬᠤᠪᠢ ᠶᠢ ᠪᠠᠭ᠎ᠠ ᠪᠤᠶᠤ ᠪᠣᠯᠪᠠᠰᠤᠷᠠᠯ ᠦᠭᠡᠢ ᠬᠦᠮᠦᠰ ᠲᠤᠰ ᠲᠤᠰ ᠡᠵᠡᠯᠡᠵᠦ ᠪᠠᠶᠢᠨ᠎ᠠ᠃

ХОТ БАЙГУУЛАЛТ᠂ БАРИЛГА[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠲᠠ ᠪᠠᠶᠢᠭᠤᠯᠤᠯᠲᠠ᠂ ᠭᠠᠵᠠᠷ ᠤᠨ ᠬᠠᠷᠢᠯᠴᠠᠭ᠎ᠠ

ᠬᠠᠶᠢᠷᠬᠠᠨᠳᠤᠯᠠᠭᠠᠨ ᠰᠤᠮᠤ ᠶᠢᠨ ᠲᠥᠪ ᠨᠢ ᠵᠠᠰᠠᠭ ᠵᠠᠬᠢᠷᠭ᠎ᠠ ᠬᠥᠳᠡᠭᠡ ᠠᠵᠤ ᠠᠬᠤᠢ ᠳᠠᠪᠠᠮᠠᠭᠠᠶᠢᠯᠠᠭᠰᠠᠨ ᠪᠠᠶᠢᠨ᠎ᠠ᠃

ᠰᠤᠮᠤ ᠶᠢᠨ ᠬᠥᠭᠵᠢᠯ ᠦᠨ ᠶᠡᠷᠦᠩᠬᠡᠢ ᠲᠥᠯᠥᠪᠯᠡᠭᠡ ᠶᠢ 2011 ᠣᠨ ᠳᠤ ᠮᠧᠷᠰᠢ-ᠺᠣᠷ ОУБайгууллагатай᠂ ᠣᠷᠣᠨ ᠨᠤᠲᠤᠭ ᠤᠨ ᠲᠥᠰᠥᠪ ᠦᠨ ᠰᠠᠩᠬᠦᠵᠢᠯᠲᠡ ᠪᠡᠷ ᠪᠣᠯᠪᠠᠰᠤᠷᠠᠭᠤᠯᠤᠭᠰᠠᠨ᠃

ᠰᠤᠮᠤ ᠶᠢᠨ ᠲᠥᠪᠦᠶᠢᠨᠨᠤᠲᠤᠭ ᠳᠡᠪᠢᠰᠬᠡᠷ ᠦᠨ ᠪᠦᠰᠡᠴᠢᠯᠡᠯ ᠦᠨ ᠥᠨᠥ ᠶᠢᠨ ᠪᠠᠶᠢᠳᠠᠯ:

§ ᠭᠡᠷ ᠬᠣᠷᠢᠶᠠᠯᠠᠯ ᠤᠨ ᠪᠥᠰᠡ 23.1 ᠭᠠ

§ ᠵᠠᠬᠢᠷᠭ᠎ᠠ᠂ ᠠᠯᠪᠠᠨ ᠭᠠᠵᠠᠷ ᠤᠨ ᠪᠥᠰᠡ 2.3 ᠭᠠ

§ ᠨᠡᠶᠢᠲᠡ ᠶᠢᠨ ᠦᠢᠯᠡᠴᠢᠯᠡᠭᠡᠨ ᠦ ᠪᠥᠰᠡ 2.2 ᠭᠠ

§ ᠬᠤᠳᠳᠤᠭ ᠤᠨ ᠡᠷᠡᠭᠦᠯ ᠠᠬᠤᠢ ᠶᠢᠨ ᠪᠥᠰᠡ 1.1 ᠭᠠ

§ ᠦᠢᠯᠡᠳᠪᠦᠷᠢ ᠶᠢᠨ ᠵᠣᠷᠢᠭᠤᠯᠤᠯᠲᠠ ᠲᠠᠢ ᠭᠠᠵᠠᠷ ᠤᠨ ᠪᠥᠰᠡ 0.6 ᠭᠠ

§ ᠲᠤᠰᠬᠠᠢ ᠬᠡᠷᠡᠭᠴᠡᠭᠡᠨ ᠦ ᠭᠠᠵᠠᠷ ᠤᠨ ᠪᠥᠰᠡ 0.004 ᠭᠠ

§ ᠳᠡᠳ᠋ ᠪᠦᠲᠦᠴᠡ ᠶᠢᠨ ᠪᠥᠰᠡ 0.096 ᠭᠠ

ᠥᠨᠥ ᠶᠢᠨ ᠪᠠᠶᠢᠳᠠᠯ ᠢᠶᠠᠷ 303 ᠢᠷᠭᠡᠨ ᠭᠡᠷ ᠪᠦᠯᠢ ᠶᠢᠨ ᠬᠡᠷᠡᠭᠴᠡᠭᠡᠨ ᠦ ᠵᠣᠷᠢᠭᠤᠯᠤᠯᠲᠠ ᠪᠠᠷ 22.8 ᠭᠠ ᠭᠠᠵᠠᠷ ᠥᠮᠴᠢᠯᠡᠵᠦ᠂ 878 ᠢᠷᠭᠡᠨ ᠡᠪᠦᠯᠵᠢᠶ᠎ᠡ᠂ ᠬᠠᠪᠤᠷᠵᠢᠶᠠᠨ ᠤ ᠵᠣᠷᠢᠭᠤᠯᠤᠯᠲᠠ ᠪᠠᠷ 121.15 ᠭᠠ ᠭᠠᠵᠠᠷ᠂ 16 ᠢᠷᠭᠡᠨ᠂ ᠠᠵᠤ ᠠᠬᠤᠢ ᠶᠢᠨ ᠨᠢᠭᠡᠴᠡ ᠬᠤᠳᠠᠯᠳᠤᠭ᠎ᠠ , ᠦᠢᠯᠡᠴᠢᠯᠡᠭᠡ ᠪᠣᠯᠤᠨ ᠪᠤᠰᠤᠳ ᠵᠣᠷᠢᠭᠤᠯᠤᠯᠲᠠ ᠪᠠᠷ 0.3 ᠭᠠ ᠭᠠᠵᠠᠷ᠂ 5 ᠢᠷᠭᠡᠨ ᠭᠡᠷ ᠪᠦᠯᠢ ᠶᠢᠨ ᠬᠡᠷᠡᠭᠴᠡᠭᠡᠨ ᠦ ᠵᠣᠷᠢᠭᠤᠯᠤᠯᠲᠠ ᠪᠠᠷ 0.2 ᠭᠠ ᠭᠠᠵᠠᠷ᠂ 12 ᠢᠷᠭᠡᠨ ᠭᠠᠵᠠᠷ ᠲᠠᠷᠢᠶᠠᠯᠠᠩ ᠤᠨ ᠵᠣᠷᠢᠭᠤᠯᠤᠯᠲᠠ ᠪᠠᠷ 16.9 ᠭᠠ ᠭᠠᠵᠠᠷ᠂ 24 ᠠᠵᠤ ᠠᠬᠤᠢ ᠶᠢᠨ ᠨᠢᠭᠡᠴᠡ , ᠲᠥᠷᠥ ᠶᠢᠨ ᠪᠠᠶᠢᠭᠤᠯᠤᠯᠭ᠎ᠠ 16.1 ᠭᠠ ᠭᠠᠵᠠᠷ ᠢ ᠲᠤᠰ ᠲᠤᠰ ᠡᠵᠡᠮᠰᠢᠵᠦ ᠪᠠᠶᠢᠨ᠎ᠠ᠃

ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠤᠨ ᠪᠠᠷᠢᠯᠭ᠎ᠠ

§ ᠮᠠᠷᠵᠠᠲ ᠪᠠᠭ ᠤᠨ ᠬᠠᠶᠢᠷᠬᠠᠨ ᠤ ᠬᠣᠷᠢᠶᠠᠯᠠᠯ ᠳᠤ ᠪᠠᠶᠢᠷᠢᠰᠢᠯ ᠲᠠᠢ

§ ᠢᠷᠭᠡᠨ ᠦ ᠲᠥᠯᠥᠭᠡᠯᠡᠭᠴᠢᠳ ᠦᠨ ᠬᠤᠷᠠᠯ 3, ЗДТГазар 30, ᠨᠡᠶᠢᠲᠡ 33 ᠠᠵᠢᠯᠯᠠᠭᠰᠠᠳ ᠲᠠᠢ

§ 1962 ᠣᠨ ᠳᠤ ᠠᠰᠢᠭᠯᠠᠯᠲᠠᠨ ᠳᠤ ᠣᠷᠣᠭᠰᠠᠨ ᠲᠦᠭᠦᠬᠡᠢ ᠲᠣᠭᠣᠰᠬᠠᠨ ᠬᠢᠴᠡ ᠲᠡᠢ᠂ ᠵᠣᠷᠢᠭᠤᠯᠤᠯᠲᠠ ᠶᠢᠨ ᠪᠤᠰᠤ ᠪᠠᠷᠢᠯᠭ᠎ᠠ᠃ ᠣᠳᠣ ᠪᠠᠷ ᠠᠵᠢᠯ ᠤᠨᠨ ᠥᠷᠥᠭᠡ ᠬᠦᠷᠦᠯᠴᠡᠭᠡ ᠦᠭᠡᠢ᠂ ᠪᠠᠶᠢᠭᠤᠯᠤᠯᠭ᠎ᠠ ᠶᠢᠨ ᠨᠢᠭᠤᠴᠠ ᠪᠣᠯᠤᠨ ᠨᠢᠭᠤᠴᠠ ᠶᠢᠨ ᠠᠵᠢᠯᠲᠠᠨ ᠤ ᠠᠶᠤᠯ ᠦᠭᠡᠢ ᠪᠠᠶᠢᠳᠠᠯ ᠠᠯᠳᠠᠭᠳᠠᠵᠤ ᠰᠲ᠋ᠠᠨᠳᠠᠷᠲ ᠲᠤ ᠨᠡᠶᠢᠴᠡᠬᠦ ᠦᠭᠡᠢ ᠪᠠᠶᠢᠭ᠎ᠠ᠂ ᠠᠷᠬᠢᠸ ᠪᠢᠴᠢᠭ ᠬᠡᠷᠡᠭ ᠦᠨ ᠥᠷᠦᠭᠡ ᠦᠭᠡᠢ᠂ ᠪᠠᠭ ᠤᠨ ᠵᠠᠰᠠᠭ ᠳᠠᠷᠤᠭ᠎ᠠ ᠨᠠᠷ᠂ ᠮᠠᠩᠰᠢᠭᠤᠷᠠᠯ ᠤᠨ ᠡᠰᠡᠷᠬᠦ ᠦᠨᠳᠦᠰᠦᠨ ᠦ ᠲᠥᠪ ᠦᠨ ᠠᠵᠢᠯ ᠤᠨᠨ ᠥᠷᠦᠭᠡ ᠦᠭᠡᠢ ᠡᠴᠡ ᠥᠭᠡᠷ᠎ᠡ ᠪᠠᠶᠢᠷᠢᠨ ᠳᠤ ᠦᠢᠯᠡ ᠠᠵᠢᠯᠯᠠᠭ᠎ᠠ ᠪᠠᠨ ᠶᠠᠪᠤᠭᠤᠯᠵᠤ ᠪᠠᠶᠢᠭ᠎ᠠ ᠤᠴᠢᠷ ᠰᠢᠨ᠎ᠡ ᠪᠡᠷ ᠨᠤᠲᠤᠭ ᠤᠨ ᠵᠠᠬᠢᠷᠭᠠᠨ ᠤ ᠣᠷᠳᠣᠨ ᠤ ᠪᠠᠷᠢᠯᠭ᠎ᠠ ᠪᠠᠷᠢᠬᠤ ᠱᠠᠭᠠᠷᠳᠠᠯᠭ᠎ᠠ ᠲᠠᠢ᠃

СУМАНД ХЭРЭГЖИЖ БУЙ ТӨСЛҮҮД

ü ᠵᠢᠵᠢᠭ ᠳᠤᠮᠳᠠ ᠦᠢᠯᠡᠳᠪᠦᠷᠢ ᠶᠢ ᠳᠡᠮᠵᠢᠬᠦ ᠲᠥᠰᠥᠯ

ü ᠬᠥᠳᠡᠯᠮᠦᠷᠢ ᠡᠷᠬᠢᠯᠡᠯᠲᠡ ᠶᠢ ᠳᠡᠮᠵᠢᠬᠦ ᠰᠠᠩ ᠤᠨ ᠲᠥᠰᠥᠯ ᠦᠳ

ü ᠮᠠᠯ ᠤᠨ ᠢᠨᠳᠧᠺᠰᠦᠵᠢᠭᠦᠯᠦᠭᠰᠡᠨ ᠳᠠᠭᠠᠳᠬᠠᠯ ᠲᠥᠰᠥᠯ᠃

ü ᠰᠤᠮᠤ ᠬᠥᠭᠵᠢᠭᠦᠯᠬᠦ ᠰᠠᠩ ᠤᠨ ᠲᠥᠰᠥᠯ

ü ᠮᠠᠯᠵᠢᠭᠤᠯᠬᠤ ᠲᠥᠰᠥᠯ

СУМЫН ХӨШӨӨ᠂ ДУРСГАЛ

ᠬᠥᠰᠢᠶ᠎ᠡ ᠳᠤᠷᠠᠰᠬᠠᠯ ᠤᠨ ᠨᠡᠷ᠎ᠡ:ᠮᠣᠩᠭᠣᠯ ᠤᠯᠤᠰ ᠶᠢᠨ ᠠᠩᠬᠠᠨ ᠤ ᠶᠡᠷᠦᠩᠬᠡᠢ ᠰᠠᠶᠢᠳ ᠲᠡᠭᠦᠰ-ᠣᠴᠢᠷ ᠤᠨ ᠨᠠᠮᠨᠠᠨᠰᠦ᠋ᠷᠦᠩ ᠦᠨ ᠬᠥᠰᠢᠶ᠎ᠡ

ᠪᠠᠶᠢᠭᠤᠯᠳᠠᠭᠰᠠᠨ ᠣᠨ:2011 ᠣᠨ᠃

ᠬᠥᠰᠢᠶ᠎ᠡ᠂ ᠳᠤᠷᠠᠰᠬᠠᠯ ᠤᠨ ᠨᠠᠮᠲᠠᠷ:ᠮᠣᠩᠭᠣᠯ ᠤᠯᠤᠰ ᠶᠢᠨ ᠠᠩᠬᠠᠨ ᠤ ᠶᠡᠷᠦᠩᠬᠡᠢ ᠰᠠᠶᠢᠳ ᠲ᠃ᠨᠠᠮᠨᠠᠨᠰᠦ᠋ᠷᠦᠩ ᠦᠨ ᠬᠥᠰᠢᠶ᠎ᠡ ᠪᠦᠬᠦᠢ ᠬᠦᠨᠳᠦᠳᠬᠡᠯ ᠦᠨ ᠲᠠᠯᠠᠪᠠᠢ ᠶᠢ ᠲᠥᠷᠥ ᠶᠢᠨ ᠵᠠᠬᠢᠷᠭᠠᠨ ᠤ ᠡᠮᠦᠨᠡᠬᠢ ᠲᠠᠯᠠᠪᠠᠢ ᠳᠤ ᠵᠢᠭᠦᠷ ᠭᠠᠷᠤᠨ ᠳᠤ ᠭᠷᠦᠶᠢᠫ ᠤᠨ ᠬᠠᠨᠳᠢᠪ ᠤᠨ ᠬᠥᠷᠥᠩᠭᠡ ᠪᠡᠷ ᠪᠠᠶᠢᠭᠤᠯᠤᠭᠰᠠᠨ .

ᠬᠥᠰᠢᠶ᠎ᠡ ᠳᠤᠷᠠᠰᠬᠠᠯ ᠤᠨ ᠨᠡᠷ᠎ᠡ:ᠮᠣᠩᠭᠣᠯ ᠤᠯᠤᠰ ᠤᠨ ᠭᠠᠪᠢᠶ᠎ᠠ ᠳᠤ ᠪᠠᠭᠰᠢ ᠴ᠃ᠷᠠᠰᠢ-ᠣᠨᠣᠯᠲᠠ ᠶᠢᠨ ᠬᠥᠰᠢᠶ᠎ᠡ

ᠪᠠᠶᠢᠭᠤᠯᠤᠭᠳᠠᠭᠰᠠᠨ ᠣᠨ:2010 ᠣᠨ

ᠬᠥᠰᠢᠶ᠎ᠡ᠂ ᠳᠤᠷᠠᠰᠬᠠᠯ ᠤᠨ ᠨᠠᠮᠲᠠᠷ:

2004 ᠣᠨ ᠳᠤ ᠲᠤᠰ ᠰᠤᠷᠭᠠᠭᠤᠯᠢ ᠶᠢ ᠡᠭᠦᠰᠬᠡᠨ ᠪᠠᠶᠢᠭᠤᠯᠤᠭᠴᠢ ᠮᠣᠩᠭᠣᠯ ᠤᠯᠤᠰ ᠤᠨ ᠤᠤᠭᠠᠨ ᠭᠠᠪᠢᠶ᠎ᠠ ᠳᠤ ᠪᠠᠭᠰᠢ ᠴ᠃ᠷᠠᠰᠢ-ᠣᠨᠣᠯᠲᠠ ᠶᠢᠨ ᠨᠡᠷᠡᠮᠵᠢᠲᠦ ᠪᠣᠯᠭᠠᠭᠰᠠᠨ᠃ ᠬᠥᠰᠢᠶ᠎ᠡ ᠶᠢ ЕБСургууль ᠪᠠᠶᠢᠭᠤᠯᠤᠭᠳᠠᠰᠤᠨ ᠤ 70 ᠵᠢᠯ ᠦᠨ ᠣᠢ ᠳᠤ ᠵᠣᠷᠢᠭᠤᠯᠤᠨ ᠰᠤᠷᠭᠠᠭᠤᠯᠢ ᠶᠢᠨ ᠡᠮᠦᠨᠡᠬᠢ ᠲᠠᠯᠠᠪᠠᠢ ᠳᠤ ᠪᠣᠰᠬᠠᠭᠰᠠᠨ ᠪᠠᠶᠢᠨ᠎ᠠ᠃

СУМЫН ХӨГЖЛИЙН ЗОРИЛТ

ᠲᠤᠰ ᠰᠤᠮᠤ ᠨᠢ 《ᠬᠦᠮᠦᠨ ᠦ ᠬᠥᠭᠵᠢᠯ᠂ ᠤᠯᠠᠮᠵᠢᠯᠠᠯᠲᠤ ᠶᠣᠰᠣ ᠵᠠᠩᠰᠢᠯ ᠢᠶᠠᠨ ᠡᠷᠬᠢᠮᠯᠡᠨ ᠳᠡᠭᠡᠳᠦᠯᠡᠭᠰᠡᠨ᠂ ᠮᠠᠯ ᠠᠵᠤ ᠠᠬᠤᠢ᠂ ᠦᠢᠯᠡᠳᠪᠦᠷᠢᠯᠡᠯ᠂ ᠦᠢᠯᠡᠴᠢᠯᠡᠭᠡ᠂ ᠳᠡᠳ᠋ ᠪᠦᠲᠦᠴᠡ ᠡᠷᠴᠢᠮᠲᠡᠢ ᠬᠥᠭᠵᠢᠭᠰᠡᠨ᠂ ᠡᠳ᠋ ᠍ ᠦᠨ ᠵᠠᠰᠠᠭ ᠤᠨ ᠴᠢᠳᠠᠪᠬᠢ ᠪᠦᠬᠦᠢ ᠪᠠᠶᠢᠭᠠᠯᠢ ᠳᠤ ᠡᠭᠡᠯᠢ ᠲᠡᠢ ᠰᠤᠮᠤ》 ᠪᠣᠯᠬᠤ ᠵᠣᠷᠢᠯᠭ᠎ᠠ ᠲᠠᠯᠪᠢᠵᠤ ᠳᠠᠷᠠᠭᠠᠬᠢ ᠭᠣᠣᠯ ᠵᠣᠷᠢᠯᠲᠠ ᠨᠤᠭᠤᠳ ᠢ ᠳᠡᠪᠰᠢᠭᠦᠯᠦᠨ ᠠᠵᠢᠯᠯᠠᠵᠤ ᠪᠠᠶᠢᠨ᠎ᠠ᠃ ᠡᠭᠦᠨ ᠳᠦ:

§ ᠡᠷᠬᠡ ᠵᠦᠢ᠂ ᠡᠳ᠋ ᠍ ᠦᠨ ᠵᠠᠰᠠᠭ᠂ ᠰᠠᠩᠬᠦᠦ ᠶᠢᠨ ᠲᠠᠭᠠᠲᠠᠢ ᠨᠥᠬᠥᠴᠡᠯ ᠢ ᠪᠦᠷᠢᠳᠦᠭᠦᠯᠦᠨ ᠲᠥᠷᠥ ᠶᠢᠨ ᠦᠢᠯᠡᠴᠢᠯᠡᠭᠡᠨ ᠦ ᠢᠯᠡ ᠲᠣᠳᠣ᠂ ᠰᠢᠭᠤᠷᠬᠠᠢ ᠪᠠᠶᠢᠳᠠᠯ ᠢ ᠬᠠᠩᠭᠠᠬᠤ ᠵᠠᠮ ᠢᠶᠠᠷ ᠪᠢᠽᠢᠨ᠋ᠧᠰ ᠲᠦ ᠲᠠᠭᠠᠲᠠᠢ ᠨᠥᠬᠥᠴᠡᠯ ᠢ ᠪᠦᠷᠢᠳᠦᠭᠦᠯᠦᠨ᠎ᠡ᠃

§ ХАА ᠍ ᠦᠨ ᠰᠠᠯᠪᠤᠷᠢ ᠶᠢ ᠡᠷᠴᠢᠮᠵᠢᠭᠦᠯᠵᠦ᠂ ᠥᠪᠡᠷ ᠦᠨ ᠪᠣᠯᠤᠮᠵᠢ᠂ ᠨᠥᠭᠡᠴᠡᠳ ᠲᠣᠬᠢᠷᠠᠭᠰᠠᠨ ᠵᠢᠵᠢᠭ᠂ ᠳᠤᠮᠳᠠ ᠦᠢᠯᠡᠳᠪᠦᠷᠢᠯᠡᠯ᠂ ᠦᠢᠯᠡᠴᠢᠯᠡᠭᠡ ᠶᠢ ᠬᠤᠷᠳᠤᠴᠠ ᠲᠠᠢ ᠬᠥᠭᠵᠢᠭᠦᠯᠬᠦ

§ ᠦᠢᠯᠡᠴᠢᠯᠡᠭᠡᠨ ᠦ ᠲᠠᠭᠠᠲᠠᠢ ᠣᠷᠴᠢᠨ ᠪᠦᠷᠢᠳᠦᠭᠦᠯᠵᠦ᠂ ᠴᠢᠨᠠᠷ᠂ ᠬᠦᠷᠲᠡᠭᠡᠮᠵᠢ ᠶᠢ ᠳᠡᠭᠡᠭᠰᠢᠯᠡᠭᠦᠯᠦᠨ ᠬᠦᠮᠦᠨ ᠦ ᠬᠥᠭᠵᠢᠯ ᠢ ᠬᠠᠩᠭᠠᠬᠤ

§ ᠪᠠᠶᠢᠭᠠᠯᠢ ᠣᠷᠴᠢᠨ ᠢ ᠬᠠᠶᠢᠷᠠᠯᠠᠨ ᠬᠠᠮᠠᠭᠠᠯᠠᠬᠤ᠂ ᠪᠠᠶᠠᠯᠢᠭ ᠨᠥᠭᠡᠴᠡ ᠶᠢ ᠨᠢ ᠵᠣᠬᠢᠰᠲᠠᠢ ᠠᠰᠢᠭᠯᠠᠬᠤ

ᠰᠤᠮᠤ ᠶᠢᠨ ᠣᠨᠴᠠᠯᠢᠭ

· ᠡᠷᠳᠡᠮᠲᠡᠳ᠂ ᠵᠣᠬᠢᠶᠠᠯᠴᠢᠳ ᠣᠯᠠᠨ ᠢᠶᠠᠷ ᠲᠥᠷᠥᠨ ᠭᠠᠷᠤᠭᠰᠠᠨ: ᠫ᠃ ᠬᠣᠷᠯᠤ᠎ᠠ᠂ ᠵ᠃ ᠫᠦᠷᠪᠦ᠂ ᠴᠤ᠃ ᠣᠶᠢᠳᠣᠪ᠃..

· ᠰᠠᠶᠢᠨ ᠨᠣᠶᠠᠨ ᠬᠠᠨ ᠲ᠃ ᠨᠠᠮᠨᠠᠨᠰᠦ᠋ᠷᠦᠩ᠂ ᠮᠣᠩᠭᠣᠯ ᠠᠷᠠᠳ ᠤᠨ ᠬᠤᠪᠢᠰᠬᠠᠯᠲᠤ ᠨᠠᠮ ᠦᠨ ТХ ᠍ ᠤ ᠨᠠᠷᠢᠨ ᠪᠢᠴᠢᠭ ᠦᠨ ᠳᠠᠷᠤᠭ᠎ᠠ ᠠᠰᠠᠨ ᠵ᠃ᡀᠦᠮᠪᠦ᠂ МХЗЭ ᠍ ᠦᠨ ᠳᠠᠷᠤᠭ᠎ᠠ ᠠᠰᠠᠨ ᠳ᠃ᠰᠡᠩᠭᠡᠳᠣᠷᠵᠢ᠂ ᠤᠯᠤᠰ ᠤᠨ ᠶᠡᠬᠡ ᠬᠤᠷᠠᠯ ᠶᠢᠨ ᠭᠡᠰᠢᠭᠦᠨ ᠮ᠃ᠪᠠᠲ᠋ᠴᠢᠮᠡᠭ᠂ ᠪᠠᠶᠢᠭᠠᠯᠢ ᠣᠷᠴᠢᠨ ᠤ ᠰᠠᠶᠢᠳ ᠠᠰᠠᠨ ᠭ᠃ᠰᠢᠯᠢᠭᠳᠠᠮᠪᠠ᠂ ᠠᠶᠢᠮᠠᠭ ᠤᠨ ᠵᠠᠰᠠᠭ ᠳᠠᠷᠤᠭ᠎ᠠ ᠳ᠃ᠲᠣᠭᠲᠠᠬᠤᠰᠦ᠋ᠷᠦᠩ ᠨᠠᠷ ᠤᠨ ᠵᠡᠷᠭᠡ ᠲᠥᠷᠥ ᠨᠡᠶᠢᠭᠡᠮ ᠤᠨ ᠵᠢᠳᠬᠦᠯᠲᠡᠨ ᠨᠦᠭᠦᠳ ᠣᠯᠠᠨ ᠢᠶᠠᠷ ᠲᠥᠷᠥᠨ ᠭᠠᠷᠤᠭᠰᠠᠨ᠃

· ᠲᠥᠷᠥ ᠶᠢᠨ ᠦᠢᠯᠡᠴᠢᠯᠡᠭᠡᠨ ᠦ ᠪᠠᠶᠢᠭᠤᠯᠤᠯᠭ᠎ᠠ ᠨᠤᠭᠤᠳ ᠤᠨ ᠠᠵᠢᠯᠯᠠᠬᠤ ᠣᠷᠴᠢᠨ ᠨᠥᠬᠥᠴᠡᠯ ᠪᠦᠷᠢᠳᠦᠭᠰᠡᠨ᠃ ᠵᠣᠷᠢᠭᠤᠯᠤᠯᠲᠠ ᠶᠢᠨ ᠲᠣᠬᠢᠯᠢᠭ ᠪᠠᠷᠢᠯᠭ᠎ᠠ ᠨᠤᠭᠤᠳ ᠲᠠᠢ᠃

· ᠰᠤᠷᠭᠠᠭᠤᠯᠢ ᠶᠢᠨ ᠠᠮᠵᠢᠯᠲᠠ ᠲᠣᠭᠲᠠᠪᠤᠷᠢᠲᠠᠢ᠃ ᠶᠡᠷᠦᠩᠬᠡᠢ ᠰᠢᠯᠭᠠᠯᠲᠠ ᠶᠢᠨ ᠳᠦᠩᠭᠡ ᠪᠡᠷ ᠰᠡᠭᠦᠯ ᠦᠨ 5 ᠵᠢᠯ ᠦᠨ ᠳᠤᠮᠳᠠᠴᠢ ᠪᠠᠷ ᠠᠶᠢᠮᠠᠭ ᠲᠤ ᠪᠠᠨ 5 ᠍ ᠳᠦᠭᠡᠷ ᠪᠠᠶᠢᠷᠢᠨ ᠳᠤ ᠶᠠᠪᠤᠵᠤ ᠪᠠᠶᠢᠭ᠎ᠠ᠃

· ᠦᠢᠯᠡᠳᠪᠦᠷᠢ ᠠᠵᠤ ᠠᠬᠤᠢ ᠶᠢᠨ ᠲᠣᠮᠣᠬᠠᠨ ᠭᠠᠵᠠᠷ ᠤᠳ ᠦᠭᠡᠢ᠃ ᠡᠶᠢᠮᠦ ᠡᠴᠡ ᠠᠵᠢᠯᠭᠦᠶᠢᠳᠡᠯ᠂ ᠶᠠᠳᠠᠭᠤᠷᠠᠯ ᠶᠡᠬᠡ ᠲᠡᠢ᠃

· ᠰᠢᠯᠵᠢᠯᠲᠡ ᠬᠥᠳᠡᠯᠭᠡᠭᠡᠨ ᠢsᠬᠦ ᠲᠡᠢ᠃

· ᠭᠡᠮᠲᠦ ᠬᠡᠷᠡᠭ ᠵᠥᠷᠢᠴᠡᠯ ᠪᠠᠭ᠎ᠠ᠂ ᠬᠠᠷᠢᠴᠠᠩᠭᠤᠢ ᠲᠠᠶᠢᠪᠤᠩ᠃

ᠰᠠᠶ᠋ᠢᠬᠠᠨ ᠤ ᠲᠠᠪᠤᠨ ᠵᠢᠯ ᠦᠨ ᠵᠠᠷᠢᠮ ᠲᠣᠭᠠᠨ ᠦᠵᠡᠭᠦᠯᠦᠯᠲᠡ[2]
ᠦᠵᠡᠭᠦᠯᠦᠯᠲᠡ 2007 2008 2009 2010 2011
ᠪᠠᠶᠢᠩᠭᠤ ᠶᠢᠨ ᠬᠦᠮᠦᠨ ᠠᠮᠠ ᠶᠢᠨ ᠲᠣᠭ᠎ᠠ 3,517 3,510 3,519 3,473 3,396
ᠮᠠᠯ ᠤᠨ ᠲᠣᠭ᠎ᠠ ᠲᠣᠯᠣᠭᠠᠢ 172,356 194,563 188,222 122,213 145,630

ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

-ᠭ᠃ᠪᠠᠶᠠᠷᠰᠠᠶᠢᠬᠠᠨ-ᠮᠣᠩᠭᠣᠯ ᠤᠯᠤᠰ ᠤᠨ ᠡᠮᠡᠭᠲᠡᠶᠢᠴᠦᠳ ᠦᠨ ᠬᠦᠮᠦᠨ ᠦ ᠶᠡᠬᠡ ᠡᠮᠴᠢ


ᠡᠰᠢ ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 1.2 1.3 ᠥᠪᠦᠷᠬᠠᠩᠭᠠᠢ ᠠᠶᠢᠮᠠᠭ ᠤᠨ ᠰᠲ᠋ᠠᠲ᠋ᠢᠰᠲ᠋ᠢᠭ ᠤᠨ ᠬᠡᠯᠲᠡᠰ᠃ ᠥᠪᠦᠷᠬᠠᠩᠭᠠᠢ ᠠᠶᠢᠮᠠᠭ ᠤᠨ ᠰᠲ᠋ᠠᠲ᠋ᠢᠰᠲ᠋ᠢᠭ ᠤᠨ ᠡᠮᠬᠢᠳᠬᠡᠯ - 2011. ᠠᠷᠪᠠᠶᠢᠬᠦ ᠪᠡᠷ ᠬᠣᠲᠠ 2012-01-12.
  2. ᠥᠪᠦᠷᠬᠠᠩᠭᠠᠢ ᠠᠶᠢᠮᠠᠭ ᠤᠨ ᠰᠲ᠋ᠠᠲ᠋ᠢᠰᠲ᠋ᠢᠭ ᠤᠨ ᠬᠡᠯᠲᠡᠰ᠃ ᠰᠤᠮᠤᠳ ᠤᠨ ᠡᠳ᠋ ᠍ ᠦᠨ ᠵᠠᠰᠠᠭ᠂ ᠨᠡᠶᠢᠭᠡᠮ ᠤᠨ ᠦᠵᠡᠭᠦᠯᠦᠯᠲᠡ ᠨᠦᠭᠦᠳ /ᠰᠡᠭᠦᠯ ᠦᠨ 5 ᠵᠢᠯ ᠳᠤ/. ᠠᠷᠪᠠᠶᠢᠬᠦ ᠪᠡᠷ 2012 ᠣᠨ

ᠪᠢᠴᠢᠭᠡᠰᠦ