ᠬᠠᠯᠬ᠎ᠠ ᠶᠢᠨ ᠭᠣᠣᠯ ᠤᠨ ᠳᠠᠶᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠬᠠᠯᠬ᠎ᠠ ᠭᠣᠣᠯ ᠤᠨ ᠳᠠᠶᠢᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠬᠠᠯᠬ᠎ᠠ ᠶᠢᠨ ᠭᠣᠣᠯ ᠤᠨ ᠪᠠᠶᠢᠯᠳᠤᠭᠠᠨ
ᠬᠠᠮᠢᠶᠠᠷᠬᠤ ᠳᠠᠶᠢᠨ: ᠵᠥᠪᠯᠡᠯᠲᠦ ᠬᠣᠯᠪᠣᠭᠠᠲᠤ ᠤᠯᠤᠰ-ᠶᠠᠫᠣᠨ ᠤ ᠬᠢᠯᠢ ᠶᠢᠨ ᠳᠠᠢᠨ ᠨᠤᠭᠤᠳ
SovietArmouredVehicle.jpg
ᠬᠠᠯᠬ᠎ᠠ ᠭᠣᠣᠯ ᠤᠨ ᠨᠢᠭᠡᠨ ᠲᠤᠯᠤᠯᠳᠤᠭᠠᠨ ᠤ ᠦᠶ᠎ᠡ ᠪᠡᠷ ᠤᠰᠠᠳᠬᠠᠭᠳᠠᠭᠰᠠᠨ ᠵᠥᠪᠯᠡᠯᠲᠦ ᠶᠢᠨ ᠪA-10M ᠵᠠᠭᠪᠤᠷ ᠤᠨ ᠬᠤᠶᠠᠭᠲᠤ ᠮᠠᠰᠢᠨ
ᠣᠩᠨᠠᠭ᠎ᠠ 1939 ᠣᠨ ᠤ 5 ᠰᠠᠷ᠎ᠠ ᠶᠢᠨ 11 - 9 ᠰᠠᠷ᠎ᠠ ᠶᠢᠨ 16
ᠪᠠᠶᠢᠷᠢᠯᠠᠯ ᠮᠣᠩᠭᠣᠯ ᠤᠯᠤᠰ᠂ ᠬᠠᠯᠬ᠎ᠠ ᠶᠢᠨ ᠭᠣᠣᠯ
ᠦᠷ᠎ᠡ ᠳᠠᠭᠠᠪᠤᠷᠢ ᠵᠥᠪᠯᠡᠯᠲᠦ ᠬᠣᠯᠪᠣᠭᠠᠲᠤ ᠤᠯᠤᠰ ᠤᠨ ᠪᠦᠷᠢᠨ ᠢᠯᠠᠯᠲᠠ᠂ ᠮᠣᠩᠭᠣᠯ ᠤᠨ ᠬᠤᠪᠢ ᠳᠤ ᠬᠣᠬᠢᠷᠠᠯ ᠳᠠᠭᠠᠭᠤᠯᠤᠭᠰᠠᠨ ᠢᠯᠠᠯᠲᠠ
ᠪᠠᠶᠢᠯᠳᠤᠭᠴᠢ ᠲᠠᠯ᠎ᠠ ᠨᠤᠭᠤᠳ
Flag of the Soviet Union 1923.svg ᠵᠥᠪᠯᠡᠯᠲᠦ ᠬᠣᠯᠪᠣᠭᠠᠲᠤ ᠤᠯᠤᠰ
Flag of the People's Republic of Mongolia (1924-1940).svg ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ
Merchant flag of Japan (1870).svg ᠶᠠᠫᠣᠨ ᠤ ᠡᠵᠡᠨᠲᠦ ᠭᠦᠷᠦᠨ
Flag of Manchukuo.svg ᠮᠠᠨᠵᠤ
ᠤᠳᠤᠷᠢᠳᠤᠭᠴᠢᠳ
Flag of the Soviet Union 1923.svg ᠭᠧᠣᠷᠭᠡᠢ ᠵᠢᠺᠣᠸ
Flag of the Soviet Union 1923.svg ᠭᠷᠢᠭᠠᠷᠡᠢ ᠱᠲ᠋ᠧᠷᠠᠨ
Flag of the People's Republic of Mongolia (1924-1940).svgᠬᠣᠷᠯᠤ᠎ᠠ ᠶᠢᠨ ᠴᠣᠶᠢᠪᠠᠯᠰᠠᠩ
Merchant flag of Japan (1870).svg ᠺᠣᠮᠠᠼᠤᠪᠠᠷᠠ ᠮᠡᠴᠢᠲ᠋ᠠᠷᠣ
ᠴᠡᠷᠢᠭ ᠦᠨ ᠬᠦᠴᠦ
57,000 ᠴᠡᠷᠢᠭ᠂

515 ᠨᠢᠰᠬᠦ ᠣᠩᠭᠣᠴᠠ᠂ 498 ᠲᠠᠩᠺ᠂ 542 ᠶᠡᠬᠡ ᠪᠤᠤ᠂385 ᠬᠤᠶᠠᠭᠲᠤ ᠮᠠᠰᠢᠨ

38,000 (ᠠᠩᠬ᠎ᠠ), 75,000 ᠴᠡᠷᠢᠭ(ᠳᠠᠬᠢᠨ ᠨᠡᠮᠡᠭᠰᠡᠨ ᠢᠶᠡᠷ),

700 ᠨᠢᠰᠬᠦ ᠣᠩᠭᠣᠴᠠ᠂ 181 ᠲᠠᠩᠺ᠂ 500 ᠶᠡᠬᠡ ᠪᠤᠤ[1]
Modern western estimate:
45,000 killed and wounded,
3,000 captured[2]

ᠬᠣᠬᠢᠷᠠᠯ
ᠠᠷᠬᠢᠸ ᠤᠨ ᠰᠤᠳᠤᠯᠭ᠎ᠠ ᠪᠠᠷ
7,974 ᠠᠮᠢ ᠦᠷᠡᠭᠳᠡᠭᠰᠡᠨ[3],
15,251 ᠰᠢᠷᠬᠠᠲᠤᠭᠰᠠᠨ᠂ ᠮᠣᠩᠭᠣᠯ ᠤᠨ ᠲᠠᠯ᠎ᠠ ᠠᠴᠠ 274 ᠬᠦᠮᠦᠨ ᠠᠯᠠᠭᠤᠯᠤᠭᠰᠠᠨ[4]
ᠶᠠᠫᠣᠨ ᠤ ᠵᠠᠰᠠᠭ ᠤᠨ ᠭᠠᠵᠠᠷ ᠤᠨ ᠮᠡᠳᠡᠭᠳᠡᠯ
8,440 ᠠᠮᠢ ᠦᠷᠡᠭᠳᠡᠭᠰᠡᠨ᠂
8,766 ᠰᠢᠷᠬᠠᠲᠤᠭᠰᠠᠨ
ᠵᠥᠪᠯᠡᠯᠲᠦ ᠬᠣᠯᠪᠣᠭᠠᠲᠤ ᠤᠯᠤᠰ ᠤᠨ ᠮᠡᠳᠡᠭᠳᠡᠯ
60,000 ᠦᠷᠡᠭᠳᠡᠭᠰᠡᠨ ᠪᠠ ᠰᠢᠷᠬᠠᠲᠤᠭᠰᠠᠨ᠂
3,000 ᠣᠯᠵᠠᠯᠠᠭᠳᠠᠭᠰᠠᠨ

ᠬᠠᠯᠬ᠎ᠠ ᠶᠢᠨ ᠭᠣᠣᠯ ᠤᠨ ᠪᠠᠶᠢᠯᠳᠤᠭᠠᠨ ᠨᠢ ᠵᠥᠪᠯᠡᠯᠲᠦ ᠬᠣᠯᠪᠣᠭᠠᠲᠤ ᠤᠯᠤᠰ-ᠶᠠᠫᠣᠨ ᠬᠢᠯᠢ ᠶᠢᠨ ᠳᠠᠶᠢᠨ ᠪᠤᠶᠤ ᠶᠠᠫᠣᠨ-ᠵᠥᠪᠯᠡᠯᠲᠦ ᠶᠢᠨ ᠳᠠᠶᠢᠨ ᠤ ᠭᠣᠣᠯ ᠪᠠᠶᠢᠯᠳᠤᠭᠠᠨ ᠪᠠᠶᠢᠵᠠᠢ᠃ ᠡᠨᠡ ᠪᠠᠶᠢᠯᠳᠤᠭᠠᠨ ᠶᠠᠫᠣᠨ ᠳᠤ ᠨᠣᠮᠣᠨ ᠬᠠᠨ ᠤ ᠬᠡᠷᠡᠭ ᠶᠠᠪᠤᠳᠠᠯ [5] ᠭᠡᠵᠦ ᠨᠡᠷᠡᠯᠡᠭᠳᠡᠭᠰᠡᠨ᠃ ᠨᠣᠮᠣᠨ ᠬᠠᠨ ᠭᠡᠵᠦ ᠮᠣᠩᠭᠣᠯ - ᠮᠠᠨᠵᠤ ᠶᠢᠨ ᠬᠢᠯᠢ ᠶᠢᠨ ᠣᠷᠴᠢᠮ ᠳᠡᠬᠢ ᠠᠭᠤᠯᠠ ᠠᠵᠡᠢ᠃

ᠳᠠᠶᠢᠨ ᠤ ᠤᠷᠢᠳᠴᠢ ᠨᠥᠬᠥᠴᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠨᠢ 1927 ᠣᠨ ᠠᠴᠠ ᠲᠣᠤᠺᠢᠣ᠋ ᠍ ᠶᠢᠨ ᠪᠢᠽᠢᠨ᠋ᠧᠰ ᠴᠡᠷᠢᠭ ᠤᠯᠤᠰ ᠲᠥᠷᠥ ᠶᠢᠨ ᠵᠢᠳᠬᠦᠯᠲᠡᠨ ᠨᠠᠷ ᠤᠨ ᠬᠤᠪᠢ ᠳᠤ ᠲᠣᠮᠣᠬᠠᠨ ᠠᠰᠠᠭᠤᠳᠠᠯ ᠲᠣᠯᠭᠠᠷᠠᠭᠰᠠᠨ ᠢᠶᠠᠷ ᠡᠬᠢᠯᠡᠪᠡ᠃ 1918 ᠣᠨ ᠤ ᠳᠡᠯᠡᠬᠡᠢ ᠶᠢᠨ 1 ᠳ᠋ᠦᠭᠡᠷ ᠳᠠᠶᠢᠨ ᠤ ᠦᠶ᠎ᠡ ᠪᠡᠷ ᠠᠵᠤ ᠦᠢᠯᠡᠳᠪᠦᠷᠢ ᠶᠢᠨ ᠪᠦᠲᠦᠭᠡᠭᠳᠡᠬᠦᠨ᠂ ᠭᠠᠳᠠᠭᠠᠳᠤ ᠬᠤᠳᠠᠯᠳᠤᠭᠠᠨ ᠤ ᠥᠨᠳᠥᠷ ᠥᠰᠦᠯᠲᠡ ᠳᠠᠭᠠᠭᠤᠯᠤᠭᠰᠠᠨ ᠪᠣᠯ ᠳᠠᠶᠢᠨ ᠤ ᠳᠠᠷᠠᠭᠠᠬᠢ ᠸᠧᠷᠰᠠᠯ ᠤᠨ ᠭᠡᠷ᠎ᠡ ᠪᠡᠷ ᠰᠢᠢᠳᠪᠦᠷᠢᠯᠡᠭᠳᠡᠭᠰᠡᠨ ᠠᠽᠢᠶ᠎ᠠ ᠳ᠋ᠡᠭᠢ ᠭᠧᠷᠮᠠᠨ ᠤ ᠺᠣᠯᠣᠨᠢ ᠶᠢᠨ ᠡᠵᠡᠮᠰᠢᠯ ᠦᠨ ᠠᠰᠠᠭᠤᠳᠠᠯ ᠢᠶᠠᠷ ᠪᠣᠯᠤᠨ ᠥᠷᠥᠨᠡᠲᠦ ᠶᠢᠨ ᠲᠦᠩᠰᠢ ᠣᠷᠣᠨ ᠨᠤᠭᠤᠳ ᠤᠨ ᠪᠠᠶᠢᠷᠢ ᠰᠠᠭᠤᠷᠢ᠂ ᠲᠡᠭᠦᠨ ᠦ ᠪᠣᠳᠣᠯᠭ᠎ᠠ ᠶᠢᠨ ᠦᠷ᠎ᠡ ᠨᠥᠯᠥᠭᠡ᠂ 1929 ᠣᠨ ᠤ ᠳᠡᠯᠡᠬᠡᠢ ᠶᠢᠨ ᠡᠳ᠋ ᠍ ᠦᠨ ᠵᠠᠰᠠᠭ ᠰᠠᠩᠬᠦᠦ ᠶᠢᠨ ᠬᠢᠮᠤᠷᠠᠯ ᠶᠠᠫᠣᠨ ᠤ ᠡᠳ᠋ ᠍ ᠦᠨ ᠵᠠᠰᠠᠭ ᠲᠤ ᠬᠦᠨᠳᠦ ᠪᠡᠷ ᠲᠤᠰᠴᠤ᠂1937 ᠣᠨ ᠠᠴᠠ ᠡᠳᠦᠭᠦᠯᠦᠭᠰᠡᠨ ᠬᠢᠲᠠᠳ-ᠶᠠᠫᠣᠨ ᠤ ᠬᠣᠶᠠᠳᠤᠭᠠᠷ ᠳᠠᠶᠢᠨ᠂ ᠮᠠᠨᠵᠤᠤᠷ ᠲᠤ ᠴᠥᠮᠥᠷᠡᠨ ᠣᠷᠣᠭᠰᠠᠨ ᠠᠵᠢᠯᠯᠠᠭ᠎ᠠ ᠲᠠᠢ ᠬᠣᠯᠪᠣᠭᠠᠲᠠᠢ ᠤᠯᠠᠨ ᠤᠯᠤᠰ ᠤᠨ ᠬᠤᠯᠪᠤᠭ᠎ ᠠ ᠶᠢᠨ ᠲᠠᠯᠪᠢᠭᠰᠠᠨ ᠤᠳᠠᠭ᠎ᠠ ᠳᠠᠷᠠᠭ᠎ᠠ ᠶᠢᠨ ᠬᠣᠷᠢᠭ ᠠᠷᠭ᠎ᠠ ᠬᠡᠮᠵᠢᠶᠡᠨ ᠡᠴᠡ ᠡᠭᠦᠳᠦᠨ ᠭᠠᠳᠠᠭᠠᠳᠤ ᠶᠢᠷᠲᠢᠨᠴᠦ ᠳ᠋ᠡᠬᠢ ᠪᠠᠶᠢᠷᠢ ᠰᠠᠭᠤᠷᠢ ᠶᠢ ᠨᠢ ᠦᠯᠡᠮᠵᠢ ᠰᠤᠯᠠᠷᠠᠭᠤᠯᠤᠭᠰᠠᠨ ᠪᠠᠶᠢᠨ᠎ᠠ᠃ ᠢᠯᠠᠩᠭᠤᠶ᠎ᠠ ᠵᠥᠪᠯᠡᠯᠲᠦ ᠬᠣᠯᠪᠣᠭᠠᠲᠤ ᠤᠯᠤᠰ ᠲᠣᠮᠳᠠᠳᠣ ᠣᠯᠣᠰ  ᠲᠤ ᠶᠡᠬᠡᠬᠡᠨ ᠬᠡᠮᠵᠢᠶᠡᠨ ᠦ ᠵᠡᠪᠰᠡᠭ ᠲᠧᠭᠨᠢᠭ᠂ ᠪᠠᠶᠢᠯᠳᠤᠭᠠᠨ ᠤ ᠨᠢᠰᠬᠦ ᠣᠩᠭᠣᠴᠠ᠂ ᠲᠠᠩᠺ ᠂ ᠴᠡᠷᠢᠭ ᠦᠨ ᠮᠡᠷᠭᠡᠵᠢᠯᠲᠡᠨ᠂ ᠵᠥᠪᠯᠡᠬᠦ ᠨᠠᠷ ᠢ ᠢᠯᠡᠭᠡᠬᠦ ᠵᠡᠷᠭᠡ ᠪᠡᠷ ᠲᠤᠰᠠᠯᠠᠮᠵᠢ ᠦᠵᠡᠭᠦᠯᠵᠦ ᠳᠠᠶᠢᠨ ᠪᠠᠶᠢᠯᠳᠤᠭᠠᠨ ᠢ ᠶᠡᠬᠡᠬᠡᠨ ᠴᠠᠭ ᠬᠤᠭᠤᠴᠠᠭ᠎ᠠ ᠪᠠᠷ ᠰᠤᠨᠵᠢᠷᠠᠭᠤᠯᠤᠭᠰᠠᠨ ᠬᠢᠭᠡᠳ ᠪᠠᠶᠢᠭᠠᠯᠢ ᠶᠢᠨ ᠪᠠᠶᠠᠯᠢᠭ᠂ ᠲᠦᠭᠦᠬᠡᠢ ᠡᠳ᠋ ᠍ ᠦᠨ ᠭᠠᠳᠠᠭᠠᠳᠤ ᠢᠮᠫᠣᠷᠲ ᠠᠴᠠ ᠬᠡᠲᠦ ᠲᠦᠰᠢᠭᠯᠡᠬᠦ ᠪᠠᠶᠢᠳᠠᠯ ᠨᠢ ᠪᠢᠽᠢᠨ᠋ᠧᠰ ᠦᠨ ᠬᠦᠷᠢᠶᠡᠨ ᠦ ᠬᠢᠨ ᠳᠦ ᠲᠣᠮᠣ ᠴᠣᠬᠢᠯᠲᠠ ᠪᠣᠯᠤᠭᠰᠠᠨ ᠲᠤᠯᠠ ᠴᠡᠷᠢᠭ ᠦᠨ ᠬᠢᠨ ᠢᠶᠡᠨ ᠰᠢᠬᠠᠵᠤ ᠡᠬᠢᠯᠡᠪᠡ᠃ ᠠᠽᠢᠶ᠎ᠠ᠂ ᠨᠣᠮᠣᠬᠠᠨ ᠳᠠᠯᠠᠢ ᠶᠢᠨ ᠪᠥᠰᠡ ᠨᠤᠲᠤᠭ ᠳᠠᠬᠢ ᠹᠷᠠᠨᠼᠢ᠂ ᠠᠮᠧᠷᠢᠺᠠ ᠶᠢᠨ ᠨᠢᠭᠡᠳᠦᠭᠰᠡᠨ ᠤᠯᠤᠰ᠂ ᠠᠩᠭᠯᠢ ᠲᠠᠢ ᠠᠰᠢᠭ ᠰᠣᠨᠢᠷᠬᠠᠯ ᠤᠨ ᠵᠥᠷᠢᠴᠡᠯ ᠂ ᠲᠣᠮᠳᠠᠳᠣ ᠣᠯᠣᠰ ᠤᠨ ᠵᠡᠭᠦᠨ ᠬᠡᠰᠡᠭ ᠲᠤ ᠶᠠᠪᠤᠭᠤᠯᠤᠭᠰᠠᠨ ᠪᠠᠶᠢᠯᠳᠤᠭᠠᠨ ᠤ ᠠᠵᠢᠯᠯᠠᠭ᠎ᠠ ᠨᠢ ᠠᠮᠵᠢᠯᠲᠠ ᠦᠭᠡᠢ ᠪᠣᠯᠤᠭᠰᠠᠨ ᠨᠢ ᠲᠣᠤᠺᠢᠣ᠋ ᠍ ᠶᠢᠨ ᠴᠡᠷᠢᠭ ᠦᠨ ᠳᠡᠭᠡᠳᠦ ᠺᠣᠮᠠᠨᠳᠠᠯᠠᠯ ᠤᠨ ᠤᠳᠤᠷᠢᠳᠤᠯᠭ᠎ᠠ ᠨᠤᠭᠤᠳ ᠲᠤ ᠲᠠᠭᠠᠯᠠᠭᠳᠠᠭᠰᠠᠨ ᠦᠭᠡᠢ᠃ ᠲᠡᠶᠢᠮᠥ ᠡᠴᠡ ᠲᠡᠯᠡᠭᠡᠢ ᠶᠢᠨ ᠣᠯᠣᠰ ᠲᠦᠷᠥ ᠶᠢᠨ ᠨᠥᠯᠦᠭᠡᠨ ᠦ ᠬᠦᠷᠢᠶ᠎ᠡ ᠪᠡᠨ ᠲᠡᠯᠡᠬᠦ ᠪᠣᠳᠣᠯᠭ᠎ᠠ ᠪᠠᠨ ᠴᠡᠷᠢᠭ ᠦᠨ ᠬᠦᠴᠦ ᠪᠡᠷ ᠰᠢᠢᠳᠬᠦ ᠵᠠᠮ ᠢ ᠰᠣᠩᠭᠣᠵᠤ ᠡᠭᠦᠨ ᠦ ᠪᠡᠨ ᠳᠠᠭᠠᠤ 《ᠠᠤᠭ᠎ᠠ ᠶᠡᠬᠡ ᠵᠡᠭᠦᠨ ᠠᠽᠢᠶ ᠠ ᠶᠢᠨ ᠬᠥᠭᠵᠢᠯ-ᠴᠡᠴᠡᠭᠯᠡᠯᠲᠡ ᠶᠢᠨ ᠲᠥᠯᠥᠪᠯᠡᠭᠡ》 ᠭᠡᠭᠴᠢ ᠤᠯᠤᠰ ᠲᠥᠷᠥ ᠶᠢᠨ ᠦᠵᠡᠯ ᠰᠤᠷᠲᠠᠯ ᠨᠡᠪᠲᠡ ᠰᠢᠩᠭᠡᠭᠰᠡᠨ ᠲᠥᠯᠥᠪᠯᠡᠭᠡ ᠪᠣᠯᠪᠠᠰᠤᠷᠠᠭᠤᠯᠤᠯ᠎ᠠ᠃ ᠬᠡᠷᠡᠭᠵᠢᠭᠦᠯᠬᠦ ᠡᠮᠦᠨᠡᠲᠦ ᠪᠠ ᠤᠮᠠᠷᠠᠳᠤ ᠭᠡᠰᠡᠨ ᠦᠨᠳᠦᠰᠦᠨ ᠪᠠᠶᠢᠯᠳᠣᠬᠣ ᠪᠣᠳᠣᠯᠭ᠎ᠠ ᠶᠢᠨ 2 ᠴᠢᠭᠯᠡᠯ ᠪᠠᠶᠢᠪᠠ᠃ ᠡᠮᠦᠨᠡᠲᠦ ᠴᠢᠭᠯᠡᠯ ᠪᠣᠯ ᠨᠣᠮᠣᠬᠠᠨ ᠳᠠᠯᠠᠢ᠂ ᠠᠦᠢᠰᠲᠷᠠᠯᠢᠶ᠎ᠠ᠂ ᠢᠨᠳᠥᠶᠢᠨᠧᠽᠢ᠂ ᠪᠢᠷᠮᠠ᠂ ᠡᠨᠡᠳᠬᠡᠭ ᠦᠨ ᠴᠢᠭᠯᠡᠯ ᠢᠶᠡᠷ ᠴᠣᠬᠢᠯᠲᠠ ᠥᠭᠴᠦ ᠠᠮᠧᠷᠢᠺᠠ ᠶᠢᠨ ᠨᠢᠭᠡᠳᠦᠭᠰᠡᠨ ᠤᠯᠤᠰ᠂ ᠠᠩᠭᠯᠢ ᠶᠢᠨ ᠺᠣᠯᠣᠨᠢ ᠨᠤᠭᠤᠳ ᠢ ᠪᠤᠯᠢᠶᠠᠨ ᠠᠪᠬᠤ ᠪᠣᠯ ᠤᠮᠠᠷᠠᠳᠤ ᠶᠢᠨ ᠬᠢ ᠪᠠᠷ ᠪᠣᠯ ᠡᠬᠡ ᠭᠠᠵᠠᠷ ᠢᠶᠠᠷ ᠬᠢᠲᠠᠳ ᠢ ᠪᠠᠭᠤᠯᠭᠠᠨ ᠠᠪᠬᠤ᠂ ᠮᠠᠨᠵᠤᠤᠷ᠂ ᠮᠣᠩᠭᠣᠯ ᠢᠶᠠᠷ ᠲᠦᠰᠢᠴᠡ ᠪᠣᠯᠭᠠᠨ ᠵᠥᠪᠯᠡᠯᠲᠦ ᠬᠣᠯᠪᠣᠭᠠᠲᠤ ᠤᠯᠤᠰ ᠲᠠᠢ ᠪᠠᠶᠢᠯᠳᠤᠵᠤ ᠰᠢᠪᠸᠷᠢᠶ ᠠ ᠠᠯᠤᠰ ᠳᠣᠷᠣᠨᠠᠲᠤ ᠶᠢᠨ ᠴᠢᠭᠯᠡᠯ ᠢᠶᠡᠷ ᠴᠣᠬᠢᠯᠲᠠ ᠥᠭᠴᠦ ᠤᠷᠠᠯ ᠤᠨ ᠨᠢᠷᠤᠭᠤ ᠬᠦᠷᠲᠡᠯ᠎ᠡ ᠡᠵᠡᠮᠰᠢᠯ ᠢᠶᠡᠨ ᠲᠣᠭᠲᠠᠭᠠᠬᠤ ᠳᠤ ᠣᠷᠣᠰᠢᠵᠤ ᠪᠠᠶᠢᠯ᠎ᠠ᠃

ᠵᠥᠪᠯᠡᠯᠲᠦ ᠬᠣᠯᠪᠣᠭᠠᠲᠤ ᠤᠯᠤᠰ ᠤᠨ ᠬᠤᠪᠢ ᠳᠤ ᠧᠦ᠋ᠷᠣᠫᠠ ᠲᠢᠢᠪ ᠡᠴᠡ ᠪᠡᠨ ᠨᠠᠼᠢᠰᠲ ᠭᠧᠷᠮᠠᠨ᠂ ᠪᠠᠯᠲᠤ ᠶᠢᠨ ᠲᠡᠩᠭᠢᠰ ᠡᠴᠡ ᠹᠢᠨᠯᠠᠨᠳ᠋᠂ ᠺᠠᠸᠬᠠᠰ ᠠᠴᠠ ᠢᠷᠡᠨ᠂ ᠬᠠᠷ᠎ᠠ ᠲᠡᠩᠭᠢᠰ ᠲᠦ ᠲᠦᠺ᠂ ᠰᠢᠪᠢᠷᠢ-ᠠᠯᠤᠰ ᠳᠣᠷᠣᠨᠠᠲᠤ ᠠᠴᠠ ᠶᠠᠫᠣᠨ ᠤ ᠭᠡᠬᠦ ᠣᠯᠣᠰ ᠲᠦᠷᠥ ᠶᠢᠨ ᠪᠦᠰᠡᠯᠡᠯᠲᠡᠨ ᠳᠦ ᠣᠷᠣᠭᠠᠳ ᠪᠠᠶᠢᠯ᠎ᠠ᠃ ᠰᠲ᠋ᠠᠯᠢᠨ ᠤ ᠪᠣᠯᠭᠣᠮᠵᠢᠯᠠᠯ ᠨᠢ ᠶᠠᠭᠤᠨ ᠤ ᠲᠦᠷᠦᠭᠦᠨ ᠳᠦ ᠶᠠᠮᠠᠷ ᠴᠤ ᠦᠨ᠎ᠡ ᠪᠡᠷ ᠬᠠᠮᠢᠶ᠎ᠠ ᠦᠭᠡᠢ 2 ᠹᠷᠣᠨᠲ ᠳᠤ ᠵᠡᠷᠭᠡ ᠪᠠᠶᠢᠯᠳᠤᠬᠤ ᠠᠶᠤᠯ ᠠᠴᠠ ᠵᠠᠶᠢᠯᠠᠰᠬᠢᠬᠤ ᠵᠣᠷᠢᠯᠭ᠎ᠠ ᠪᠠᠷ ᠮᠣᠩᠭᠣᠯ ᠢ ᠪᠤᠰᠤᠳ ᠲᠤ ᠠᠯᠳᠠᠬᠤ ᠦᠭᠡᠢ ᠪᠠᠶᠢᠬᠤ ᠶᠢ ᠴᠢᠬᠤᠯᠠ ᠳᠤ ᠠᠪᠴᠤ ᠦᠵᠡᠭ᠍ᠰᠡᠨ᠃ ᠥᠪᠥᠷ ᠪᠠᠶᠢᠭᠠᠯᠢ ᠶᠢᠨ ᠰᠠᠪᠠ᠂ ᠰᠢᠪᠸᠷᠢᠶ ᠠ ᠶᠢᠨ ᠲᠡᠮᠦᠷ ᠵᠠᠮ ᠢ ᠠᠯᠳᠠᠪᠠᠯ ᠰᠢᠪᠢᠷᠢ᠂ ᠤᠷᠠᠯ ᠳᠠᠬᠢ ᠴᠡᠷᠢᠭ-ᠪᠠᠶᠢᠯᠳᠣᠬᠣ ᠪᠣᠳᠣᠯᠭ᠎ᠠ ᠶᠢᠨ ᠠᠵᠤ ᠦᠢᠯᠡᠳᠪᠦᠷᠢ ᠶᠢᠨ ᠲᠦᠰᠢᠴᠡ ᠣᠷᠣᠨ ᠵᠠᠢ ᠦᠭᠡᠢ ᠪᠣᠯᠤᠨ᠎ᠠ ᠭᠡᠳᠡᠭ ᠢ ᠲᠣᠭᠠᠴᠠᠵᠤ ᠪᠠᠶᠢᠯ᠎ᠠ᠃ ᠲᠤᠬᠠᠶᠢᠯᠠᠪᠠᠯ ᠳᠣᠷᠣᠨ᠎ᠠ ᠳᠠᠬᠢᠨ ᠤ ᠨᠠᠷᠢᠨ ᠪᠢᠴᠢᠭ ᠦᠨ ᠳᠠᠷᠤᠭ᠎ᠠ ᠨᠠᠷ ᠤᠨ 1929 ᠣᠨ ᠤ 1 ᠍ ᠳᠦᠭᠡᠷ ᠰᠠᠷ᠎ᠠ ᠶᠢᠨ 7 ᠍ ᠤ ᠡᠳᠦᠷ ᠦᠨ ᠵᠥᠪᠯᠡᠯᠭᠡᠨ ᠦ ᠢᠯᠡᠳᠬᠡᠯ ᠳᠦ: 《ᠮᠣᠩᠭᠣᠯ ᠤᠨ ᠨᠤᠲᠤᠭ ᠳᠡᠪᠢᠰᠬᠡᠷ ᠨᠢ ᠣᠯᠠᠨ ᠤᠯᠤᠰ ᠤᠨ ᠲᠤᠰᠬᠠᠢ ᠠᠴᠢ ᠬᠣᠯᠪᠣᠭᠳᠠᠯ ᠲᠠᠢ ᠶᠤᠮ᠃ ᠲᠡᠷᠡᠬᠦ ᠨᠤᠲᠤᠭ ᠳᠡᠪᠢᠰᠬᠡᠷ ᠦᠨ ᠬᠡᠮᠵᠢᠶ᠎ᠡ ᠨᠢ ᠠᠩᠭᠯᠢ᠂ ᠭᠧᠷᠮᠠᠨ᠂ ᠹᠷᠠᠨᠼᠢ ᠶᠢ ᠨᠡᠶᠢᠯᠡᠭᠦᠯᠦᠭᠰᠡᠨ ᠡᠴᠡ ᠶᠡᠬᠡ ᠪᠥᠭᠡᠳ ᠬᠦᠮᠦᠨ ᠠᠮᠠ ᠨᠢ 800 ᠮᠢᠩᠭᠠᠬᠠᠨ ᠶᠤᠮ᠃ ᠮᠣᠩᠭᠣᠯ ᠣᠷᠣᠨ ᠢ ᠳᠡᠯᠡᠬᠡᠢ ᠶᠢᠨ ᠬᠤᠪᠢᠰᠬᠠᠯ ᠤᠨ ᠳᠠᠶᠢᠰᠤᠨ ᠨᠤᠭᠤᠳ ᠤᠨ ᠨᠥᠯᠦᠭᠡᠨ ᠳᠦ ᠣᠷᠣᠭᠤᠯᠬᠤ ᠦᠭᠡᠢ ᠶᠢᠨ ᠲᠤᠯᠠᠳᠠ ᠲᠡᠷᠡᠬᠦ ᠨᠤᠲᠤᠭ ᠳᠡᠪᠢᠰᠬᠡᠷ ᠲᠦ ᠲᠣᠭᠲᠠᠭᠠᠭᠰᠠᠨ ᠨᠥᠯᠥᠭᠡ ᠪᠡᠨ ᠬᠠᠳᠠᠭᠠᠯᠠᠵᠤ ᠪᠠᠶᠢᠬᠤ ᠳᠤ ᠮᠠᠨ ᠤ ᠭᠣᠣᠯ ᠵᠣᠷᠢᠯᠲᠠ ᠣᠷᠣᠰᠢᠨ᠎ᠠ》 ᠬᠡᠮᠡᠨ ᠦᠵᠡᠭᠰᠡᠨ᠃

ᠮᠣᠩᠭᠣᠯ ᠤᠨ ᠲᠠᠯ᠎ᠠ ᠶᠢᠨ ᠪᠠᠷᠢᠮᠳᠠᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠣᠷᠣᠨᠠᠲᠤ ᠬᠢᠯᠢ ᠳᠦ ᠪᠤᠢ ᠪᠣᠯᠤᠭᠰᠠᠨ ᠬᠢᠯᠢ ᠶᠢᠨ ᠮᠠᠷᠭᠤᠭᠠᠨ ᠢ ᠭᠡᠷ᠎ᠡ ᠬᠡᠯᠡᠯᠴᠡᠭᠡᠨ ᠦ ᠵᠢᠷᠤᠮ ᠢᠶᠠᠷ ᠵᠣᠬᠢᠴᠠᠭᠤᠯᠵᠤ ᠪᠣᠯᠤᠨ᠎ᠠ ᠭᠡᠵᠦ ᠮᠣᠩᠭᠣᠯ ᠤᠨ ᠤᠳᠤᠷᠢᠳᠤᠭᠴᠢᠳ ᠦᠵᠡᠵᠦ ᠪᠠᠶᠢᠯ᠎ᠠ᠃ ᠮᠠᠨᠵᠤᠤᠷ ᠥᠷᠲᠡᠭᠡᠨ ᠳᠦ ᠪᠣᠯᠤᠭᠰᠠᠨ ᠶᠠᠫᠣᠨ-ᠮᠠᠨᠵᠣ-ᠮᠣᠩᠭᠣᠯ ᠤᠨ ᠬᠢᠯᠢ ᠶᠢᠨ ᠬᠡᠯᠡᠯᠴᠡᠭᠡᠨ ᠳᠦ ᠮᠣᠩᠭᠣᠯ ᠤᠨ ᠲᠠᠯ᠎ᠠ ᠶᠡᠷᠦᠩᠬᠡᠢ ᠰᠠᠶᠢᠳ ᠤᠨ ᠣᠷᠣᠯᠠᠭᠴᠢ ᠶᠢᠨ ᠲᠥᠪᠰᠢᠨ ᠳᠦ ᠢᠳᠡᠪᠬᠢᠲᠡᠢ ᠣᠷᠣᠯᠴᠠᠵᠤ ᠪᠠᠶᠢᠯ᠎ᠠ᠃ ᠬᠡᠷᠪᠡ ᠮᠣᠩᠭᠣᠯᠴᠤᠳ ᠮᠠᠨᠵᠣ ᠤᠯᠤᠰ ᠢ ᠬᠦᠯᠢᠶᠡᠨ ᠵᠥᠪᠰᠢᠶᠡᠷᠡᠪᠡᠯ ᠶᠠᠫᠣᠨ ᠤᠯᠤᠰ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠲᠤᠰᠠᠭᠠᠷ ᠲᠣᠭᠲᠠᠨᠢᠯ ᠢ ᠬᠦᠯᠢᠶᠡᠨ ᠵᠥᠪᠰᠢᠶᠡᠷᠡᠴᠥ ᠪᠣᠯᠤᠨ᠎ᠠ ᠭᠡᠰᠡᠨ ᠰᠠᠨᠠᠯ ᠴᠤ ᠭᠠᠷᠴᠠᠢ᠃ ᠡᠶᠢᠮᠦ ᠡᠴᠡ ᠮᠣᠩᠭᠣᠯ ᠤᠨ ᠤᠳᠤᠷᠢᠳᠤᠭᠴᠢᠳ ᠮᠠᠨᠵᠣ ᠶᠢᠨ ᠲᠠᠯ᠎ᠠ ᠲᠠᠢ ᠬᠢᠯᠢ ᠶᠢᠨ ᠮᠠᠷᠭᠤᠭᠠᠨ ᠢᠶᠠᠨ ᠠᠯᠢ ᠪᠣᠯᠬᠤ ᠥᠪᠡᠷᠰᠡᠨ ᠢᠶᠡᠨ ᠵᠣᠬᠢᠴᠠᠭᠤᠯᠬᠤ ᠬᠦᠰᠡᠯ ᠲᠡᠢ ᠪᠣᠯᠤᠭᠠᠳ ᠢᠷᠡᠵᠡᠢ᠃ ᠡᠶᠢᠮᠦ ᠡᠴᠡ ᠴᠤ ᠶᠡᠷᠦᠩᠬᠡᠢ ᠰᠠᠶᠢᠳ ᠭᠡᠨᠳᠡᠨ 《ᠮᠣᠩᠭᠣᠯ ᠤᠯᠤᠰ ᠮᠠᠨᠵᠣ ᠲᠠᠢ ᠪᠠᠶᠢᠯᠳᠤᠬᠤ ᠶᠠᠮᠠᠷ ᠴᠤ ᠬᠦᠰᠡᠯ ᠦᠭᠡᠢ᠂ ᠡᠶᠢᠮᠦ ᠶᠠᠭᠤᠮ᠎ᠠ ᠬᠦᠰᠡᠵᠦ ᠪᠠᠶᠢᠭ᠎ᠠ ᠪᠠᠷ ᠢᠶᠠᠨ ᠶᠠᠫᠣᠨ ᠣᠷᠣᠰ ᠬᠣᠶᠠᠷ ᠯᠠ ᠪᠠᠶᠢᠯᠳᠤᠨ᠎ᠠ ᠪᠢᠵᠡ》 ᠭᠡᠰᠡᠨ ᠤᠳᠬ᠎ᠠ ᠪᠠᠷ ᠰᠠᠨᠠᠭ᠎ᠠ ᠪᠠᠨ ᠢᠯᠡᠷᠬᠡᠶᠢᠯᠡᠵᠦ ᠪᠠᠶᠢᠪᠠ᠃ ᠴᠤᠬᠤᠮ ᠡᠶᠢᠮᠦ ᠪᠣᠳᠣᠯ ᠲᠠᠢ ᠪᠠᠶᠢᠭᠰᠠᠨ ᠤᠴᠢᠷ ᠵᠥᠪᠯᠡᠯᠲᠦ ᠶᠢᠨ ᠴᠡᠷᠢᠭ ᠢ ᠮᠣᠩᠭᠣᠯ ᠤᠨ ᠨᠤᠲᠤᠭ ᠲᠤ ᠣᠷᠣᠭᠤᠯᠵᠤ ᠪᠠᠶᠢᠷᠢᠰᠢᠭᠤᠯᠬᠤ ᠶᠢᠨ ᠡᠰᠡᠷᠬᠦ ᠪᠠᠶᠢᠭᠰᠠᠨ ᠶᠤᠮ᠃

ᠦᠢᠯᠡ ᠶᠠᠪᠤᠳᠠᠯ ᠤᠨ ᠤᠭᠲᠤᠪᠤᠷᠢ ᠨᠥᠬᠥᠴᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1939 ᠣᠨ ᠳᠤ ᠶᠠᠫᠣᠨᠴᠤᠳ ᠮᠠᠨᠵᠤ ᠨᠡᠷᠡᠲᠡᠢ ᠤᠯᠤᠰ ᠪᠠᠶᠢᠭᠤᠯᠤᠭᠰᠠᠨ ᠢᠶᠠᠷ ᠮᠣᠩᠭᠣᠯ ᠤᠯᠤᠰ ᠲᠠᠢ ᠬᠢᠯᠢ ᠨᠡᠶᠢᠯᠡᠬᠦ ᠪᠣᠯᠤᠭᠰᠠᠨ ᠪᠠᠶᠢᠨ᠎ᠠ᠃ ᠮᠠᠨᠵᠤ᠂ ᠮᠣᠩᠭᠣᠯ ᠤᠨ ᠬᠣᠭᠣᠷᠣᠨᠳᠣᠬᠢ ᠬᠢᠯᠢ ᠶᠢ ᠶᠠᠫᠣᠨᠴᠤᠳ ᠪᠤᠶᠢᠷ ᠨᠠᠭᠤᠷ ᠲᠤ ᠴᠢᠳᠭᠤᠬᠤ ᠬᠠᠯᠬ᠎ᠠ ᠶᠢᠨ ᠭᠣᠣᠯ ᠭᠡᠵᠦ ᠦᠵᠡᠵᠦ ᠪᠠᠶᠢᠭᠰᠠᠨ ᠪᠣᠯᠪᠠᠴᠤ ᠮᠣᠩᠭᠣᠯᠴᠤᠳ ᠬᠠᠯᠬ᠎ᠠ ᠭᠣᠣᠯ ᠠᠴᠠ ᠵᠡᠭᠦᠨ ᠴᠢᠭ ᠲᠦ 16 ᠺᠢᠯᠣᠮᠧᠲ᠋ᠷ ᠦᠨ ᠴᠠᠭᠠᠨ᠎ᠠ ᠤᠷᠤᠰᠢᠬᠤ ᠨᠣᠮᠣᠩᠬᠠᠨ ᠲᠣᠰᠬᠣᠨ ᠬᠦᠷᠲᠡᠯ᠎ᠡ ᠮᠣᠩᠭᠣᠯ ᠤᠯᠤᠰ ᠤᠨ ᠨᠤᠲᠤᠭ ᠭᠡᠵᠦ ᠦᠵᠡᠵᠦ ᠪᠠᠶᠢᠭᠰᠠᠨ ᠶᠤᠮ᠃1938 ᠣᠨ ᠳᠤ ᠶᠠᠫᠣᠨ ᠤ ᠡᠵᠡᠨ ᠬᠠᠭᠠᠨ ᠤ ᠠᠷᠮᠢ ᠶᠢᠨ ᠵᠠᠩᠵᠤᠨ ᠵᠥᠪᠯᠡᠯᠲᠦ ᠬᠣᠯᠪᠣᠭᠠᠲᠤ ᠤᠯᠤᠰ ᠤᠨ ᠡᠰᠡᠷᠬᠦ 《ᠬᠠ ᠲᠤ ᠭᠣ》 ᠨᠢᠭᠤᠴᠠ ᠨᠡᠷᠡᠲᠡᠢ ᠳᠠᠶᠢᠨ ᠤ ᠲᠥᠯᠥᠪᠯᠡᠭᠡ ᠶᠢ ᠪᠣᠯᠪᠠᠰᠤᠷᠠᠭᠤᠯᠤᠭᠰᠠᠨ ᠪᠠᠲᠤᠯᠠᠭᠤᠯᠤᠭᠰᠠᠨ ᠪᠠᠶᠢᠴᠠᠢ᠃ ᠶᠠᠫᠣᠨ ᠤ 《ᠬᠠ ᠲᠤ ᠭᠣ》 ᠲᠥᠯᠦᠪᠯᠡᠭᠡᠨ ᠦ 《ᠪ》 ᠬᠤᠪᠢᠯᠪᠤᠷᠢ ᠨᠢ ᠮᠣᠩᠭᠣᠯ ᠤᠨ ᠵᠡᠭᠦᠨ ᠬᠢᠵᠠᠭᠠᠷ ᠢ ᠡᠵᠡᠯᠡᠨ ᠠᠪᠴᠤ ᠲᠦᠰᠢᠴᠡ ᠭᠠᠵᠠᠷ ᠢᠶᠠᠨ ᠪᠣᠯᠭᠠᠭᠠᠳ ᠴᠢᠨᠠᠭᠰᠢᠯᠠᠭᠠᠳ ᠪᠠᠶᠢᠭᠠᠯ ᠨᠠᠭᠤᠷ ᠣᠷᠴᠢᠮ ᠢᠶᠠᠷ ᠵᠥᠪᠯᠡᠯᠲᠦ ᠬᠣᠯᠪᠣᠭᠠᠲᠤ ᠤᠯᠤᠰ ᠤᠷᠤᠭᠤ ᠳᠠᠭᠠᠷᠢᠬᠤ ᠵᠣᠷᠢᠯᠭ᠎ᠠ ᠪᠠᠶᠢᠪᠠ᠃ ᠡᠨᠡ ᠪᠣᠯ ᠧᠦ᠋ᠷᠣᠫᠠ ᠶᠢᠨ ᠹᠠᠱᠢᠰᠲ ᠭᠧᠷᠮᠠᠨ᠂ ᠢᠲ᠋ᠠᠯᠢ ᠤᠳᠠᠬᠤ ᠦᠭᠡᠢ ᠳᠡᠭᠳᠡᠭᠡᠬᠦ ᠳᠡᠯᠡᠬᠡᠢ ᠶᠢᠨ II ᠳᠠᠶᠢᠨ ᠤ ᠡᠬᠢᠨ ᠦ ᠴᠤᠤᠷᠢᠶ᠎ᠠ᠂ ᠹᠠᠱᠢᠰᠲ ᠤᠳ ᠤᠨ ᠳᠣᠷᠣᠨ᠎ᠠ ᠵᠦᠭ ᠦᠨ ᠬᠣᠯᠪᠣᠭᠠᠲᠠᠨ ᠪᠠᠶᠢᠭᠰᠠᠨ ᠶᠠᠫᠣᠨ ᠤ ᠠᠷᠮᠢ ᠶᠢᠨ ᠵᠡᠭᠦᠨ ᠲᠠᠯ᠎ᠠ ᠳᠤ ᠳᠡᠭᠳᠡᠭᠡᠬᠦ ᠳᠠᠶᠢᠨ ᠤ ᠪᠡᠯᠡᠳᠬᠡᠯ ᠦᠶ᠎ᠡ ᠨᠢ ᠪᠠᠶᠢᠯ᠎ᠠ᠃ ᠤᠯᠠᠭᠠᠨ ᠠᠷᠮᠢ ᠶᠢᠨ ᠴᠡᠷᠢᠭ ᠦᠳ ᠰᠢᠪᠸᠷᠢᠶ ᠠ-ᠮᠠᠨᠵᠤᠤᠷ ᠍ ᠤᠨ ᠬᠢᠯᠢ ᠶᠢ ᠬᠠᠮᠠᠭᠠᠯᠠᠬᠤ ᠡᠭᠦᠷᠭᠡ ᠲᠡᠢ ᠥᠪᠥᠷ-ᠪᠠᠶᠢᠭᠠᠯ ᠦᠨ ᠴᠡᠷᠢᠭ ᠦᠨ ᠲᠣᠭᠣᠷᠢᠭ ᠠᠴᠠ ᠢᠷᠡᠭᠰᠡᠨ 57 ᠍ ᠳᠦᠭᠡᠷ ᠲᠤᠰᠬᠠᠢ ᠺᠣᠷᠫᠤᠶᠢᠰ ᠍ ᠤᠨ ᠬᠠᠷᠢᠶᠠᠨ ᠳᠤ ᠪᠠᠶᠢᠪᠠ᠃ ᠶᠠᠫᠣᠨ ᠤ ᠴᠡᠷᠢᠭ ᠮᠣᠩᠭᠣᠯ  ᠳᠤ ᠬᠠᠯᠳᠠᠨ ᠲᠦᠷᠢᠮᠡᠭᠡᠶᠢᠯᠡᠵᠦ ᠳᠠᠶᠢᠨ ᠥᠳᠥᠭᠡᠭᠰᠡᠨ ᠡᠴᠡ ᠡᠮᠦᠨ᠎ᠡ ᠹᠷᠣᠨᠲ ᠳᠤ ᠲᠤᠰᠠᠯᠠᠬᠤ ᠬᠥᠳᠡᠯᠭᠡᠭᠡᠨ ᠣᠷᠣᠨ ᠳᠠᠶᠠᠭᠠᠷ ᠥᠷᠨᠢᠭᠰᠡᠨ ᠪᠠᠶᠢᠨ᠎ᠠ᠃ ᠡᠳᠡᠭᠡᠷ ᠠᠷᠭ᠎ᠠ ᠬᠡᠮᠵᠢᠶᠡᠨ ᠦ ᠦᠷ᠎ᠡ ᠳ᠋ᠦᠩ ᠳᠦ МАХЦ ᠍ ᠦᠨ ᠪᠡᠶ᠎ᠡ ᠪᠦᠷᠢᠯᠳᠦᠬᠦᠨ 17.5 ᠮᠢᠩᠭ᠎ᠠ ᠪᠣᠯᠵᠤ ᠡᠭᠦᠨ ᠡᠴᠡ 8575 ᠨᠢ ᠪᠠᠶᠢᠯᠳᠤᠭᠠᠨ ᠳᠤ ᠣᠷᠣᠯᠴᠠᠭᠰᠠᠨ ᠪᠠᠶᠢᠨ᠎ᠠ᠃ᠶᠠᠫᠣᠨ ᠤᠯᠤᠰ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠍ ᠤᠨ ᠡᠰᠡᠷᠬᠦ ᠬᠢᠬᠦ ᠳᠠᠶᠢᠨ ᠤ ᠪᠡᠯᠡᠳᠬᠡᠯ ᠦᠨ ᠦᠨᠳᠦᠰᠦᠨ ᠰᠠᠨᠠᠭ᠎ᠠ ᠶᠢ 1927 ᠣᠨ ᠳᠤ ᠶᠠᠫᠣᠨ ᠤ ᠵᠠᠰᠠᠭ ᠤᠨ ᠭᠠᠵᠠᠷ ᠤᠨ ᠲᠡᠷᠢᠭᠦᠨ ᠪᠣᠯᠤᠭᠰᠠᠨ ᠶᠡᠷᠦᠩᠬᠡᠢ ᠰᠠᠶᠢᠳ ᠭᠢᠲ᠋ᠢ ᠲᠠᠨᠤᠺᠣ ᠲᠣᠮᠢᠶᠠᠯᠠᠨ ᠪᠣᠯᠪᠠᠰᠤᠷᠠᠭᠤᠯᠤᠭᠰᠠᠨ ᠪᠢᠯᠡ᠃ 1928 ᠣᠨ ᠤ ᠡᠬᠢ ᠪᠡᠷ ᠶᠠᠫᠣᠨ ᠤᠯᠤᠰ ᠲᠦᠭᠦᠬᠡᠢ ᠡᠳ᠋ ᠍ ᠦᠨ ᠪᠠᠭᠠᠵᠢ ᠲᠠᠢ ᠪᠣᠯᠬᠤ᠂ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ᠂ ᠬᠢᠲᠠᠳ ᠣᠷᠣᠭᠣ ᠬᠢᠬᠦ ᠲᠦᠷᠢᠮᠡᠭᠡᠢ ᠳᠠᠶᠢᠨ ᠤ ᠲᠥᠯᠥᠪᠯᠡᠭᠡ ᠪᠡᠨ ᠬᠡᠷᠡᠭᠵᠢᠭᠦᠯᠬᠦ ᠳᠦ ᠴᠡᠷᠢᠭ ᠲᠦᠰᠢᠴᠡ ᠭᠠᠵᠠᠷ ᠡᠵᠡᠯᠡᠬᠦ ᠵᠣᠷᠢᠯᠭ᠎ᠠ ᠪᠠᠷ ᠴᠡᠷᠢᠭ ᠦᠨ ᠲᠦᠷᠢᠮᠡᠭᠡᠶᠢᠯᠡᠯ ᠳᠦ ᠰᠢᠷᠭᠠᠭᠤ ᠪᠡᠯᠡᠳᠬᠡᠬᠦ ᠪᠣᠯᠤᠭᠰᠠᠨ ᠶᠤᠮ᠃ 1933 ᠣᠨ ᠳᠤ ᠶᠠᠫᠣᠨ ᠤ ᠴᠡᠷᠢᠭ ᠦᠨ ᠬᠢᠨ ᠮᠠᠨᠵᠤᠤᠷ ᠢ ᠡᠵᠡᠯᠡᠮᠡᠭᠴᠡ ᠪᠡᠨ ᠨᠤᠲᠤᠭ ᠳᠡᠪᠢᠰᠬᠡᠷ ᠳᠡᠭᠡᠷ᠎ᠡ ᠨᠢ ᠴᠡᠷᠢᠭ ᠦᠨ ᠲᠥᠷᠥᠯ ᠪᠦᠷᠢ ᠶᠢᠨ ᠪᠠᠶᠢᠭᠤᠯᠤᠮᠵᠢ ᠪᠠᠷᠢᠬᠤ ᠶᠢᠨ ᠵᠡᠷᠭᠡᠴᠡᠭᠡ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ᠂ ᠮᠣᠩᠭᠣᠯ ᠤᠨ ᠬᠢᠯᠢ ᠣᠷᠣᠭᠣ ᠲᠡᠮᠦᠷ ᠪᠣᠯᠤᠨ ᠵᠠᠰᠠᠮᠠᠯ ᠵᠠᠮ ᠲᠠᠯᠪᠢᠵᠤ ᠡᠬᠢᠯᠡᠭᠰᠡᠨ ᠪᠠᠶᠢᠨ᠎ᠠ᠃

ᠡᠨᠡ ᠬᠤᠭᠤᠴᠠᠭᠠᠨ ᠳᠤ ᠶᠠᠫᠣᠨ ᠤ ᠲᠠᠩᠨᠠᠭᠤᠯ ᠤᠨ ᠬᠢᠨ ᠤᠯᠠᠮ ᠠᠵᠢᠯᠯᠠᠭ᠎ᠠ ᠶᠢ ᠪᠠᠨ ᠢᠳᠡᠪᠬᠢᠵᠢᠭᠦᠯᠪᠡ᠃ 《ᠣᠷᠣᠰ ᠤᠨ ᠡᠰᠡᠷᠬᠦ ᠬᠣᠣᠷᠯᠠᠨ ᠰᠦᠢᠳᠭᠡᠬᠦ ᠦᠢᠯᠡ ᠠᠵᠢᠯᠯᠠᠭ᠎ᠠ ᠶᠢ ᠰᠤᠳᠤᠯᠬᠤ ᠮᠠᠲ᠋ᠧᠷᠢᠶᠠᠯ》 ᠨᠡᠷ᠎ᠡ ᠲᠡᠢ ᠨᠢᠭᠤᠴᠠ ᠢᠯᠡᠳᠬᠡᠯ ᠳᠦ 《ᠬᠣᠣᠷᠯᠠᠨ ᠰᠦᠢᠳᠭᠡᠬᠦ ᠦᠢᠯᠡ ᠠᠵᠢᠯᠯᠠᠭ᠎ᠠ ᠨᠢ ᠢᠷᠡᠭᠡᠳᠦᠢ ᠶᠢᠨ ᠳᠠᠶᠢᠨ ᠳᠤ ᠣᠨᠴᠠᠭᠠᠢ ᠴᠢᠬᠤᠯᠠ ᠡᠭᠦᠷᠭᠡ ᠭᠦᠢᠴᠡᠳᠭᠡᠬᠦ ᠪᠣᠯᠤᠨ᠎ᠠ 》 ᠭᠡᠵᠡᠢ᠃ ᠮᠠᠨᠵᠤᠤᠷ ᠲᠤ ᠪᠣᠯᠤᠨ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠵᠡᠭᠦᠨ ᠬᠢᠯᠢ ᠳᠡᠭᠡᠷ᠎ᠡ ᠶᠠᠫᠣᠨᠴᠤᠳ ᠤᠨ ᠪᠡᠯᠡᠳᠬᠡᠯ ᠠᠵᠢᠯ ᠤᠨᠨ ᠶᠠᠪᠤᠴᠠ ᠶᠢᠨ ᠲᠤᠬᠠᠢ ᠬᠠᠮᠤᠭ ᠤᠨ ᠦᠨ᠎ᠡ ᠴᠡᠨ᠎ᠡ ᠲᠡᠢ ᠮᠡᠳᠡᠭᠡᠯᠡᠯ ᠦᠨ ᠡᠬᠢ ᠰᠤᠷᠪᠤᠯᠵᠢ ᠨᠢ ᠵᠥᠪᠯᠡᠯᠲᠦ ᠶᠢᠨ ᠲᠠᠩᠨᠠᠭᠤᠯᠴᠢ ᠷᠬᠤᠷᠳᠠ ᠵᠣᠷᠭᠧ ᠪᠠᠶᠢᠭᠰᠠᠨ ᠪᠥᠭᠡᠳ ᠲᠡᠷᠡ ᠪᠡᠷ ᠶᠠᠫᠣᠨᠴᠤᠳ 1939 ᠣᠨ ᠤ ᠬᠠᠪᠤᠷ ᠣᠷᠣᠨ ᠨᠤᠲᠤᠭ ᠤᠨ ᠮᠥᠷᠭᠥᠯᠳᠦᠭᠡᠨ ᠳᠦ ᠬᠦᠷᠭᠡᠬᠦ ᠥᠳᠥᠭᠡᠨ ᠬᠠᠳᠬᠤᠯᠭ᠎ᠠ ᠬᠢᠬᠦ ᠪᠡᠷ ᠲᠥᠯᠥᠪᠯᠡᠵᠦ ᠪᠠᠶᠢᠭ᠎ᠠ ᠶᠢ ᠮᠡᠳᠡᠭᠡᠯᠡᠵᠦ ᠪᠠᠶᠢᠴᠠᠢ᠃ ᠬᠢᠲᠠᠳ ᠲᠤ ᠶᠠᠪᠤᠭᠤᠯᠵᠤ ᠪᠠᠶᠢᠭᠰᠠᠨ ᠳᠠᠶᠢᠨ ᠠᠴᠠ ᠤᠯᠪᠠᠭᠠᠯᠠᠨ ᠶᠠᠫᠣᠨᠴᠤᠳ ᠵᠥᠪᠯᠡᠯᠲᠦ ᠶᠢᠨ ᠡᠰᠡᠷᠬᠦ ᠰᠢᠭᠤᠳ ᠳᠠᠶᠢᠨ ᠡᠬᠢᠯᠡᠭᠦᠯᠬᠦ ᠪᠣᠯᠤᠮᠵᠢ ᠦᠭᠡᠢ ᠭᠡᠵᠦ ᠲᠡᠷᠡ ᠦᠵᠡᠵᠦ ᠪᠠᠶᠢᠯ᠎ᠠ᠃ ᠬᠠᠯᠬ᠎ᠠ ᠶᠢᠨ ᠭᠣᠣᠯ ᠤᠨ ᠦᠢᠯᠡ ᠶᠠᠪᠤᠳᠠᠯ ᠳᠤ ᠵᠥᠪᠯᠡᠯᠲᠦ ᠶᠢᠨ ᠪᠣᠯᠤᠨ ᠭᠠᠳᠠᠭᠠᠳᠤ ᠶᠢᠨ ᠬᠡᠪᠯᠡᠯ ᠮᠡᠳᠡᠭᠡᠯᠡᠯ ᠦᠨ ᠬᠢᠨ ᠮᠠᠰᠢ ᠲᠣᠪᠴᠢᠬᠠᠨ᠂ ᠬᠦᠯᠢᠴᠡᠲᠡᠢ ᠬᠠᠨᠳᠤᠵᠤ ᠪᠠᠶᠢᠪᠠ᠃ ᠵᠥᠪᠯᠡᠯᠲᠦ ᠶᠢᠨ ᠬᠡᠪᠯᠡᠯ ᠳᠦ ᠵᠥᠪᠬᠡᠨ ᠲᠣᠪᠴᠢ ᠮᠡᠳᠡᠭᠡ ᠨᠦᠭᠦᠳ ᠭᠠᠷᠴᠤ ᠪᠠᠶᠢᠯ᠎ᠠ᠃ ᠶᠠᠫᠣᠨ ᠤ ᠬᠡᠪᠯᠡᠯ ᠮᠡᠳᠡᠭᠡᠯᠡᠯ ᠦᠨ ᠬᠡᠷᠡᠭᠰᠡᠯ ᠢᠶᠡᠷ ᠵᠥᠪᠯᠡᠯᠲᠦ ᠬᠣᠯᠪᠣᠭᠠᠲᠤ ᠤᠯᠤᠰ ᠪᠣᠯᠤᠨ ᠭᠠᠳᠠᠭᠠᠳᠤ ᠮᠣᠩᠭᠣᠯ ᠢ ᠪᠤᠷᠤᠭᠤᠳᠬᠠᠭᠰᠠᠨ ᠮᠡᠳᠡᠭᠡᠯᠡᠯ ᠴᠠᠴᠤᠭᠳᠠᠵᠤ ᠪᠠᠶᠢᠪᠠ᠃ 1939 ᠣᠨ ᠤ 5 ᠳ᠋ᠤᠭᠠᠷ ᠰᠠᠷ᠎ᠠ ᠶᠢᠨ 30 ᠍ ᠳᠦ 《5 ᠳ᠋ᠤᠭᠠᠷ ᠰᠠᠷ᠎ᠠ ᠶᠢᠨ 11 ᠍ ᠳᠦ ᠭᠠᠳᠠᠭᠠᠳᠤ ᠮᠣᠩᠭᠣᠯ ᠤᠨ ᠴᠡᠷᠢᠭ ᠦᠨ ᠬᠠᠷᠢᠴᠠᠩᠭᠤᠢ ᠲᠣᠮᠣ ᠪᠦᠯᠦᠭ ᠬᠠᠯᠬ᠎ᠠ ᠶᠢᠨ ᠭᠣᠣᠯ ᠢ ᠭᠠᠲᠤᠯᠤᠨ ᠨᠣᠮᠣᠨ ᠬᠠᠨ ᠣᠷᠣᠭᠣ ᠴᠥᠮᠥᠷᠡᠨ ᠣᠷᠣᠯ᠎ᠠ᠃ ᠮᠠᠨᠵᠤᠤᠷ ᠤᠨ ᠬᠢᠯᠢᠴᠢᠳ ᠲᠡᠳᠡᠨ ᠢ ᠪᠤᠴᠠᠭᠠᠨ ᠬᠦᠭᠡᠭᠡᠪᠡ》 ᠬᠡᠮᠡᠨ ᠮᠡᠳᠡᠭᠡᠯᠡᠵᠡᠢ᠃ ᠵᠥᠪᠯᠡᠯᠲᠦ ᠶᠢᠨ ᠤᠳᠤᠷᠢᠳᠤᠯᠭ᠎ᠠ ᠡᠨᠡ ᠪᠥᠰᠡ ᠨᠤᠲᠤᠭ ᠲᠤ ᠶᠠᠫᠣᠨ ᠴᠡᠷᠢᠭ ᠦᠨ ᠬᠦᠴᠦ ᠨᠢ ᠲᠣᠮᠣᠬᠠᠨ ᠬᠡᠮᠵᠢᠶᠡᠨ ᠦ ᠴᠡᠷᠢᠭ ᠦᠨ ᠠᠵᠢᠯᠯᠠᠭ᠎ᠠ ᠶᠠᠪᠤᠭᠤᠯᠬᠤ ᠳᠤ ᠢᠯᠡᠳᠲᠡ ᠬᠦᠷᠦᠯᠴᠡᠭᠡ ᠦᠭᠡᠢ ᠪᠠᠶᠢᠭᠰᠠᠨ ᠳᠤ ᠢᠲᠡᠭᠡᠯ ᠲᠡᠢ ᠪᠠᠶᠢᠴᠠᠢ᠃ ᠡᠶᠢᠮᠦ ᠡᠴᠡ ᠮᠣᠩᠭᠣᠯ ᠤᠨ ᠴᠡᠷᠢᠭ ᠦᠨ ᠬᠢᠨ ᠪᠣᠯᠤᠨ 57 ᠳ᠋ᠤᠭᠠᠷ ᠺᠣᠷᠫᠤᠶᠢᠰ ᠤᠨ ᠺᠣᠮᠠᠨᠳᠯᠠᠯ ᠡᠬᠢᠨ ᠡᠴᠡ ᠪᠡᠨ ᠡᠨᠡ ᠥᠳᠥᠭᠡᠨ ᠬᠠᠳᠬᠤᠯᠭ᠎ᠠ ᠳᠤ ᠲᠡᠳᠦᠶᠢᠯᠡᠨ ᠠᠴᠢ ᠬᠣᠯᠪᠣᠭᠳᠠᠯ ᠥᠭᠭᠦᠭᠡ ᠦᠭᠡᠢ ᠪᠠᠶᠢᠨ᠎ᠠ᠃ ᠵᠥᠪᠬᠡᠨ ᠡᠬᠢᠨ ᠦ ᠬᠠᠭᠠᠰ ᠵᠢᠯ ᠳᠤ ᠮᠠᠨᠵᠤ ᠮᠣᠩᠭᠣᠯ ᠤᠨ ᠬᠢᠯᠢ ᠳᠡᠭᠡᠷ᠎ᠡ ᠶᠠᠫᠣᠨ ᠤ ᠲᠠᠯ᠎ᠠ ᠠᠴᠠ 10 ᠭᠠᠷᠤᠢ ᠵᠥᠷᠢᠴᠡᠯ ᠪᠦᠷᠢᠳᠬᠡᠭᠳᠡᠭᠰᠡᠨ ᠪᠠᠶᠢᠨ᠎ᠠ᠃

ᠪᠠᠶᠢᠯᠳᠤᠭᠠᠨ ᠤ ᠠᠵᠢᠯᠯᠠᠭ᠎ᠠ ᠡᠬᠢᠯᠡᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠠᠫᠣᠨ ᠤ ᠨᠢᠰᠦᠭᠴᠢ ᠨᠠᠷ

ᠶᠠᠫᠣᠨ ᠤ ᠲᠠᠯ᠎ᠠ 1932 ᠣᠨ ᠠᠴᠠ ᠡᠬᠢᠯᠡᠨ ᠲᠠᠩᠨᠠᠭᠤᠯ ᠲᠤᠷᠰᠢᠭᠤᠯ ᠤᠨ ᠰᠢᠨᠵᠢᠲᠡᠢ ᠦᠢᠯᠡ ᠠᠵᠢᠯᠯᠠᠭ᠎ᠠ ᠶᠠᠪᠤᠭᠤᠯᠵᠤ ᠪᠠᠶᠢᠭᠰᠠᠨ ᠢᠶᠠᠨ 1936 ᠣᠨ ᠠᠴᠠ ᠶᠠᠫᠣᠨ᠂ ᠮᠠᠨᠵᠤ ᠶᠢᠨ ᠴᠡᠷᠢᠭ ᠮᠣᠩᠭᠣᠯ ᠤᠨ ᠬᠢᠯᠢ ᠶᠢᠨ ᠤᠯᠠᠭᠠᠨ ᠪᠤᠷᠭᠠᠰᠤ᠂ ᠪᠣᠯᠣᠩ ᠳᠡᠷᠡᠰᠦ᠂ ᠠᠳᠠᠭ ᠳᠤᠯᠠᠭᠠᠨᠪᠦᠷᠢᠳᠦ ᠣᠪᠣᠭ᠎ᠠᠬᠠᠶᠢᠯᠠᠰᠤᠲᠤ ᠮᠠᠩᠬᠠᠨᠬᠠᠯᠬ᠎ᠠ ᠶᠢᠨ ᠰᠦᠮ᠎ᠡ ᠵᠡᠷᠭᠡ ᠶᠢᠨ ᠴᠢᠭᠯᠡᠯ ᠢᠶᠡᠷ ᠬᠢᠯᠢ ᠵᠥᠷᠢᠴᠡᠨ ᠥᠳᠥᠭᠡᠨ ᠬᠠᠳᠬᠤᠵᠤ ᠪᠠᠶᠢᠯ᠎ᠠ᠃ ᠡᠶᠢᠮᠦ ᠳᠦ 1937 ᠣᠨ ᠤ ᠬᠠᠪᠤᠷ ᠠᠴᠠ ᠵᠥᠪᠯᠡᠯᠲᠦ ᠬᠣᠯᠪᠣᠭᠠᠲᠤ ᠤᠯᠤᠰ ᠴᠡᠷᠢᠭ ᠦᠨ ᠬᠦᠴᠦ ᠪᠡᠨ ᠮᠣᠩᠭᠣᠯ ᠤᠨ ᠬᠢᠯᠢ ᠪᠡᠷ ᠤᠷᠤᠭᠤᠯᠪᠠ᠃ ᠮᠣᠩᠭᠣᠯ ᠤᠯᠤᠰ᠂ ᠡᠨᠡᠬᠦ ᠣᠷᠣᠨ ᠵᠠᠢ ᠳᠤ ᠪᠣᠯᠤᠭᠰᠠᠨ ᠪᠠᠶᠢᠯᠳᠤᠭᠠᠨ ᠤ ᠠᠵᠢᠯᠯᠠᠭ᠎ᠠ ᠶᠢ 3 ᠦᠶ᠎ᠡ ᠱᠠᠲᠤᠨ ᠳᠤ ᠬᠤᠪᠢᠶᠠᠨ ᠠᠪᠴᠤ ᠦᠵᠡᠳᠡᠭ᠃

ᠨᠢᠭᠡᠳᠦᠭᠡᠷ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

5 ᠍ ᠳᠦᠭᠡᠷ ᠰᠠᠷ᠎ᠠ ᠶᠢᠨ 11 ᠍ ᠳᠦ ᠶᠠᠫᠣᠨ ᠤ 300 ᠶᠠᠪᠠᠭᠠᠨ ᠴᠡᠷᠢᠭ ᠨᠢᠰᠬᠦ ᠣᠩᠭᠣᠴᠠᠨ ᠤ ᠲᠤᠰᠠᠯᠠᠮᠵᠢ ᠲᠠᠢ ᠪᠠᠷ ᠬᠢᠯᠢ ᠡᠴᠡ 20 ᠺᠢᠯᠣᠮᠧᠲ᠋ᠷ ᠳᠣᠲᠣᠭᠰᠢᠯᠠᠨ ᠬᠠᠯᠳᠠᠨ ᠳᠣᠪᠲᠣᠯᠵᠠᠢ᠃ ᠶᠠᠫᠣᠨᠴᠤᠳ 6 ᠍ ᠳᠦᠭᠡᠷ ᠰᠠᠷ᠎ᠠ ᠶᠢᠨ ᠰᠡᠭᠦᠯᠴᠢ ᠪᠡᠷ ᠲᠠᠮᠰᠤᠭᠤᠪᠤᠯᠠᠭ ᠢ ᠣᠯᠠᠨ ᠣᠩᠭᠣᠴᠠ ᠪᠠᠷ ᠪᠦᠮᠪᠦᠭᠡᠳᠡᠵᠥ ᠲᠡᠯᠪᠡᠴᠢᠵᠡᠢ ᠃

ᠬᠣᠶᠠᠳᠤᠭᠠᠷ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠥᠪᠯᠡᠯᠲᠦ ᠶᠢᠨ ᠫᠤᠤᠳᠠᠨ ᠤᠨᠠᠭᠠᠭᠳᠠᠭᠰᠠᠨ ᠰᠥᠨᠥᠭᠡᠭᠴᠢ ᠣᠩᠭᠣᠴᠠ

ᠮᠣᠩᠭᠣᠯ ᠵᠥᠪᠯᠡᠯᠲᠦ ᠶᠢᠨ ᠴᠡᠷᠢᠭ ᠢ ᠪᠥᠰᠡᠯᠡᠨ ᠠᠪᠴᠤ ᠤᠰᠠᠳᠬᠠᠬᠤ᠂ ᠬᠠᠯᠬ᠎ᠠ ᠭᠣᠣᠯ ᠤᠨ ᠪᠠᠷᠠᠭᠤᠨ ᠡᠷᠭᠢ ᠳᠦ ᠪᠡᠬᠢᠵᠢᠬᠦ ᠵᠣᠷᠢᠯᠭ᠎ᠠ ᠪᠠᠷ ᠳᠣᠪᠲᠣᠯᠭᠠᠨ ᠤ ᠪᠡᠯᠡᠳᠬᠡᠯ ᠢ ᠡᠷᠴᠢᠮᠲᠡᠢ ᠬᠢᠵᠦ ᠡᠬᠢᠯᠡᠨ 7 ᠰᠠᠷ᠎ᠠ ᠶᠢᠨ 2 ᠍ ᠳᠦ ᠶᠠᠫᠣᠨ ᠤ ᠲᠠᠯ᠎ᠠ 38 ᠮᠢᠩᠭᠠᠨ ᠴᠡᠷᠢᠭ ᠦᠨ ᠠᠯᠪᠠ ᠬᠠᠭᠠᠭᠴᠢ᠂ 310 ᠨᠢᠭᠡᠴᠡ ᠵᠡᠪᠰᠡᠭ᠂ 135 ᠲᠠᠩᠺ᠂ 225 ᠨᠢᠰᠬᠦ ᠣᠩᠭᠣᠴᠠ ᠳᠠᠶᠢᠴᠢᠯᠠᠪᠠ᠃ ᠶᠠᠫᠣᠨ ᠤ ᠴᠡᠷᠢᠭ ᠦᠨ ᠭᠣᠣᠯ ᠴᠣᠬᠢᠯᠲᠠ ᠶᠢᠨ ᠪᠦᠯᠦᠭᠯᠡᠯ 7 ᠳ᠋ᠤᠭᠠᠷ ᠰᠠᠷ᠎ᠠ ᠶᠢᠨ 2-3 ᠍ ᠳᠦ ᠰᠢᠯᠵᠢᠬᠦ ᠰᠥᠨᠢ ᠬᠠᠯᠬ᠎ᠠ ᠶᠢᠨ ᠭᠣᠣᠯ ᠤᠨ ᠬᠥᠪᠪᠥᠳᠡᠭ ᠭᠦᠭᠦᠷᠭᠡ ᠪᠡᠷ ᠭᠠᠲᠤᠯᠠᠵᠤ ᠡᠬᠢᠯᠡᠭᠰᠡᠨ ᠪᠠᠶᠢᠨ᠎ᠠ᠃ ᠥᠷᠯᠥᠭᠡᠨ ᠦ 10 ᠴᠠᠭ ᠭᠡᠬᠦ ᠳᠦ ᠲᠤᠰ ᠪᠦᠯᠦᠭᠯᠡᠯ ᠦᠨ ᠭᠣᠣᠯ ᠬᠦᠴᠦ ᠭᠣᠣᠯ ᠤᠨ ᠪᠠᠷᠠᠭᠤᠨ ᠡᠷᠭᠢ ᠳᠦ ᠭᠠᠷᠴᠤ ᠠᠮᠵᠢᠵᠠᠢ᠃ ᠭᠣᠣᠯ ᠤᠨ ᠪᠠᠷᠠᠭᠤᠨ ᠡᠷᠭᠢ ᠳᠦ ᠭᠠᠷᠤᠭᠰᠠᠨ ᠶᠠᠫᠣᠨᠴᠤᠳ ᠪᠠᠶᠠᠨᠴᠠᠭᠠᠨ ᠤ ᠨᠢᠷᠤᠭᠤ ᠶᠢ ᠡᠵᠡᠯᠡᠬᠦ ᠪᠡᠷ ᠪᠠᠲ᠋ᠯᠢᠶᠣᠨ ᠣᠷᠴᠢᠮ ᠬᠦᠴᠦ ᠶᠢ ᠲᠡᠷᠢᠭᠦᠨ ᠦ ᠣᠲᠷᠢᠶᠠᠳ᠋ ᠍ ᠲᠤ ᠢᠯᠡᠭᠡᠪᠡ᠃ ᠡᠨᠡ ᠦᠶ᠎ᠡ ᠳᠦ МАХЦ ᠍ ᠦᠨ 6 ᠳ᠋ᠤᠭᠠᠷ ᠮᠣᠷᠢᠲᠤ ᠳ᠋ᠢᠸᠢᠽᠢ ᠶᠢᠨ 15 ᠳ᠋ᠤᠭᠠᠷ ᠮᠣᠷᠢᠲᠤ ᠬᠣᠷᠢᠶ᠎ᠠ ᠪᠠᠶᠠᠨᠴᠠᠭᠠᠨ ᠢᠶᠠᠷ ᠳᠠᠮᠵᠢᠨ ᠭᠣᠣᠯ ᠤᠨ ᠭᠠᠷᠠᠮ ᠣᠷᠣᠭᠣ ᠶᠠᠪᠤᠵᠤ ᠪᠠᠶᠢᠭᠠᠳ ᠳᠠᠶᠢᠰᠤᠨ ᠤ ᠭᠠᠯ ᠳᠤ ᠭᠡᠨᠡᠳᠲᠡ ᠥᠷᠲᠥᠵᠦ ᠭᠡᠳᠡᠷᠭᠦ ᠤᠬᠤᠷᠢᠭᠰᠠᠨ ᠪᠠᠶᠢᠨ᠎ᠠ᠃ ᠭᠣᠣᠯ ᠤᠨ ᠭᠠᠷᠠᠮ ᠢ ᠬᠠᠮᠠᠭᠠᠯᠠᠬᠤ ᠪᠠᠷ ᠢᠷᠡᠭᠰᠡᠨ МАХЦ ᠍ ᠦᠨ 6 ᠳ᠋ᠤᠭᠠᠷ ᠮᠣᠷᠢᠲᠤ ᠳ᠋ᠢᠸᠢᠽᠢ ᠶᠢᠨ ᠬᠤᠶᠠᠭᠲᠤ ᠳ᠋ᠢᠸᠢᠽᠢ 15 ᠳ᠋ᠤᠭᠠᠷ ᠮᠣᠷᠢᠲᠤ ᠬᠣᠷᠢᠶᠠᠨ ᠤ ᠬᠠᠮᠲᠤ ᠳᠠᠶᠢᠰᠤᠨ ᠲᠠᠢ ᠪᠠᠶᠢᠯᠳᠤᠵᠤ ᠡᠬᠢᠯᠡᠭᠰᠡᠨ ᠪᠣᠯᠪᠠᠴᠤ ᠶᠠᠫᠣᠨ ᠤ ᠨᠢᠰᠬᠦ ᠣᠩᠭᠣᠴᠠ ᠲᠡᠳᠡᠨ ᠢ ᠬᠦᠴᠦᠲᠡᠢ ᠪᠥᠮᠪᠥᠭᠡᠳᠡᠵᠦ ᠪᠠᠶᠢᠯᠳᠤᠭᠠᠨ ᠤ ᠲᠠᠯᠠᠪᠤᠷ ᠲᠤ ᠬᠡᠰᠡᠭᠴᠢᠯᠡᠨ ᠪᠤᠲᠠᠷᠭᠠᠭᠰᠠᠨ ᠤ ᠤᠯᠠᠮ ᠠᠴᠠ ᠵᠣᠬᠢᠶᠠᠨ ᠪᠠᠶᠢᠭᠤᠯᠤᠯᠲᠠ ᠲᠠᠢ ᠰᠥᠷᠭᠦ ᠳᠠᠭᠠᠷᠢᠯᠲᠠ ᠬᠢᠬᠦ ᠪᠣᠯᠤᠯᠴᠠᠭ᠎ᠠ ᠣᠯᠳᠠᠭᠰᠠᠨ ᠦᠭᠡᠢ᠃ ᠡᠨᠡ ᠪᠠᠶᠢᠳᠠᠯ ᠤᠨ ᠤᠯᠠᠮ ᠠᠴᠠ ᠳᠡᠭᠡᠷᠡᠬᠢ ᠠᠩᠭᠢ ᠨᠤᠭᠤᠳ ᠤᠯᠠᠭᠠᠨ ᠠᠷᠮᠢ ᠶᠢᠨ ᠠᠩᠭᠢ ᠨᠤᠭᠤᠳ ᠢ ᠢᠷᠡᠲᠡᠯ᠎ᠡ ᠳᠠᠶᠢᠰᠤᠨ ᠳᠤ ᠨᠥᠯᠥᠭᠡ ᠦᠵᠡᠭᠦᠯᠵᠦ ᠴᠢᠳᠠᠭ᠎ᠠ ᠦᠭᠡᠢ ᠪᠠᠶᠢᠨ᠎ᠠ᠃ 3 ᠍ ᠦ ᠡᠳᠦᠷ ᠦᠨ ᠥᠷᠯᠥᠭᠡ МАХЦ ᠍ ᠦᠨ 6 ᠳ᠋ᠤᠭᠠᠷ ᠮᠣᠷᠢᠲᠤ ᠳ᠋ᠢᠸᠢᠽ ᠣᠷᠣᠭᠣ ᠣᠴᠢᠬᠤ ᠪᠠᠷ ᠶᠠᠪᠤᠵᠤ ᠪᠠᠶᠢᠭᠰᠠᠨ МАХЦ ᠍ ᠦᠨ ᠰᠤᠷᠭᠠᠭᠴᠢ ᠠᠬᠠᠮᠠᠳ ᠠᠹᠣᠨᠢᠨ ᠪᠠᠶᠠᠨᠴᠠᠭᠠᠨ ᠤ ᠨᠢᠷᠤᠭᠤ ᠶᠢ ᠶᠠᠫᠣᠨ ᠤ ᠴᠡᠷᠢᠭ ᠡᠵᠡᠯᠡᠨ ᠠᠪᠴᠤ ᠪᠠᠶᠢᠭ᠎ᠠ ᠶᠢ ᠮᠡᠳᠡᠮᠡᠭᠴᠡ ᠲᠡᠷᠡ ᠳᠠᠷᠤᠢ ᠬᠠᠮᠠᠷ ᠳᠠᠪᠠᠭᠠᠨ ᠳᠠᠬᠢ ᠺᠣᠮᠠᠨᠳ᠋ ᠤᠨ ᠪᠠᠶᠢᠷᠢᠨ ᠳᠤ ᠢᠷᠡᠵᠦ ᠡᠨᠡ ᠲᠤᠬᠠᠢ ᠮᠡᠳᠡᠭᠳᠡᠵᠡᠢ᠃ ᠡᠯ᠎ᠡ ᠮᠡᠳᠡᠭᠡ ᠶᠢ ᠬᠦᠯᠢᠶᠡᠨ ᠠᠪᠤᠭᠰᠠᠨ ᠵᠢᠺᠣᠸ ᠪᠠᠶᠠᠨᠴᠠᠭᠠᠨ ᠤ ᠨᠢᠷᠤᠭᠤᠨ ᠳᠤ ᠳᠠᠶᠢᠰᠤᠨ ᠢ ᠶᠠᠭᠠᠷᠠᠯᠲᠠᠢ ᠪᠠᠷᠢᠵᠤ ᠵᠣᠭᠰᠣᠬᠤ᠂ ᠥᠪᠡᠷ ᠦᠨ ᠨᠥᠭᠡᠴᠡ ᠬᠦᠴᠦ ᠪᠡᠷ ᠶᠠᠫᠣᠨ ᠤ ᠴᠡᠷᠢᠭ ᠢ ᠭᠤᠷᠪᠠᠨ ᠲᠠᠯ᠎ᠠ ᠠᠴᠠ ᠨᠢ ᠪᠥᠰᠡᠯᠡᠨ ᠤᠰᠠᠳᠬᠠᠬᠤ ᠰᠢᠢᠳᠪᠦᠷᠢ ᠭᠠᠷᠭᠠᠭᠰᠠᠨ ᠪᠠᠶᠢᠨ᠎ᠠ᠃ ᠲᠡᠷᠡ ᠪᠡᠷ ᠵᠥᠪᠯᠡᠯᠲᠦ ᠬᠣᠯᠪᠣᠭᠠᠲᠤ ᠤᠯᠤᠰ ᠤᠨ 11 ᠳᠦᠭᠡᠷ ᠲᠠᠩᠺ ᠤᠨ ᠪᠠᠷᠢᠭᠠᠳᠠ᠂ 7 ᠳ᠋ᠤᠭᠠᠷ ᠬᠤᠶᠠᠭᠲᠤ ᠪᠠᠷᠢᠭᠠᠳᠠ᠂ 24 ᠳᠦᠭᠡᠷ ᠬᠣᠷᠢᠶ᠎ᠠ ᠶᠢ ᠪᠠᠶᠠᠨᠴᠠᠭᠠᠨ ᠤ ᠴᠢᠭᠯᠡᠯ ᠳᠦ ᠨᠡᠩ ᠳᠠᠷᠤᠢ ᠳᠠᠪᠰᠢᠵᠤ᠂ ᠡᠳᠡᠭᠡᠷ ᠬᠦᠴᠦ ᠶᠢ ᠢᠷᠡᠲᠡᠯ᠎ᠡ ᠳᠠᠶᠢᠰᠤᠨ ᠢ ᠪᠠᠷᠢᠵᠤ ᠪᠠᠶᠢᠬᠤ ᠡᠭᠦᠷᠭᠡ ᠶᠢ 175 ᠪᠣᠯᠤᠨ 185 ᠳ᠋ᠤᠭᠠᠷ ᠶᠡᠬᠡ ᠪᠤᠤᠨ ᠤ ᠬᠣᠷᠢᠶᠠᠨ ᠳᠤ ᠥᠭᠪᠡ᠃ ᠮᠥᠨ ᠪᠥᠮᠪᠥᠭᠡᠳᠡᠭᠴᠢ ᠣᠩᠭᠣᠴᠠᠨ ᠤ ᠪᠦᠬᠦ ᠡᠰᠺᠠᠳ᠋ᠷᠢᠯ ᠢ ᠨᠢᠰᠬᠡᠵᠦ ᠳᠠᠶᠢᠰᠤᠨ ᠤ ᠪᠠᠶᠢᠷᠢᠯᠠᠯ ᠢ ᠪᠥᠮᠪᠥᠭᠡᠳᠡᠬᠦ ᠲᠤᠰᠢᠶᠠᠯ ᠥᠭᠴᠡᠢ᠃ 11 ᠳᠦᠭᠡᠷ ᠲᠠᠩᠺ ᠤᠨ ᠪᠠᠷᠢᠭᠠᠳᠠ ᠶᠢᠨ ᠲᠡᠷᠢᠭᠦᠨ ᠦ ᠪᠠᠲ᠋ᠯᠢᠶᠣᠨ ᠪᠠᠶᠠᠨᠴᠠᠭᠠᠨ ᠳᠤ ᠢᠷᠡᠩᠭᠦᠲᠡ МАХЦ ᠍ ᠦᠨ 8 ᠳ᠋ᠤᠭᠠᠷ ᠮᠣᠷᠢᠲᠤ ᠳ᠋ᠢᠸᠢᠽᠢ ᠶᠢᠨ ᠬᠤᠶᠠᠭᠲᠤ ᠶᠢᠨ ᠳ᠋ᠢᠸᠢᠽᠢ ᠲᠠᠢ ᠬᠠᠮᠲᠤᠷᠠᠵᠤ ᠳᠠᠶᠢᠰᠤᠨ ᠳᠤ ᠠᠩᠬᠠᠨ ᠤ ᠴᠣᠬᠢᠯᠲᠠ ᠥᠭᠭᠦᠭᠰᠡᠨ ᠪᠠᠶᠢᠨ᠎ᠠ᠃

ᠳᠠᠶᠢᠰᠤᠨ ᠡᠨᠡ ᠳᠠᠭᠠᠷᠢᠯᠲᠠ ᠶᠢ ᠶᠡᠬᠡ ᠪᠤᠤᠨ ᠤ ᠰᠢᠷᠦᠭᠦᠨ ᠭᠠᠯ ᠢᠶᠠᠷ ᠤᠭᠲᠤᠭᠰᠠᠨ ᠪᠥᠭᠡᠳ ᠮᠣᠩᠭᠣᠯ᠂ ᠵᠥᠪᠯᠡᠯᠲᠦ ᠶᠢᠨ ᠬᠤᠶᠠᠭᠲᠤ ᠲᠠᠩᠺ ᠤᠨ ᠠᠩᠭᠢ ᠨᠤᠭᠤᠳ ᠥᠭᠡᠳᠡ ᠡᠴᠡ ᠨᠢ ᠢᠷᠡᠵᠦ ᠶᠠᠪᠤᠭ᠎ᠠ ᠶᠢ ᠮᠡᠳᠡᠭᠡᠳ ᠪᠠᠶᠠᠨᠴᠠᠭᠠᠨ ᠤ ᠨᠢᠷᠤᠭᠤᠨ ᠳᠤ ᠬᠣᠷᠢᠭᠯᠠᠯᠲᠠ ᠳᠤ ᠰᠢᠯᠵᠢᠪᠡ᠃ ᠡᠳᠦᠷ ᠦᠨ 11 ᠴᠠᠭ ᠤᠨ ᠦᠶ᠎ᠡ ᠳᠦ 11 ᠳᠦᠭᠡᠷ ᠲᠠᠩᠺ ᠤᠨ ᠪᠠᠷᠢᠭᠠᠳᠠ ᠶᠢᠨ ᠭᠣᠣᠯ ᠬᠦᠴᠦ ᠪᠠᠶᠢᠯᠳᠤᠭᠠᠨ ᠤ ᠲᠠᠯᠠᠪᠤᠷ ᠲᠤ ᠬᠦᠷᠦᠯᠴᠡᠨ ᠢᠷᠡᠵᠦ ᠶᠠᠪᠠᠭᠠᠨ ᠴᠡᠷᠢᠭ ᠢ ᠬᠦᠯᠢᠶᠡᠯ ᠦᠭᠡᠢ ᠳᠠᠩ ᠢᠶᠠᠷ ᠢᠶᠠᠨ ᠳᠠᠭᠠᠷᠢᠯᠲᠠᠨ ᠳᠤ ᠣᠷᠣᠵᠠᠢ᠃ ᠤᠳᠠᠯ ᠦᠭᠡᠢ ᠬᠣᠰᠢᠭᠤᠴᠢ ᠳᠠᠨᠢᠨᠰᠺ ᠤᠨ ᠺᠣᠮᠠᠨᠳᠠᠯᠠᠭᠰᠠᠨ ᠵᠥᠪᠯᠡᠯᠲᠦ ᠶᠢᠨ 24 ᠳᠦᠭᠡᠷ ᠬᠣᠷᠢᠶ᠎ᠠ᠂ 7 ᠳ᠋ᠤᠭᠠᠷ ᠪᠠᠷᠢᠭᠠᠳᠠ ᠢᠷᠡᠵᠦ ᠳᠠᠶᠢᠰᠤᠨ ᠤ ᠪᠠᠷᠠᠭᠤᠨ ᠬᠣᠶᠢᠳᠤ᠂ ᠡᠮᠦᠨᠡᠲᠦ ᠲᠠᠯ᠎ᠠ ᠠᠴᠠ ᠨᠢ ᠳᠠᠪᠰᠢᠵᠤ ᠡᠬᠢᠯᠡᠪᠡ᠃ ᠣᠷᠣᠢ ᠶᠢᠨ 19 ᠴᠠᠭ ᠤᠨ ᠦᠶ᠎ᠡ ᠳᠦ МАХЦ ᠍ ᠦᠨ 6,8 ᠳ᠋ᠤᠭᠠᠷ ᠮᠣᠷᠢᠲᠤ ᠳ᠋ᠢᠸᠢᠽᠢ ᠶᠢᠨ ᠬᠤᠶᠠᠭᠲᠤ ᠳ᠋ᠢᠸᠢᠽᠢ ᠤᠳ ᠳᠡᠭᠡᠷᠡᠬᠢ ᠨᠢᠭᠡᠳᠬᠡᠯ᠂ ᠠᠩᠭᠢ ᠨᠤᠭᠤᠳ ᠤᠨ ᠬᠠᠮᠲᠤ ᠳᠠᠶᠢᠰᠤᠨ ᠤ ᠭᠤᠷᠪᠠᠨ ᠲᠠᠯ᠎ᠠ ᠠᠴᠠ ᠨᠢ ᠳᠠᠭᠠᠷᠢᠯᠲᠠ ᠬᠢᠪᠡ᠃ ᠪᠠᠶᠢᠯᠳᠤᠭᠠᠨ ᠰᠥᠨᠢᠵᠢᠨ ᠦᠷᠭᠦᠯᠵᠢᠯᠡᠭᠰᠡᠨ ᠪᠣᠯᠪᠠᠴᠤ ᠶᠠᠮᠠᠷ ᠨᠢᠭᠡ ᠥᠭᠡᠷᠡᠴᠢᠯᠡᠯᠲᠡ ᠭᠠᠷᠤᠭᠰᠠᠨ ᠦᠭᠡᠢ᠃ ᠶᠠᠫᠣᠨ ᠤ 23 ᠳ᠋ᠤᠭᠠᠷ ᠳ᠋ᠢᠸᠢᠽᠢ  ᠬᠠᠯᠬ᠎ᠠ ᠶᠢᠨ ᠭᠣᠣᠯ ᠤᠨ ᠪᠠᠷᠠᠭᠤᠨ ᠡᠷᠭᠢ ᠳᠦ ᠭᠠᠷᠴᠤ ᠢᠷᠡᠭᠰᠡᠨ ᠪᠠᠶᠢᠨ᠎ᠠ᠃ ᠭᠣᠣᠯ ᠤᠨ ᠪᠠᠷᠠᠭᠤᠨ ᠡᠷᠭᠢ ᠳ᠋ᠡᠬᠢ ᠪᠠᠶᠢᠯᠳᠤᠭᠠᠨ ᠤ ᠠᠵᠢᠯᠯᠠᠭ᠎ᠠ ᠶᠢ ᠤᠳᠤᠷᠢᠳᠬᠤ ᠪᠠᠷ ᠢᠷᠡᠭᠰᠡᠨ ᠲᠡᠷᠡᠪᠡᠷ ᠲᠥᠯᠥᠪᠯᠡᠭᠰᠡᠨ ᠵᠣᠷᠢᠯᠲᠠ ᠶᠢ ᠪᠡᠶᠡᠯᠡᠭᠦᠯᠬᠦ ᠪᠣᠯᠤᠮᠵᠢ ᠦᠭᠡᠢ ᠪᠣᠯᠤᠭᠰᠠᠨ ᠢ ᠣᠶᠢᠯᠠᠭᠠᠵᠠᠢ᠃ ᠡᠶᠢᠮᠦ ᠳᠦ ᠭᠣᠣᠯ ᠤᠨ ᠪᠠᠷᠠᠭᠤᠨ ᠡᠷᠭᠢ ᠳ᠋ᠡᠬᠢ ᠥᠪᠡᠷ ᠦᠨ ᠴᠡᠭ ᠢ ᠪᠤᠲᠠ ᠴᠣᠬᠢᠭᠳᠠᠬᠤ ᠠᠴᠠ ᠡᠮᠦᠨ᠎ᠡ ᠶᠠᠭᠠᠷᠠᠯᠲᠠᠢ ᠪᠤᠴᠠᠵᠤ ᠭᠣᠣᠯ ᠤᠨ ᠵᠡᠭᠦᠨ ᠡᠷᠭᠢ ᠳᠦ ᠭᠠᠷᠬᠤ ᠲᠤᠰᠢᠶᠠᠯ ᠭᠠᠷᠭᠠᠵᠠᠢ᠃ᠶᠠᠫᠣᠨ ᠤ ᠴᠡᠷᠢᠭ 4 ᠍ ᠦ ᠥᠷᠯᠥᠭᠡ 3 ᠴᠠᠭ ᠤᠨ ᠲᠤᠷᠰᠢ ᠶᠡᠬᠡ ᠪᠤᠤᠨ ᠤ ᠭᠠᠯ ᠤᠨ ᠪᠡᠯᠡᠳᠬᠡᠯ ᠬᠢᠭᠰᠡᠨ ᠦ ᠡᠴᠦᠰ ᠲᠦ ᠰᠥᠷᠭᠦ ᠳᠠᠭᠠᠷᠢᠯᠲᠠ ᠬᠢᠪᠡ᠃ ᠮᠥᠨ ᠠᠭᠠᠷ ᠠᠴᠠ ᠴᠣᠬᠢᠯᠲᠠ ᠥᠭᠬᠦ ᠶᠢ ᠣᠷᠣᠯᠳᠤᠭᠰᠠᠨ ᠪᠠᠶᠢᠨ᠎ᠠ᠃ ᠶᠠᠫᠣᠨᠴᠤᠳ ᠪᠠᠶᠠᠨᠴᠠᠭᠠᠨ ᠤ ᠨᠢᠷᠤᠭᠤᠨ ᠳᠤ 5 ᠺᠢᠯᠣᠮᠧᠲ᠋ᠷ ᠥᠷᠭᠡᠨ᠂ 2 ᠺᠢᠯᠣᠮᠧᠲ᠋ᠷ ᠭᠦᠨ ᠬᠣᠷᠢᠭᠯᠠᠯᠲᠠ ᠶᠢᠨ ᠵᠤᠷᠪᠤᠰ ᠲᠤ ᠪᠦᠬᠦ ᠬᠦᠴᠦ ᠪᠡᠷ ᠢᠶᠡᠨ ᠡᠰᠡᠭᠦᠴᠡᠵᠦ ᠪᠠᠶᠢᠯᠳᠤᠭᠠᠨ ᠰᠥᠨᠢᠵᠢᠨ ᠦᠷᠭᠦᠯᠵᠢᠯᠡᠵᠡᠢ᠃ ᠶᠠᠫᠣᠨᠴᠤᠳ 4 ᠍ ᠦ ᠡᠳᠦᠷ ᠡᠴᠡ ᠡᠬᠢᠯᠡᠨ ᠠᠩᠭᠢ ᠨᠤᠭᠤᠳ ᠢᠶᠠᠨ ᠤᠬᠤᠷᠢᠭᠠᠵᠤ ᠡᠬᠢᠯᠡᠭᠰᠡᠨ ᠪᠠᠶᠢᠨ᠎ᠠ᠃ ᠡᠨᠡ ᠦᠶ᠎ᠡ ᠳᠦ ᠮᠣᠩᠭᠣᠯ᠂ ᠵᠥᠪᠯᠡᠯᠲᠦ ᠶᠢᠨ ᠴᠡᠷᠢᠭ 7 ᠳ᠋ᠤᠭᠠᠷ ᠰᠠᠷ᠎ᠠ ᠶᠢᠨ 4-5 ᠍ ᠳᠦ ᠰᠢᠯᠵᠢᠬᠦ ᠰᠥᠨᠢ ᠳᠠᠶᠢᠰᠤᠨ ᠳᠤ ᠰᠢᠢᠳᠪᠦᠷᠢᠲᠡᠢ ᠴᠣᠬᠢᠯᠲᠠ ᠥᠭᠴᠦ᠂ ᠶᠠᠫᠣᠨ ᠤ ᠦᠯᠡᠳᠡᠭᠳᠡᠯ ᠴᠡᠷᠢᠭ ᠦᠳ ᠬᠠᠯᠬ᠎ᠠ ᠶᠢᠨ ᠭᠣᠣᠯ ᠤᠨ ᠳᠡᠭᠡᠭᠦᠷ ᠲᠠᠯᠪᠢᠭᠰᠠᠨ ᠭᠦᠭᠦᠷᠭᠡ ᠪᠡᠷ ᠢᠶᠡᠨ ᠭᠣᠣᠯ ᠤᠨ ᠵᠡᠭᠦᠨ ᠡᠷᠭᠢ ᠳᠦ ᠭᠠᠷᠤᠭᠰᠠᠨ ᠪᠠᠶᠢᠨ᠎ᠠ᠃ ᠶᠠᠫᠣᠨᠴᠤᠳ ᠶᠡᠬᠡ ᠬᠣᠬᠢᠷᠠᠯ ᠦᠵᠡᠭᠰᠡᠨ 26 ᠶᠠᠪᠠᠭᠠᠨ ᠬᠣᠷᠣᠭ᠎ᠠ ᠪᠠᠨ ᠬᠠᠮᠤᠭ ᠤᠨ ᠰᠡᠭᠦᠯ ᠳᠦ 7 ᠳ᠋ᠤᠭᠠᠷ ᠰᠠᠷ᠎ᠠ ᠶᠢᠨ 5 ᠍ ᠤ ᠥᠷᠯᠥᠭᠡ ᠭᠠᠲᠤᠯᠤᠭᠤᠯᠤᠨ ᠭᠦᠭᠦᠷᠭᠡ ᠶᠢ ᠳᠡᠯᠪᠡᠯᠵᠡᠢ᠃ ᠪᠠᠶᠠᠨᠴᠠᠭᠠᠨ ᠤ ᠲᠤᠯᠤᠯᠳᠤᠭᠠᠨ ᠨᠢ ᠶᠠᠫᠣᠨ ᠤ ᠲᠠᠯ᠎ᠠ ᠠᠴᠠ ᠬᠠᠯᠬ᠎ᠠ ᠶᠢᠨ ᠭᠣᠣᠯ ᠢ ᠭᠠᠲᠤᠯᠤᠨ ᠳᠠᠪᠰᠢᠬᠤ ᠭᠡᠰᠡᠨ ᠡᠬᠢᠨ ᠦ ᠪᠥᠭᠡᠳ ᠡᠴᠦᠰ ᠦᠨ ᠣᠷᠣᠯᠳᠤᠯᠭ᠎ᠠ ᠪᠠᠶᠢᠭᠰᠠᠨ ᠪᠥᠭᠡᠳ ᠳᠠᠬᠢᠨ ᠭᠣᠣᠯ ᠤᠨ ᠪᠠᠷᠠᠭᠤᠨ ᠡᠷᠭᠢ ᠳᠦ ᠭᠠᠷᠬᠤ ᠭᠡᠵᠦ ᠵᠢᠷᠦᠬᠡᠯᠡᠭᠡ ᠦᠭᠡᠢ ᠶᠤᠮ᠃ ᠬᠠᠯᠬ᠎ᠠ ᠶᠢᠨ ᠭᠣᠣᠯ ᠤᠨ ᠪᠠᠷᠠᠭᠤᠨ ᠡᠷᠭᠢ ᠳᠦ ᠭᠠᠷᠤᠭᠰᠠᠨ ᠶᠠᠫᠣᠨ ᠤ 8000 ᠭᠠᠷᠤᠢ ᠴᠡᠷᠢᠭ ᠠᠯᠠᠭᠳᠠᠵᠤ᠂ ᠰᠢᠷᠬᠠᠲᠤᠭᠰᠠᠨ ᠪᠥᠭᠡᠳ ᠤᠭ ᠲᠤᠯᠤᠯᠳᠤᠭᠠᠨ ᠨᠢ ᠲᠥᠷᠥᠯ ᠪᠦᠷᠢ ᠶᠢᠨ ᠴᠡᠷᠢᠭ ᠢ ᠶᠡᠬᠡ ᠬᠡᠮᠵᠢᠶ᠎ᠡ ᠪᠡᠷ ᠪᠥᠭᠡᠭᠡᠨᠡᠷᠡᠭᠦᠯᠦᠨ ᠣᠷᠤᠯᠴᠠᠭᠤᠯᠤᠭᠰᠠᠨ ᠰᠢᠷᠦᠭᠦᠨ ᠲᠤᠯᠤᠯᠳᠤᠭᠠᠨ ᠪᠣᠯᠤᠭᠰᠠᠨ ᠶᠤᠮ᠃ ᠭᠤᠷᠪᠠᠨ ᠡᠳᠦᠷ ᠦᠨ ᠰᠢᠷᠤᠭᠦᠨ ᠲᠤᠯᠤᠯᠳᠤᠭᠠᠨ ᠳᠤ ᠳᠠᠶᠢᠰᠤᠨ ᠪᠠᠷᠤᠭ ᠪᠦᠬᠦ ᠲᠠᠩᠺ᠂ ᠶᠡᠬᠡ ᠪᠤᠤ᠂ 45 ᠣᠩᠭᠣᠴᠠ᠂ 5500 ᠬᠦᠮᠦᠨ ᠢᠶᠡᠨ ᠠᠯᠳᠠᠵᠤ ᠤᠬᠤᠷᠢᠨ᠂ ᠬᠠᠯᠬ᠎ᠠ ᠭᠣᠣᠯ ᠤᠨ ᠴᠠᠭᠠᠨ᠎ᠠ ᠬᠦᠭᠡᠭᠡᠭᠳᠡᠵᠥ ᠭᠠᠷᠤᠭᠰᠠᠨ᠃ ᠶᠠᠫᠣᠨ ᠤ ᠴᠡᠷᠢᠭ ᠹᠷᠣᠨᠲ ᠤᠨ ᠲᠥᠪ ᠬᠡᠰᠡᠭ ᠢᠶᠡᠷ 1939 ᠣᠨ ᠤ 7 ᠳ᠋ᠤᠭᠠᠷ ᠰᠠᠷ᠎ᠠ ᠶᠢᠨ 2 ᠍ ᠤ ᠣᠷᠣᠢ ᠳᠠᠪᠰᠢᠯᠲᠠ ᠪᠠᠨ ᠡᠬᠢᠯᠡᠯ᠎ᠡ᠃

ᠭᠤᠷᠪᠠᠳ᠋ᠤᠭᠠᠷ ᠦᠶ᠎ᠡ ᠪᠤᠶᠤ ᠰᠢᠢᠳᠪᠦᠷᠢᠯᠡᠬᠦ ᠲᠤᠯᠤᠯᠳᠤᠭᠠᠨ ᠤ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1939 ᠣᠨ ᠤ 7 ᠍ ᠳᠦᠭᠡᠷ ᠰᠠᠷ᠎ᠠ ᠶᠢᠨ 8 ᠍ᠠᠴᠠ 8 ᠍ ᠳᠦᠭᠡᠷ ᠰᠠᠷ᠎ᠠ ᠶᠢᠨ 20 ᠬᠦᠷᠳᠡᠯ᠎ᠡ ᠶᠠᠪᠤᠭᠳᠠᠭᠰᠠᠨ᠃ ᠪᠠᠶᠠᠨᠴᠠᠭᠠᠨ ᠤ ᠲᠤᠯᠤᠯᠳᠤᠭᠠᠨ ᠠᠴᠠ ᠬᠣᠶᠢᠰᠢ ᠶᠠᠫᠣᠨᠴᠤᠳ ᠲᠠᠩᠨᠠᠭᠤᠯ ᠤᠨ ᠴᠢᠨᠠᠷᠲᠠᠢ ᠠᠭᠠᠷ ᠤᠨ ᠳᠣᠪᠲᠣᠯᠭ᠎ᠠ ᠶᠠᠪᠤᠭᠤᠯᠵᠤ᠂ 7 ᠳᠦᠭᠡᠷ ᠰᠠᠷ᠎ᠠ ᠶᠢᠨ 23 ᠍ ᠠᠴᠠ 8 ᠍ ᠳᠦᠭᠡᠷ ᠰᠠᠷ᠎ᠠ ᠶᠢᠨ 4 ᠬᠦᠷᠳᠡᠯ᠎ᠡ 116 ᠨᠢᠰᠬᠦ ᠣᠩᠭᠣᠴᠠ ᠪᠠᠨ ᠠᠯᠳᠠᠭᠰᠠᠨ ᠶᠤᠮ᠃ 8 ᠰᠠᠷ᠎ᠠ ᠶᠢᠨ ᠡᠬᠢ ᠪᠡᠷ ᠶᠠᠫᠣᠨ ᠤ ᠺᠸᠠᠨᠲᠤᠨ ᠤ ᠠᠷᠮᠢ ᠰᠢᠨ᠎ᠡ ᠳᠠᠪᠰᠢᠯᠲᠠ ᠬᠢᠵᠠᠢ᠃ ᠮᠥᠨ ᠰᠠᠷ᠎ᠠ ᠶᠢᠨ ᠡᠬᠢ ᠪᠡᠷ ᠭᠧᠨᠧᠷᠠᠯ ᠣᠬᠢᠰᠤ ᠷᠢᠫᠯᠣᠭ ᠤᠨ ᠤᠳᠤᠷᠢᠳᠤᠭᠰᠠᠨ ᠶᠠᠫᠣᠨ ᠤ 6 ᠍ ᠳᠦᠭᠡᠷ ᠠᠷᠮᠢ᠂ ᠮᠥᠨ 7, 23 ᠍ ᠳᠦᠭᠡᠷ ᠶᠠᠪᠠᠭᠠᠨ ᠴᠡᠷᠢᠭ ᠦᠨ ᠳ᠋ᠢᠸᠢᠽ᠂ 14 ᠍ ᠳᠦᠭᠡᠷ ᠪᠠᠷᠢᠭᠠᠳᠠ᠂ ᠮᠠᠨᠵᠤᠤᠷ ᠤᠨ ᠶᠠᠪᠠᠭᠠᠨ ᠴᠡᠷᠢᠭ ᠦᠨ ᠪᠠᠷᠢᠭᠠᠳᠠ᠂ 3 ᠮᠣᠷᠢᠲᠤ ᠴᠡᠷᠢᠭ ᠦᠨ ᠪᠠᠷᠢᠭᠠᠳᠠ ᠬᠦᠴᠦ ᠪᠡᠨ ᠨᠢᠭᠡᠳᠬᠡᠨ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠷᠤ ᠳᠠᠭᠠᠷᠢᠵᠠᠢ᠃ ᠡᠨᠡ ᠤᠳᠠᠭ᠎ᠠ ᠶᠠᠫᠣᠨ ᠤ ᠴᠡᠷᠢᠭ ᠦᠨ ᠲᠣᠭ᠎ᠠ 75 ᠮᠢᠩᠭᠠᠳ ᠬᠦᠷᠦᠭᠰᠡᠨ ᠪᠠᠶᠢᠨ᠎ᠠ᠃ ᠬᠠᠷᠢᠨ 182 ᠲᠠᠩᠺ᠂ 350 ᠣᠩᠭᠣᠴᠠ ᠳᠠᠶᠢᠴᠢᠯᠠᠵᠠᠢ᠃ 8 ᠰᠠᠷ᠎ᠠ ᠶᠢᠨ 17 ᠍ ᠳᠦ ᠶᠠᠫᠣᠨ ᠤ ᠴᠡᠷᠢᠭ ᠦᠳ ᠳᠠᠪᠰᠢᠯᠲᠠ ᠬᠢᠪᠡ᠃ 3 ᠡᠳᠦᠷ ᠦᠨ ᠳᠠᠷᠠᠭ᠎ᠠ ᠮᠣᠩᠭᠣᠯ ᠵᠥᠪᠯᠡᠯᠲᠦ ᠶᠢᠨ ᠴᠡᠷᠢᠭ ᠦᠳ ᠶᠠᠫᠣᠨ ᠤ ᠴᠡᠷᠢᠭ ᠦᠨ ᠳᠠᠪᠰᠢᠯᠲᠠ ᠶᠢ ᠵᠣᠭᠰᠣᠭᠠᠵᠤ ᠴᠢᠳᠠᠵᠠᠢ᠃ ᠵᠥᠪᠯᠡᠯᠲᠦ ᠶᠢᠨ ᠴᠡᠷᠢᠭ ᠦᠨ ᠤᠳᠤᠷᠢᠳᠤᠯᠭ᠎ᠠ ᠨᠤᠭᠤᠳ ᠬᠠᠯᠬ᠎ᠠ ᠭᠣᠣᠯ ᠳᠤ 82 ᠍ ᠳᠦᠭᠡᠷ᠂ 57 ᠍ ᠳᠦᠭᠡᠷ ᠪᠤᠤᠳᠠᠯᠭ᠎ᠠ ᠶᠢᠨ ᠳ᠋ᠢᠸᠢᠽ᠂ ᠲᠠᠩᠺ ᠤᠨ 6 ᠍ ᠳᠦᠭᠡᠷ ᠬᠣᠷᠢᠶ᠎ᠠ᠂ ᠠᠭᠠᠷ ᠤᠨ ᠳ᠋ᠧᠰᠠᠨ᠋ᠲ ᠤᠨ 212 ᠍ ᠳᠦᠭᠡᠷ ᠪᠠᠷᠢᠭᠠᠳᠠ ᠶᠢ ᠨᠡᠮᠡᠵᠦ ᠠᠪᠴᠤ ᠢᠷᠡᠭᠰᠡᠨ ᠪᠠᠶᠢᠨ᠎ᠠ᠃ ᠮᠥᠨ ᠪᠠᠶᠢᠯᠳᠤᠭᠠᠨ ᠤ ᠣᠩᠭᠣᠴᠠᠨ ᠤ ᠲᠣᠭ᠎ᠠ ᠶᠢ 515 ᠪᠣᠯᠭᠠᠵᠠᠢ᠃ ᠮᠣᠩᠭᠣᠯ ᠤᠨ ᠲᠠᠯ᠎ᠠ ᠮᠠᠷᠱᠠᠯ ᠬᠣᠷᠯᠤ᠎ᠠ ᠶᠢᠨ ᠴᠣᠶᠢᠪᠠᠯᠰᠠᠩ ᠤᠨ ᠤᠳᠤᠷᠢᠳᠤᠭᠰᠠᠨ 6000 ᠭᠠᠷᠤᠢ ᠬᠦᠮᠦᠨ ᠲᠡᠢ 4 ᠮᠣᠷᠢᠲᠤ ᠴᠡᠷᠢᠭ ᠦᠨ ᠳ᠋ᠢᠸᠢᠰ ᠢᠶᠡᠷ ᠬᠦᠴᠦ ᠨᠡᠮᠡᠭᠳᠡᠭᠦᠯᠪᠡ᠃ ᠢᠩᠭᠢᠭᠰᠡᠨ ᠢᠶᠡᠷ ᠮᠣᠩᠭᠣᠯ ᠵᠥᠪᠯᠡᠯᠲᠦ ᠶᠢᠨ ᠴᠡᠷᠢᠭ ᠦᠨ ᠲᠣᠭ᠎ᠠ ᠶᠠᠫᠣᠨ ᠤ ᠲᠦᠷᠢᠮᠡᠭᠡᠶᠢᠯᠡᠭᠴᠢᠳ ᠡᠴᠡ ᠢᠯᠡᠭᠦᠦ ᠭᠠᠷᠤᠭᠰᠠᠨ ᠪᠠᠶᠢᠨ᠎ᠠ᠃ ᠲᠤᠬᠠᠶᠢᠯᠠᠪᠠᠯ ᠶᠠᠪᠠᠭᠠᠨ ᠴᠡᠷᠢᠭ ᠦᠨ ᠲᠣᠭ᠎ᠠ ᠪᠠᠷ 1,5 ᠳᠠᠬᠢᠨ᠂ ᠲᠠᠩᠺᠠᠨ ᠤ ᠲᠣᠭ᠎ᠠ ᠪᠠᠷ 4 ᠳᠠᠬᠢᠨ᠂ ᠠᠷᠲ᠋ᠢᠯᠯᠧᠷ ᠤᠨ ᠵᠡᠪᠰᠡᠭ ᠦᠨ ᠲᠣᠭ᠎ᠠ ᠪᠠᠷ 2 ᠳᠠᠬᠢᠨ᠂ ᠣᠩᠭᠣᠴᠠᠨ ᠤ ᠲᠣᠭ᠎ᠠ ᠪᠠᠷ 1,6 ᠳᠠᠬᠢᠨ ᠢᠯᠡᠭᠦᠦ ᠪᠣᠯᠵᠠᠢ᠃ ᠬᠠᠯᠬ᠎ᠠ ᠭᠣᠣᠯ ᠤᠨ ᠪᠠᠶᠢᠯᠳᠤᠭᠠᠨ ᠤ ᠠᠵᠢᠯᠯᠠᠭ᠎ᠠ ᠶᠢ ᠵᠥᠪᠯᠡᠯᠲᠦ ᠬᠣᠯᠪᠣᠭᠠᠲᠤ ᠤᠯᠤᠰ ᠤᠨ ᠮᠠᠷᠱᠠᠯ ᠵᠢᠺᠣᠸ ᠤᠳᠤᠷᠢᠳᠥᠵᠠᠢ᠃ 8 ᠰᠠᠷ᠎ᠠ ᠶᠢᠨ 20 ᠍ ᠳᠦ ᠮᠣᠩᠭᠣᠯ ᠵᠥᠪᠯᠡᠯᠲᠦ ᠶᠢᠨ ᠴᠡᠷᠢᠭ ᠦᠳ ᠠᠭᠠᠷ ᠤᠨ ᠴᠣᠬᠢᠯᠲᠠ ᠥᠭᠭᠦᠭᠰᠡᠨ ᠦ ᠳᠠᠷᠠᠭ᠎ᠠ ᠳᠠᠪᠰᠢᠯᠲᠠ ᠬᠡᠶᠢᠵᠢᠭᠡ᠃ 8 ᠰᠠᠷ᠎ᠠ ᠶᠢᠨ 23 ᠍ ᠳᠦ ᠶᠠᠫᠣᠨ ᠤ 6 ᠍ ᠳᠦᠭᠡᠷ ᠠᠷᠮᠢ ᠶᠢ ᠪᠦᠰᠡᠯᠡᠵᠦ᠂ 8 ᠰᠠᠷ᠎ᠠ ᠶᠢᠨ 28 ᠍ ᠳᠦ ᠳᠠᠶᠢᠰᠤᠨ ᠢ ᠪᠤᠲᠠ ᠴᠣᠬᠢᠵᠠᠢ᠃ 8 ᠰᠠᠷ᠎ᠠ ᠶᠢᠨ 31 ᠍ ᠳᠦ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠨᠤᠲᠤᠭ ᠳᠡᠪᠢᠰᠬᠡᠷ ᠶᠠᠫᠣᠨ ᠤ ᠲᠦᠷᠢᠮᠡᠭᠡᠶᠢᠯᠡᠭᠴᠢᠳ ᠡᠴᠡᠪᠦᠷᠢᠨ ᠴᠢᠯᠦᠭᠡᠯᠡᠭᠳᠡᠵᠡᠢ᠃ 9 ᠰᠠᠷ᠎ᠠ ᠶᠢᠨ 15 ᠍ ᠳᠦ ᠮᠣᠰᠺᠸᠠ ᠬᠣᠳᠠ ᠳᠤ ᠶᠠᠫᠣᠨ-ᠵᠥᠪᠯᠡᠯᠲᠦ ᠬᠣᠯᠪᠣᠭᠠᠲᠤ ᠤᠯᠤᠰ ᠶᠢᠨ ᠬᠣᠭᠣᠷᠣᠨᠳᠣ ᠭᠡᠷ᠎ᠡ ᠪᠠᠶᠢᠭᠤᠯᠵᠤ 9 ᠰᠠᠷ᠎ᠠ ᠶᠢᠨ 16 ᠍ ᠦ ᠡᠳᠦᠷ ᠦᠨ 14 ᠴᠠᠭ ᠠᠴᠠ ᠳᠠᠶᠢᠨ ᠤ ᠠᠵᠢᠯᠯᠠᠭ᠎ᠠ ᠵᠣᠭᠰᠣᠵᠠᠢ᠃ ᠶᠠᠫᠣᠨ ᠤ ᠲᠠᠯ᠎ᠠ ᠬᠠᠯᠬ᠎ᠠ ᠭᠣᠣᠯ ᠤᠨ ᠲᠤᠯᠤᠭᠠᠨ ᠳᠤ 61 ᠮᠢᠩᠭᠠᠨ ᠴᠡᠷᠢᠭ ᠢᠶᠡᠨ ᠠᠯᠠᠳᠠᠵᠠᠢ᠃ ᠲᠡᠳᠡᠨ ᠦ 25 ᠮᠢᠩᠭ᠎ᠠ ᠨᠢ ᠲᠤᠯᠤᠭᠠᠨ ᠤ ᠦᠶ᠎ᠡ ᠳᠦ ᠦᠷᠡᠭᠳᠡᠭᠰᠡᠨ ᠶᠤᠮ᠃ ᠬᠠᠷᠢᠨ ᠶᠠᠫᠣᠨ ᠤ ᠲᠡᠦᠬᠡᠴᠢᠳ ᠬᠠᠯᠬ᠎ᠠ ᠭᠣᠣᠯ ᠤᠨ ᠲᠤᠯᠤᠭᠠᠨ ᠳᠤ 8000 ᠴᠡᠷᠢᠭ ᠢᠶᠡᠨ ᠠᠯᠠᠳᠠᠭᠰᠠᠨ ᠭᠡᠵᠦ ᠦᠵᠡᠳᠡᠭ᠃ ᠬᠠᠷᠢᠨ ᠵᠥᠪᠯᠡᠯᠲᠦ ᠶᠢᠨ ᠲᠠᠯ᠎ᠠ ᠠᠴᠠ 8 ᠮᠢᠩᠭᠠᠨ ᠴᠡᠷᠢᠭ ᠠᠮᠢ ᠦᠷᠡᠭᠳᠡᠵᠦ᠂ 16 ᠮᠢᠩᠭᠠᠨ ᠴᠡᠷᠢᠭ ᠰᠢᠷᠬᠠᠲᠤᠵᠠᠢ᠃ ᠵᠥᠪᠯᠡᠯᠲᠦ ᠶᠢᠨ 207 ᠣᠩᠭᠣᠴᠠ ᠲᠤᠯᠤᠭᠠᠨ ᠤ ᠦᠶ᠎ᠡ ᠪᠡᠷ ᠰᠦᠢᠷᠡᠵᠡᠢ᠃ 1939 ᠣᠨ ᠤ ᠬᠠᠯᠬ᠎ᠠ ᠭᠣᠣᠯ ᠤᠨ ᠲᠤᠯᠤᠭᠠᠨ ᠤ ᠦᠶ᠎ᠡ ᠪᠡᠷ ᠠᠮᠢ ᠦᠷᠡᠭᠳᠡᠭᠰᠡᠨ ᠴᠡᠷᠢᠭ ᠦᠨ ᠢᠶᠡᠨ ᠱᠠᠷᠢᠯ ᠢ ᠡᠬᠡ ᠣᠷᠣᠨ ᠷᠠᠭᠤ ᠶᠢ ᠪᠠᠨ ᠠᠪᠴᠤ ᠶᠠᠪᠤᠬᠤ ᠵᠥᠪᠰᠢᠶᠡᠷᠡᠯ ᠢ ᠶᠠᠫᠣᠨ ᠤᠯᠤᠰ 2004 ᠣᠨ ᠳᠤ ᠮᠣᠩᠭᠣᠯ ᠤᠯᠤᠰ ᠠᠴᠠ ᠬᠦᠰᠡᠭᠰᠡᠨ ᠪᠠᠶᠢᠨ᠎ᠠ᠃

ᠴᠡᠷᠢᠭ ᠪᠠᠶᠢᠯᠳᠣᠬᠣ ᠪᠣᠳᠣᠯᠭ᠎ᠠ ᠶᠢᠨ ᠠᠴᠢ ᠬᠣᠯᠪᠣᠭᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠬ᠎ᠠ ᠶᠢᠨ ᠭᠣᠣᠯ ᠤᠨ ᠳᠠᠶᠢᠨ ᠢ ᠳᠡᠯᠡᠬᠡᠢ ᠶᠢᠨ II ᠳᠠᠶᠢᠨ ᠡᠬᠢᠯᠡᠬᠦ ᠳᠦ ᠰᠢᠭᠤᠳ ᠨᠥᠯᠥᠭᠡ ᠦᠵᠡᠭᠦᠯᠦᠭᠰᠡᠨ᠂ ᠥᠭᠡᠷ᠎ᠡ ᠪᠡᠷ ᠬᠡᠯᠡᠪᠡᠯ᠂ ᠪᠠᠶᠢᠯᠳᠤᠭᠠᠨ ᠤ ᠠᠵᠢᠯᠯᠠᠭ᠎ᠠ ᠠᠯᠤᠰ ᠳᠣᠷᠣᠨᠠᠲᠤ ᠶᠢᠨ ᠲᠢᠶᠠᠲ᠋ᠷ ᠠᠴᠠ ᠧᠦ᠋ᠷᠣᠫᠠ ᠶᠢᠨ ᠲᠢᠶᠠᠲ᠋ᠷ ᠣᠷᠣᠭᠣ ᠰᠢᠯᠵᠢᠬᠦ ᠳᠦ ᠬᠦᠷᠭᠡᠭᠰᠡᠨ ᠭᠡᠵᠦ ᠦᠵᠡᠪᠡᠯ ᠳᠡᠯᠡᠬᠡᠢ ᠶᠢᠨ ᠲᠡᠦᠬᠡᠨ ᠳᠦ᠂ ᠢᠯᠠᠩᠭᠤᠶ᠎ᠠ ᠳᠡᠯᠡᠬᠡᠢ ᠶᠢᠨ II ᠳᠠᠶᠢᠨ ᠤ ᠶᠠᠪᠤᠴᠠ ᠳᠤ ᠲᠡᠭᠦᠨ ᠡᠴᠡ ᠴᠤ ᠳᠤᠲᠠᠭᠤ ᠦᠭᠡᠢ ᠨᠥᠯᠥᠭᠡ ᠶᠢ ᠮᠥᠨ ᠬᠠᠯᠬ᠎ᠠ ᠶᠢᠨ ᠭᠣᠣᠯ ᠤᠨ ᠳᠠᠶᠢᠨ ᠦᠵᠡᠭᠦᠯᠵᠡᠢ ᠭᠡᠵᠦ ᠪᠢᠳᠡ ᠦᠵᠡᠵᠦ ᠪᠠᠶᠢᠨ᠎ᠠ᠃ ᠰᠡᠭᠦᠯ ᠦᠨ ᠦᠶ᠎ᠡ ᠳᠦ ᠠᠮᠧᠷᠢᠺᠠ ᠶᠢᠨ ᠨᠢᠭᠡᠳᠦᠭᠰᠡᠨ ᠤᠯᠤᠰ ᠤᠨ ᠰᠤᠳᠤᠯᠤᠭᠠᠴᠢ ᠰᠲ᠋ᠶᠤᠸᠠᠷᠲ ᠭᠣᠯᠣᠳᠠᠮᠠᠨ ᠨᠠᠷ ᠤᠨ ᠡᠷᠳᠡᠮᠲᠡᠳ ᠨᠢᠭᠡᠨ ᠰᠣᠨᠢᠷᠬᠠᠯᠲᠠᠢ ᠰᠠᠨᠠᠭ᠎ᠠ ᠳᠡᠪᠰᠢᠭᠦᠯᠬᠦ ᠪᠣᠯᠤᠭᠰᠠᠨ ᠨᠢ ᠬᠠᠯᠬ᠎ᠠ ᠶᠢᠨ ᠭᠣᠣᠯ ᠤᠨ ᠳᠠᠶᠢᠨ ᠳᠤ ᠶᠠᠫᠣᠨ ᠤ ᠬᠦᠯᠢᠶᠡᠭᠰᠡᠨ ᠢᠯᠠᠭᠳᠠᠯ᠂ 1941 ᠣᠨ ᠤ 12 ᠳ᠋ᠤᠭᠠᠷ ᠰᠠᠷ᠎ᠠ ᠶᠢᠨ 7 ᠍ ᠳᠦ ᠠᠮᠧᠷᠢᠺᠠ ᠶᠢᠨ ᠨᠢᠭᠡᠳᠦᠭᠰᠡᠨ ᠤᠯᠤᠰ ᠤᠨ ᠲᠡᠩᠭᠢᠰ ᠦᠨ ᠴᠡᠷᠢᠭ ᠦᠨ ᠬᠦᠴᠦᠨ ᠣᠷᠣᠭᠣ ᠬᠢᠭᠰᠡᠨ ᠳᠣᠪᠲᠣᠯᠭ᠎ᠠ ᠬᠣᠶᠠᠷ ᠤᠨ ᠰᠢᠭᠤᠳ ᠬᠣᠯᠪᠣᠭ᠎ᠠ ᠬᠠᠮᠢᠶᠠᠷᠤᠯ ᠤᠨ ᠠᠰᠠᠭᠤᠳᠠᠯ ᠶᠤᠮ᠃ ᠲᠤᠬᠠᠶᠢᠯᠠᠪᠠᠯ 《... ᠶᠠᠫᠣᠨ 1941 ᠣᠨ ᠤ ᠰᠡᠭᠦᠯᠴᠢ ᠪᠡᠷ ᠵᠥᠪᠯᠡᠯᠲᠦ ᠬᠣᠯᠪᠣᠭᠠᠲᠤ ᠤᠯᠤᠰ ᠢ ᠳᠣᠪᠲᠣᠯᠤᠭᠰᠠᠨ ᠪᠣᠯ ᠰᠲ᠋ᠠᠯᠢᠨ ᠠᠯᠤᠰ ᠳᠣᠷᠣᠨᠠᠲᠤ ᠳᠠᠬᠢ ᠠᠷᠮᠢ ᠶᠢᠨ 18 ᠳ᠋ᠢᠸᠢᠽ᠂ 1700 ᠲᠠᠩᠺ᠂ 1500 ᠨᠢᠰᠬᠦ ᠣᠩᠭᠣᠴᠠ ᠪᠦᠬᠦᠢ ᠨᠥᠭᠡᠴᠡ ᠬᠦᠴᠦᠨ ᠢ ᠮᠣᠰᠺᠸᠠ ᠶᠢᠨ ᠲᠥᠯᠦᠭᠡᠬᠢ ᠲᠤᠯᠤᠯᠳᠤᠭᠠᠨ ᠳᠤ ᠲᠠᠲᠠᠨ ᠣᠷᠤᠯᠴᠠᠭᠤᠯᠬᠤ ᠪᠣᠯᠤᠮᠵᠢ ᠦᠭᠡᠢ ᠪᠠᠶᠢᠬᠤ ᠪᠠᠶᠢᠭᠰᠠᠨ ... ᠬᠡᠷᠡᠭ ᠶᠠᠪᠤᠳᠠᠯ ᠢᠩᠭᠢᠵᠦ ᠡᠷᠭᠢᠭᠰᠡᠨ ᠪᠣᠯ ᠭᠧᠷᠮᠠᠨ ᠤ ᠢᠯᠠᠯᠲᠠ᠂ ᠮᠠᠭᠠᠳ ᠦᠭᠡᠢ ᠰᠢᠢᠳᠪᠦᠷᠢᠯᠡᠬᠦ ᠢᠯᠠᠯᠲᠠ ᠪᠠᠷ ᠴᠤ ᠲᠡᠭᠦᠰᠬᠦ ᠪᠣᠯᠤᠮᠵᠢ ᠲᠠᠢ ᠪᠠᠶᠢᠪᠠ᠃ ᠲᠡᠷᠡ ᠲᠣᠬᠢᠶᠠᠯᠳᠤᠯ ᠳᠤ ᠳᠠᠶᠢᠨ ᠤ ᠲᠡᠦᠬᠡ᠂ ᠳᠡᠯᠡᠬᠡᠢ ᠳᠠᠬᠢᠨ ᠤ ᠲᠡᠦᠬᠡ ᠴᠤ ᠮᠥᠨ ᠥᠭᠡᠷ᠎ᠡ ᠪᠡᠷ ᠪᠢᠴᠢᠭᠲᠡᠬᠦ ᠪᠠᠶᠢᠪᠠ》 (Goldman, 2009: 5) ᠬᠡᠮᠡᠨ ᠳ᠋ᠦᠩᠨᠡᠭᠰᠡᠨ ᠨᠢ ᠬᠠᠯᠬ᠎ᠠ ᠶᠢᠨ ᠭᠣᠣᠯ ᠤᠨ ᠳᠠᠶᠢᠨ ᠳᠤ ᠪᠠᠶᠢᠭᠤᠯᠤᠭᠰᠠᠨ ᠮᠣᠩᠭᠣᠯ-ᠵᠥᠪᠯᠡᠯᠲᠦ ᠶᠢᠨ ᠢᠯᠠᠯᠲᠠ ᠶᠢᠨ ᠲᠡᠦᠬᠡᠨ ᠠᠴᠢ ᠬᠣᠯᠪᠣᠭᠳᠠᠯ ᠢ ᠪᠣᠳᠠᠲᠠᠢ ᠦᠨᠡᠯᠡᠭᠰᠡᠨ ᠬᠡᠷᠡᠭ ᠪᠣᠯᠵᠠᠢ᠃ ᠳᠡᠭᠡᠷᠡᠬᠢ ᠰᠠᠨᠠᠭ᠎ᠠ ᠰᠤᠳᠤᠯᠭᠠᠨ ᠤ ᠡᠷᠭᠢᠯᠲᠡ ᠳᠦ ᠣᠷᠣᠬᠤ ᠠᠴᠠ ᠳᠠᠷᠤᠢ 20 ᠵᠢᠯ ᠦᠨ ᠡᠮᠦᠨ᠎ᠡ᠂ ᠠᠮᠧᠷᠢᠺᠠ ᠶᠢᠨ ᠴᠡᠷᠢᠭ ᠦᠨ ᠲᠡᠦᠬᠡᠴᠢ ᠵᠣᠩᠺᠢᠶᠠᠨ ᠮᠥᠨ ᠲᠥᠰᠲᠡᠢ ᠰᠠᠨᠠᠭ᠎ᠠ ᠶᠢ ᠢᠯᠡᠷᠬᠡᠶᠢᠯᠡᠵᠦ᠂ 《... ᠶᠠᠫᠣᠨ ᠤ ᠬᠠᠭᠤᠷᠠᠢ ᠵᠠᠮ ᠤᠨ ᠬᠦᠴᠦᠨ ᠮᠠᠷᠱᠠᠯ ᠭ ᠺ ᠵᠢᠺᠣᠸ ᠲᠤ ᠪᠤᠲᠠ ᠴᠣᠬᠢᠭᠤᠯᠤᠭᠰᠠᠨ ᠤ ᠪᠠᠨ ᠤᠯᠠᠮ ᠠᠴᠠ ᠳᠠᠬᠢᠨ ᠰᠡᠷᠭᠦᠯ ᠦᠭᠡᠢ᠂ ᠣᠷᠣᠰ ᠤᠳ ᠲᠠᠢ ᠲᠤᠯᠤᠯᠳᠤᠬᠤ ᠶᠠᠮᠠᠷ ᠴᠤ ᠪᠣᠯᠤᠮᠵᠢ ᠦᠭᠡᠢ ᠶᠤᠮ ᠭᠡᠰᠡᠨ ᠭᠠᠭᠴᠠ ᠳ᠋ᠦᠩᠨᠡᠯᠲᠡ ᠬᠢᠵᠡᠢ᠃ ᠡᠨᠡ ᠨᠢ 1941 ᠣᠨ ᠳᠤ ᠲᠡᠳᠡᠨ ᠳᠦ ᠠᠰᠢᠭᠲᠠᠢ ᠪᠠᠷ ᠡᠷᠭᠢᠭᠰᠡᠨ ᠪᠣᠯ 1945 ᠣᠨ ᠳᠤ ᠪᠦᠷᠢᠮᠦᠰᠦᠨ ᠢᠯᠠᠭᠳᠠᠬᠤ ᠳᠤ ᠨᠢ ᠬᠦᠷᠭᠡᠭᠰᠡᠨ ᠪᠠᠶᠢᠨ᠎ᠠ᠃ ᠬᠠᠷᠢᠨ ᠪᠷᠢᠲ᠋ᠠᠨ᠂ ᠠᠮᠧᠷᠢᠺᠠ ᠶᠢᠨ ᠲᠡᠩᠭᠢᠰ ᠦᠨ ᠴᠡᠷᠢᠭ ᠦᠨ ᠬᠦᠴᠦᠨ ᠴᠢᠳᠠᠯ ᠢ ᠶᠠᠫᠣᠨᠴᠤᠳ ᠣᠷᠣᠰ ᠤᠨ ᠠᠷᠮᠢ ᠶᠢᠨ ᠬᠢ ᠰᠢᠭ ᠦᠨᠡᠯᠡᠭᠡ ᠦᠭᠡᠢ ᠶᠢᠨ ᠤᠯᠠᠮ ᠠᠴᠠ ᠨᠣᠮᠣᠬᠠᠨ ᠳᠠᠯᠠᠢ ᠶᠢᠨ ᠠᠷᠠᠯ ᠤᠳ ᠣᠷᠣᠭᠣ ᠴᠢᠭᠯᠡᠭᠰᠡᠨ ᠲᠡᠩᠭᠢᠰ ᠦᠨ ᠺᠠᠮᠫᠠᠨᠢ ᠳᠤ ᠠᠵᠢᠯ ᠢᠶᠠᠨ ᠡᠷᠴᠢᠮᠵᠢᠭᠦᠯᠪᠡ》 (Keegan, 1989: 243) ᠬᠡᠮᠡᠨ ᠳ᠋ᠦᠩᠨᠡᠭᠰᠡᠨ ᠪᠠᠶᠢᠳᠠᠭ᠃


ᠶᠠᠫᠣᠨ ᠤ ᠫᠤᠤᠳᠠᠨ ᠤᠨᠠᠭᠠᠭᠳᠠᠭᠰᠠᠨ ᠰᠥᠨᠥᠭᠡᠭᠴᠢ ᠣᠩᠭᠣᠴᠠ

ᠬᠠᠯᠬ᠎ᠠ ᠶᠢᠨ ᠭᠣᠣᠯ ᠤᠨ ᠳᠠᠶᠢᠨ ᠳᠤ ᠲᠣᠳᠣᠷᠠᠭᠰᠠᠨ ᠪᠠᠭᠠᠲᠤᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠷᠢᠲᠤ ᠬᠣᠷᠢᠶᠠᠨ ᠤ ᠵᠠᠬᠢᠷᠤᠭᠴᠢ ᠳᠡᠰᠯᠡᠭᠴᠢ ᠳᠠᠨᠳᠠᠷ ᠣᠯᠠᠨ ᠤᠳᠠᠭ᠎ᠠ ᠶᠢᠨ ᠲᠤᠯᠤᠯᠳᠤᠭᠠᠨ ᠢ ᠤᠳᠤᠷᠢᠳᠥᠵᠤ ᠭᠠᠪᠢᠶ᠎ᠠ ᠪᠠᠶᠢᠭᠤᠯᠤᠭᠰᠠᠨ᠃ ᠮᠥᠨ ᠣᠯᠵᠠᠪᠠᠢ᠂ ᠨᠠᠠᠲᠠᠶᠢᠰᠦ᠋ᠷᠦᠩ᠂ ᠡᠺᠧᠢᠰᠠᠮᠳᠠᠨ ᠪᠣᠯᠤᠨ ᠣᠯᠠᠨ ᠡᠷᠡᠯᠬᠡᠭ ᠵᠠᠬᠢᠷᠤᠭᠴᠢ᠂ ᠴᠡᠷᠢᠭ ᠦᠳ ᠪᠠᠭᠠᠲᠤᠷᠯᠢᠭ ᠭᠠᠪᠢᠶ᠎ᠠ ᠪᠠᠶᠢᠭᠤᠯᠵᠤ᠂ ᠪᠠᠭᠠᠲᠤᠷ ᠪᠣᠯᠵᠠᠢ᠃

ᠤᠷᠠᠯᠢᠭ ᠤᠨ ᠪᠦᠲᠦᠭᠡᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠭᠦᠨᠴᠢᠯᠡᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Glantz, David M.; and House, Jonathan. When Titans Clashed: How the Red Army Stopped Hitler. Lawrence, KS: UP of Kansas, 1995. ISBN 0-7006-0899-0 p. 14.
  2. "Nomonhan: Japanese-Soviet Tactical Combat, 1939. Leavenworth Papers №2. by Edward J. Rea""Nomonhan: Japanese-Soviet Tactical Combat, 1939. Leavenworth Papers №2. by Edward J. Rea" Combat Studies Institute, fort Leavenworth, Kansas, 1981
  3. ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ᠄ name ᠶ᠋ᠢᠨ ᠴᠢᠨᠠᠷ ᠨᠢ Rus_edition ᠪᠤᠯᠬᠤ ᠣᠷᠤᠯᠪᠤᠷᠢ ᠋ᠳ᠋ᠥ ᠦᠰᠦᠭ ᠬᠠᠨᠭᠭᠠᠭᠰᠠᠨ ᠦᠭᠡᠢ
  4. Baabar (1999), p. 389
  5. Drea, Edward J. "Leavenworth Papers No. 2 Nomonhan: Japanese Soviet Tactical Combat, 1939 – MAPS" – Retrieved: 13 May 2007.

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ