ᠬᠠᠲᠠᠨᠪᠤᠯᠠᠭ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠠᠲᠠᠨᠪᠤᠯᠠᠭ (ᠬᠠᠲᠠᠨᠪᠤᠯᠠᠭ) ᠨᠢ ᠳᠣᠷᠣᠨᠠᠭᠣᠪᠢ ᠠᠶᠢᠮᠠᠭ ᠤᠨ ᠰᠤᠮᠤ ᠶᠤᠮ᠃

ᠬᠠᠲᠠᠨᠪᠤᠯᠠᠭ ᠰᠤᠮᠤ

ᠰᠠᠶᠢᠨᠱᠠᠩᠳᠠ ᠠᠴᠠ 240 ᠺᠢᠯᠣᠮᠧᠲ᠋ᠷ᠃ ᠲᠤᠰ ᠰᠤᠮᠤ 6 ᠪᠠᠭ ᠲᠠᠢ᠃ ᠬᠦᠮᠦᠨ ᠠᠮᠠ 3096. ᠣᠳᠣ ᠶᠢᠨ ᠪᠠᠶᠢᠳᠠᠯ ᠢᠶᠠᠷ ᠰᠠᠯᠬᠢᠨ ᠤ ᠰᠡᠷᠭᠡᠭᠳᠡᠬᠦ ᠡᠷᠴᠢᠮ ᠬᠦᠴᠦᠨ ᠦ ᠡᠬᠢ ᠡᠭᠦᠰᠪᠦᠷᠢ ᠲᠡᠢ ᠪᠠᠶᠢᠨ᠎ᠠ᠃ ᠡᠭᠦᠷ ᠦᠨ ᠲᠧᠯᠧᠹᠣᠨ ᠦᠢᠯᠡᠴᠢᠯᠡᠭᠡ ᠨᠡᠪᠲᠡᠷᠡᠭᠰᠡᠨ᠃ ᠲᠤᠰ ᠰᠤᠮᠤᠨ ᠳᠤ 400 ᠰᠠᠭᠤᠳᠠᠯ ᠲᠠᠢ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ᠂ 80 ᠣᠷᠣ ᠲᠠᠢ ᠳᠣᠲᠣᠭᠤᠷ ᠪᠠᠶᠢᠷᠢ᠂ 12 ᠣᠷᠣ ᠲᠠᠢ ᠬᠦᠮᠦᠨ ᠡᠮᠨᠡᠯᠭᠡ᠂ 100 ᠣᠷᠣ ᠲᠠᠢ ᠬᠡᠦᠬᠡᠳ ᠦᠨ ᠴᠡᠴᠡᠷᠯᠢᠭ᠂ 200 ᠰᠠᠭᠤᠳᠠᠯ ᠲᠠᠢ ᠰᠤᠶᠤᠯ ᠤᠨ ᠲᠥᠪ ᠠᠵᠢᠯᠯᠠᠳᠠᠭ᠃

ᠡᠷᠭᠢᠯ ᠤᠨ ᠵᠣ ᠫᠠᠯᠧᠣᠨᠲ᠋ᠯᠢᠭ ᠤᠨ ᠳᠤᠷᠠᠰᠬᠠᠯᠲᠤ ᠭᠠᠵᠠᠷ ᠹᠠᠢᠢᠯ:Egeliin zoo.jpg

ᠳᠣᠷᠣᠨᠠᠭᠣᠪᠢ ᠠᠶᠢᠮᠠᠭ ᠤᠨ ᠬᠠᠲᠠᠨᠪᠤᠯᠠᠭ ᠰᠤᠮᠤ ᠶᠢᠨ ᠨᠤᠲᠤᠭ ᠳᠠᠬᠢ ᠭᠣᠪᠢ ᠶᠢᠨ ᠦᠵᠡᠰᠬᠦᠯᠡᠩ ᠲᠡᠢ ᠰᠠᠶᠢᠬᠠᠨ ᠭᠠᠵᠠᠷ ᠤᠳ ᠤᠨ ᠨᠢᠭᠡ ᠪᠠ ᠰᠤᠮᠤ ᠶᠢᠨ ᠲᠥᠪ ᠡᠴᠡ ᠪᠠᠷᠠᠭᠤᠨ ᠬᠣᠶᠢᠰᠢ 20 ᠭᠠᠷᠤᠢ km ᠵᠠᠶᠢᠲᠠᠢ ᠪᠥᠭᠡᠳ ᠡᠨᠡ ᠨᠤᠲᠤᠭ ᠠᠴᠠ ᠣᠯᠳᠠᠭᠰᠠᠨ ᠡᠷᠲᠡ ᠭᠠᠯᠪᠠ ᠶᠢᠨ ᠣᠯᠠᠨ ᠠᠮᠢᠲᠠᠨ ᠤ ᠴᠢᠯᠠᠭᠤᠵᠢᠭ᠌ᠰᠠᠨ ᠶᠠᠰᠤ ᠳᠡᠯᠡᠬᠡᠢ ᠶᠢᠨ ᠪᠣᠯᠤᠨ ᠮᠣᠩᠭᠣᠯ ᠤᠨ ᠪᠠᠶᠢᠭᠠᠯᠢ ᠶᠢᠨ ᠲᠡᠦᠬᠡ ᠶᠢᠨ ᠮᠦᠽᠧᠢ ᠨᠦᠭᠦᠳ ᠲᠦ ᠬᠠᠳᠠᠭᠠᠯᠠᠭᠳᠠᠵᠤ ᠪᠠᠶᠢᠳᠠᠭ᠃ ᠪᠠᠶᠢᠭᠠᠯᠢ ᠶᠢᠨ ᠰᠣᠨᠢᠨ ᠲᠣᠭᠲᠠᠴᠠ ᠲᠠᠢ ᠠᠷᠬᠧᠣᠯᠣᠭᠢ ᠶᠢᠨ ᠣᠯᠳᠠᠪᠤᠷᠢ ᠶᠡᠬᠡ ᠲᠡᠢ ᠭᠠᠵᠠᠷ ᠪᠥᠭᠡᠳ 30 ᠰᠠᠶ᠎ᠠ ᠭᠠᠷᠤᠢ ᠵᠢᠯ ᠦᠨ ᠡᠮᠦᠨᠡᠬᠢ ᠰᠢᠮ᠎ᠡ ᠶᠢᠷᠲᠢᠨᠴᠦ ᠶᠢᠨ ᠭᠡᠷᠡᠴᠢ ᠪᠣᠯᠤᠭᠰᠠᠨ ᠡᠷᠲᠡᠨ ᠦ ᠰᠦᠨ ᠲᠡᠵᠢᠭᠡᠯᠲᠡᠨ ᠵᠢᠭᠠᠰᠤ᠂ ᠶᠠᠰᠤᠲᠤ ᠮᠡᠯᠡᠬᠡᠢ᠂ ᠭᠦᠷᠪᠡᠯ ᠵᠡᠷᠭᠡ ᠰᠡᠭᠡᠷ ᠨᠢᠷᠤᠭᠤᠲᠠᠨ ᠤ ᠣᠯᠳᠠᠪᠤᠷᠢ ᠶᠢ ᠬᠠᠳᠠᠭᠠᠯᠠᠭᠰᠠᠨ ᠬᠤᠷᠠᠳᠠᠰᠤ ᠴᠢᠯᠠᠭᠤᠯᠢᠭ ᠠᠴᠠ ᠲᠣᠭᠲᠠᠭᠰᠠᠨ ᠰᠢᠷᠡᠭᠡ ᠬᠡᠯᠪᠡᠷᠢ ᠶᠢᠨ ᠲᠡᠭᠰᠢ ᠥᠨᠳᠥᠷᠯᠢᠭ ᠶᠤᠮ᠃ ᠡᠶᠢᠮᠦ ᠡᠴᠡ ᠡᠷᠲᠡᠨ ᠦ ᠠᠮᠢᠲᠠᠨ᠂ ᠤᠷᠭᠤᠮᠠᠯ ᠤᠨ ᠬᠣᠪᠣᠷ ᠣᠯᠳᠠᠪᠤᠷᠢ ᠶᠢ ᠪᠠᠶᠢᠭᠠᠯᠢ ᠶᠢᠨ ᠪᠠᠶᠢᠳᠠᠯ ᠢᠶᠠᠷ ᠨᠢ ᠬᠠᠳᠠᠭᠠᠯᠠᠬᠤ ᠵᠣᠷᠢᠯᠭ᠎ᠠ ᠪᠠᠷ 1996 ᠣᠨ ᠳᠤ ᠤᠯᠤᠰ ᠤᠨ ᠶᠡᠬᠡ ᠬᠤᠷᠠᠯ ᠤᠨ 43 ᠳ᠋ᠤᠭᠠᠷ ᠲᠣᠭᠲᠠᠭᠠᠯ ᠢᠶᠠᠷ 609 ᠺᠢᠯᠣᠮᠧᠲ᠋ᠷ ᠺᠦᠸᠠᠳ᠋ ᠲᠠᠯᠠᠪᠠᠢ ᠶᠢ ᠤᠯᠤᠰ ᠤᠨ ᠲᠤᠰᠬᠠᠢ ᠬᠠᠮᠠᠭᠠᠯᠠᠯᠲᠠ ᠳᠤ ᠠᠪᠤᠭᠰᠠᠨ ᠪᠠᠶᠢᠨ᠎ᠠ᠃ ᠠᠩᠬ᠎ᠠ 1920 ᠣᠨ ᠳᠤ ᠠᠮᠧᠷᠢᠺᠠ ᠶᠢᠨ ᠡᠷᠳᠡᠮᠲᠡᠨ ᠷᠣᠢ ᠴᠫᠮᠧᠨ ᠡᠨᠳᠡᠷᠰ ᠰᠤᠳᠤᠯᠵᠤ ᠪᠠᠶᠢᠭᠰᠠᠨ ᠪᠠᠶᠢᠨ᠎ᠠ᠃ ᠣᠷᠣᠰ ᠤᠨ ᠡᠷᠳᠡᠮᠲᠡᠨ ᠢ᠃ᠠ᠃ᠧᠹᠷᠧᠮᠣᠪ᠂ ᠫᠣᠯᠢᠰᠢ ᠶᠢᠨ ᠨᠡᠷᠡᠲᠦ ᠡᠷᠳᠡᠮᠲᠡᠨ ᠺ᠃ᠶᠠᠪᠠᠷᠠᠪᠰᠺᠠᠶ᠎ᠠ ᠨᠠᠷ ᠤᠨ ᠤᠳᠤᠷᠢᠳᠤᠭᠰᠠᠨ ᠣᠯᠠᠨ ᠡᠺᠰᠫᠧᠳᠢᠼ ᠠᠵᠢᠯᠯᠠᠵᠤ ᠪᠠᠶᠢᠴᠠᠢ᠃ ᠡᠨᠡ ᠭᠠᠵᠠᠷ ᠤᠨ ᠲᠤᠬᠠᠢ ᠳᠡᠯᠡᠬᠡᠢ ᠶᠢᠨ ᠡᠷᠳᠡᠮᠲᠡᠳ ᠦᠨ ᠪᠢᠴᠢᠭᠰᠡᠨ 50 ᠣᠷᠴᠢᠮ ᠡᠷᠳᠡᠮ ᠰᠢᠨᠵᠢᠯᠡᠭᠡᠨ ᠦ ᠪᠦᠲᠦᠭᠡᠯ ᠦᠳ ᠪᠠᠶᠢᠳᠠᠭ ᠪᠠ ᠲᠡᠳᠡᠭᠡᠷ ᠲᠦ 《ᠠᠯᠲᠠᠨ ᠠᠭᠤᠯᠠ》 ᠬᠡᠮᠡᠨ ᠨᠡᠷᠡᠯᠡᠭᠳᠡᠵᠦ ᠡᠨᠡ ᠨᠡᠷ᠎ᠡ ᠪᠡᠷ ᠠᠯᠳᠠᠷᠰᠢᠭᠰᠠᠨ ᠪᠠᠶᠢᠨ᠎ᠠ᠃ ᠡᠷᠭᠢᠯ ᠦᠨ ᠵᠣᠭᠣᠭ ᠠᠴᠠ ᠣᠯᠳᠠᠭᠰᠠᠨ ᠡᠷᠲᠡ ᠭᠠᠯᠪᠠ ᠶᠢᠨ ᠣᠯᠠᠨ ᠠᠮᠢᠲᠠᠨ ᠤ ᠴᠢᠯᠠᠭᠤᠵᠢᠭ᠌ᠰᠠᠨ ᠶᠠᠰᠤ ᠳᠡᠯᠡᠬᠡᠢ ᠶᠢᠨ ᠪᠣᠯᠤᠨ ᠮᠣᠩᠭᠣᠯ ᠤᠨ ᠪᠠᠶᠢᠭᠠᠯᠢ ᠶᠢᠨ ᠲᠡᠦᠬᠡ ᠶᠢᠨ ᠮᠦᠽᠧᠢ ᠨᠦᠭᠦᠳ ᠲᠦ ᠬᠠᠳᠠᠭᠠᠯᠠᠭᠳᠠᠵᠤ ᠪᠠᠶᠢᠨ᠎ᠠ᠃ ᠡᠷᠲᠡ ᠳᠡᠭᠡᠷ᠎ᠡ ᠦᠶᠡᠰ ᠠᠷᠠᠳ ᠲᠦᠮᠡᠨ ᠡᠨᠡ ᠨᠤᠲᠤᠭ ᠢ ᠲᠠᠬᠢᠨ ᠰᠢᠲᠦᠵᠦ᠂ ᠮᠣᠷᠢ ᠤᠷᠤᠯᠳᠤᠭᠤᠯᠵᠤ᠂ ᠪᠥᠬᠡ ᠪᠠᠷᠢᠯᠳᠤᠳᠠᠭ ᠪᠠᠶᠢᠭᠰᠠᠨ ᠳᠣᠮᠣᠭ ᠶᠠᠷᠢᠶ᠎ᠠ ᠪᠠᠶᠢᠳᠠᠭ᠃

ᠡᠨᠳᠡ ᠪᠤᠳᠤᠷᠭᠠᠨ᠎ᠠ᠂ ᠰᠢᠷ᠎ᠠ ᠮᠣᠳᠣ᠂ ᠭᠠᠰᠢᠭᠤᠨ ᠰᠤᠯᠢ᠂ ᠠᠭᠢ᠂ ᠬᠥᠮᠡᠯᠢ᠂ ᠲᠠᠭᠠᠨ᠎ᠠ᠂ ᠶᠥᠷᠬᠥᠭ᠂ ᠲᠡᠰᠬᠢ᠂ ᠭᠣᠶᠣᠣ᠂ ᠴᠤᠯᠢᠬᠢᠷ᠂ ᠬᠠᠷᠮᠠᠭ᠂ ᠠᠯᠲᠠᠨ ᠬᠠᠷᠭᠠᠨ᠎ᠠ᠂ ᠬᠠᠶᠢᠯᠠᠰᠤ ᠵᠡᠷᠭᠡ ᠤᠷᠭᠤᠮᠠᠯ ᠤᠷᠭᠤᠳᠠᠭ᠃

ᠠᠮᠢᠲᠠᠨ ᠤ ᠠᠶᠢᠮᠠᠭ ᠤᠨ ᠬᠤᠪᠢ ᠳᠤ ᠬᠠᠷ᠎ᠠ ᠰᠡᠭᠦᠯᠲᠦ᠂ ᠴᠠᠭᠠᠨ ᠵᠡᠭᠡᠷ᠎ᠡ᠂ ᠬᠤᠯᠠᠨ ᠵᠡᠷᠭᠡ ᠭᠣᠪᠢ ᠶᠢᠨ ᠤᠨᠠᠭᠠᠨ ᠠᠮᠢᠲᠠᠳ᠂ ᠦᠨᠡᠭᠡ᠂ ᠴᠢᠨᠣ᠎ᠠ᠂ ᠬᠢᠷᠰᠠ᠂ ᠰᠢᠯᠦᠭᠦᠰᠦ᠂ ᠳᠣᠷᠣᠭᠣ ᠵᠡᠷᠭᠡ ᠬᠥᠬᠥᠲᠡᠨ ᠠᠮᠢᠲᠠᠳ᠂ ᠨᠣᠭᠲᠣᠷᠣ᠂ ᠢᠲᠠᠭᠤ᠂ ᠡᠯᠢᠶ᠎ᠡ᠂ ᠬᠡᠷᠢᠶ᠎ᠡ᠂ ᠤᠭᠤᠯᠢ᠂ ᠰᠠᠷ᠎ᠠ᠂ ᠲᠣᠭᠣᠳᠠᠭ ᠵᠡᠷᠭᠡ ᠣᠯᠠᠨ ᠵᠦᠢᠯ ᠵᠢᠭᠦᠷᠲᠡᠨ ᠰᠢᠪᠠᠭᠤᠳ ᠲᠠᠢ ᠨᠤᠲᠤᠭ ᠶᠤᠮ᠃

ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ