ᠬᠠᠶᠢᠷᠬᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠠᠶᠢᠷᠬᠠᠨ ᠬᠡᠮᠡᠬᠦ ᠡᠨᠡ ᠦᠭᠡ ᠤᠭᠲᠤᠭ᠎ᠠ ᠡᠷᠲᠡᠨ ᠦ ᠪᠥᠭᠡ ᠮᠥᠷᠭᠥᠯ ᠦᠨ ᠰᠢᠲᠦᠭᠡᠨ ᠪᠣᠯᠬᠤ ᠬᠠᠯᠬᠤ ᠬᠥᠯᠳᠡᠭᠡᠬᠦ᠂ ᠠᠮᠠᠷᠠᠭᠠᠯᠠᠬᠤ ᠳᠤ ᠦᠵᠡᠬᠦ᠂ ᠠᠮᠤᠭᠤᠯᠠᠩ ᠠᠶᠤᠯ ᠬᠣᠶᠠᠷ ᠢ ᠳᠠᠳᠠᠭ ᠡᠷᠯᠢᠭ 《《ᠬᠠᠶᠢᠷᠬᠠᠨ》》 ᠬᠡᠮᠡᠬᠦ ᠰᠠᠬᠢᠭᠤᠰᠤᠨ ᠤ ᠨᠡᠷ᠎ᠡ ᠡᠴᠡ ᠭᠠᠷᠤᠭᠰᠠᠨ ᠭᠡᠵᠦ ᠲᠠᠭᠠᠮᠠᠭᠯᠠᠨ ᠦᠵᠡᠳᠡᠭ᠃ ᠪᠥᠭᠡ ᠶᠢᠨ ᠳᠠᠭᠤᠳᠠᠯᠭ᠎ᠠ ᠳᠤ ᠴᠤ 《ᠠᠢ ᠬᠠᠶᠢᠷᠬᠠᠭᠠᠨ》 ᠬᠡᠮᠡᠬᠦ ᠦᠭᠡ ᠣᠯᠠᠨᠲᠠ ᠭᠠᠷᠬᠤ ᠪᠥᠭᠡᠳ ᠮᠣᠩᠭᠣᠯ ᠬᠦᠮᠦᠨ ᠠᠭᠤᠯᠭ᠎ᠠ ᠠᠯᠠᠳᠠᠬᠤ ᠳᠤ ᠪᠠᠨ ᠮᠥᠨ ᠯᠠ 《ᠬᠠᠶᠢᠷᠬᠠᠨ ᠮᠢᠨᠢ》 ᠭᠡᠵᠦ ᠳᠤᠳᠳᠠᠭ᠎ᠠ ᠪᠢᠯᠡ᠃

ᠪᠠᠰᠠ ᠭᠠᠵᠠᠷ ᠯᠤᠤᠰ ᠤᠨ ᠴᠡᠷᠢᠭ ᠬᠡᠮᠡᠭᠳᠡᠳᠡᠭ ᠮᠣᠭᠠᠢ ᠨᠡᠷ᠎ᠡ ᠶᠢ ᠴᠡᠭᠡᠷᠯᠡᠨ ᠬᠠᠶᠢᠷᠬᠠᠨ ᠭᠡᠬᠦ ᠪᠥᠭᠡᠳ ᠣᠢ ᠮᠣᠳᠣ ᠲᠠᠢ ᠳᠣᠭᠰᠢᠨ ᠭᠠᠵᠠᠷ ᠤᠨ ᠠᠷᠢᠶᠠᠲᠠᠨ ᠪᠠᠭᠠᠪᠠᠭᠠᠢ ᠶᠢ ᠮᠥᠨ ᠬᠠᠶᠢᠷᠬᠠᠨ ᠭᠡᠳᠡᠭ᠃

ᠠᠭᠤᠯᠠ ᠨᠢᠷᠤᠭᠤ ᠶᠢ ᠬᠠᠶᠢᠷᠬᠠᠨ ᠬᠡᠮᠡᠨ ᠨᠡᠷᠡᠯᠡᠬᠦ ᠪᠣᠯᠤᠭᠰᠠᠨ ᠨᠢ ᠪᠥᠭᠡ ᠮᠥᠷᠭᠥᠯ ᠦᠨ ᠣᠩᠭᠣᠨ ᠰᠢᠲᠦᠭᠡᠨ ᠪᠣᠯᠭᠠᠨ ᠲᠠᠬᠢᠵᠤ ᠠᠰᠠᠨ ᠴᠠᠭ ᠤᠨ ᠣᠶᠢᠯᠠᠭᠠᠲᠤ ᠪᠠᠷ ᠳᠣᠭᠰᠢᠨ ᠠᠪᠤᠷᠠᠭᠴᠢ ᠭᠡᠰᠡᠨ ᠤᠳᠬ᠎ᠠ ᠲᠠᠢ ᠬᠠᠶᠢᠷᠬᠠᠨ ᠲᠩᠷᠢ ᠶᠢᠨ ᠨᠡᠷ᠎ᠡ ᠪᠡᠷ ᠨᠡᠷᠡᠯᠡᠭᠰᠡᠨ ᠭᠡᠯᠲᠡᠢ᠃ ᠡᠨᠡᠴᠢᠯᠡᠨ ᠨᠢᠭᠡ ᠬᠡᠰᠡᠭ ᠰᠦᠷᠯᠢᠭ ᠳᠣᠭᠰᠢᠨ ᠮᠠᠶ᠋ᠢᠭ ᠤᠨ ᠬᠠᠳᠠ ᠠᠰᠬ᠎ᠠ ᠪᠠᠷᠲᠠᠭ᠎ᠠ ᠶᠡᠬᠡ ᠲᠡᠢ ᠠᠤᠯᠠᠯᠠᠰ ᠢ ᠬᠠᠶᠢᠷᠬᠠᠨ ᠭᠡᠵᠦ ᠨᠡᠷᠡᠯᠡᠭᠰᠡᠨ ᠪᠠᠶᠢᠳᠠᠭ ᠪᠥᠭᠡᠳ᠃ ᠪᠠᠭᠠᠲᠤᠷ ᠬᠠᠶᠢᠷᠬᠠᠨ᠂ ᠵᠢᠪᠬᠤᠯᠠᠨ ᠳᠤ ᠬᠠᠶᠢᠷᠬᠠᠨ᠂ ᠰᠤ ᠲᠠᠢ ᠬᠠᠶᠢᠷᠬᠠᠨ᠂ ᠮᠥᠩᠬᠡ ᠬᠠᠶᠢᠷᠬᠠᠨ᠂ ᠡᠵᠢ ᠬᠠᠶᠢᠷᠬᠠᠨ᠂ ᠬᠠᠰᠠᠭ ᠲᠤ ᠭᠡᠬᠦ ᠮᠡᠲᠦ ᠠᠯᠲᠠᠢ ᠶᠢᠨ ᠬᠠᠠᠳ ᠰᠦᠷᠯᠢᠭ ᠠᠤᠯᠠᠯᠠᠰ᠂ ᠰᠤᠪᠤᠷᠭ᠎ᠠ ᠬᠠᠶᠢᠷᠬᠠᠨ᠂ ᠠᠪᠵᠠᠭ᠎ᠠ ᠬᠠᠶᠢᠷᠬᠠᠨ᠂ ᠠᠰᠠᠷᠠᠯᠲᠤ ᠬᠠᠶᠢᠷᠬᠠᠨ᠂ ᠵᠣᠷᠭᠣᠯ ᠬᠠᠶᠢᠷᠬᠠᠨ᠂ ᠳᠤᠯᠠᠭᠠᠨ ᠬᠠᠶᠢᠷᠬᠠᠨ ᠭᠡᠬᠦ ᠮᠡᠲᠦ ᠬᠠᠩᠭᠠᠢ᠂ ᠬᠡᠨᠲᠡᠢ ᠶᠢᠨ ᠨᠣᠶᠠᠯᠢᠭ ᠳᠣᠭᠰᠢᠨ ᠠᠤᠯᠠᠯᠠᠰ ᠢ ᠡᠷᠡᠯᠡᠭᠰᠡᠨ ᠪᠠᠶᠢᠳᠠᠭ᠃

ᠠᠰᠢᠭᠯᠠᠭᠰᠠᠨ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠤ᠃ᠠᠷᠢᠶᠠᠰᠦ᠋ᠷᠦᠩ᠂ ᠮᠣᠩᠭᠣᠯ ᠶᠣᠰᠣ ᠵᠠᠩᠰᠢᠯ ᠤᠨ ᠶᠡᠬᠡ ᠲᠠᠶᠢᠯᠪᠤᠷᠢ ᠲᠣᠯᠢ, 1 ᠍ ᠳᠦᠭᠡᠷ ᠪᠣᠲᠢ᠂ 2001 ᠣᠨ᠂ ᠤᠯᠠᠭᠠᠨᠪᠠᠭᠠᠲᠤᠷ

ᠪᠢᠴᠢᠭᠡᠰᠦ