ᠬᠠᠳᠬᠤᠯ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠳᠬᠤᠯᠠ᠂ 2008 ᠣᠨ ᠤ 8 ᠰᠠᠷ᠎ᠠ

ᠬᠠᠳᠬᠤᠯ ᠰᠤᠮᠤ ᠨᠢ ᠬᠥᠪᠰᠥᠭᠥᠯ ᠠᠶᠢᠮᠠᠭ ᠤᠨ ᠰᠤᠮᠤ ᠶᠤᠮ᠃ ᠬᠥᠪᠰᠥᠭᠥᠯ ᠨᠠᠭᠤᠷ ᠍ ᠤᠨ ᠡᠮᠦᠨᠡᠲᠦ ᠦᠵᠦᠭᠦᠷ ᠲᠦ ᠣᠷᠣᠰᠢᠨ᠎ᠠ᠃ ᠬᠠᠳᠬᠤᠯᠠ ᠲᠣᠰᠬᠣᠨ ᠳᠤ ᠨᠢᠰᠬᠦ ᠣᠩᠭᠣᠴᠠᠨ ᠤ ᠪᠠᠭᠤᠳᠠᠯ᠂ ᠤᠰᠤᠨ ᠪᠣᠭᠣᠮᠲᠠ᠂ ᠰᠤᠷᠭᠠᠭᠤᠯᠢ᠂ ᠰᠢᠤᠳᠠᠨ ᠵᠡᠷᠭᠡ ᠠᠯᠪᠠᠨ ᠪᠠᠶᠢᠭᠤᠯᠤᠯᠭ᠎ᠠ ᠨᠤᠭᠤᠳ ᠪᠤᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠳᠬᠤᠯᠠ ᠰᠤᠮᠤ ᠶᠢᠨ ᠨᠤᠲᠤᠭ ᠨᠢ 1600 ᠣᠨ ᠤ ᠳᠤᠮᠳᠠ ᠦᠶ᠎ᠡ ᠬᠦᠷᠲᠡᠯ᠎ᠡ ᠪᠠᠷᠠᠭᠤᠨ ᠮᠣᠩᠭᠣᠯ ᠤᠨ ᠬᠠᠭᠠᠨᠲᠤ ᠤᠯᠤᠰ ᠤᠨ ᠪᠦᠷᠢᠯᠳᠦᠬᠦᠨ ᠨᠤᠲᠤᠭ ᠪᠠᠶᠢᠭᠰᠠᠭᠠᠷ ᠢᠷᠡᠭᠰᠡᠨ ᠶᠤᠮ᠃ ᠡᠨᠡ ᠨᠤᠲᠤᠭ ᠲᠤ ᠪᠠᠷᠠᠭᠤᠨ ᠮᠣᠩᠭᠣᠯ ᠤᠨ ᠴᠡᠷᠢᠭ ᠦᠨ ᠵᠡᠪᠰᠡᠭ ᠦᠨ ᠲᠡᠮᠦᠷ ᠬᠠᠶᠢᠯᠤᠭᠤᠯᠳᠠᠭ ᠭᠠᠵᠠᠷ ᠪᠠᠶᠢᠭᠰᠠᠨ ᠲᠤᠬᠠᠢ ᠣᠷᠣᠰ ᠤᠨ ᠲᠡᠦᠬᠡ ᠰᠤᠷᠪᠤᠯᠵᠢ ᠳᠤ ᠲᠡᠮᠳᠡᠭᠯᠡᠭᠰᠡᠨ ᠪᠠᠶᠢᠳᠠᠭ᠃ ᠬᠠᠳᠬᠤᠯᠠ ᠣᠷᠴᠢᠮ ᠨᠢ ᠵᠡᠪᠰᠡᠭ ᠪᠡᠯᠡᠳᠬᠡᠬᠦ ᠴᠡᠷᠢᠭ ᠦᠨ ᠬᠦᠷᠢᠶ᠎ᠡ ᠪᠠᠭᠤᠳᠠᠯᠯᠠᠳᠠᠭ ᠭᠠᠵᠠᠷ ᠪᠠᠶᠢᠴᠠᠢ᠃ 1696 ᠣᠨ ᠳᠤ ᠬᠠᠯᠬ᠎ᠠ ᠮᠣᠩᠭᠣᠯ ᠮᠠᠨᠵᠤ ᠶᠢᠨ ᠳᠠᠷᠤᠯᠠᠯ ᠳᠤ ᠣᠷᠣᠰᠣᠨ ᠠᠴᠠ ᠬᠣᠶᠢᠰᠢ ᠣᠷᠣᠰ ᠤᠨ ᠬᠢᠯᠢ ᠶᠢᠨ ᠳᠠᠭᠠᠤ ᠬᠠᠷᠠᠭᠤᠯ ᠤᠨ ᠠᠯᠪᠠ ᠪᠠᠶᠢᠭᠤᠯᠤᠭᠳᠠᠬᠤ ᠳᠤ ᠣᠳᠣ ᠶᠢᠨ ᠬᠠᠳᠬᠤᠯᠠ ᠣᠷᠴᠢᠮ ᠳᠤ ᠬᠠᠳᠬᠤᠯᠠ ᠬᠠᠷᠠᠭᠤᠯ ᠢ ᠪᠠᠶᠢᠭᠤᠯᠵᠠᠢ᠃ ᠢᠩᠭᠢᠵᠦ ᠬᠠᠳᠬᠤᠯᠠ ᠰᠤᠮᠤ ᠶᠢᠨ ᠰᠤᠤᠷ ᠤᠨ ᠭᠠᠵᠠᠷ ᠪᠣᠯᠬᠤ ᠡᠬᠢᠯᠡᠯ ᠲᠠᠯᠪᠢᠭᠳᠠᠵᠤ ᠡᠬᠢᠯᠡᠵᠡᠢ᠃ ᠤᠯᠠᠮ ᠢᠶᠠᠷ ᠮᠠᠨᠵᠤ᠂ ᠬᠢᠲᠠᠳ᠂ ᠮᠣᠩᠭᠣᠯ ᠨᠣᠶᠠᠳ ᠬᠠᠳᠬᠤᠯᠠ ᠣᠷᠴᠢᠮ ᠤᠨ ᠭᠠᠵᠠᠷ ᠨᠤᠲᠤᠭ ᠤᠨ ᠲᠠᠩᠰᠤᠭ ᠰᠠᠶᠢᠬᠠᠨ ᠪᠠᠶᠢᠭᠠᠯ ᠢ ᠬᠠᠷᠠᠭᠠᠳ ᠪᠢᠰᠢᠷᠡᠵᠦ᠂ ᠡᠨᠡ ᠨᠤᠲᠤᠭ ᠢ ᠠᠮᠠᠷᠠᠵᠤ ᠵᠤᠭᠠᠴᠠᠬᠤ ᠳᠤ ᠠᠶᠠᠲᠠᠢ ᠲᠣᠬᠢᠲᠠᠢ ᠭᠠᠵᠠᠷ ᠶᠤᠮ ᠭᠡᠵᠦ ᠦᠵᠡᠵᠦ ᠣᠶᠢᠷ᠎ᠠ ᠬᠠᠪᠢ ᠳᠤ ᠨᠢ ᠠᠶᠢᠯ ᠮᠠᠯ ᠪᠠᠶᠢᠯᠭᠠᠬᠤ ᠦᠭᠡᠢ ᠪᠠᠶᠢᠬᠤ ᠶᠢ ᠱᠠᠭᠠᠷᠳᠠᠵᠤ ᠪᠠᠶᠢᠴᠠᠢ᠃ ᠡᠶᠢᠨᠬᠦᠦ ᠨᠢ 1727 ᠣᠨ ᠠᠴᠠ ᠬᠠᠳᠬᠤᠯᠠ ᠰᠤᠤᠷ ᠤᠨ ᠭᠠᠵᠠᠷ ᠤᠨ ᠰᠢᠨᠵᠢ ᠶᠢ ᠣᠯᠵᠤ ᠪᠠᠶᠢᠭᠤᠯᠤᠭᠳᠠᠵᠠᠢ᠃ 1910 ᠣᠨ ᠭᠡᠬᠦ ᠳᠦ ᠣᠷᠣᠰᠲᠣᠢ ᠬᠢᠬᠦ ᠬᠤᠳᠠᠯᠳᠤᠭᠠᠨ ᠤ ᠵᠠᠮ ᠳᠠᠭᠠᠷᠢᠵᠤ ᠥᠩᠭᠡᠷᠡᠳᠡᠭ ᠪᠢᠴᠢᠬᠠᠨ ᠲᠣᠰᠬᠣᠨ ᠪᠣᠯᠤᠭᠰᠠᠨ ᠪᠠᠶᠢᠪᠠ᠃ 1914 ᠣᠨ ᠳᠤ ᠣᠷᠣᠰ ᠤᠨ ᠬᠢᠯᠢ ᠶᠢᠨ ᠬᠣᠲᠠ ᠮᠣᠨᠳᠢ ᠠᠴᠠ ᠤᠯᠢᠶᠠᠰᠤᠲᠠᠢ ᠬᠦᠷᠲᠡᠯ᠎ᠡ ᠲᠧᠯᠧᠭᠷᠠᠹ ᠤᠨ ᠱᠤᠭᠤᠮ ᠲᠠᠲᠠᠭᠳᠠᠭᠰᠠᠨ ᠨᠢ ᠬᠠᠳᠬᠠᠯ ᠢ ᠳᠠᠭᠠᠷᠢᠨ ᠥᠩᠭᠡᠷᠡᠴᠢ ᠪᠠᠶᠢᠭᠰᠠᠨ ᠪᠥᠭᠡᠳ 1921 ᠣᠨ ᠤ ᠪᠠᠶᠢᠳᠠᠯ ᠢᠶᠠᠷ 150 ᠣᠷᠣᠰ ᠢᠷᠭᠡᠨ ᠠᠮᠢᠳᠤᠷᠠᠳᠠᠭ ᠮᠣᠩᠭᠣᠯ ᠤᠨ ᠬᠣᠶᠢᠳᠤ ᠵᠦᠭ ᠦᠨ ᠤᠯᠢᠶᠠᠰᠤᠲᠠᠢ ᠬᠣᠲᠠ ᠶᠢᠨ ᠳᠠᠷᠤᠭ᠎ᠠ ᠤᠷᠤᠬᠤ ᠲᠣᠮᠣᠬᠠᠨ ᠰᠤᠤᠷ ᠤᠨ ᠭᠠᠵᠠᠷ ᠤᠨ ᠨᠢᠭᠡ ᠪᠣᠯᠵᠠᠢ ᠪᠠᠶᠢᠴᠠᠢ᠃ 1921 ᠣᠨ ᠳᠤ ᠣᠷᠣᠰ ᠤᠨ ᠴᠠᠭᠠᠨ ᠴᠡᠷᠢᠭ ᠬᠠᠳᠬᠠᠯ ᠢ ᠡᠵᠡᠯᠡᠨ ᠠᠪᠬᠠᠳᠠ ᠳ᠃ᠰᠦᠬᠡᠪᠠᠭᠠᠲᠤᠷ 《...ᠪᠢᠳᠡ ᠤᠮᠠᠷ᠎ᠠ ᠵᠦᠭ ᠦᠨ ᠭᠣᠣᠯ ᠰᠲᠷᠠᠲ᠋ᠧᠺ ᠤᠨ ᠴᠢᠬᠤᠯᠠ ᠭᠠᠵᠠᠷ ᠢᠶᠠᠨ ᠳᠠᠶᠢᠰᠤᠨ ᠳᠤ ᠠᠯᠠᠳᠠᠯ᠎ᠠ ᠭᠡᠵᠦ ᠣᠨᠴᠠᠭᠠᠶᠢᠯᠠᠨ ᠲᠥᠯᠥᠪᠯᠡᠭᠡ ᠵᠣᠬᠢᠶᠠᠵᠤ ᠴᠣᠶᠢᠪᠠᠯᠰᠠᠩ ᠲᠡᠷᠢᠭᠦᠲᠡᠢ ᠴᠡᠷᠢᠭ ᠬᠥᠳᠡᠯᠭᠡᠨ ᠴᠢᠯᠦᠭᠡᠯᠡᠵᠦ ᠪᠠᠶᠢᠭᠰᠠᠨ》 ᠮᠣᠩᠭᠣᠯ ᠣᠷᠣᠨ ᠤ ᠴᠢᠬᠤᠯᠠ ᠭᠠᠵᠠᠷ ᠤᠨ ᠨᠢᠭᠡ ᠶᠤᠮ᠃

1921 ᠣᠨ ᠳᠤ ᠬᠠᠳᠬᠤᠯᠠ ᠨᠢ ᠪᠥᠰᠡ ᠨᠤᠲᠤᠭ ᠤᠨ ᠢᠶᠠᠨ ᠵᠠᠰᠠᠭ ᠵᠠᠬᠢᠷᠭᠠᠨ ᠤ ᠲᠥᠪ ᠨᠢ ᠪᠣᠯᠪᠠ᠃ 1931 ᠣᠨ ᠳᠤ ᠬᠥᠪᠰᠥᠭᠥᠯ ᠠᠶᠢᠮᠠᠭ ᠵᠣᠬᠢᠶᠠᠨ ᠪᠠᠶᠢᠭᠤᠯᠤᠭᠳᠠᠬᠤ ᠳᠤ ᠠᠶᠢᠮᠠᠭ ᠤᠨ ᠲᠥᠪ ᠪᠣᠯᠵᠤ ᠪᠠᠶᠢᠭᠰᠠᠨ ᠴᠤ 1933 ᠣᠨ ᠳᠤ ᠠᠶᠢᠮᠠᠭ ᠤᠨ ᠲᠥᠪ ᠢ ᠮᠥᠷᠡᠨ ᠤᠷᠤᠭᠤ ᠰᠢᠯᠵᠢᠭᠦᠯᠵᠡᠢ᠃

1990 ᠣᠨ ᠤ ᠪᠠᠶᠢᠳᠠᠯ ᠢᠶᠠᠷ 7000 ᠣᠷᠴᠢᠮ ᠣᠷᠣᠰᠢᠨ ᠰᠠᠭᠤᠭᠴᠢ ᠲᠠᠢ ᠪᠠᠶᠢᠭᠰᠠᠨ ᠲᠤᠰ ᠲᠣᠰᠬᠣᠨ ᠳᠤ ᠪᠠᠭ᠎ᠠ ᠣᠪᠣᠷ ᠤᠨ ᠴᠠᠬᠢᠯᠭᠠᠨ ᠰᠲ᠋ᠠᠨᠼ ᠪᠠᠷᠢᠭᠳᠠᠭᠰᠠᠨ ᠴᠤ ᠤᠳᠠᠯ ᠦᠭᠡᠢ ᠮᠣᠳᠣᠨ ᠤ ᠦᠢᠯᠡᠳᠪᠦᠷᠢ ᠬᠠᠭᠠᠭᠳᠠᠵᠤ᠂ ᠠᠴᠢᠶ᠎ᠠ ᠲᠡᠭᠡᠭᠡᠪᠦᠷᠢᠯᠡᠯᠲᠡ ᠪᠠᠭᠠᠰᠤᠭᠰᠠᠨ ᠲᠤᠯᠠ ᠬᠦᠮᠦᠰ ᠬᠠᠳᠬᠠᠯ ᠢ ᠣᠷᠬᠢᠨ ᠣᠳᠬᠤ ᠨᠢ ᠨᠡᠮᠡᠭᠳᠡᠭᠰᠡᠭᠡᠷ 1994 ᠣᠨ ᠳᠤ 3,756, 2000 ᠣᠨ ᠳᠤ 2,498 ᠣᠷᠣᠰᠢᠨ ᠰᠠᠭᠤᠭᠴᠢ ᠲᠠᠢ ᠭᠡᠵᠦ ᠪᠦᠷᠢᠳᠬᠡᠭᠳᠡᠵᠡᠢ᠃ 2006 ᠣᠨ ᠤ 12 ᠰᠠᠷ᠎ᠠ ᠶᠢᠨ ᠪᠠᠶᠢᠳᠠᠯ ᠢᠶᠠᠷ 2,796 ᠣᠷᠣᠰᠢᠨ ᠰᠠᠭᠤᠭᠴᠢ ᠲᠠᠢ ᠪᠠᠶᠢᠭᠰᠠᠨ ᠲᠣᠭᠠᠴᠠᠭ᠎ᠠ ᠪᠠᠶᠢᠨ᠎ᠠ᠃ ([1]). ᠨᠢᠭᠡ ᠬᠡᠰᠡᠭ ᠬᠠᠳᠬᠤᠯᠠ ᠨᠢ ᠲᠣᠰᠬᠣᠨ ᠤ ᠪᠠᠢᠳᠠᠯ ᠠᠯᠳᠠᠵᠤ᠂ ᠠᠯᠠᠭ-ᠡᠷᠳᠡᠨᠢ ᠰᠤᠮᠤᠨ ᠳᠤ ᠨᠢᠭᠡᠳᠬᠡᠭᠳᠡᠭᠰᠡᠨ ᠪᠣᠯᠪᠠᠴᠤ 1996 ᠣᠨ ᠳᠤ ᠬᠠᠳᠬᠤᠯᠠ ᠰᠤᠮᠤ ᠶᠢ ᠪᠤᠢ ᠪᠣᠯᠭᠠᠵᠠᠢ᠃ 2007 ᠣᠨ ᠳᠤ ᠬᠠᠳᠬᠤᠯᠠ ᠨᠢ ᠲᠥᠪ ᠦᠨ ᠡᠷᠴᠢᠮ ᠬᠦᠴᠦᠨ ᠦ ᠱᠤᠭᠤᠮ ᠪᠣᠯᠤᠨ ᠡᠭᠦᠷ ᠦᠨ ᠬᠣᠯᠪᠣᠭᠠᠨ ᠤ ᠰᠦᠯᠵᠢᠶᠡᠨ ᠳᠦ ᠬᠣᠯᠪᠣᠭᠳᠠᠭᠰᠠᠨ ᠪᠠᠶᠢᠨ᠎ᠠ᠃ ᠣᠳᠣ ᠴᠤ ᠠᠯᠡᠭᠡᠷᠳᠡᠨ᠎ᠡ ᠰᠤᠮᠤ ᠶᠢᠨ ᠬᠠᠷᠢᠶ᠎ᠠ ᠲᠣᠰᠬᠣᠨ ᠪᠠᠶᠢᠭ᠎ᠠ ᠰᠢᠦ ᠳ᠋ᠡ

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠪᠰᠥᠭᠥᠯ ᠨᠠᠭᠤᠷ ᠤᠨ ᠡᠷᠭᠢ ᠳᠡᠭᠡᠷ᠎ᠡ ᠪᠠᠶᠢᠷᠢᠯᠠᠬᠤ ᠭᠡᠷ ᠬᠣᠲᠠᠬᠠᠨ ᠨᠤᠭᠤᠳ᠂ ᠠᠮᠠᠷᠠᠯᠲᠠ ᠶᠢᠨ ᠭᠠᠵᠠᠷ ᠤᠳ ᠲᠤ ᠵᠣᠴᠢᠯᠠᠭᠰᠠᠳ ᠬᠠᠳᠬᠠᠯ ᠢᠶᠠᠷ ᠳᠠᠭᠠᠷᠢᠵᠤ ᠥᠩᠭᠡᠷᠡᠳᠡᠭ ᠲᠤᠯᠠ ᠲᠤᠰ ᠰᠤᠮᠤ ᠶᠢᠨ ᠡᠳ᠋ ᠍ ᠦᠨ ᠵᠠᠰᠠᠭ ᠲᠤ ᠠᠶᠠᠯᠠᠯ ᠵᠢᠭᠤᠯᠴᠢᠯᠠᠯ ᠤᠨ ᠰᠠᠯᠪᠤᠷᠢ ᠶᠡᠬᠡᠬᠡᠨ ᠨᠥᠯᠥᠭᠡ ᠦᠵᠡᠭᠦᠯᠦᠨ᠎ᠡ᠃ 2007 ᠣᠨ ᠳᠤ ᠨᠢᠰᠬᠦ ᠣᠩᠭᠣᠴᠠᠨ ᠤ ᠪᠠᠭᠤᠳᠠᠯ ᠰᠢᠨ᠎ᠡ ᠪᠡᠷ ᠪᠠᠷᠢᠭᠳᠠᠵᠤ ᠠᠰᠢᠭᠯᠠᠯᠲᠠ ᠳᠤ ᠣᠷᠣᠭᠰᠠᠨ [2]. ᠮᠣᠩᠭᠣᠯ ᠤᠨ ᠢᠷᠭᠡᠨ ᠦ ᠠᠭᠠᠷ ᠤᠨ ᠲᠡᠭᠡᠭᠡᠪᠦᠷᠢ ᠺᠣᠮᠫᠠᠨᠢ ᠶᠢᠨ ᠣᠩᠭᠣᠴᠠ ᠤᠯᠠᠭᠠᠨᠪᠠᠭᠠᠲᠤᠷ-ᠬᠠᠳᠬᠠᠯ ᠤᠨ ᠴᠢᠭᠯᠡᠯ ᠳᠦ ᠨᠢᠰᠳᠡᠭ᠃

ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠳᠬᠤᠯᠠ ᠰᠤᠮᠤ ᠠᠴᠠ ᠲᠥᠷᠥᠨ ᠭᠠᠷᠤᠭᠰᠠᠨ ᠠᠯᠳᠠᠷᠲᠠᠢ ᠬᠦᠮᠦᠰ:

  • ᠪ᠃ᠴᠢᠳᠠᠷᠭᠠᠪᠠᠯ - 《ᠰᠦᠬᠡᠪᠠᠭᠠᠲᠤᠷ》 ᠤᠰᠤᠨ ᠣᠩᠭᠣᠴᠠᠨ ᠤ ᠠᠩᠬᠠᠨ ᠤ ᠠᠬᠠᠮᠠᠳ᠂ ᠭᠠᠪᠢᠶᠠᠲᠤ ᠲᠡᠭᠡᠭᠡᠪᠦᠷᠢᠴᠢᠨ
  • ᠴᠤ᠃ᠪᠠᠲᠤ - 《ᠰᠦᠬᠡᠪᠠᠭᠠᠲᠤᠷ》 ᠤᠰᠤᠨ ᠣᠩᠭᠣᠴᠠᠨ ᠤ ᠬᠣᠶᠠᠷ ᠳ᠋ᠡᠬᠢ ᠠᠬᠠᠮᠠᠳ ᠦᠶ᠎ᠡ ᠵᠠᠯᠭᠠᠮᠵᠢᠯᠠᠭᠰᠠᠨ ᠠᠬᠠᠮᠠᠳ
  • ᠪ᠃ᠨᠢᠮ᠎ᠠ-ᠣᠴᠢᠷ - ᠬᠠᠳᠬᠤᠯᠠ ᠰᠤᠮᠤ ᠶᠢᠨ ᠵᠠᠰᠠᠭ ᠳᠠᠷᠤᠭ᠎ᠠ ᠠᠰᠠᠨ᠂ 1987-1997 ᠣᠨ ᠤ ᠬᠣᠭᠣᠷᠣᠨᠳᠣ ᠬᠠᠮᠤᠭ ᠤᠨ ᠣᠯᠠᠨ ᠵᠢᠯ ᠵᠠᠰᠠᠭ ᠳᠠᠷᠤᠭ᠎ᠠ ᠪᠠᠷ ᠠᠵᠢᠯᠯᠠᠵᠤ ᠪᠠᠶᠢᠭᠰᠠᠨ᠃ ᠰᠠᠩᠬᠦᠦ ᠶᠢᠨ ᠲᠡᠷᠢᠭᠦᠨ ᠦ ᠠᠵᠢᠯᠲᠠᠨ
  • ᠮ᠃ᠲᠣᠭᠲᠠᠬᠤᠨᠢᠮ᠎ᠠ - ᠬᠡᠦᠬᠡᠳ ᠦᠨ ᠲᠥᠯᠥᠭᠡ ᠦᠨᠳᠦᠰᠦᠨ ᠦ ᠭᠠᠵᠠᠷ ᠤᠨ ᠳᠠᠷᠤᠭ᠎ᠠ᠂ ᠬᠠᠳᠬᠤᠯᠠ ᠰᠤᠮᠤ ᠶᠢᠨ ᠵᠠᠰᠠᠭ ᠳᠠᠷᠤᠭ᠎ᠠ ᠠᠰᠠᠨ
  • ᠯᠠᠮᠠᠵᠠᠪ ᠤᠨ ᠭᠦᠨᠳᠠᠯᠠᠢ - ᠡᠷᠡᠭᠦᠯ ᠮᠡᠨᠳᠦ ᠶᠢᠨ ᠰᠠᠶᠢᠳ ᠠᠰᠠᠨ᠂ ᠤᠯᠤᠰ ᠤᠨ ᠶᠡᠬᠡ ᠬᠤᠷᠠᠯ ᠤᠨ ᠭᠡᠰᠢᠭᠦᠨ


ᠪᠢᠴᠢᠭᠡᠰᠦ