ᠬᠠᠶᠢᠯᠤᠭᠤᠷ ᠵᠣᠩᠰᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Fluorine MHNT.MIN.2010.16.1.jpg

ᠬᠠᠶᠢᠯᠤᠭᠤᠷ ᠵᠣᠩᠰᠢ ᠪᠤᠶᠤ ᠹᠯᠦᠣᠷᠢ ᠳᠤ - (CaF2), ᠭᠠᠯᠢᠳ ᠤᠨ ᠪᠦᠯᠦᠭ ᠲᠦ ᠪᠠᠭᠲᠠᠳᠠᠭ ᠡᠷᠦᠳᠡᠰᠦ᠃ ᠹᠯᠦᠣᠷᠢ ᠳᠤ ᠨᠢ ᠭᠠᠵᠠᠷ ᠤᠨ ᠱᠦᠯᠲᠡᠲᠦ ᠮᠧᠲ᠋ᠠᠯ ᠪᠣᠯᠬᠤ ᠺᠠᠯᠼᠢ ᠶᠢᠨ ᠳᠠᠪᠤᠰᠤ᠃ ᠬᠢᠮᠢ ᠶᠢᠨ ᠨᠠᠶᠢᠷᠠᠯᠭ᠎ᠠ ᠨᠢ ᠨᠡᠯᠢᠶᠡᠳ ᠲᠣᠭᠲᠠᠪᠤᠷᠢᠲᠠᠢ: ᠰᠠ - 51,1% ; F - 48,8%. ᠢᠽᠣᠮᠣᠷᠹ ᠬᠣᠯᠢᠴᠠ ᠶᠢᠨ ᠠᠭᠤᠯᠤᠮᠵᠢ ᠶᠡᠬᠡ ᠪᠢᠰᠢ᠂ ᠬᠣᠪᠣᠷ ᠲᠣᠬᠢᠶᠠᠯᠳᠤᠯ ᠳᠤ 1% ᠍ ᠰ ᠳᠡᠭᠡᠭᠰᠢ ᠭᠠᠷᠳᠠᠭ᠃ ᠹᠯᠦᠤᠷᠢᠲ ᠦᠨ ᠬᠠᠲᠠᠭᠤᠯᠢᠭ ᠴᠢᠨᠠᠷ ᠮᠠᠰᠤ ᠶᠢᠨ ᠱᠠᠲᠤᠯᠠᠪᠤᠷᠢ ᠢᠶᠠᠷ 4, ᠨᠢᠭᠲᠠᠴᠠ ᠨᠢ 3,180 + 0,001 ᠭ/ᠰᠮ3 (ᠢᠽᠣᠮᠣᠷᠹ ᠬᠣᠯᠢᠴᠠ ᠶᠢᠨ ᠨᠥᠯᠥᠭᠡᠯᠡᠯ ᠢᠶᠡᠷ ᠨᠢᠭᠲᠠᠴᠠ ᠨᠢ ᠪᠠᠭ᠎ᠠ ᠵᠡᠷᠭᠡ ᠨᠡᠮᠡᠭᠳᠡᠳᠡᠭ). ᠹᠯᠦᠣᠷᠢ ᠳᠤ ᠨᠢ ᠴᠠᠶᠢᠪᠤᠷ ᠶᠠᠭᠠᠨ ᠠᠴᠠ ᠥᠳᠬᠡᠨ ᠶᠠᠭᠠᠨ ᠬᠦᠷᠲᠡᠯ᠎ᠡ᠂ ᠬᠠᠷ᠎ᠠ᠂ ᠴᠠᠭᠠᠨ᠂ ᠰᠠᠷᠠᠯ᠂ ᠰᠢᠷ᠎ᠠ᠂ ᠨᠣᠭᠣᠭᠠᠨ᠂ ᠴᠡᠩᠬᠡᠷ᠂ ᠬᠣᠪᠣᠷ ᠲᠣᠬᠢᠶᠠᠯᠳᠤᠯ ᠳᠤ ᠬᠦᠷᠡᠩ ᠪᠠ ᠤᠯᠠᠭᠠᠨ ᠲᠤᠶᠠᠭ᠎ᠠ ᠲᠠᠢ ᠲᠣᠬᠢᠶᠠᠯᠳᠤᠭ᠃ ᠣᠫᠲ᠋ᠢᠺ ᠤᠨ ᠹᠯᠦᠣᠷᠢ ᠳᠤ ᠨᠢ ᠥᠩᠭᠡ ᠦᠭᠡᠢ᠂ ᠣᠨᠴᠠᠭᠠᠢ ᠲᠤᠩᠭᠠᠯᠠᠭ᠂ ᠭᠡᠷᠡᠯ ᠦᠨ ᠮᠠᠰᠢ ᠥᠷᠭᠡᠨ ᠬᠦᠷᠢᠶ᠎ᠡ ᠲᠡᠢ ᠳᠠᠪᠲᠠᠮᠵᠢ ᠶᠢ (ᠬᠦᠷᠢᠨ ᠤ ᠭᠠᠳᠠᠨᠠᠬᠢ ᠠᠴᠠ ᠬᠡᠲᠦ ᠤᠯᠠᠭᠠᠨ ᠬᠦᠷᠲᠡᠯᠡᠬᠢ) ᠨᠡᠪᠲᠡᠷᠡᠭᠦᠯᠵᠦ ᠴᠢᠳᠠᠳᠠᠭ᠃ ᠰᠲ᠋ᠧᠭᠢᠣᠮᠧᠲ᠋ᠷᠡᠶᠢᠨ ᠪᠤᠰᠤ ᠪᠦᠲᠦᠴᠡ ᠪᠠ ᠢᠽᠣᠮᠣᠷᠹ ᠬᠣᠯᠢᠴᠠ ᠨᠤᠭᠤᠳ ᠤᠨ ᠨᠥᠯᠥᠭᠡ ᠪᠡᠷ ᠡᠭᠦᠰᠦᠭᠰᠡᠨ ᠪᠠᠶᠢᠭᠤᠯᠤᠯᠲᠠ ᠶᠢᠨ ᠳᠧᠹᠧᠺᠲ ᠨᠢ᠂ ᠹᠯᠦᠤᠷᠢᠲ ᠢ ᠶᠠᠩᠵᠤ ᠪᠦᠷᠢ ᠶᠢᠨ ᠥᠩᠭᠡ᠂ ᠲᠤᠶᠠᠭ᠎ᠠ ᠲᠠᠢ ᠪᠣᠯᠭᠠᠳᠠᠭ ᠭᠡᠵᠦ ᠦᠵᠡᠳᠡᠭ᠃ ᠬᠣᠯᠢᠴᠠ ᠦᠭᠡᠢ ᠹᠯᠦᠣᠷᠢ ᠳᠤ ᠨᠢ ᠴᠠᠶᠢᠪᠤᠷ ᠴᠡᠩᠬᠡᠷ᠂ ᠴᠡᠩᠬᠡᠷ᠂ ᠰᠠᠷᠠᠨᠠᠢ ᠶᠢᠨ ᠶᠠᠭᠠᠨ᠂ ᠪᠡᠬᠡ ᠶᠢᠨ ᠶᠠᠭᠠᠨ ᠲᠤᠶᠠᠭ᠎ᠠ ᠲᠠᠢ ᠲᠣᠬᠢᠶᠠᠯᠳᠤᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠶᠢᠯᠤᠭᠤᠷ ᠵᠣᠩᠰᠢ ᠶᠢ ᠬᠦᠮᠦᠨ ᠲᠥᠷᠥᠯᠬᠢᠲᠡᠨ ᠠᠩᠬ᠎ᠠ 100 ᠭᠠᠷᠤᠢ ᠵᠢᠯ ᠦᠨ ᠡᠮᠦᠨ᠎ᠡ ᠡᠴᠡ ᠮᠥᠩᠭᠥ ᠬᠠᠶᠢᠯᠤᠭᠤᠯᠬᠤ ᠳᠤ ᠠᠰᠢᠭᠯᠠᠵᠤ ᠡᠬᠢᠯᠡᠭᠰᠡᠨ ᠲᠤᠬᠠᠢ ᠪᠠᠷᠢᠮᠲᠠ ᠪᠠᠶᠢᠳᠠᠭ᠃ ᠬᠣᠵᠢᠮ ᠲᠡᠭᠦᠨ ᠢ ᠮᠧᠲ᠋ᠠᠯᠯᠦ᠋ᠷᠭ ᠲᠤ ᠥᠷᠭᠡᠨ ᠠᠰᠢᠭᠯᠠᠬᠤ ᠪᠣᠯᠤᠭᠰᠠᠨ᠃

ᠹᠯᠦᠣᠷᠢ ᠳᠤ ᠮᠣᠩᠭᠣᠯ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠣᠷᠣᠨ ᠬᠠᠶᠢᠯᠤᠭᠤᠷ ᠵᠣᠩᠰᠢᠨ ᠤ ᠣᠯᠪᠤᠷᠢᠯᠠᠯᠲᠠ ᠪᠠᠷ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰᠮᠸᠺᠰᠢᠺᠣᠡᠶᠢᠨ ᠳᠠᠷᠠᠭ᠎ᠠ ᠭᠤᠷᠪᠠᠳᠤᠭᠠᠷ ᠲᠤ᠂ ᠡᠺᠰᠫᠣᠷᠲ ᠤᠨ ᠬᠡᠮᠵᠢᠶ᠎ᠡ ᠪᠡᠷ ᠮᠸᠺᠰᠢᠺᠣᠡᠶᠢᠨ ᠳᠠᠷᠠᠭ᠎ᠠ ᠬᠠѐᠷᠠᠳᠤᠭᠠᠷ ᠲᠤ ᠣᠷᠣᠳᠠᠭ᠃ ᠠᠰᠢᠭᠲᠤ ᠮᠠᠯᠲᠠᠮᠠᠯ ᠍ ᠤᠨ ᠭᠣᠣᠯᠯᠠᠬᠤ ᠣᠷᠳᠣᠤᠳ᠂ ᠮᠠᠨ ᠤ ᠣᠷᠣᠨ ᠤ ᠲᠥᠪ ᠪᠣᠯᠤᠨ ᠳᠣᠷᠣᠨᠠᠲᠤ ᠬᠡᠰᠡᠭ ᠲᠦ ᠤᠷᠤᠰᠢᠬᠤ ᠪᠠ ᠲᠡᠳᠡᠭᠡᠷ ᠢ ᠨᠡᠶᠢᠲᠡ ᠳᠦ ᠨᠢ ᠳᠣᠷᠣᠨᠠᠲᠤ ᠮᠣᠩᠭᠣᠯ ᠤᠨ ᠹᠯᠦᠤᠷᠢᠲ ᠦᠨ ᠪᠦᠰᠡᠯᠡᠭᠦᠷ ᠭᠡᠵᠦ ᠨᠡᠷᠡᠯᠡᠳᠡᠭ᠃ ᠡᠨᠡ ᠪᠦᠰᠡᠯᠡᠭᠦᠷ ᠨᠢ ᠤᠷᠲᠤ ᠪᠠᠷ ᠢᠶᠠᠨ 1000 km, ᠥᠷᠭᠡᠨ ᠢᠶᠡᠷ ᠢᠶᠡᠨ 200 km ᠦᠷᠭᠦᠯᠵᠢᠯᠡᠬᠦ᠂ ᠭᠠᠯᠲᠤ ᠠᠭᠤᠯᠠ ᠶᠢᠨ ᠮᠧᠽᠣᠼᠣᠶᠢᠳ᠋ ᠪᠦᠰᠡᠯᠡᠭᠦᠷ ᠲᠡᠢ ᠳᠠᠪᠬᠤᠴᠠᠳᠠᠭ᠃ ᠪᠦᠰᠡᠯᠡᠭᠦᠷ ᠦᠨ ᠪᠦᠲᠦᠴᠡ ᠭᠦᠢᠴᠡᠳ ᠰᠤᠳᠤᠯᠤᠭᠳᠠᠭ᠎ᠠ ᠦᠭᠡᠢ ᠴᠤ᠂ ᠣᠳᠣ ᠶᠢᠨ ᠪᠠᠶᠢᠳᠠᠯ ᠢᠶᠠᠷ ᠹᠯᠦᠤᠷᠢᠲ ᠦᠨ ᠬᠥᠳᠡᠷ ᠦᠨ 300 ᠭᠠᠷᠤᠢ ᠣᠷᠳᠣ ᠪᠣᠯᠤᠨ ᠢᠯᠡᠷᠡᠴᠡ ᠲᠣᠭᠲᠠᠭᠠᠭᠳᠠᠭᠰᠠᠨ᠃
ᠳᠡᠶᠢᠯᠦᠩᠬᠢ ᠣᠷᠳ᠋ ᠍ ᠤᠳ ᠵᠤᠷᠪᠤᠰ ᠤᠨ ᠪᠠ ᠪᠷᠧᠺᠴᠢ ᠶᠢᠨ ᠪᠥᠰᠡ ᠠᠭᠤᠯᠠᠭᠰᠠᠨ ᠬᠥᠳᠡᠷ ᠦᠨ ᠪᠡᠶᠡᠲᠦ ᠨᠦᠭᠦᠳ ᠶᠠᠭᠤᠮ᠎ᠠ᠃ ᠬᠣᠪᠣᠷ ᠲᠣᠬᠢᠶᠠᠯᠳᠤᠯ ᠳᠤ ᠺᠠᠷᠪᠶᠣᠨᠠᠲ ᠤᠨ ᠴᠢᠯᠠᠭᠤᠯᠢᠭ ᠲᠤ ᠪᠠᠶᠢᠷᠢᠯᠠᠬᠤ ᠮᠧᠲ᠋ᠠᠰᠣᠮᠠᠲ᠋ᠢᠭ ᠭᠠᠷᠤᠯ ᠲᠠᠢ ᠯᠢᠩᠰᠡ ᠬᠡᠯᠪᠡᠷᠢ ᠲᠡᠢ ᠣᠷᠣᠰᠢᠨ᠎ᠠ᠃ ᠬᠢᠮᠢ ᠶᠢᠨ ᠪᠦᠲᠦᠴᠡ ᠶᠢᠨ ᠬᠤᠪᠢ ᠳᠤ ᠬᠥᠳᠡᠷ ᠦᠳ ᠨᠢ ᠺᠣᠠᠷᠴᠠ ᠹᠯᠦᠤᠷᠢᠲ ᠦᠨ ᠡᠭᠦᠰᠦᠯ ᠦᠳ ᠪᠠ ᠲᠡᠭᠦᠨ ᠳᠦ ᠭᠣᠣᠯᠯᠠᠬᠤ ᠹᠯᠦᠣᠷᠢ ᠳᠤ᠂ ᠹᠯᠦᠤᠷᠢᠲ ᠲᠡᠢ ᠬᠤᠤᠰᠯᠠᠬᠤ ᠺᠣᠠᠷᠴᠠᠠ ᠠᠴᠠ ᠲᠣᠭᠲᠠᠳᠠᠭ ᠪᠠ ᠠᠳᠦᠶᠢᠯᠢᠶᠠᠷᠺᠠᠷᠪᠶᠣᠨᠠᠲᠤᠳ᠂ ᠪᠠᠷᠢ ᠳᠤ᠂ ᠰᠢᠪᠠᠷᠯᠢᠭ ᠡᠳᠡᠰᠦ ᠨᠦᠭᠦᠳᠫᠢᠷ ᠲᠤ᠂ ᠬᠣᠪᠣᠷ ᠲᠣᠬᠢᠶᠠᠯᠳᠤᠯ ᠳᠤ ᠭᠠᠯᠧᠨᠢᠲ ᠪᠠ ᠺᠢᠨᠣᠸᠠᠷᠢ ᠵᠡᠷᠭᠡ ᠳᠠᠭᠠᠯᠳᠤᠬᠤ ᠬᠣᠯᠢᠴᠠ ᠨᠤᠭᠤᠳ ᠢ ᠠᠭᠤᠯᠠᠳᠠᠭ᠃ ᠲᠣᠭᠲᠠᠴᠠ ᠶᠢᠨ ᠬᠤᠪᠢ ᠳᠤ ᠬᠥᠳᠡᠷ ᠦᠳ ᠶᠡᠬᠡᠩᠬᠢ ᠲᠣᠬᠢᠶᠠᠯᠳᠤᠯ ᠳᠤ ᠴᠤᠯᠤ᠂ ᠵᠤᠷᠪᠤᠰᠯᠠᠭᠰᠠᠨ ᠪᠠ ᠪᠷᠧᠺᠴᠢ ᠶᠢᠨ᠂ ᠬᠣᠪᠣᠷ ᠲᠣᠬᠢᠶᠠᠯᠳᠤᠯ ᠳᠤ ᠰᠤᠳᠠᠯ ᠪᠠ ᠦᠷ ᠬᠡᠯᠪᠡᠷᠢ ᠲᠡᠢ᠃ ᠴᠤᠯ ᠬᠥᠳᠡᠷ ᠦᠳ ᠦᠨ CaF2 ᠠᠭᠤᠯᠤᠮᠵᠢ 65% ᠍ ᠰ ᠳᠡᠭᠡᠭᠰᠢ ᠭᠠᠷᠳᠠᠭ ᠪᠣᠯ ᠪᠤᠰᠤᠳ ᠲᠣᠬᠢᠶᠠᠯᠳᠤᠯ ᠲᠡᠭᠦᠨ ᠡᠴᠡ ᠪᠠᠭ᠎ᠠ ᠪᠠᠶᠢᠳᠠᠭ᠃ ᠬᠥᠳᠡᠷᠢ ᠶᠢᠨ ᠪᠡᠶᠡᠲᠦ ᠶᠢᠨ ᠡᠷᠭᠢᠨ ᠲᠣᠭᠣᠷᠢᠨ ᠳᠤ ᠤᠷᠤᠰᠢᠬᠤ ᠸᠭᠳᠺᠠᠨᠢ ᠳᠤ ᠦᠳ ᠲᠤ ᠬᠥᠳᠡᠷ ᠣᠷᠴᠢᠮ ᠤᠨ ᠥᠭᠡᠷᠡᠴᠢᠯᠡᠯᠲᠡ ᠨᠦᠭᠦᠳ (ᠺᠣᠠᠷᠴᠠᠵᠢᠯ ᠳᠤ ᠪᠠ ᠠᠷᠭᠢᠯᠯᠢᠰᠠᠼᠢ) ᠢᠯᠡᠷᠡᠳᠡᠭ᠃

ᠬᠡᠷᠡᠭᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠶᠢᠯᠤᠭᠤᠷ ᠵᠣᠩᠰᠢ ᠹᠲ᠋ᠣᠷ ᠍ ᠤᠨ ᠡᠬᠡ ᠡᠭᠦᠰᠪᠦᠷᠢ ᠪᠥᠭᠡᠳ ᠵᠠᠬ᠎ᠠ ᠵᠡᠭᠡᠯᠢ ᠳᠦ ᠡᠷᠢᠯᠲᠡ ᠬᠡᠷᠡᠭᠴᠡᠭᠡ ᠨᠢ ᠪᠠᠶᠢᠩᠭᠤ ᠥᠰᠴᠦ ᠪᠠᠶᠢᠭ᠎ᠠ᠂ ᠴᠢᠬᠤᠯᠠ ᠠᠴᠢ ᠬᠣᠯᠪᠣᠭᠳᠠᠯ ᠲᠠᠢ ᠡᠷᠦᠳᠡᠰᠦ᠃ ᠹᠯᠦᠤᠷᠢᠲ ᠦᠨ ᠪᠠᠶᠠᠵᠢᠮᠠᠯ ᠢ ᠥᠩᠭᠡᠲᠦ ᠮᠧᠲ᠋ᠠᠯ ᠍ ᠤᠨ᠂ ᠮᠧᠲ᠋ᠠᠯᠯᠦ᠋ᠷᠭᠢ ᠶᠢᠨ᠂ ᠬᠢᠮᠢ ᠶᠢᠨ (ᠹᠲ᠋ᠣᠷ ᠲᠤ ᠤᠰᠤᠲᠥᠶᠢᠷᠦᠭᠴᠢ ᠶᠢᠨ ᠬᠦᠴᠢᠯᠹᠲ᠋ᠣᠷ ᠤᠨ ᠳᠠᠪᠤᠰᠤ ᠦᠳ), ᠡᠮᠠᠯ ᠤᠨ᠂ ᠲᠤᠰᠬᠠᠢ ᠵᠣᠷᠢᠭᠤᠯᠤᠯᠲᠠ ᠲᠠᠢ ᠰᠢᠯᠢᠨ ᠦ᠂ ᠭᠠᠩᠨᠠᠭᠤᠷ ᠤᠨ ᠮᠠᠲ᠋ᠧᠷᠢᠶᠠᠯ ᠤᠨ ᠦᠢᠯᠡᠳᠪᠦᠷᠢᠯᠡᠯ ᠵᠡᠷᠭᠡ ᠣᠯᠠᠨ ᠰᠠᠯᠪᠤᠷᠢ ᠳᠤ ᠠᠰᠢᠭᠯᠠᠳᠠᠭ᠃ ᠲᠡᠭᠦᠨ ᠦ ᠥᠩᠭᠡ ᠦᠭᠡᠢ᠂ ᠲᠣᠮᠣ ᠲᠠᠯᠠᠰᠲᠤ ᠨᠤᠭᠤᠳ (ᠺᠷᠢᠰᠲ᠋ᠠᠯ ᠤᠳ) ᠨᠢ ᠶᠠᠩᠵᠤ ᠪᠦᠷᠢ ᠶᠢᠨ ᠤᠷᠲᠤ ᠲᠠᠢ ᠳᠣᠯᠭᠢᠶᠠᠨ ᠨᠤᠭᠤᠳ ᠲᠤ ᠢᠵᠢᠯ ᠬᠤᠭᠤᠷᠠᠯ ᠦᠵᠡᠭᠦᠯᠳᠡᠭ᠃ ᠡᠨᠡ ᠥᠪᠡᠷᠮᠢᠴᠡ ᠴᠢᠨᠠᠷ ᠲᠤ ᠦᠨᠳᠦᠰᠦᠯᠡᠨ ᠹᠯᠦᠤᠷᠢᠲ ᠢ ᠯᠢᠨᠽᠫᠷᠢᠽᠮ ᠬᠡᠬᠦ ᠮᠡᠳᠦ ᠣᠨᠴᠠᠯᠢᠭ ᠪᠦᠲᠦᠭᠡᠭᠳᠡᠬᠦᠨ ᠢ ᠦᠢᠯᠡᠳᠪᠦᠷᠢᠯᠡᠬᠦ ᠳᠦ ᠠᠰᠢᠭᠯᠠᠳᠠᠭ᠃ ФК-75 ᠮᠠᠷᠺ ᠤᠨ ᠬᠠᠶᠢᠯᠤᠭᠤᠷ ᠵᠣᠩᠰᠢᠨ ᠤ ᠪᠠᠶᠠᠵᠢᠮᠠᠯ ᠢ ᠮᠧᠲ᠋ᠠᠯᠯᠦ᠋ᠷᠭᠢ ᠳᠤ ᠠᠰᠢᠭᠯᠠᠳᠠᠭ ᠪᠣᠯ ᠢᠯᠡᠭᠦᠦ ᠶᠠᠳᠠᠮᠠᠭ ФР-65, ФР-43 ᠢ ФР-30 ᠪᠠᠶᠠᠵᠢᠮᠠᠯ ᠢ ᠭᠡᠷᠡᠯ ᠦᠨ ᠺᠸᠠᠨᠲ ᠤᠨ ᠭᠧᠨᠧᠷᠠᠲ᠋ᠣᠷ ᠍ ᠢ ᠦᠢᠯᠡᠳᠪᠦᠷᠢᠯᠡᠬᠦ ᠳᠦ ᠬᠡᠬᠦ ᠮᠡᠳᠦ ᠰᠢᠨᠵᠢᠯᠡᠬᠦ ᠤᠬᠠᠭᠠᠨᠢ ᠨᠠᠷᠢᠨ ᠰᠠᠯᠪᠤᠷᠢ ᠳᠤ ᠠᠰᠢᠭᠯᠠᠵᠤ ᠪᠣᠯᠳᠠᠭ᠃

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠬᠠᠶᠢᠯᠤᠭᠤᠷ ᠵᠣᠩᠰᠢᠨ ᠤ ᠰᠤᠳᠤᠯᠭᠠᠨ ᠤ ᠲᠠᠶᠢᠯᠤᠨ, ᠳᠠᠶᠠᠨᠪᠦᠪᠡᠢ᠃ 2010 ᠣᠨ᠃
  • ᠰᠢᠨᠵᠢᠯᠡᠬᠦ ᠤᠬᠠᠭᠠᠨ᠂ ᠲᠧᠭᠨᠢᠭ ᠦᠨ ᠦᠭᠡ ᠬᠡᠯᠡᠯᠭᠡ ᠶᠢᠨ ᠲᠠᠶᠢᠯᠪᠤᠷᠢ ᠲᠣᠯᠢ, ᠳᠠᠶᠠᠨᠪᠦᠪᠡᠢ᠃ 2012 ᠣᠨ᠃

ᠪᠢᠴᠢᠭᠡᠰᠦ