ᠬᠠᠰ ᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠰ ᠤ

ᠬᠠᠰ ᠤ (ᠬᠠᠰᠠᠭ ᠶᠢᠡᠷ қᠠᠰ ᠤ) ᠪᠣᠯ ᠬᠠᠰᠠᠭ ᠪᠣᠯᠤᠨ ᠲᠦᠷᠢᠭ ᠭᠠᠷᠤᠯ ᠲᠠᠢ ᠪᠤᠰᠤᠳ ᠠᠷᠠᠳ ᠲᠦᠮᠡᠨ ᠨᠦᠭᠦᠳ ᠦᠨ ᠤᠯᠠᠮᠵᠢᠯᠠᠯᠲᠤ ᠵᠣᠭᠣᠭ ᠤᠨ ᠨᠢᠭᠡ ᠶᠠᠭᠤᠮ᠎ᠠ᠃ ᠪᠠᠶᠠᠷ ᠤᠨ ᠳᠠᠰᠲᠠᠷᠬᠠᠨ ᠢ (ᠬᠦᠨᠳᠦᠳᠬᠡᠯ ᠦᠨ ᠵᠣᠭᠣᠭ ᠤᠨ ᠰᠢᠷᠡᠭᠡ) ᠬᠠᠰ ᠤ ᠦᠭᠡᠢ ᠪᠡᠷ ᠲᠥᠰᠦᠭᠡᠯᠡᠰᠢ ᠦᠭᠡᠢ᠃

ᠬᠢᠬᠦ ᠠᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠳᠤᠭᠤᠨ ᠤ ᠬᠠᠪᠢᠷᠭ᠎ᠠ ᠶᠢ ᠮᠢᠬ᠎ᠠ ᠲᠠᠢ ᠨᠢ ᠠᠪᠴᠤ 5-7 ᠴᠠᠭ ᠴᠢᠰᠤ ᠶᠢ ᠨᠢ ᠰᠡᠪᠡᠷᠡᠭᠡᠨ᠎ᠡ᠃ ᠠᠳᠤᠭᠤᠨ ᠤ ᠭᠡᠳᠡᠰᠦ ᠶᠢ ᠰᠠᠶᠢᠲᠤᠷ ᠤᠭᠢᠶᠠᠭᠠᠳ ᠳᠠᠪᠤᠰᠤ ᠲᠠᠢ ᠤᠰᠤᠨ ᠳᠤ 1-2 ᠴᠠᠭ ᠰᠣᠶᠢᠳᠠᠭ᠃ ᠬᠠᠪᠢᠷᠭᠠᠨ ᠤ ᠮᠢᠬ᠎ᠠ ᠶᠢ ᠳᠠᠪᠤᠰᠤᠯᠠᠵᠤ᠂ ᠴᠢᠨᠵᠦᠦ ᠪᠡᠷ ᠠᠮᠲᠠᠯᠠᠵᠤ᠂ ᠰᠠᠷᠮᠢᠰ ᠨᠡᠮᠡᠭᠡᠳ᠂ 2-3 ᠴᠠᠭ ᠳᠠᠪᠤᠤᠨ ᠳᠤ ᠣᠷᠢᠶᠠᠵᠤ ᠲᠠᠯᠪᠢᠨ᠎ᠠ᠃ ᠢᠩᠭᠢᠭᠰᠡᠨ ᠦ ᠳᠠᠷᠠᠭ᠎ᠠ ᠮᠢᠬ᠎ᠠ ᠶᠢ ᠭᠡᠳᠡᠰᠦᠨ ᠳᠦ ᠬᠢᠵᠦ᠂ ᠬᠣᠶᠠᠷ ᠦᠵᠦᠭᠦᠷ ᠢ ᠤᠶᠠᠵᠤ ᠪᠣᠭᠣᠨ᠎ᠠ᠃ ᠢᠩᠭᠢᠵᠦ ᠪᠡᠯᠡᠳᠬᠡᠭᠰᠡᠨ ᠬᠠᠰ ᠢ ᠤᠲᠤᠵᠤ ᠪᠣᠯᠤᠨ᠎ᠠ᠂ ᠡᠰᠡᠪᠡᠯ ᠨᠠᠷᠠ ᠲᠠᠢ᠂ ᠰᠠᠯᠬᠢ ᠰᠠᠪᠠᠷ ᠲᠠᠢ ᠭᠠᠵᠠᠷ ᠡᠯᠭᠦᠵᠦ᠂ ᠳᠣᠯᠣᠭ᠎ᠠ ᠬᠣᠨᠣᠭ ᠪᠣᠷᠴᠠᠯᠠᠨ᠎ᠠ᠃ ᠤᠲᠤᠬᠤ ᠳᠤ ᠪᠠᠨ 50-60 ᠬᠡᠮ ᠦᠨ ᠥᠳᠬᠡᠨ ᠤᠲᠤᠭ᠎ᠠ ᠪᠠᠷ 12-18 ᠴᠠᠭ ᠤᠲᠤᠳᠠᠭ᠃

ᠢᠳᠡᠬᠦ ᠶᠢᠨ ᠡᠮᠦᠨ᠎ᠡ ᠵᠥᠭᠡᠯᠡᠨ ᠭᠠᠯ ᠳᠡᠭᠡᠷ᠎ᠡ 2 ᠴᠠᠭ ᠴᠢᠨᠠᠨ᠎ᠠ᠃ ᠪᠣᠯᠤᠭᠰᠠᠨ ᠬᠠᠰ ᠢ 1 ᠰᠠᠨᠲ᠋ᠢᠮᠧᠲ᠋ᠷ ᠵᠤᠵᠠᠭᠠᠨ ᠬᠡᠷᠴᠢᠵᠦ᠂ ᠳᠤᠭᠤᠢ ᠬᠡᠷᠴᠢᠭᠰᠡᠨ ᠰᠣᠩᠭᠢᠨ᠎ᠠ᠂ ᠨᠣᠭᠣᠭᠠᠨ ᠠᠮᠲᠠᠯᠠᠭᠴᠢ ᠨᠣᠭᠣᠭ᠎ᠠ ᠪᠠᠷ ᠴᠢᠮᠡᠳᠡᠭ᠃kk:Қᠠᠰ ᠤ (ᠲᠠғᠠᠮᠠ)

http://wiki.uhaan.com/index.php?title=ᠬᠠᠰ ᠤ&oldid=384799》 ᠍  ᠡᠴᠡ ᠠᠪᠤᠭᠰᠠᠨ

ᠪᠢᠴᠢᠭᠡᠰᠦ