ᠪᠦᠭᠦᠳᠡ ᠨᠠᠶᠢᠷᠠᠮᠳᠠᠬᠤ ᠬᠠᠯᠢᠮᠠᠭ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠬᠠᠯᠢᠮᠠᠭ ᠣᠷᠣᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠣᠷᠣᠰ ᠤᠨ ᠬᠣᠯᠪᠣᠭᠠᠨ ᠤ ᠨᠠᠶᠠᠨ ᠭᠤᠷᠪᠠᠨ ᠮᠠᠬᠠᠪᠣᠳ ᠤᠨ ᠨᠢᠭᠡ᠂ ᠬᠠᠷᠢᠶᠠᠲᠤ ᠣᠷᠣᠨ
ᠪᠦᠭᠦᠳᠡ ᠨᠠᠶᠢᠷᠠᠮᠳᠠᠬᠤ ᠬᠠᠯᠢᠮᠠᠭ ᠤᠯᠤᠰ
ᠰᠦᠯᠳᠡ ᠲᠤᠭ ᠰᠦᠯᠳᠡ ᠲᠡᠮᠳᠡᠭ
ᠰᠦᠯᠳᠡ ᠲᠤᠭ ᠰᠦᠯᠳᠡᠲᠡᠮᠳᠡᠭ
ᠤᠯᠤᠰ ᠣᠷᠣᠨ ᠣᠷᠣᠰ ᠣᠷᠣᠰ (ᠣᠷᠣᠰ ᠬᠣᠯᠪᠣᠭᠠᠨ ᠤ ᠤᠯᠤᠰ)
ᠬᠣᠯᠪᠣᠭᠠᠨ ᠤ ᠲᠣᠭᠣᠷᠢᠭ ᠡᠮᠦᠨᠡᠲᠦ ХТ
ᠡᠳ᠋ ᠍ ᠦᠨ ᠵᠠᠰᠠᠭ ᠤᠨ ᠪᠥᠰᠡ ᠢᠵᠢᠯ ᠦᠨ ЭЗБ
ᠵᠠᠰᠠᠭ ᠵᠠᠬᠢᠷᠭᠠᠨ ᠤ ᠨᠢᠭᠡᠴᠡ ᠪᠦᠭᠦᠳᠡ ᠨᠠᠶᠢᠷᠠᠮᠳᠠᠬᠤ ᠤᠯᠤᠰ
ᠨᠡᠶᠢᠰᠯᠡᠯ Coat of Arms of Elista (Kalmykia) (2004).png ᠡᠯᠡᠰᠦᠲᠦ
ᠨᠤᠲᠤᠭ ᠤᠨ ᠬᠤᠪᠢᠶᠠᠷᠢ 14 ᠨᠤᠲᠤᠭ = 1 ᠬᠣᠲᠠ + 13 ᠷᠠᠶᠣᠨ
ᠭᠠᠵᠠᠷ ᠨᠤᠲᠤᠭ 74,731 ᠺᠦᠸᠠᠳ᠋ ᠺᠢᠯᠣᠮᠧᠲ᠋ᠷ (40 ᠍ ᠳᠦᠭᠡᠷ ᠲᠣᠮᠣ)
ᠬᠦᠮᠦᠨ ᠠᠮᠠ (2013) 284,140 ᠬᠦᠮᠦᠨ (78 ᠍ ᠳᠦᠭᠡᠷ ᠣᠯᠠᠨ)
ᠨᠢᠭᠲᠠᠴᠠ ᠰᠡᠶᠢᠷᠡᠭ 3.8 ᠬᠦᠮᠦᠨ/км² (63 ᠍ ᠳᠦᠭᠡᠷ ᠰᠢᠭᠢᠭᠦᠦ)
ᠬᠠᠯᠢᠮᠠᠭ ᠤᠨ ᠠᠷᠠᠳ ᠲᠦᠮᠡᠨ
ᠬᠠᠯᠢᠮᠠᠭ ᠣᠷᠣᠨ ᠤ ᠬᠢᠨ
ᠬᠠᠯᠢᠮᠠᠭ ᠤᠨ ᠬᠢᠨ (2010)
ᠬᠠᠯᠢᠮᠠᠭ ᠶᠠᠰᠤᠲᠠᠨ (56.2 %)
ᠣᠷᠣᠰ ᠦᠨᠳᠦᠰᠦᠲᠡᠨ (29.6 %)
ᠳᠠᠷᠭᠢᠨ ᠶᠠᠰᠤᠲᠠᠨ (2.6 %)
ᠠᠯᠪᠠᠨ ᠬᠡᠯᠡ ᠪᠢᠴᠢᠭ ᠣᠷᠣᠰᠬᠠᠯᠢᠮᠠᠭ
ᠣᠷᠣᠨ᠂ ЗГ ᠍ ᠶᠢᠨ ᠲᠡᠷᠢᠭᠦᠨ ᠠᠯᠧᠺᠰᠧᠢ ᠤᠷᠤᠯᠠᠪᠠ
ᠬᠠᠤᠯᠢ ᠲᠣᠭᠲᠠᠭᠠᠬᠤ ᠭᠠᠵᠠᠷ «ᠤᠯᠤᠰᠢᠨ ᠬᠤᠷᠠᠯ» (ᠠᠷᠠᠳ ᠤᠨ ᠬᠤᠷᠠᠯ)
АХ ᠍ ᠶᠢᠨ ᠳᠠᠷᠤᠭ᠎ᠠ ᠠᠨᠠᠲ᠋ᠣᠯᠢᠢ ᠺᠦᠽᠠᠴᠺᠣ
ᠲᠡᠦᠬᠡᠨ ᠣᠨ ᠴᠠᠭ 1920–1935 — ᠬᠠᠯᠽᠮ
1935–1944 —
ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ
ᠦᠪᠡᠷᠲᠡᠭᠡᠨ ᠵᠠᠰᠠᠬᠤ ᠬᠠᠯᠢᠮᠠᠭ ᠤᠯᠤᠰ
1944–1957 → ᠰᠲ᠋ᠠᠦ᠋ᠷᠣᠫᠣᠯᠢ
1958–1990 —
ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ
ᠦᠪᠡᠷᠲᠡᠭᠡᠨ ᠵᠠᠰᠠᠬᠤ ᠬᠠᠯᠢᠮᠠᠭ ᠤᠯᠤᠰ
1993 ᠣᠨ — БНХалУ
ᠴᠠᠭ ᠤᠨ ᠪᠥᠰᠡ ᠮᠣᠰᠺᠸᠠ ᠶᠢᠨ ᠴᠠᠭ (GMT+4)
ᠤᠲᠠᠰᠤᠨ ᠤ ᠣᠷᠣᠴᠠ (+7) 847xx
ᠰᠢᠤᠳᠠᠨ ᠬᠠᠶᠠᠭ 358000–359999
ᠨᠤᠲᠤᠭ ᠤᠨ ᠲᠣᠮᠢᠶ᠎ᠠ 08 / 85 / RU-KL
ᠴᠠᠬᠢᠮ ᠭᠠᠵᠠᠷ gov.kalmregion.ru  (ᠣᠷᠣᠰ᠃)


ᠪᠦᠭᠦᠳᠡ ᠨᠠᠶᠢᠷᠠᠮᠳᠠᠬᠤ ᠬᠠᠯᠢᠮᠠᠭ ᠤᠯᠤᠰ ᠨᠢ ᠣᠷᠣᠰ ᠤᠨ ᠬᠣᠯᠪᠣᠭᠠᠨ ᠤ ᠤᠯᠤᠰ ᠍ ᠢ ᠪᠦᠷᠢᠳᠦᠭᠦᠯᠦᠭᠴᠢ᠂ ᠪᠦᠭᠦᠳᠡ ᠨᠠᠶᠢᠷᠠᠮᠳᠠᠬᠤ ᠤᠯᠤᠰ ᠪᠥᠭᠡᠳ ᠺᠠᠰᠫᠢ ᠲᠡᠩᠭᠢᠰ ᠤᠨ ᠪᠠᠷᠠᠭᠤᠨ ᠬᠣᠶᠢᠳᠤ ᠡᠷᠭᠢ ᠳᠦ ᠣᠷᠣᠰᠢᠳᠠᠭ᠃ ᠣᠷᠣᠰ ᠤᠨ ᠬᠣᠯᠪᠣᠭᠠᠨ ᠤ ᠤᠯᠤᠰ ᠤᠨ ᠡᠮᠦᠨᠡᠲᠦ ᠬᠣᠯᠪᠣᠭᠠᠨ ᠤ ᠲᠣᠭᠣᠷᠢᠭ ᠤᠨ ᠪᠦᠷᠢᠯᠳᠦᠬᠦᠨ ᠳᠦ ᠪᠠᠭᠲᠠᠳᠠᠭ᠃ ᠨᠡᠶᠢᠰᠯᠡᠯ ᠬᠣᠲᠠ ᠨᠢ ᠡᠯᠡᠰᠦᠲᠦ᠃ ᠬᠠᠯᠢᠮᠠᠭ ᠨᠢ ᠡᠮᠦᠨᠡᠲᠦ ᠬᠡᠰᠡᠭ ᠢᠶᠡᠷ ᠢᠶᠡᠨ ᠳᠠᠭᠧᠰᠲ᠋ᠠᠨ᠂ ᠪᠠᠷᠠᠭᠤᠨ ᠡᠮᠦᠨᠡᠲᠦ ᠬᠡᠰᠡᠭ ᠢᠶᠡᠷ ᠢᠶᠡᠨ ᠰᠲ᠋ᠠᠦ᠋ᠷᠣᠫᠣᠯᠢᠰᠺ ᠤᠨ ᠬᠢᠵᠠᠭᠠᠷ᠂ ᠪᠠᠷᠠᠭᠤᠨ ᠬᠡᠰᠡᠭ ᠢᠶᠡᠷ ᠢᠶᠡᠨ ᠷᠣᠰᠣᠲᠤᠪ ᠮᠤᠵᠢ᠂ ᠪᠠᠷᠠᠭᠤᠨ ᠬᠣᠶᠢᠳᠤ ᠬᠡᠰᠡᠭ ᠢᠶᠡᠷ ᠢᠶᠡᠨ ᠸᠣᠯᠭᠣᠭᠷᠠᠳ ᠮᠤᠵᠢ᠂ ᠵᠡᠭᠦᠨ ᠬᠡᠰᠡᠭ ᠢᠶᠡᠷ ᠢᠶᠡᠨ ᠠᠰᠲᠷᠠᠬᠠᠨᠢ ᠮᠤᠵᠢ ᠲᠠᠢ ᠬᠢᠯᠢ ᠵᠠᠯᠭᠠᠨ ᠣᠷᠣᠰᠢᠳᠠᠭ᠃ ᠬᠦᠮᠦᠨ ᠠᠮᠠ ᠶᠢᠨ ᠲᠠᠯ᠎ᠠ ᠠᠴᠠ ᠵᠢᠭᠠᠬᠠᠨ ᠢᠯᠡᠭᠦᠦ ᠨᠢ ᠣᠶᠢᠷᠠᠳ ᠮᠣᠩᠭᠣᠯᠴᠤᠳ (ᠡᠳᠦᠭᠡ ᠬᠠᠯᠢᠮᠠᠭ ᠬᠡᠮᠡᠨ ᠨᠡᠷᠡᠯᠡᠭᠳᠡᠵᠦ ᠪᠠᠶᠢᠨ᠎ᠠ) ᠪᠥᠭᠡᠳ ᠦᠯᠡᠳᠡᠭᠰᠡᠨ ᠬᠦᠮᠦᠨ ᠠᠮᠠ ᠨᠢ ᠣᠷᠣᠰ᠂ ᠦᠺᠷᠠᠶᠢᠨ ᠦᠨᠳᠦᠰᠦᠲᠡᠨ ᠨᠦ᠋ᠭᠦᠳ᠂ ᠴᠧᠴᠡᠨᠢ᠂ ᠣᠰᠧᠲ᠋ᠢ᠂ ᠳᠠᠭᠧᠰᠲ᠋ᠠᠨ ᠤᠭᠰᠠᠭᠠᠲᠠᠨ ᠨᠤᠭᠤᠳ ᠪᠣᠯᠤᠨ᠎ᠠ᠃ ᠬᠠᠯᠢᠮᠠᠭ ᠤᠳ ᠤᠨ 50% ᠨᠢ ᠲᠣᠷᠭᠤᠳ᠂ 35% ᠨᠢ ᠳᠥᠷᠪᠡᠳ᠂ 15% ᠨᠢ ᠪᠤᠵᠠᠸᠠ ᠶᠠᠰᠤᠲᠠᠳ ᠡᠵᠡᠯᠡᠳᠡᠭ᠃ ᠬᠠᠯᠢᠮᠠᠭ ᠤᠯᠤᠰ ᠨᠢ ᠧᠦ᠋ᠷᠣᠫᠠ ᠲᠢᠪ ᠳᠠᠬᠢ ᠴᠣᠷ ᠤᠨ ᠭᠠᠭᠴᠠ ᠪᠤᠳ᠋ᠳ᠋ᠾᠠ ᠶᠢᠨ ᠱᠠᠰᠢᠨᠲᠤ ᠣᠷᠣᠨ ᠶᠤᠮ᠃ ᠡᠮᠦᠨᠡᠬᠢ ᠶᠡᠷᠦᠩᠬᠡᠶᠢᠯᠡᠭᠴᠢ ᠺᠢᠷᠠᠭᠰᠠᠨ ᠢᠯᠢᠶᠦ᠋ᠮᠵᠣᠨᠢᠪᠠ ᠪᠣᠯ ᠳᠡᠯᠡᠬᠡᠢ ᠶᠢᠨ ᠰᠢᠲᠠᠷ᠎ᠠ ᠶᠢᠨ ᠬᠣᠯᠪᠣᠭ᠎ᠠ ᠤ ᠲᠡᠷᠢᠭᠦᠯᠡᠭᠴᠢ ᠶᠤᠮ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠭᠢᠨ ᠲᠣᠭᠣᠷᠢᠨ ᠤ ᠮᠤᠵᠢ᠂ ᠣᠷᠣᠨ ᠢ ᠬᠠᠷᠠᠭᠤᠯᠤᠭᠰᠠᠨ ᠭᠠᠵᠠᠷ ᠤᠨ ᠵᠢᠷᠤᠭ
3 ᠍ ᠳᠦᠭᠡᠷ ᠰᠠᠷ᠎ᠠ ᠶᠢᠨ ᠮᠠᠨ ᠤᠴ ᠭᠣᠣᠯ
ᠴᠡᠴᠡᠭᠲᠦ ᠲᠠᠯ᠎ᠠ᠃ 2011 ᠣᠨ ᠤ 4 ᠍ ᠳᠦᠭᠡᠷ ᠰᠠᠷ᠎ᠠ

ᠬᠠᠯᠢᠮᠠᠭ ᠣᠷᠣᠨ ᠣᠷᠣᠰ ᠤᠨ ᠧᠦ᠋ᠷᠣᠫᠠ ᠲᠢᠪ ᠲᠦ ᠬᠠᠮᠢᠶᠠᠷᠬᠤ ᠲᠠᠯ᠎ᠠ ᠶᠢᠨ ᠵᠡᠭᠦᠨ ᠤᠷᠳᠤ ᠪᠡᠶ᠎ᠡ ᠳᠦ ᠣᠷᠣᠰᠢᠳᠠᠭ᠃ ᠭᠤᠯᠳᠤ ᠪᠡᠷ 458 ᠺᠢᠯᠣᠮᠧᠲ᠋ᠷ᠂ ᠬᠥᠨᠳᠡᠯᠡᠨ ᠶᠢᠡᠷ 423 ᠺᠢᠯᠣᠮᠧᠲ᠋ᠷ ᠲᠠᠯᠠᠪᠠᠢ ᠲᠠᠢ᠂74,731 ᠬᠦᠮᠦᠨ ᠠᠮᠠ ᠲᠠᠢ ᠭᠠᠵᠠᠷ ᠨᠤᠲᠤᠭ ᠶᠤᠮ᠃ ᠡᠭᠦᠪᠡᠷ ᠢᠶᠡᠨ ᠣᠷᠣᠰ ᠤᠨ ᠬᠣᠯᠪᠣᠭᠠᠨ ᠤ 83 ᠮᠠᠬᠠᠪᠣᠳ ᠠᠴᠠ 40 ᠍ ᠳᠦᠭᠡᠷ ᠲᠣᠮᠣ ᠭᠡᠨ᠎ᠡ᠃ ᠮᠣᠰᠺᠸᠠ ᠶᠢᠨ ᠴᠠᠭ ᠢ (GMT+4) ᠪᠠᠷᠢᠳᠠᠭ᠃

ᠤᠯᠤᠰ ᠤᠨ ᠢᠶᠠᠨ ᠲᠠᠪᠤᠨ ᠮᠤᠵᠢ᠂ ᠣᠷᠣᠨ ᠲᠠᠢ ᠬᠢᠯᠢᠯᠡᠨ᠎ᠡ᠃ ᠡᠮᠦᠨᠡᠲᠦ ᠲᠠᠯ᠎ᠠ ᠪᠠᠷ ᠢᠶᠠᠨ ᠳᠠᠭ ᠣᠷᠣᠨ᠂ ᠪᠠᠷᠠᠭᠤᠨ ᠡᠮᠦᠨᠡᠲᠦ ᠲᠠᠯ᠎ᠠ ᠪᠠᠷ ᠢᠶᠠᠨ ᠰᠲ᠋ᠠᠦ᠋ᠷᠣᠫᠣᠯᠣ ᠶᠢᠨ ᠬᠢᠵᠠᠭᠠᠷ᠂ ᠪᠠᠷᠠᠭᠤᠨ ᠵᠦᠭ ᠲᠤ ᠪᠡᠨ ᠷᠣᠰᠣᠲᠤᠪ ᠮᠤᠵᠢ᠂ ᠪᠠᠷᠠᠭᠤᠨ ᠬᠤᠶᠢᠲᠤ ᠵᠦᠭ ᠲᠤ ᠪᠡᠨ ᠸᠣᠯᠭᠣᠭᠷᠠᠳ ᠮᠤᠵᠢ᠂ ᠵᠡᠭᠦᠨ ᠲᠠᠯ᠎ᠠ ᠪᠠᠷ ᠢᠶᠠᠨ ᠠᠰᠲᠷᠠᠬᠠᠨᠢ ᠮᠤᠵᠢᠲᠠᠢ ᠬᠠᠶᠠᠭᠠᠯᠳᠠᠭ᠃ ᠵᠡᠭᠦᠨ ᠡᠮᠦᠨᠡᠲᠦ ᠵᠦᠭ ᠦᠨ ᠺᠠᠰᠫᠢ ᠲᠡᠩᠭᠢᠰ ᠲᠤ ᠭᠠᠷᠴᠠ ᠲᠠᠢ᠃

ᠭᠠᠵᠠᠷ ᠤᠨ ᠭᠠᠳᠠᠷᠭᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠤᠲᠤᠭ ᠤᠨ ᠪᠠᠷᠠᠭᠤᠨ ᠤᠷᠢᠳᠤ ᠵᠠᠬ᠎ᠠ ᠪᠠᠷ ᠺᠦ᠋ᠮᠠ-ᠮᠠᠨᠤᠴᠢ ᠶᠢᠨ ᠬᠣᠲᠣᠭᠣᠷ᠂ ᠵᠡᠭᠦᠨ ᠤᠷᠢᠳᠤ ᠲᠠᠯ᠎ᠠ ᠪᠠᠷ ᠺᠠᠰᠫᠢ ᠬᠠᠪ ᠤᠨ ᠨᠠᠮ ᠳᠣᠣᠷ᠎ᠠ ᠭᠠᠵᠠᠷ ᠪᠠᠶᠢᠳᠠᠭ ᠪᠣᠯ ᠢᠵᠢᠯ ᠮᠦᠷᠡᠨ ᠤᠷᠤᠭᠤ ᠳᠥᠬᠦᠭᠰᠡᠨ ᠬᠣᠶᠢᠳᠤ ᠲᠠᠯ᠎ᠠ ᠪᠠᠷ ᠰᠠᠷᠫ ᠤᠨ ᠨᠠᠮ ᠳᠣᠣᠷ᠎ᠠ ᠭᠠᠵᠠᠷ ᠪᠤᠢ᠃ ᠨᠠᠮ ᠳᠣᠣᠷ᠎ᠠ ᠭᠠᠵᠠᠷ ᠤᠳ ᠢ ᠬᠠᠷ᠎ᠠ ᠭᠠᠵᠠᠷ ᠵᠠᠭᠠᠭᠯᠠᠵᠤ᠂ ᠲᠡᠭᠦᠨ ᠡᠴᠡ ᠪᠠᠷᠠᠭᠤᠨ ᠲᠡᠰᠢ ᠪᠠᠨ ᠡᠷᠭᠢᠨ ᠤᠨ ᠥᠨᠳᠥᠷᠯᠢᠭ ᠪᠣᠯᠳᠠᠭ᠃

ᠬᠠᠯᠢᠮᠠᠭ ᠣᠷᠣᠨ ᠦᠨᠳᠦᠰᠦᠨ ᠳᠦ ᠪᠡᠨ ᠨᠠᠮ ᠳᠣᠣᠷ᠎ᠠ ᠲᠠᠯ᠎ᠠ ᠭᠠᠵᠠᠷ ᠲᠠᠢ᠃ ᠺᠠᠰᠫᠢ ᠲᠡᠩᠭᠢᠰ ᠦᠨ ᠡᠷᠭᠢ ᠪᠡᠷ ᠡᠯᠡᠰᠦᠷᠬᠡᠭ ᠭᠣᠪᠢ ᠪᠠᠶᠢᠨ᠎ᠠ᠃ ᠬᠠᠯᠢᠮᠠᠭ ᠣᠷᠣᠨ ᠤ ᠬᠠᠮᠤᠭ ᠤᠨ ᠥᠨᠳᠥᠷ ᠴᠡᠭ ᠨᠢ ᠡᠷᠭᠢᠨ ᠳᠦ ᠪᠠᠶᠢᠳᠠᠭ ᠰᠢᠷᠲᠦ ᠠᠭᠤᠯᠠ ᠶᠢᠨ ᠣᠷᠭᠢᠯ (ᠳᠠᠯᠠᠢ ᠶᠢᠨ ᠲᠦᠪᠰᠢᠨ ᠡᠴᠡ 222 ᠮᠸᠲᠷ)᠂ ᠬᠠᠮᠤᠭ ᠤᠨ ᠨᠠᠮ ᠳᠣᠣᠷ᠎ᠠ ᠴᠡᠭ ᠨᠢ ᠺᠠᠰᠫᠢ ᠲᠡᠩᠭᠢᠰ ᠦᠨ ᠡᠷᠭᠢ ᠶᠤᠮ᠃

ᠭᠣᠣᠯ ᠨᠠᠭᠤᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠮᠤᠭ ᠤᠨ ᠲᠣᠮᠣ ᠮᠠᠨᠤᠴ-ᠭᠤᠳᠤᠯᠠ ᠨᠠᠭᠤᠷ 344 ᠺᠦᠸᠠᠳ᠋ ᠺᠢᠯᠣᠮᠧᠲ᠋ᠷ ᠲᠠᠯᠠᠪᠠᠢ ᠲᠠᠢ᠃ ᠴᠠᠭᠠᠨᠮᠠᠨᠤᠴᠰᠣᠰᠣᠳᠤᠬᠥᠬᠡ-ᠤᠰᠤᠨᠬᠠᠨᠠᠲᠤᠳᠡᠭᠡᠳᠦ ᠬᠤᠯᠤᠰᠤᠨᠶᠡᠬᠡ ᠪᠠᠭ᠎ᠠ ᠶᠠᠰᠢᠯᠳᠤ ᠭᠡᠳ ᠪᠦᠭᠦᠳᠡ ᠯᠠ ᠳᠠᠪᠤᠰᠤ ᠲᠠᠢ᠃ ᠴᠡᠩᠭᠡᠭ ᠭᠡᠪᠡᠯ ᠴᠣᠭᠷᠠᠢ ᠶᠢᠨ ᠤᠰᠤᠨ ᠰᠠᠩ ᠭᠡᠵᠦ ᠪᠤᠢ᠃

ᠢᠵᠢᠯ ᠮᠥᠷᠡᠨ ᠴᠠᠭᠠᠨ-ᠠᠮᠠᠨ ᠰᠠᠭᠤᠷᠢᠨ ᠢᠶᠠᠷ ᠳᠠᠭᠠᠷᠢᠵᠤ᠂ ᠬᠠᠯᠢᠮᠠᠭ ᠣᠷᠣᠨ ᠤ ᠨᠤᠲᠤᠭ ᠢᠶᠠᠷ ᠳᠥᠩᠭᠡᠵᠢ 12 ᠺᠢᠯᠣᠮᠧᠲ᠋ᠷ ᠤᠷᠤᠰᠤᠭᠠᠳ ᠭᠠᠷᠴᠤ ᠣᠳᠳᠠᠭ᠃ ᠡᠮᠦᠨᠡᠲᠦ ᠬᠢᠯᠢ ᠳᠠᠭᠠᠤ ᠶᠥᠭᠢᠷᠤᠯᠢᠺᠮᠠᠨᠤᠴᠺᠦ᠋ᠮᠠ ᠭᠣᠣᠯ ᠤᠷᠤᠰᠤᠨ᠎ᠠ᠃ ᠵᠢᠵᠢᠭ ᠭᠣᠣᠯ ᠭᠣᠷᠤᠬ ᠠ ᠪᠠᠰᠠ ᠪᠤᠢ᠃

ᠵᠡᠭᠦᠨ ᠤᠷᠢᠳᠤ ᠲᠠᠯ᠎ᠠ ᠳᠤ ᠺᠠᠰᠫᠢ ᠲᠡᠩᠭᠢᠰ ᠲᠤ ᠲᠤᠯᠤᠭᠰᠠᠨ ᠡᠷᠭᠢ ᠶᠢᠨ ᠤᠷᠲᠤ 167 ᠺᠢᠯᠣᠮᠧᠲ᠋ᠷ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠢᠮᠠᠭ ᠡᠬᠡ ᠭᠠᠵᠠᠷ ᠤᠨ ᠠᠭᠤᠷ ᠠᠮᠢᠰᠬᠤᠯ ᠲᠠᠢ᠃ ᠵᠤᠨ ᠬᠠᠭᠤᠷᠠᠢ᠂ ᠬᠠᠯᠠᠭᠤᠨ᠃ ᠡᠪᠦᠯ ᠴᠠᠰᠤ ᠪᠠᠭ᠎ᠠ ᠤᠨᠠᠳᠠᠭ ᠪᠣᠯᠪᠠᠴᠤ ᠶᠡᠭᠡ ᠬᠦᠢᠲᠡᠷᠡᠳᠡᠭ᠃ ᠪᠠᠷᠠᠭᠤᠨ ᠲᠠᠯ᠎ᠠ ᠳᠤ ᠪᠠᠨ ᠵᠡᠭᠦᠨ ᠲᠠᠯ᠎ᠠ ᠪᠠᠨ ᠪᠣᠳᠣᠪᠠᠯ ᠠᠷᠠᠢ ᠳᠤᠯᠠᠭᠠᠬᠠᠨ᠃ ᠨᠢᠭᠡᠳᠦᠭᠡᠷ ᠰᠠᠷ᠎ᠠ ᠳᠤ ᠠᠭᠠᠷ ᠤᠨ ᠳᠤᠮᠳᠠᠴᠢ ᠳᠤᠯᠠᠭᠠᠨ −7-−9 °C᠃ ᠠᠭᠤᠯᠠᠷᠬᠠᠭ ᠨᠤᠲᠤᠭ ᠤᠨ ᠬᠠᠮᠤᠭ ᠤᠨ ᠬᠦᠢᠲᠡᠨ ᠰᠥᠨᠢ −35-−37 °C ᠬᠦᠷᠦᠨ᠎ᠡ᠃

ᠵᠢᠯ ᠦᠨ 182 ᠡᠳᠦᠷ ᠴᠡᠯᠮᠡᠭ ᠲᠩᠷᠢ ᠲᠡᠢ᠃ ᠵᠢᠯ ᠳᠤ ᠳᠤᠮᠳᠠᠴᠢ ᠪᠠᠷ 240-275 ᠡᠳᠦᠷ ᠳᠤᠯᠠᠭᠠᠨ ᠴᠠᠭ ᠠᠭᠠᠷ ᠲᠠᠢ ᠪᠠᠶᠢᠳᠠᠭ᠃ 7 ᠍ ᠳᠦᠭᠡᠷ ᠰᠠᠷ᠎ᠠ ᠳᠤ ᠠᠭᠠᠷ ᠤᠨ ᠳᠤᠮᠳᠠᠴᠢ ᠳᠤᠯᠠᠭᠠᠨ +23-+25°C᠃ ᠬᠠᠯᠠᠭᠤᠨ ᠳᠤ ᠪᠠᠨ +44°C ᠬᠦᠷᠬᠦ ᠨᠢ ᠴᠤ ᠪᠤᠢ᠃

ᠬᠠᠷᠢᠴᠠᠩᠭᠤᠢ ᠬᠠᠭᠤᠷᠠᠢ ᠭᠠᠵᠠᠷ᠃ ᠵᠢᠯ ᠦᠨ ᠬᠤᠷ᠎ᠠ ᠲᠤᠨᠤᠳᠠᠰᠤ — 210-340 ᠮᠢᠯᠢᠮᠧᠲ᠋ᠷ᠃ ᠬᠦᠴᠦᠲᠡᠢ ᠰᠠᠯᠬᠢᠯᠠᠳᠠᠭ᠃

ᠠᠰᠢᠭᠲᠤ ᠮᠠᠯᠲᠠᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠭᠦᠷᠡᠰᠦᠲᠥ᠋ᠷᠥᠭᠴᠢ ᠶᠢᠨ ᠣᠷᠳᠣ ᠭᠠᠵᠠᠷ ᠲᠠᠢ᠃ ᠢᠺᠢ-ᠪᠤᠷᠤᠯᠰᠺ᠂ ᠶᠡᠷᠦᠮᠣᠯᠢᠨ ᠤ ᠪᠠᠶᠢᠭᠠᠯᠢ ᠶᠢᠨ ᠬᠡᠢ ᠶᠢᠨ ᠣᠷᠳᠣ ᠭᠠᠵᠠᠷ ᠲᠠᠢ᠃ ᠬᠠᠯᠢᠮᠠᠭ ᠤᠨ ᠪᠠᠶᠢᠭᠠᠯᠢ ᠶᠢᠨ ᠬᠡᠢ ᠨᠢ ᠺᠠᠰᠫᠢ ᠲᠡᠩᠭᠢᠰ ᠦᠨ ᠭᠠᠵᠠᠷ ᠤᠨ ᠲᠣᠰᠤᠨ ᠤ ᠪᠥᠰᠡ ᠨᠤᠲᠤᠭ ᠲᠤ ᠬᠠᠮᠢᠶᠠᠷᠳᠠᠭ᠃

ᠠᠩ ᠠᠮᠢᠲᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠢᠮᠠᠭ ᠤᠨ ᠨᠤᠲᠤᠭ ᠲᠤ 60 ᠭᠠᠷᠤᠢ ᠮᠡᠷᠡᠭᠴᠢ ᠠᠮᠢᠲᠠᠨ ᠪᠤᠢ᠃ 130 ᠵᠦᠢᠯ ᠦᠨ ᠰᠢᠪᠠᠭᠤ ᠪᠠᠶᠢᠳᠠᠭ ᠤᠨ 50 ᠭᠠᠷᠤᠢ ᠵᠦᠢᠯ ᠨᠢ ᠨᠡᠭᠦᠳᠡᠯ ᠦᠨ ᠤᠰᠤᠨ ᠤ ᠰᠢᠪᠠᠭᠤᠳ᠃ ᠣᠷᠣᠰ ᠤᠨ ᠤᠯᠠᠭᠠᠨ ᠨᠣᠮ ᠳᠤ ᠣᠷᠣᠭᠰᠠᠨ 23 ᠵᠦᠢᠯ ᠦᠨ ᠰᠢᠪᠠᠭᠤ ᠪᠤᠢ᠃ ᠬᠠᠯᠢᠮᠠᠭ ᠤᠨ ᠭᠠᠵᠠᠷ ᠨᠤᠲᠤᠭ ᠤᠨ ᠶᠡᠬᠡᠩᠬᠢ ᠬᠡᠰᠡᠭ ᠨᠢ ᠲᠠᠯ᠎ᠠ ᠬᠡᠭᠡᠷ᠎ᠡ᠂ ᠬᠠᠭᠠᠰ ᠴᠥᠯ ᠲᠤᠯᠠ ᠣᠷᠣᠰ ᠤᠨ ᠬᠣᠯᠪᠣᠭᠠᠨ ᠤ ᠤᠯᠤᠰ ᠤᠨ ᠬᠡᠮᠵᠢᠶᠡᠨ ᠳᠦ ᠬᠠᠮᠤᠭ ᠤᠨ ᠣᠢ ᠶᠢᠨ ᠨᠥᠭᠡᠴᠡ ᠪᠠᠭᠠᠲᠠᠢ ᠭᠡᠵᠦ ᠲᠣᠭᠠᠴᠠᠭᠳᠠᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠢᠮᠠᠭ ᠤᠳ ᠢ ᠴᠦᠯᠢᠭᠰᠡᠨ ᠦ ᠳᠠᠷᠠᠭ᠎ᠠ ᠭᠠᠵᠠᠷ ᠢ ᠨᠢ ᠥᠭᠡᠷ᠎ᠡ ᠮᠤᠵᠢ ᠨᠤᠭᠤᠳ ᠲᠤ ᠬᠤᠪᠢᠶᠠᠴᠠᠢ᠃

ᠬᠠᠯᠢᠮᠠᠭ ᠪᠣᠯ ᠲᠥᠪ ᠠᠽᠢᠶ᠎ᠠ ᠶᠢᠨ ᠲᠠᠯ᠎ᠠ ᠨᠤᠲᠤᠭ ᠠᠴᠠ ᠨᠡᠭᠦᠳᠡᠯᠯᠡᠨ᠂ ᠳᠤᠤᠷᠠᠳᠤ ᠢᠵᠢᠯ ᠮᠥᠷᠡᠨ᠂ ᠺᠠᠰᠫᠢ ᠲᠡᠩᠭᠢᠰ ᠦᠨ ᠬᠣᠶᠢᠳᠤ ᠬᠡᠰᠡᠭ ᠲᠦ ᠰᠠᠭᠤᠷᠢᠰᠢᠭᠰᠠᠨ ᠪᠠᠷᠠᠭᠤᠨ ᠮᠣᠩᠭᠣᠯ (ᠣᠶᠢᠷᠠᠳ) ᠠᠶᠢᠮᠠᠭ ᠤᠨ ᠬᠢᠨ ᠶᠤᠮ᠃ ᠠᠷᠪᠠᠨ ᠵᠢᠷᠭᠤᠭ᠎ᠠ ᠠᠴᠠ ᠠᠷᠪᠠᠨ ᠳᠣᠯᠤᠳᠤᠭᠠᠷ ᠵᠠᠭᠤᠨ ᠤ ᠦᠶ᠎ᠡ ᠳᠦ ᠵᠦᠩᠭᠠᠷ ᠲᠤ ᠠᠮᠢᠳᠤᠷᠠᠵᠤ ᠪᠠᠶᠢᠭᠰᠠᠨ ᠮᠣᠩᠭᠣᠯᠴᠤᠳ ᠤᠨ ᠨᠢᠭᠡ ᠬᠡᠰᠡᠭ ᠨᠢ ᠬᠥᠬᠡ ᠨᠠᠭᠤᠷ ᠤᠨ ᠣᠷᠴᠢᠮ ᠤᠷᠤᠭᠤ᠂ ᠨᠥᠭᠥᠭᠡ ᠬᠡᠰᠡᠭ ᠨᠢ ᠲᠥᠷᠥᠯᠬᠢ ᠪᠠᠭᠤᠷᠢᠨ ᠳᠡᠭᠡᠷ᠎ᠡ ᠪᠡᠨ ᠦᠯᠡᠳᠡᠭᠰᠡᠨ ᠪᠣᠯ᠂ ᠭᠤᠷᠪᠠ ᠳᠠᠬᠢ ᠬᠡᠰᠡᠭ ᠨᠢ ᠲᠤᠬᠠᠢ ᠶᠢᠨ ᠦᠶ᠎ᠡ ᠶᠢᠨ ᠣᠷᠣᠰ ᠤᠨ ᠬᠠᠭᠠᠨᠲᠤ ᠤᠯᠤᠰ ᠤᠨ ᠨᠤᠲᠤᠭ ᠤᠷᠤᠭᠤ ᠨᠡᠭᠦᠵᠠᠢ᠃ ᠣᠷᠣᠰ ᠤᠨ ᠬᠠᠭᠠᠨᠲᠤ ᠤᠯᠤᠰ ᠤᠨ ᠨᠤᠲᠤᠭ ᠤᠷᠤᠭᠤ ᠨᠡᠭᠦᠭᠰᠡᠨ ᠪᠦᠯᠦᠭ ᠮᠣᠩᠭᠣᠯᠴᠤᠳ ᠲᠤ ᠠᠩᠬᠠᠷᠤᠯ ᠢᠶᠠᠨ ᠬᠠᠨᠳᠤᠭᠤᠯᠤᠶ᠎ᠠ᠃ ᠬᠠᠯᠢᠮᠠᠭ ᠤᠨ ᠲᠡᠦᠬᠡ ᠶᠢᠨ ᠲᠤᠬᠠᠢ ᠨᠣᠮ ᠵᠣᠬᠢᠶᠠᠯ ᠢ ᠭ᠃ ᠰ᠃ ᠯᠤᠲ᠋ᠬᠢᠨᠠ᠂᠎ᠠ᠃ ᠮ᠃ ᠫᠣᠽᠳᠨᠧᠶᠧᠸᠠ᠂ ᠨ᠃ ᠨ᠃ ᠫᠠᠯᠮᠣᠸᠠ᠂ ᠭ᠃ ᠣ᠃ ᠠᠪᠠᠯᠠᠸᠠ᠂ ᠤ᠃ ᠳ᠃ ᠳᠤᠰᠢᠨ᠎ᠠ᠂᠎ᠠ᠃ ᠭ᠃ ᠮᠢᠲᠤᠷᠪᠠ᠂ ᠸ᠃ ᠫ᠃ ᠰᠠᠨᠢᠴᠠᠷᠠᠪᠠ᠂ ᠰ᠃ ᠺ᠃ ᠬᠣᠶᠢᠲᠠ᠂ ᠤ᠃᠎ᠡ᠃ ᠡᠷᠳᠡᠨᠡᠶᠧᠸᠠ ᠨᠠᠷ ᠬᠢᠲᠠᠳ᠂ ᠮᠣᠩᠭᠣᠯ᠂ ᠣᠷᠣᠰ ᠤᠨ ᠲᠡᠦᠬᠡ ᠶᠢᠨ ᠡᠬᠢ ᠰᠤᠷᠪᠤᠯᠵᠢ ᠳᠤ ᠦᠨᠳᠦᠰᠦᠯᠡᠨ ᠪᠢᠴᠢᠭᠰᠡᠨ ᠪᠠᠶᠢᠨ᠎ᠠ᠃ ᠮᠣᠩᠭᠣᠯ ᠰᠤᠳᠤᠯᠤᠯ ᠤᠨ ᠰᠢᠨᠵᠢᠯᠡᠬᠦ ᠤᠬᠠᠭᠠᠨ ᠳᠤ ᠬᠠᠯᠢᠮᠠᠭ ᠤᠨ ᠲᠡᠦᠬᠡ᠂ ᠬᠡᠯᠡ᠂ ᠰᠤᠶᠤᠯ᠂ ᠠᠬᠤᠢ ᠶᠢ ᠰᠤᠳᠤᠯᠳᠠᠭ ᠬᠠᠯᠢᠮᠠᠭ ᠰᠤᠳᠤᠯᠤᠯ ᠤᠨ ᠰᠠᠯᠪᠤᠷᠢ ᠪᠤᠢ᠃ 1556 ᠣᠨ ᠳᠤ ᠬᠠᠯᠢᠮᠠᠭᠴᠤᠳ ᠤᠨ ᠳᠣᠪᠲᠣᠯᠭᠠᠨ ᠳᠤ ᠥᠷᠲᠦᠭᠰᠡᠨ ᠲᠤᠬᠠᠢ ᠶᠢ ᠪᠠᠨ ᠠᠯᠲᠤᠠᠯᠠᠰ ᠣᠷᠳᠣ ᠶᠢᠨ ᠵᠠᠬᠢᠷᠤᠭᠴᠢ ᠮᠣᠰᠺᠸᠠ ᠶᠢᠨ ᠬᠠᠭᠠᠨ ᠳᠥᠷᠪᠡ ᠳ᠋ᠦᠭᠡᠷ ᠳᠣᠭᠰᠢᠨ ᠢᠸᠠᠩ ᠳᠤ ᠮᠡᠳᠡᠭᠳᠡᠵᠦ ᠪᠠᠶᠢᠵᠠᠢ᠃ ᠶᠡᠷᠦ ᠨᠢ ᠬᠠᠯᠢᠮᠠᠭ ᠤᠳ ᠣᠷᠣᠰ ᠨᠤᠲᠤᠭ ᠲᠤ ᠢᠷᠡᠭᠰᠡᠨ ᠴᠠᠭ ᠠᠴᠠ ᠪᠠᠨ ᠡᠬᠢᠯᠡᠨ ᠪᠠᠶᠢᠩᠭᠤ ᠠᠶᠠᠨ ᠳᠠᠶᠢᠨ ᠬᠢᠵᠦ᠂ ᠨᠡᠭᠦᠳᠡᠯᠯᠡᠨ ᠠᠵᠤ ᠲᠥᠷᠦᠵᠤ ᠪᠠᠶᠢᠵᠠᠢ᠃ ᠬᠠᠯᠢᠮᠠᠭ ᠤᠳ ᠤᠨ ᠬᠢᠭᠰᠡᠨ ᠠᠩᠬᠠᠨ ᠤ ᠲᠣᠮᠣᠬᠠᠨ ᠠᠶᠠᠨ ᠳᠠᠶᠢᠨ ᠨᠢ 1560 ᠣᠨ ᠳᠤ ᠨᠣᠭᠠᠢ ᠶᠢᠨ ᠣᠷᠳᠣ ᠶᠢᠨ ᠨᠡᠶᠢᠰᠯᠡᠯ ᠪᠠᠭ᠎ᠠ ᠰᠠᠷᠠᠢ (ᠰᠠᠷᠠᠢᠴᠢᠺᠠ) ᠬᠣᠲᠠ ᠶᠢ ᠡᠵᠡᠯᠡᠭᠰᠡᠨ ᠶᠠᠪᠤᠳᠠᠯ ᠪᠠᠶᠢᠵᠠᠢ᠃ ᠬᠠᠯᠢᠮᠠᠭ ᠲᠤ ᠲᠤᠬᠠᠢ ᠶᠢᠨ ᠦᠶ᠎ᠡ ᠳᠦ ᠬᠡᠳᠦ ᠬᠡᠳᠦᠨ ᠨᠥᠯᠥᠭᠡ ᠪᠦᠬᠦᠢ ᠶᠢᠨ ᠴᠡᠷᠢᠭ ᠦᠨ ᠵᠠᠩᠵᠤᠨ ᠪᠠᠶᠢᠪᠠ᠃ ᠲᠡᠳᠡ ᠲᠤᠰ ᠲᠤᠰ ᠲᠤ ᠪᠠᠨ᠂ ᠵᠠᠷᠢᠮ ᠳᠤ ᠪᠠᠨ ᠡᠪᠰᠡᠯ ᠪᠣᠯᠤᠨ ᠴᠡᠷᠢᠭ ᠦᠨ ᠬᠦᠴᠤ ᠪᠡᠨ ᠵᠤᠵᠠᠭᠠᠳᠬᠠᠨ ᠲᠠᠲᠠᠷ᠂ ᠣᠷᠣᠰ᠂ ᠬᠠᠰᠠᠭ᠂ ᠳᠣᠨᠤ ᠬᠠᠰᠠᠺ᠂ ᠳᠠᠭᠧᠰᠲ᠋ᠠᠨ ᠵᠡᠷᠭᠡ ᠦᠨᠳᠦᠰᠦᠲᠡᠨ ᠨᠦᠭᠦᠳ ᠲᠡᠢ ᠲᠤᠯᠤᠯᠳᠤᠵᠤ ᠪᠠᠶᠢᠭᠰᠠᠨ ᠲᠤᠬᠠᠢ ᠲᠡᠦᠬᠡᠨ ᠪᠠᠷᠢᠮᠲᠠ ᠪᠤᠢ᠃ ᠣᠷᠣᠰ ᠤᠳ ᠬᠠᠯᠢᠮᠠᠭ ᠤᠳ ᠢ ᠬᠦᠯᠢᠶᠡᠨ ᠵᠥᠪᠰᠢᠶᠡᠷᠡᠭᠰᠡᠨ ᠠᠩᠬᠠᠨ ᠤ ᠪᠠᠷᠢᠮᠲᠠ 1574 ᠣᠨ ᠳᠤ ᠬᠠᠮᠢᠶᠠᠷᠴᠤ ᠪᠠᠶᠢᠨ᠎ᠠ᠃ 1574 ᠣᠨ ᠤ 5 ᠰᠠᠷ᠎ᠠ ᠶᠢᠨ 30 ᠍ ᠳᠦ ᠳᠥᠷᠪᠡ ᠳ᠋ᠦᠭᠡᠷ ᠳᠣᠭᠰᠢᠨ ᠢᠸᠠᠩ ᠬᠠᠭᠠᠨ ᠤ ᠵᠠᠷᠯᠢᠭ ᠢᠶᠠᠷ ᠪᠤᠬᠤᠷ᠂ ᠬᠠᠯᠢᠮᠠᠭ᠂ ᠺᠠᠽᠠᠨ ᠤ ᠣᠷᠳᠣ ᠶᠢᠨ ᠬᠤᠳᠠᠯᠳᠤᠭᠠᠴᠢᠳ ᠣᠷᠣᠰ ᠤᠨ ᠶᠠᠺᠣᠸ᠂ ᠭᠠᠷᠣᠷ ᠤᠨ ᠴᠠᠶᠢᠵᠠ ᠳᠤ ᠲᠠᠲᠠᠪᠤᠷᠢ ᠦᠭᠡᠢ ᠮᠠᠶᠢᠮᠠᠢ ᠬᠢᠬᠦ ᠶᠢ ᠵᠥᠪᠰᠢᠶᠡᠷᠡᠭᠰᠡᠨ ᠪᠠᠶᠢᠨ᠎ᠠ᠃ ᠡᠨᠡ ᠨᠢ ᠣᠷᠣᠰ ᠤᠨ ᠲᠡᠦᠬᠡᠨ ᠳᠦ ᠠᠩᠬ᠎ᠠ ᠤᠳᠠᠭ᠎ᠠ ᠬᠠᠯᠢᠮᠠᠭ ᠤᠳ ᠤᠨ ᠲᠠᠯ᠎ᠠ ᠪᠠᠷ ᠠᠯᠪᠠᠨ ᠶᠣᠰᠣᠨ ᠤ ᠪᠠᠷᠢᠮᠲᠠ ᠪᠢᠴᠢᠭ ᠲᠦ ᠳᠤᠷᠢᠳᠠᠭᠰᠠᠨ ᠬᠡᠷᠡᠭ ᠶᠤᠮ᠃ 1578 ᠣᠨ ᠳᠤ ᠬᠠᠯᠢᠮᠠᠭ ᠲᠤ ᠪᠤᠳ᠋ᠳ᠋ᠾᠠ ᠶᠢᠨ ᠱᠠᠰᠢᠨ ᠤ ᠯᠠᠮᠠᠢᠰᠮ ᠤᠨ ᠤᠷᠤᠰᠬᠠᠯ ᠲᠦᠭᠡᠨ ᠳᠡᠯᠭᠡᠷᠴᠤ ᠡᠬᠢᠯᠡᠭᠰᠡᠨ ᠪᠠᠶᠢᠨ᠎ᠠ᠃ ᠲᠡᠷᠡ ᠴᠠᠭ ᠠᠴᠠ ᠬᠣᠶᠢᠰᠢ ᠬᠠᠯᠢᠮᠠᠭ ᠤᠨ ᠨᠥᠯᠥᠭᠡ ᠪᠦᠬᠦᠢ ᠨᠣᠶᠠᠳ ᠤᠳ ᠲᠦᠪᠡᠳ ᠦᠨ ᡀᠠᠰᠠ ᠤᠷᠤᠭᠤ ᠶᠠᠪᠤᠵᠤ ᠳᠠᠯᠠᠢ ᠯᠠᠮᠠ ᠠᠴᠠ ᠬᠡᠷᠭᠡᠮ ᠵᠡᠷᠭᠡ᠂ ᠴᠣᠯᠠ ᠠᠪᠴᠤ ᠪᠠᠶᠢᠴᠠᠢ᠃ 1591 ᠣᠨ ᠳᠤ ᠰᠢᠪᠸᠷᠢᠶ ᠠ ᠶᠢᠨ ᠬᠠᠨ ᠺᠦ᠋ᠴᠤᠮ ᠤᠨ ᠴᠡᠷᠢᠭ ᠦᠳ ᠡᠰᠢᠮ᠂ ᠨᠣᠷ-ᠡᠰᠢᠮ ᠭᠣᠣᠯ ᠤᠨ ᠣᠷᠴᠢᠮ ᠠᠴᠠ ᠬᠠᠯᠢᠮᠠᠭ ᠤᠳ ᠤᠨ ᠠᠭᠲᠠ ᠶᠢ ᠬᠤᠯᠠᠭᠠᠶᠢᠯᠠᠭᠰᠠᠨ ᠲᠤᠬᠠᠢ ᠶᠢ ᠪᠠᠨ ᠪᠢᠴᠢᠵᠡᠢ᠃ ᠮᠣᠷᠢ ᠪᠠᠨ ᠠᠯᠠᠳᠠᠭᠰᠠᠨ ᠬᠠᠯᠢᠮᠠᠭ ᠤᠳ ᠰᠢᠪᠸᠷᠢᠶ ᠠ ᠶᠢᠨ ᠬᠠᠨ ᠺᠦ᠋ᠴᠤᠮ ᠤᠨ ᠴᠡᠷᠢᠭ ᠦᠳ ᠦᠨ ᠠᠷᠤ ᠠᠴᠠ ᠡᠯᠳᠡᠨ ᠬᠥᠭᠡᠭᠡᠵᠦ ᠪᠠᠶᠢᠵᠠᠢ᠃ ᠭᠡᠪᠡᠴᠦ ᠡᠨᠡ ᠬᠡᠷᠡᠭ ᠬᠡᠷᠬᠢᠨ ᠲᠡᠭᠦᠰᠦᠭᠰᠡᠨ ᠲᠠᠯ᠎ᠠ ᠪᠠᠷ ᠲᠡᠦᠬᠡ ᠶᠢᠨ ᠪᠠᠷᠢᠮᠲᠠ ᠪᠠᠶᠢᠬᠤ ᠦᠭᠡᠢ ᠶᠤᠮ᠃ 1599 ᠣᠨ ᠳᠤ ᠵᠠᠶ᠎ᠠ ᠪᠠᠨᠳᠢ ᠲᠥᠷᠦᠵᠢᠭᠡ᠃ ᠲᠡᠷᠡ ᠪᠡᠷ ᠬᠠᠯᠢᠮᠠᠭ ᠲᠤ "ᠲᠣᠳᠣ ᠦᠰᠦᠭ" ᠬᠡᠮᠡᠬᠦ ᠴᠠᠭᠠᠨ ᠲᠣᠯᠣᠭᠠᠢ ᠵᠣᠬᠢᠶᠠᠭᠰᠠᠨ ᠶᠤᠮ᠃ 1615 ᠣᠨ ᠭᠡᠬᠦ ᠳᠦ ᠬᠠᠯᠢᠮᠠᠭᠴᠤᠳ ᠤᠨ ᠣᠯᠠᠩᠬᠢ ᠨᠢ ᠪᠤᠳ᠋ᠳ᠋ᠾᠠ ᠶᠢᠨ ᠱᠠᠰᠢᠨᠲᠠᠨ ᠪᠣᠯᠵᠠᠢ᠃ ᠮᠥᠨ ᠲᠡᠷᠡ ᠵᠢᠯ ᠳᠦᠷᠪᠡᠳ ᠦᠨ ᠳᠠᠯᠠᠢ ᠲᠠᠶᠢᠵᠢ᠂ ᠵᠦᠩᠭᠠᠷ ᠤᠨ ᠬᠠᠷ᠎ᠠ-ᠬᠤᠯᠠ᠂ ᠰᠢᠬᠢᠷ᠂ ᠲᠣᠷᠭᠤᠳ ᠤᠨ ᠬᠥᠥᠷᠯᠥᠭ᠂ ᠬᠣᠰᠢᠭᠤᠲᠤ ᠶᠢᠨ ᠬᠦᠨᠳᠦᠯᠡᠨ᠂ ᠤᠪᠠᠰᠢ ᠨᠠᠷ ᠲᠦᠪᠡᠳ ᠦᠨ ᡀᠠᠰᠠ ᠬᠣᠳᠠ ᠳᠤ ᠪᠣᠯᠪᠠᠰᠤᠷᠠᠯ ᠬᠢᠬᠦ ᠪᠡᠷ ᠶᠠᠪᠤᠵᠠᠢ᠃ ᠠᠷᠪᠠᠨ ᠳᠣᠯᠤᠳᠤᠭᠠᠷ ᠵᠠᠭᠤᠨ ᠤ ᠡᠬᠢᠨ ᠦ ᠭᠤᠴᠢᠨ ᠵᠢᠯ ᠳᠤ ᠬᠠᠯᠢᠮᠠᠭ ᠤᠨ ᠣᠯᠠᠨ ᠡᠷᠦᠬᠡ ᠠᠶᠢᠮᠠᠭ ᠤᠳ ᠸᠣᠯᠭᠠ ᠮᠥᠷᠡᠨ ᠦ ᠡᠷᠭᠢ ᠳᠦ ᠢᠷᠡᠭᠰᠡᠨ ᠪᠠᠶᠢᠨ᠎ᠠ᠃ ᠬᠠᠯᠢᠮᠠᠭᠴᠤᠳ ᠨᠣᠭᠠᠶᠢᠴᠤᠳ ᠢ ᠸᠣᠯᠭᠠ ᠮᠥᠷᠡᠨ ᠦ ᠪᠠᠷᠠᠭᠤᠨ ᠡᠷᠭᠢ᠂ ᠴᠠᠰᠢᠯᠠᠫ ᠲᠧᠷᠧᠺ᠂ ᠺᠦᠪᠠᠨᠢ᠂ ᠺᠷᠤᠮ᠂ ᠪᠤᠵᠠᠺ ᠤᠷᠤᠭᠤ ᠨᠡᠭᠦᠬᠦ ᠳᠦ ᠬᠦᠷᠭᠡᠵᠡᠢ᠃ ᠨᠣᠭᠠᠶᠢᠴᠤᠳ ᠤᠨ ᠵᠠᠷᠢᠮ ᠨᠢ ᠬᠠᠯᠢᠮᠠᠭ ᠲᠤ ᠳᠠᠭᠠᠷ᠎ᠠ ᠣᠷᠣᠵᠤ᠂ ᠠᠭᠠᠵᠢᠮ ᠢᠶᠠᠷ ᠠᠭᠤᠰᠴᠠᠢ᠃ ᠨᠣᠭᠠᠶᠢᠴᠤᠳ ᠢ ᠳᠤᠤᠷᠠᠳᠤ ᠸᠣᠯᠭᠠ ᠮᠥᠷᠡᠨ ᠤᠷᠤᠭᠤ ᠨᠡᠭᠦᠬᠦ ᠳᠦ ᠨᠢ ᠳᠣᠨ ᠤ ᠬᠠᠰᠠᠺ ᠤᠳ ᠲᠤᠰᠠᠯᠠᠵᠤ ᠪᠠᠶᠢᠵᠠᠢ᠃ ᠤᠴᠢᠷ ᠨᠢ ᠨᠣᠭᠠᠶᠢᠴᠤᠳ ᠢ ᠨᠤᠲᠤᠭ ᠠᠴᠠ ᠨᠢ ᠬᠥᠭᠡᠭᠡᠬᠦ ᠶᠢ ᠣᠷᠣᠰ ᠤᠨ ᠡᠵᠡᠨ ᠬᠠᠭᠠᠨ ᠳᠣᠨ ᠤ ᠬᠠᠰᠠᠺ ᠤᠳ ᠲᠤ ᠳᠠᠭᠠᠭᠠᠯᠭᠠᠭᠰᠠᠨ ᠪᠠᠶᠢᠴᠠᠢ᠃ ᠠᠭᠠᠵᠢᠮ ᠳᠤ ᠪᠠᠨ ᠬᠠᠯᠢᠮᠠᠭ ᠤᠳ ᠣᠷᠣᠰ ᠤᠳ ᠲᠠᠢ ᠵᠦᠷᠢᠴᠡᠯᠳᠦᠬᠦ ᠪᠣᠯᠵᠠᠢ᠃ 1655 ᠣᠨ ᠳᠤ ᠣᠷᠣᠰ ᠤᠨ ᠡᠵᠡᠨ ᠬᠠᠭᠠᠨ ᠬᠠᠯᠢᠮᠠᠭ ᠤᠳ ᠲᠤ ᠬᠠᠨᠳᠤᠨ ᠠᠯᠪᠠᠨ ᠪᠢᠴᠢᠭ ᠢᠯᠡᠭᠡᠵᠦ᠂ ᠥᠪᠡᠷ ᠲᠦ ᠨᠢ ᠦᠨᠡᠨᠴᠢ ᠪᠠᠶᠢᠬᠤ ᠶᠢ ᠱᠠᠭᠠᠷᠳᠠᠭᠰᠠᠨ ᠪᠠᠶᠢᠨ᠎ᠠ᠃ ᠣᠷᠣᠰ ᠤᠨ ᠡᠵᠡᠨ ᠬᠠᠭᠠᠨ ᠤ ᠪᠢᠴᠢᠭ ᠢ ᠬᠠᠯᠢᠮᠠᠭ ᠤᠳ ᠭᠠᠷᠳᠠᠨ ᠠᠪᠴᠤ᠂ ᠬᠦᠯᠢᠶᠡᠨ ᠵᠥᠪᠰᠢᠶᠡᠷᠡᠴᠤ ᠪᠠᠶᠢᠭᠰᠠᠨ ᠪᠣᠯᠪᠠᠴᠤ ᠡᠴᠦᠰ ᠲᠦ ᠨᠢ ᠠᠮᠠᠯᠠᠯᠲᠠ ᠪᠠᠨ ᠵᠦᠷᠢᠴᠡᠬᠦ ᠲᠣᠬᠢᠶᠠᠯᠳᠤᠯ ᠭᠠᠷᠭᠠᠵᠤ ᠪᠠᠶᠢᠵᠠᠢ᠃ ᠨᠡᠭᠦᠳᠡᠯᠴᠢᠨ ᠬᠠᠯᠢᠮᠠᠭ ᠤᠳ ᠡᠨᠡ ᠦᠶ᠎ᠡ ᠳᠦ ᠳᠤᠤᠷᠠᠳᠤ ᠸᠣᠯᠭᠠ ᠮᠥᠷᠡᠨ ᠡᠴᠡ ᠺᠠᠰᠫᠢ ᠲᠡᠩᠭᠢᠰ ᠦᠨ ᠬᠣᠶᠢᠳᠤ ᠬᠡᠰᠡᠭ᠂ ᠡᠮᠦᠨ᠎ᠡ ᠵᠦᠭ ᠲᠤ ᠲᠧᠷᠧᠺ ᠭᠣᠣᠯ᠂ ᠬᠣᠶᠢᠳᠤ ᠵᠦᠭ ᠲᠤ ᠰᠠᠮᠤᠷ ᠬᠣᠲᠠ᠂ ᠪᠠᠷᠠᠭᠤᠨ ᠵᠦᠭ ᠲᠤ ᠳᠣᠩ ᠮᠥᠷᠡᠨ᠂ ᠵᠡᠭᠦᠨ ᠵᠦᠭ ᠲᠤ ᠶᠠᠢᠺ (ᠤᠷᠠᠯ) ᠮᠥᠷᠡᠨ ᠬᠦᠷᠲᠡᠯ᠎ᠡ ᠥᠷᠭᠡᠨ ᠠᠭᠤᠳᠠᠮ ᠭᠠᠵᠠᠷ ᠨᠤᠲᠤᠭ ᠢ ᠡᠵᠡᠯᠡᠵᠦ ᠪᠠᠶᠢᠵᠠᠢ᠃ ᠠᠭᠠᠵᠢᠮ ᠳᠤ ᠪᠠᠨ ᠬᠠᠯᠢᠮᠠᠭ ᠤᠳ ᠤᠨ ᠡᠵᠡᠮᠰᠢᠯ ᠭᠠᠵᠠᠷ ᠪᠠᠭᠠᠰᠤᠭᠰᠠᠨ ᠪᠠᠶᠢᠨ᠎ᠠ᠃ ᠬᠠᠯᠢᠮᠠᠭ ᠤᠨ ᠡᠵᠡᠮᠰᠢᠯ ᠭᠠᠵᠠᠷ ᠨᠢ ᠪᠠᠭᠠᠰᠴᠤ ᠪᠠᠶᠢᠭᠰᠠᠨ ᠨᠢ ᠲᠡᠳᠡᠨ ᠦ ᠳᠣᠲᠣᠭᠠᠳᠤ ᠵᠥᠷᠢᠴᠡᠯ ᠲᠡᠢ ᠬᠣᠯᠪᠣᠭ᠎ᠠ ᠲᠠᠢ ᠪᠠᠶᠢᠭᠰᠠᠨ ᠭᠡᠵᠦ ᠣᠷᠣᠰ ᠤᠨ ᠲᠡᠦᠬᠡᠴᠢᠳ ᠦᠵᠡᠳᠡᠭ ᠪᠠᠶᠢᠨ᠎ᠠ᠃ ᠵᠢᠱᠢᠶ᠎ᠡ ᠨᠢ ᠣᠷᠣᠰ ᠤᠨ ᠬᠢᠵᠠᠭᠠᠷ ᠲᠤ ᠢᠷᠡᠭᠰᠡᠨ ᠬᠣᠶᠢᠨ᠎ᠠ ᠳᠤᠤᠷᠠᠳᠤ ᠸᠣᠯᠭᠠ ᠮᠥᠷᠡᠨ ᠦ ᠡᠷᠭᠢ ᠳᠦ ᠬᠠᠯᠢᠮᠠᠭ ᠤᠨ ᠲᠥᠷᠥᠳᠦ ᠤᠯᠤᠰ ᠢ ᠠᠩᠬ᠎ᠠ ᠪᠠᠶᠢᠭᠤᠯᠤᠭᠰᠠᠨ ᠲᠣᠷᠭᠤᠳ ᠤᠨ ᠲᠠᠶᠢᠵᠢ ᠬᠥᠥᠷᠯᠥᠭ ᠳᠥᠷᠪᠡᠳ ᠦᠨ ᠳᠠᠯᠠᠢ ᠲᠠᠶᠢᠵᠢ᠂ ᠭᠤᠰᠢ ᠬᠠᠭᠠᠨ ᠲᠠᠢ ᠮᠠᠭᠤᠳᠠᠯᠴᠠᠵᠤ᠂ ᠪᠦᠷ ᠵᠡᠪᠰᠡᠭ ᠪᠠᠷᠢᠨ ᠲᠤᠯᠤᠯᠳᠤᠵᠤ ᠪᠠᠶᠢᠵᠠᠢ᠃ ᠡᠨᠡ ᠵᠥᠷᠢᠴᠡᠯ ᠡᠴᠡ ᠪᠣᠯᠵᠤ᠂ ᠡᠰᠡᠪᠡᠯ ᠥᠭᠡᠷ᠎ᠡ ᠶᠠᠮᠠᠷ ᠨᠢᠭᠡᠨ ᠰᠢᠯᠲᠠᠭᠠᠨ ᠤ ᠤᠯᠠᠮ ᠠᠴᠠ ᠲᠣᠷᠭᠤᠳ ᠤᠨ ᠲᠠᠶᠢᠵᠢ ᠬᠥᠥᠷᠯᠥᠭ ᠳᠤᠤᠷᠠᠳᠤ ᠸᠣᠯᠭᠠ᠂ ᠺᠠᠰᠫᠢ ᠲᠡᠩᠭᠢᠰ ᠤᠷᠤᠭᠤ ᠨᠡᠭᠦᠵᠦ᠂ ᠲᠡᠨᠳᠡ ᠪᠡᠨ ᠰᠠᠭᠤᠷᠢᠰᠢᠨ ᠠᠮᠢᠳᠤᠷᠠᠬᠤ ᠪᠣᠯᠤᠭᠰᠠᠨ ᠪᠠᠶᠢᠵᠤ ᠮᠡᠳᠡᠬᠦ ᠶᠠᠭᠤᠮ᠎ᠠ᠃ ᠸᠣᠯᠭᠠ ᠮᠥᠷᠡᠨ ᠦ ᠡᠷᠭᠢ ᠳᠦ ᠨᠡᠭᠦᠵᠦ ᠢᠷᠡᠭᠰᠡᠨ ᠦᠶ᠎ᠡ ᠨᠢ ᠣᠶᠢᠷᠠᠯᠴᠠᠭ᠎ᠠ ᠪᠠᠷ 1630-1632 ᠣᠨ ᠭᠡᠵᠦ ᠲᠡᠦᠬᠡᠴᠢᠳ ᠲᠠᠭᠠᠮᠠᠭᠯᠠᠳᠠᠭ᠃ ᠭᠡᠪᠡᠴᠦ ᠬᠠᠯᠢᠮᠠᠭ ᠤᠨ ᠭᠣᠣᠯ 《ᠭᠡᠷ》 ᠨᠢ ᠤᠷᠠᠯ ᠭᠣᠣᠯ ᠤᠨ ᠴᠠᠭᠠᠨ᠎ᠠ ᠪᠠᠶᠢᠴᠠᠢ᠃ 1640 ᠣᠨ ᠳᠤ ᠲᠣᠷᠭᠤᠳ ᠤᠨ ᠬᠥᠥᠷᠯᠥᠭ ᠲᠠᠶᠢᠵᠢ᠂ ᠬᠠᠯᠢᠮᠠᠭ ᠨᠣᠶᠠᠳ ᠤᠨ ᠬᠤᠷᠠᠯ ᠳᠤ ᠣᠷᠣᠯᠴᠠᠬᠤ ᠪᠠᠷ ᠵᠦᠩᠭᠠᠷ ᠤᠷᠤᠭᠤ ᠶᠠᠪᠤᠵᠤ ᠪᠠᠶᠢᠵᠠᠢ᠃ ᠲᠡᠭᠦᠨ ᠢ ᠪᠤᠴᠠᠵᠤ ᠢᠷᠡᠭᠰᠡᠨ ᠦ ᠳᠠᠷᠠᠭ᠎ᠠ ᠬᠠᠯᠢᠮᠠᠭ ᠤᠳ ᠫᠣᠪᠠᠯᠵᠢᠶᠤᠶᠢ ᠣᠷᠴᠢᠮ ᠳᠤ ᠠᠮᠢᠳᠤᠷᠠᠳᠠᠭ ᠪᠤᠰᠤᠳ ᠤᠭᠰᠠᠭᠠᠨ ᠤ ᠬᠢᠨ ᠤᠷᠤᠭᠤ ᠤᠤᠯᠭᠠᠯᠠᠨ ᠳᠠᠭᠠᠷᠢᠵᠤ ᠳᠡᠭᠡᠷᠡᠮᠳᠡᠬᠦ ᠪᠣᠯᠵᠠᠢ᠃ ᠬᠥᠥᠷᠯᠥᠭ ᠲᠠᠭᠠᠯᠠᠯ ᠲᠡᠭᠦᠰᠦᠭᠰᠡᠨ ᠦ ᠳᠠᠷᠠᠭ᠎ᠠ ᠲᠡᠭᠦᠨ ᠦ ᠲᠣᠮᠣ ᠬᠦᠦ ᠰᠢᠬᠦᠷ ᠳᠠᠶᠢᠴᠢᠨ ᠬᠠᠯᠢᠮᠠᠭ ᠢ ᠵᠠᠬᠢᠷᠬᠤ ᠪᠣᠯᠵᠠᠢ᠃ 1645 ᠳᠠᠯᠠᠢ ᠯᠠᠮᠠ ᠠᠴᠠ ᠴᠣᠯᠠ ᠬᠡᠷᠭᠡᠮ ᠠᠪᠬᠤ ᠪᠠᠷ ᠲᠡᠷᠡ ᠪᠡᠷ ᠲᠦᠪᠡᠳ ᠲᠦ ᠣᠴᠢᠭᠰᠠᠨ ᠪᠠᠶᠢᠨ᠎ᠠ᠃ ᠡᠨᠡ ᠵᠠᠭᠤᠷ᠎ᠠ 1646 ᠣᠨ ᠳᠤ ᠬᠠᠯᠢᠮᠠᠭ ᠤᠨ ᠵᠠᠷᠢᠮ ᠵᠢᠵᠢᠭ ᠨᠣᠶᠠᠳ ᠠᠰᠲᠷᠠᠬᠠᠨᠢ ᠬᠣᠳᠠ ᠳᠤ ᠣᠴᠢᠵᠤ᠂ ᠣᠷᠣᠰ ᠤᠨ ᠪᠦᠷᠢᠯᠳᠦᠬᠦᠨ ᠳᠦ ᠤᠷᠤᠬᠤ ᠬᠦᠰᠡᠯᠲᠡ ᠭᠠᠷᠭᠠᠵᠤ ᠪᠠᠶᠢᠵᠠᠢ᠃ ᠣᠷᠣᠰ ᠤᠳ ᠴᠤ ᠬᠠᠯᠢᠮᠠᠭᠴᠤᠳ ᠤᠨ ᠬᠦᠰᠡᠯᠲᠡ ᠶᠢ ᠬᠦᠯᠢᠶᠡᠨ ᠠᠪᠤᠨ᠎ᠠ ᠭᠡᠵᠦ ᠮᠡᠳᠡᠭᠳᠡᠭᠰᠡᠨ ᠪᠠᠶᠢᠨ᠎ᠠ᠃ 1654 ᠣᠨ ᠳᠤ ᠱᠤᠺᠦ᠋ᠷ ᠳᠠᠶᠢᠴᠢᠨ ᠲᠦᠪᠡᠳ ᠡᠴᠡ ᠡᠷᠭᠢᠵᠦ ᠢᠷᠡᠭᠡᠳ ᠶᠠᠭᠤᠨ ᠤ ᠲᠦᠷᠦᠭᠦᠨ ᠳᠦ ᠣᠷᠣᠰ ᠤᠳ ᠤᠷᠤᠭᠤ ᠬᠠᠯᠠᠳᠠᠨ ᠳᠣᠪᠲᠣᠯᠵᠠᠢ᠃ ᠰᠢᠬᠦᠷ ᠳᠠᠶᠢᠴᠢᠨ᠂ ᠲᠡᠭᠦᠨ ᠦ ᠬᠦᠦ ᠫᠦᠨᠴᠠᠭ ᠨᠠᠷ ᠵᠦᠩᠭᠠᠷ ᠡᠴᠡ ᠨᠡᠭᠦᠳᠡᠯᠯᠡᠨ ᠢᠷᠡᠭᠰᠡᠨ ᠮᠣᠩᠭᠣᠯ ᠤᠭᠰᠠᠭᠠᠨ ᠤ ᠠᠶᠢᠮᠠᠭ ᠤᠳ ᠢ ᠨᠢᠭᠡᠳᠬᠡᠵᠦ ᠴᠢᠳᠠᠵᠤ ᠪᠠᠶᠢᠵᠠᠢ᠃ 1672 ᠣᠨ ᠳᠤ ᠠᠶᠢᠺᠠ ᠲᠥᠷᠥ ᠶᠢᠨ ᠡᠷᠬᠡ ᠮᠡᠳᠡᠯ ᠢ ᠠᠪᠴᠠᠢ᠃ᠲᠡᠷᠡ ᠪᠡᠷ ᠥᠪᠡᠷ ᠦᠨ ᠨᠠᠭᠠᠴᠤ ᠳᠤᠤᠭᠠᠷ᠂ ᠲᠡᠭᠦᠨ ᠦ ᠬᠦᠦ ᠰᠡᠷᠡᠩ ᠨᠠᠷ ᠢ ᠣᠯᠵᠯᠠᠵᠤ ᠨᠤᠲᠤᠭ ᠤᠯᠤᠰ ᠢ ᠨᠢ ᠥᠪᠡᠷ ᠦᠨ ᠪᠣᠯᠭᠠᠵᠠᠢ᠃ ᠠᠶᠢᠺᠠ ᠬᠠᠯᠢᠮᠠᠭ ᠤᠨ ᠪᠤᠰᠤᠳ ᠠᠶᠢᠮᠠᠭ ᠤᠳ ᠢ ᠥᠪᠡᠷᠲᠡᠭᠡᠨ ᠨᠢᠭᠡᠳᠬᠡᠵᠦ᠂ ᠡᠷᠬᠡ ᠮᠡᠳᠡᠯ ᠢᠶᠡᠨ ᠨᠡᠮᠡᠭᠳᠡᠭᠦᠯᠦᠭᠰᠡᠭᠡᠷ ᠪᠠᠶᠢᠯ᠎ᠠ᠃ ᠨᠢᠭᠡᠨ ᠤᠳᠠᠭ᠎ᠠ ᠠᠶᠢᠺ ᠤᠨ ᠬᠣᠶᠠᠷ ᠳᠡᠭᠦᠦ ᠨᠢ ᠬᠣᠭᠣᠷᠣᠨᠳᠣ ᠪᠠᠨ ᠮᠠᠭᠤᠳᠠᠯᠴᠠᠵᠠᠢ᠃ ᠬᠣᠶᠠᠷ ᠳᠡᠭᠦᠦ ᠶᠢᠨ ᠬᠢ ᠨᠢ ᠨᠢᠭᠡ ᠨᠢ ᠬᠠᠷ᠎ᠠ ᠲᠡᠩᠭᠢᠰ ᠦᠨ ᠣᠶᠢᠷᠠᠯᠴᠠᠭ᠎ᠠ ᠪᠠᠶᠢᠭ᠎ᠠ ᠣᠷᠣᠰ ᠤᠳ ᠠᠴᠠ ᠲᠤᠰᠠᠯᠠᠮᠵᠢ ᠭᠤᠶᠤᠭᠰᠠᠨ ᠪᠠᠶᠢᠨ᠎ᠠ᠃ ᠭᠡᠪᠡᠴᠦ ᠠᠶᠢᠺᠠ ᠬᠣᠶᠠᠷ ᠳᠡᠭᠦᠦ ᠪᠡᠨ ᠢᠳᠬᠠᠵᠤ ᠡᠪᠯᠡᠷᠡᠭᠦᠯᠦᠭᠰᠡᠨ ᠢᠶᠡᠷ ᠪᠠᠷᠠᠬᠤ ᠦᠭᠡᠢ᠂ ᠲᠡᠳᠡ ᠭᠤᠷᠪᠠᠭᠤᠯᠠ ᠬᠦᠴᠦ ᠪᠡᠨ ᠨᠢᠭᠡᠳᠬᠡᠨ ᠣᠷᠣᠰ ᠤᠳ ᠤᠨ ᠡᠰᠡᠷᠬᠦ ᠳᠠᠶᠢᠨ ᠬᠢᠪᠡ᠃ ᠠᠽᠣᠸ ᠤᠨ ᠲᠡᠩᠭᠢᠰ ᠢ ᠡᠵᠡᠮᠰᠢᠬᠦ᠂ ᠮᠥᠨ ᠺᠷᠤᠮ ᠣᠷᠴᠢᠮ ᠳᠤ ᠪᠠᠶᠢᠭ᠎ᠠ ᠣᠪᠤᠭ ᠠᠶᠢᠮᠠᠭ ᠤᠳ ᠢ ᠤᠰᠠᠳᠬᠠᠬᠤ ᠳᠤ ᠲᠤᠰᠯᠠᠭᠠᠴᠢ ᠬᠡᠮᠡᠨ ᠣᠷᠣᠰ ᠤᠳ ᠬᠠᠯᠢᠮᠠᠭ ᠤᠨ ᠠᠶᠢᠺᠠ ᠬᠠᠭᠠᠨ ᠳᠤ 1674 ᠣᠨ ᠳᠤ ᠬᠠᠨᠳᠤᠭᠰᠠᠨ ᠪᠠᠶᠢᠨ᠎ᠠ᠃ ᠭᠡᠪᠡᠴᠦ ᠠᠶᠢᠺᠠ ᠬᠠᠭᠠᠨ ᠲᠠᠲᠠᠭᠠᠯᠵᠠᠭᠰᠠᠨ ᠬᠠᠷᠢᠭᠤ ᠥᠭᠴᠡᠢ᠃ ᠬᠠᠯᠢᠮᠠᠭ ᠤᠳ᠂ ᠮᠥᠨ ᠲᠡᠳᠡᠨ ᠦ ᠬᠠᠷᠢᠶᠠᠨ ᠤ ᠲᠠᠲᠠᠷᠠᠴᠢ ᠨᠤᠭᠤᠳ ᠣᠷᠣᠰ ᠤᠳ ᠤᠷᠤᠭᠤ ᠪᠠᠶᠢᠩᠭᠤ ᠬᠠᠯᠠᠳᠠᠵᠤ᠂ ᠳᠡᠭᠡᠷᠡᠮ ᠲᠣᠨᠣᠭᠤᠯ ᠬᠢᠵᠦ ᠪᠠᠶᠢᠯ᠎ᠠ᠃ ᠡᠨᠡ ᠦᠶ᠎ᠡ ᠳᠦ ᠣᠷᠣᠰ ᠤᠳ ᠴᠠᠷᠢᠼᠤᠨ᠎ᠠ ᠠᠴᠠ ᠠᠰᠲᠷᠠᠬᠠᠨᠢ ᠬᠦᠷᠲᠡᠯ᠎ᠡ ᠬᠡᠰᠡᠭ ᠪᠦᠯᠦᠭ ᠢᠶᠡᠷ ᠢᠶᠡᠨ ᠵᠥᠪᠬᠡᠨ ᠤᠰᠤᠨ ᠵᠠᠮ ᠢᠶᠠᠷ ᠯᠠ ᠶᠠᠪᠤᠳᠠᠭ ᠪᠣᠯᠵᠠᠢ᠃ ᠬᠠᠭᠤᠷᠠᠢ ᠭᠠᠵᠠᠷ ᠢᠶᠠᠷ ᠶᠠᠪᠤᠬᠤ ᠨᠢ ᠣᠷᠣᠰ ᠤᠳ ᠲᠤ ᠠᠶᠤᠯ ᠲᠠᠢ ᠪᠣᠯᠤᠭᠰᠠᠨ ᠪᠠᠶᠢᠨ᠎ᠠ᠃ 1684 ᠣᠨ ᠠᠴᠠ ᠠᠶᠢᠺᠠ ᠬᠠᠭᠠᠨ ᠴᠡᠷᠢᠭ ᠦᠨ ᠬᠦᠴᠤ ᠪᠡᠨ ᠤᠷᠠᠯ ᠭᠣᠣᠯ ᠤᠨ ᠴᠠᠭᠠᠨ᠎ᠠ ᠭᠠᠷᠭᠠᠪᠠ᠃ ᠲᠡᠷᠡ ᠪᠡᠷ ᠺᠢᠷᠭᠢᠽᠢ ᠶᠢᠨ ᠺᠠᠢᠰᠠᠺ ᠤᠳ᠂ ᠲᠦᠺᠮᠧᠨ᠂ ᠮᠠᠩᠤᠱᠯᠠᠺᠠᠴᠤᠳ ᠢ ᠡᠵᠡᠯᠡᠵᠡᠢ᠃ ᠮᠥᠨ ᠳᠠᠭᠧᠰᠲ᠋ᠠᠨ᠂ ᠺᠦ᠋ᠮᠤᠺ᠂ ᠺᠠᠪᠠᠷᠳᠢᠨ᠂ ᠺᠦᠪᠠᠨᠴᠤᠳ ᠲᠠᠢ ᠪᠠᠶᠢᠯᠳᠤᠵᠠᠢ᠃ 1690 ᠣᠨ ᠳᠤ ᠳᠠᠯᠠᠢ ᠯᠠᠮᠠ ᠬᠠᠯᠢᠮᠠᠭ ᠤᠨ ᠬᠠᠭᠠᠨ ᠠᠶᠢᠺᠠᠳ ᠬᠠᠭᠠᠨ ᠳᠤ ᠴᠣᠯᠠ᠂ ᠲᠠᠮᠠᠭ᠎ᠠ ᠢᠯᠡᠭᠡᠵᠠᠢ᠃ ᠳᠠᠯᠠᠢ ᠯᠠᠮᠠ ᠶᠢᠨ ᠢᠯᠡᠭᠡᠮᠵᠢ ᠶᠢ ᠠᠪᠤᠭᠰᠠᠨ ᠠᠶᠢᠺᠠ ᠡᠭᠦᠪᠡᠷ ᠢᠶᠡᠨ ᠣᠷᠣᠰ ᠤᠳ ᠤᠨ ᠬᠠᠷᠢᠶᠠᠲᠤ ᠪᠤᠰᠤ ᠭᠡᠳᠡᠭ ᠢᠶᠡᠨ ᠨᠣᠲᠠᠯᠠᠨ ᠬᠠᠷᠠᠭᠤᠯᠬᠤ ᠶᠢ ᠵᠣᠷᠢᠭᠰᠠᠨ ᠪᠠᠶᠢᠨ᠎ᠠ᠃ 1696 ᠣᠨ ᠳᠤ ᠬᠠᠯᠢᠮᠠᠭ ᠤᠨ ᠴᠡᠷᠢᠭ ᠦᠳ ᠠᠽᠣᠸ ᠤᠨ ᠲᠡᠩᠭᠢᠰ ᠦᠨ ᠠᠪᠬᠤ ᠳᠠᠶᠢᠨ ᠳᠤ ᠣᠷᠣᠯᠴᠠᠵᠠᠢ᠃1697 ᠣᠨ ᠳᠤ ᠣᠷᠣᠰ ᠤᠨ ᠡᠵᠡᠨ ᠫᠧᠲ᠋ᠷ ᠬᠠᠭᠠᠨ ᠬᠢᠯᠢ ᠶᠢᠨ ᠴᠢᠨᠠᠳᠤ ᠤᠷᠤᠭᠤ ᠶᠠᠪᠤᠬᠤ ᠳᠤ ᠪᠠᠨ ᠣᠷᠣᠰ ᠤᠨ ᠬᠢᠵᠠᠭᠠᠷ ᠨᠤᠲᠤᠭ ᠢ ᠬᠠᠮᠠᠭᠠᠯᠠᠵᠤ ᠪᠠᠶᠢᠬᠤ ᠬᠦᠰᠡᠯᠲᠡ ᠲᠠᠯᠪᠢᠵᠠᠢ᠃ ᠡᠭᠦᠨ ᠦ ᠬᠠᠷᠢᠭᠤ ᠳᠤ ᠣᠷᠣᠰ ᠤᠳ ᠠᠶᠢᠺᠠ ᠬᠠᠭᠠᠨ ᠳᠤ ᠶᠡᠬᠡ ᠫᠤᠤ᠂ ᠵᠢᠯ ᠪᠦᠷᠢ 20 ᠲᠡᠷᠭᠡ ᠳᠠᠷᠢ᠂ 10 ᠲᠡᠷᠭᠡ ᠲᠤᠭᠤᠯᠭ᠎ᠠ ᠥᠭᠭᠦᠨ᠎ᠡ ᠭᠡᠵᠦ ᠠᠮᠠᠯᠠᠭᠰᠠᠨ ᠪᠠᠶᠢᠨ᠎ᠠ᠃ ᠮᠥᠨ ᠠᠶᠢᠺᠠ ᠬᠠᠭᠠᠨ ᠤ ᠵᠥᠪᠰᠢᠶᠡᠷᠡᠯ ᠦᠭᠡᠢ ᠪᠡᠷ ᠬᠠᠯᠢᠮᠠᠭ ᠤᠳ ᠢ ᠵᠠᠭᠠᠯᠮᠠᠶᠢᠯᠠᠬᠤ ᠦᠭᠡᠢ ᠭᠡᠵᠦ ᠲᠣᠬᠢᠷᠠᠯᠴᠠᠵᠠᠢ᠃ 1709 ᠣᠨ ᠳᠤ ᠣᠷᠣᠰ ᠤᠨ ᠡᠵᠡᠨ ᠬᠠᠭᠠᠨ 1 ᠍ ᠳᠦᠭᠡᠷ ᠫᠧᠲ᠋ᠷ ᠣᠯᠵᠠᠨ ᠤ ᠰᠸᠸᠳᠡᠨ ᠴᠡᠷᠢᠭ ᠦᠳ ᠢᠶᠡᠷ ᠣᠷᠣᠰ ᠤᠨ ᠡᠵᠡᠨᠲᠦ ᠤᠯᠤᠰ ᠤᠨ ᠭᠠᠵᠠᠷ ᠤᠨ ᠵᠢᠷᠤᠭ ᠢ ᠵᠢᠷᠤᠭᠤᠯᠵᠠᠢ᠃ ᠲᠤᠬᠠᠢ ᠶᠢᠨ ᠦᠶ᠎ᠡ ᠳᠦ ᠣᠷᠣᠰ ᠤᠨ ᠬᠥᠷᠰᠢ ᠣᠷᠣᠨ ᠨᠤᠭᠤᠳ ᠳᠣᠲᠣᠷ᠎ᠠ ᠨᠣᠭᠣᠭᠠᠨ ᠥᠩᠭᠡ ᠪᠡᠷ ᠵᠦᠩᠭᠠᠷ ᠤᠨ ᠬᠠᠭᠠᠨᠲᠤ ᠤᠯᠤᠰ ᠢ ᠲᠡᠮᠳᠡᠭᠯᠡᠭᠰᠡᠨ ᠪᠠᠶᠢᠨ᠎ᠠ᠃ 1724 ᠣᠨ ᠳᠤ ᠠᠶᠢᠺᠠ ᠬᠠᠭᠠᠨ ᠨᠠᠰᠤ ᠪᠠᠷᠠᠭᠰᠠᠨ ᠤ ᠳᠠᠷᠠᠭ᠎ᠠ ᠣᠷᠣᠰ ᠤᠨ ᠵᠠᠰᠠᠭ ᠤᠨ ᠭᠠᠵᠠᠷ ᠬᠠᠯᠢᠮᠠᠭ ᠤᠨ ᠤᠳᠤᠷᠢᠳᠤᠭᠴᠢ ᠶᠢ ᠲᠣᠮᠢᠯᠠᠬᠤ ᠳᠤ ᠬᠥᠨᠳᠡᠯᠡᠨ ᠡᠴᠡ ᠨᠦᠯᠦᠭᠡᠯᠡᠬᠦ ᠭᠡᠵᠦ ᠣᠷᠣᠯᠳᠤᠵᠠᠢ᠃ ᠣᠷᠣᠰ ᠤᠳ ᠠᠶᠢᠺ ᠤᠨ ᠨᠢᠭᠤᠴᠠ ᠠᠮᠠᠷᠠᠭ ᠠᠴᠠ ᠭᠠᠷᠤᠭᠰᠠᠨ ᠳᠣᠷᠵᠢ ᠨᠠᠵᠠᠷᠠᠪᠠ ᠬᠡᠮᠡᠬᠦ ᠬᠦᠦ ᠶᠢ ᠳᠡᠮᠵᠢᠵᠦ ᠪᠠᠶᠢᠯ᠎ᠠ᠃ ᠭᠡᠪᠡᠴᠦ ᠲᠤᠬᠠᠢ ᠶᠢᠨ ᠦᠶ᠎ᠡ ᠶᠢᠨ ᠬᠠᠯᠢᠮᠠᠭ ᠤᠨ ᠶᠡᠬᠡᠰ ᠳᠡᠭᠡᠳᠦᠰ ᠬᠠᠨ ᠰᠢᠷᠡᠭᠡᠨ ᠳᠦ ᠰᠡᠷᠡᠩ ᠳᠣᠩᠳᠣᠭ ᠢ ᠵᠠᠯᠠᠭᠰᠠᠨ ᠪᠠᠶᠢᠨ᠎ᠠ᠃ ᠬᠠᠯᠢᠮᠠᠭ ᠤᠨ ᠤᠳᠤᠷᠢᠳᠤᠭᠴᠢ ᠶᠢ ᠲᠣᠮᠢᠯᠠᠬᠤ ᠳᠤ ᠨᠢ ᠣᠷᠣᠰ ᠤᠳ ᠤᠷᠤᠯᠴᠠᠬᠤ ᠭᠡᠰᠡᠨ ᠨᠢ ᠡᠶᠢᠨᠬᠦ ᠪᠦᠲᠦᠯ ᠦᠭᠡᠢ ᠠᠵᠠᠢ᠃ ᠳᠡᠭᠡᠷᠡᠬᠢ ᠦᠢᠯᠡ ᠶᠠᠪᠤᠳᠠᠯ ᠬᠠᠯᠢᠮᠠᠭ ᠤᠳ ᠤᠨ ᠡᠭᠳᠡᠭᠦᠴᠡᠯ ᠢ ᠲᠥᠷᠦᠭᠦᠯᠦᠭᠰᠡᠨ ᠪᠠᠶᠢᠨ᠎ᠠ᠃ ᠠᠽᠢᠶ᠎ᠠ ᠲᠢᠪ ᠲᠦ ᠵᠦᠩᠭᠠᠷ ᠤᠨ ᠬᠢᠨ ᠮᠠᠨᠵᠤ ᠲᠠᠢ ᠲᠡᠮᠡᠴᠡᠵᠦ ᠪᠠᠶᠢᠯ᠎ᠠ᠃ ᠬᠠᠷᠢᠨ ᠣᠷᠣᠰ ᠤᠳ ᠬᠠᠯᠢᠮᠠᠭ ᠤᠳ ᠲᠤ ᠵᠡᠪᠰᠡᠭ ᠨᠡᠶᠢᠯᠡᠭᠦᠯᠵᠦ ᠪᠠᠶᠢᠭᠰᠠᠨ ᠶᠤᠮ᠃ 1727 ᠣᠨ ᠠᠴᠠ ᠬᠠᠯᠢᠮᠠᠭ ᠤᠳ ᠣᠷᠣᠰ ᠤᠨ ᠨᠤᠲᠤᠭ ᠤᠷᠤᠭᠤ ᠳᠠᠬᠢᠨ ᠬᠠᠯᠠᠳᠠᠬᠤ ᠪᠣᠯᠵᠠᠢ᠃ 1727 ᠣᠨ ᠤ ᠨᠠᠮᠤᠷ ᠣᠷᠣᠰ ᠤᠳ 60 ᠮᠢᠩᠭᠠᠨ ᠷᠦᠪᠯᠢ ᠶᠢᠨ ᠬᠣᠬᠢᠷᠠᠯ ᠠᠮᠰᠠᠵᠤ᠂ 17 ᠣᠷᠣᠰ ᠬᠦᠮᠦᠨ ᠣᠯᠵᠠᠯᠠᠭᠳᠠᠵᠤ᠂ 15 ᠣᠷᠣᠰ ᠠᠯᠠᠭᠳᠠᠵᠠᠢ᠃ ᠬᠠᠯᠢᠮᠠᠭ ᠤᠨ ᠳᠣᠪᠲᠣᠯᠭᠠᠨ ᠠᠴᠠ ᠰᠡᠷᠭᠡᠶᠢᠯᠡᠬᠦ ᠶᠢᠨ ᠲᠤᠯᠠᠳᠠ ᠠᠰᠲᠷᠠᠬᠠᠨᠢ ᠬᠣᠲᠠ ᠠᠴᠠ ᠰᠠᠷᠠᠲ᠋ᠣᠪ ᠬᠦᠷᠲᠡᠯ᠎ᠡ ᠪᠦᠬᠦ ᠬᠣᠳᠠ ᠳᠤ ᠴᠡᠷᠢᠭ ᠦᠳ ᠲᠦ ᠵᠣᠷᠢᠭᠤᠯᠤᠭᠰᠠᠨ ᠵᠠᠪᠢ ᠪᠡᠯᠡᠳᠬᠡᠵᠡᠢ᠃ 1729 ᠣᠨ ᠳᠤ ᠬᠠᠯᠢᠮᠠᠭ ᠤᠨ ᠶᠡᠬᠡᠰ ᠳᠡᠭᠡᠳᠦᠰ ᠣᠷᠣᠰ ᠲᠠᠢ ᠪᠠᠶᠢᠯᠳᠤᠬᠤ ᠡᠰᠡᠬᠦ ᠪᠡᠨ ᠰᠢᠢᠳᠴᠦ ᠶᠠᠳᠠᠨ ᠪᠠᠶᠢᠯ᠎ᠠ᠃ ᠭᠡᠲᠡᠯ᠎ᠡ 1730 ᠣᠨ ᠳᠤ ᠬᠠᠯᠢᠮᠠᠭ ᠤᠨ ᠬᠠᠨ ᠰᠡᠷᠡᠩ ᠳᠣᠩᠳᠣᠭ ᠢ ᠵᠣᠷᠢᠨ ᠮᠠᠨᠵᠤ ᠶᠢᠨ ᠬᠠᠭᠠᠨ ᠤ ᠡᠯᠴᠢ ᠲᠥᠯᠥᠭᠡᠯᠡᠭᠴᠢ ᠢᠷᠡᠵᠦ ᠶᠠᠪᠤᠨ᠎ᠠ ᠭᠡᠰᠡᠨ ᠮᠡᠳᠡᠭᠡᠯᠡᠯ ᠢᠷᠡᠪᠡ᠃ ᠮᠠᠨᠵᠤ ᠶᠢᠨ ᠬᠠᠭᠠᠨ ᠤ ᠲᠥᠯᠥᠭᠡᠯᠡᠭᠴᠢ ᠰᠡᠷᠡᠩ ᠳᠣᠩᠳᠣᠭ ᠲᠤ ᠬᠠᠭᠠᠨ ᠤ ᠲᠢᠲᠢᠮ᠂ ᠪᠣᠭᠳᠠ ᠬᠠᠭᠠᠨ ᠭᠡᠰᠡᠨ ᠴᠣᠯᠠ ᠥᠭᠬᠦ ᠭᠡᠵᠦ ᠪᠠᠶᠢᠭ᠎ᠠ ᠭᠡᠰᠡᠨ ᠰᠤᠷᠠᠭ ᠭᠠᠷᠴᠠᠢ᠃ ᠡᠭᠦᠨ ᠢ ᠮᠡᠳᠡᠭᠰᠡᠨ ᠣᠷᠣᠰ ᠤᠳ ᠰᠡᠷᠡᠩ ᠳᠣᠩᠳᠣᠭ ᠲᠤ ᠬᠠᠭᠠᠨ ᠤ ᠲᠢᠲᠢᠮ᠂ ᠴᠣᠯᠠ ᠤᠷᠢᠲᠤᠵᠤ ᠥᠭᠬᠦ ᠪᠣᠯᠵᠠᠢ᠃ 1731 ᠣᠨ ᠳᠤ ᠰᠡᠷᠡᠩ ᠳᠣᠩᠳᠣᠭ ᠫᠧᠷᠰ᠂ ᠣᠳᠲᠠᠮᠠᠨ ᠤ ᠫᠣᠷᠲ ᠤᠳ ᠲᠠᠢ ᠬᠠᠷᠢᠴᠠᠵᠤ ᠡᠬᠢᠯᠡᠵᠡᠢ᠃ ᠣᠳᠲᠠᠮᠠᠨ ᠤ ᠫᠣᠷᠲ ᠤᠳ ᠬᠠᠯᠢᠮᠠᠭ ᠤᠨ ᠡᠰᠡᠷᠭᠦ ᠲᠡᠮᠡᠴᠡᠯ ᠬᠢᠬᠦ ᠪᠡᠷ ᠵᠠᠪᠳᠤᠬᠤ ᠳᠤ ᠨᠢ ᠣᠷᠣᠰ ᠤᠳ ᠬᠠᠮᠠᠭᠠᠯᠠᠭᠰᠠᠨ ᠪᠠᠶᠢᠨ᠎ᠠ᠃ ᠭᠡᠪᠡᠴᠦ ᠬᠣᠵᠢᠮ ᠣᠷᠣᠰ ᠤᠳ ᠣᠳᠲᠠᠮᠠᠨ ᠤ ᠫᠣᠷᠲ ᠲᠠᠢ ᠬᠠᠷᠢᠯᠴᠠᠭ᠎ᠠ ᠪᠠᠨ ᠰᠠᠶᠢᠵᠢᠷᠠᠭᠤᠯᠵᠤ ᠴᠢᠳᠠᠭᠰᠠᠨ ᠲᠤᠯᠠ ᠬᠠᠯᠢᠮᠠᠭ ᠤᠳ ᠲᠤ ᠬᠠᠨᠳᠤᠨ ᠣᠳᠲᠠᠮᠠᠨ ᠤ ᠫᠣᠷᠲ ᠢ ᠣᠷᠬᠢᠨ ᠶᠠᠪᠤᠬᠤ ᠶᠢ ᠰᠠᠨᠠᠯ ᠪᠣᠯᠭᠠᠵᠠᠢ᠃ ᠭᠡᠪᠡᠴᠦ ᠬᠠᠯᠢᠮᠠᠭ ᠤᠳ ᠡᠨᠡ ᠰᠠᠨᠠᠯ ᠢ ᠬᠦᠯᠢᠶᠡᠨ ᠠᠪᠤᠭᠰᠠᠨ ᠦᠭᠡᠢ᠃ ᠡᠭᠦᠨ ᠦ ᠳᠠᠷᠠᠭ᠎ᠠ ᠬᠠᠯᠢᠮᠠᠭ-ᠣᠷᠣᠰ ᠤᠨ ᠬᠠᠷᠢᠯᠴᠠᠭ᠎ᠠ ᠡᠷᠡᠰ ᠮᠠᠭᠤᠳᠠᠭᠰᠠᠨ ᠪᠠᠶᠢᠨ᠎ᠠ᠃ ᠣᠷᠣᠰ ᠤᠳ ᠬᠠᠯᠢᠮᠠᠭ ᠤᠨ ᠤᠯᠤᠰ ᠲᠥᠷᠥ ᠶᠢᠨ ᠠᠮᠢᠳᠤᠷᠠᠯ ᠳᠤ ᠬᠥᠨᠳᠡᠯᠡᠨ ᠡᠴᠡ ᠤᠷᠤᠯᠴᠠᠬᠤ ᠨᠢ ᠠᠭᠠᠵᠢᠮ ᠢᠶᠠᠷ ᠨᠡᠮᠡᠭᠳᠡᠵᠡᠢ᠃ ᠠᠽᠢᠶ᠎ᠠ ᠲᠢᠪ ᠲᠦ ᠬᠦᠴᠦᠷᠬᠡᠭ ᠪᠣᠯᠤᠭᠰᠠᠨ ᠮᠠᠨᠵᠤ ᠤᠯᠤᠰ ᠵᠦᠩᠭᠠᠷ ᠤᠨ ᠬᠠᠭᠠᠨᠲᠤ ᠤᠯᠤᠰ ᠢ ᠮᠥᠬᠥᠭᠡᠨ ᠳᠠᠷᠤᠭᠠᠳ ᠵᠣᠭᠰᠣᠭᠰᠠᠨ ᠦᠭᠡᠢ ᠬᠦᠮᠦᠨ ᠠᠮᠠ ᠶᠢ ᠨᠢ ᠪᠤᠶᠤ ᠠᠷᠠᠳ ᠲᠦᠮᠡᠨ ᠢ ᠨᠢ ᠬᠢᠳᠤᠨ ᠤᠰᠠᠳᠬᠠᠵᠤ ᠦᠭᠡᠢ ᠬᠢᠪᠡ᠃ 1759 ᠣᠨ ᠳᠤ ᠣᠶᠢᠷᠠᠳ ᠤᠨ ᠡᠵᠡᠨ ᠬᠠᠭᠠᠨ ᠳᠠᠪᠠᠭᠠᠴᠢ ᠲᠠᠭᠠᠯᠠᠯ ᠲᠡᠭᠦᠰᠪᠡ᠃ ᠥᠮᠥᠭ ᠲᠦᠰᠢᠭ ᠪᠣᠯᠤᠭᠰᠠᠨ ᠵᠦᠩᠭᠠᠷ ᠤᠨ ᠬᠠᠭᠠᠨᠲᠤ ᠤᠯᠤᠰ ᠤᠨᠠᠭᠰᠠᠨ ᠤ ᠳᠠᠷᠠᠭ᠎ᠠ ᠭᠠᠭᠴᠠᠭᠠᠷᠳᠠᠭᠰᠠᠨ ᠬᠠᠯᠢᠮᠠᠭ ᠤᠨ ᠰᠦᠷ ᠬᠦᠴᠦ᠂ ᠨᠢᠭᠡᠳᠦᠮᠡᠯ ᠪᠠᠶᠢᠳᠠᠯ ᠤᠯᠠᠮ ᠳᠣᠷᠣᠶᠢᠳᠠᠵᠤ ᠣᠷᠣᠰ ᠤᠨ ᠨᠥᠯᠦᠭᠡᠨ ᠳᠦ ᠪᠦᠷᠢᠨ ᠣᠷᠣᠵᠠᠢ᠃ 1825 ᠣᠨ ᠳᠤ ᠣᠷᠣᠰ ᠤᠨ ᠵᠠᠰᠠᠭ ᠤᠨ ᠭᠠᠵᠠᠷ 《ᠬᠠᠯᠢᠮᠠᠭ ᠤᠨ ᠠᠷᠠᠳ ᠲᠦᠮᠡᠨ ᠢ ᠤᠳᠤᠷᠢᠳᠬᠤ ᠵᠢᠷᠤᠮ》 ᠪᠠᠲᠤᠯᠠᠵᠠᠢ᠃ ᠡᠨᠡ ᠳᠦᠷᠢᠮ ᠦᠨ ᠳᠠᠭᠠᠤ ᠬᠠᠯᠢᠮᠠᠭ ᠤᠨ ᠠᠰᠠᠭᠤᠳᠠᠯ ᠢ ᠣᠷᠣᠰ ᠤᠨ ᠭᠠᠳᠠᠭᠠᠳᠤ ᠬᠡᠷᠡᠭ ᠦᠨ ᠶᠠᠮᠤᠨ ᠰᠢᠢᠳᠳᠡᠭ ᠪᠠᠶᠢᠭᠰᠠᠨ ᠢᠶᠠᠨ ᠪᠣᠯᠢᠵᠤ᠂ ᠳᠣᠲᠣᠭᠠᠳᠤ ᠬᠡᠷᠡᠭ ᠦᠨ ᠶᠠᠮᠤᠨ ᠤ ᠡᠷᠬᠢᠯᠡᠬᠦ ᠠᠰᠠᠭᠤᠳᠠᠯ ᠭᠡᠵᠦ ᠦᠵᠡᠭ᠍ᠰᠡᠨ ᠪᠠᠶᠢᠨ᠎ᠠ᠃

ᠬᠣᠷᠢ ᠳ᠋ᠤᠭᠠᠷ ᠵᠠᠭᠤᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠰ ᠲᠤ ᠬᠠᠭᠠᠨᠲᠤ ᠵᠠᠰᠠᠭ ᠤᠨᠠᠵᠤ᠂ ᠣᠺᠲ᠋ᠢᠶᠠᠪᠧᠷ ᠤᠨ ᠬᠤᠪᠢᠰᠬᠠᠯ ᠢᠯᠠᠭᠰᠠᠨ ᠤ ᠳᠠᠷᠠᠭ᠎ᠠ ᠬᠠᠯᠢᠮᠠᠭ ᠤᠨ ᠠᠷᠠᠳ ᠲᠦᠮᠡᠨ ᠥᠪᠡᠷᠰᠡᠳ ᠦᠨ ᠬᠤᠪᠢ ᠵᠠᠶᠠᠭ᠎ᠠ ᠶᠢ ᠪᠠᠨ ᠭᠠᠷ ᠲᠤ ᠪᠠᠨ ᠠᠪᠴᠤ᠂ ᠲᠥᠷᠥᠳᠦ ᠤᠯᠤᠰ ᠢᠶᠠᠨ ᠰᠡᠷᠭᠦᠭᠡᠬᠦ ᠣᠷᠣᠯᠳᠤᠭ᠎ᠠ ᠬᠢᠭᠰᠡᠨ ᠪᠠᠶᠢᠨ᠎ᠠ᠃ ᠲᠡᠳᠡ ᠰᠢᠭᠤᠳ ᠲᠤᠰᠠᠭᠠᠷ ᠲᠣᠭᠲᠠᠨᠢᠯ ᠵᠠᠷᠯᠠᠬᠤ ᠪᠣᠯᠤᠮᠵᠢ ᠦᠭᠡᠢ ᠪᠠᠶᠢᠯ᠎ᠠ᠃ ᠬᠠᠯᠢᠮᠠᠭ ᠲᠤ ᠣᠷᠣᠰ ᠤᠨ ᠨᠥᠯᠥᠭᠡ ᠳᠡᠩᠳᠡᠭᠦᠦ ᠶᠡᠬᠡ ᠪᠠᠶᠢᠭᠰᠠᠨ ᠲᠤᠯᠠ ᠪᠦᠷᠢᠨ ᠲᠤᠰᠠᠭᠠᠷ ᠲᠣᠭᠲᠠᠨᠢᠯ ᠤᠨ ᠠᠰᠠᠭᠤᠳᠠᠯ ᠢ ᠤᠭ ᠠᠴᠠ ᠪᠠᠨ ᠬᠥᠨᠳᠡᠬᠦ ᠪᠣᠯᠤᠮᠵᠢ ᠦᠭᠡᠢ ᠶᠤᠮ᠃ 1917 ᠣᠨ ᠤ 3 ᠰᠠᠷ᠎ᠠ ᠶᠢᠨ 25 ᠍ ᠳᠦ ᠬᠠᠯᠢᠮᠠᠭ ᠤᠨ ᠢᠵᠠᠭᠤᠷ ᠤᠭᠰᠠᠭᠠᠲᠠᠨ᠂ ᠰᠡᠬᠡᠭᠡᠲᠡᠨ ᠦ ᠲᠥᠯᠥᠭᠡᠯᠡᠯ ᠠᠰᠲᠷᠠᠬᠠᠨᠢ ᠬᠣᠳᠠ ᠳᠤ ᠶᠡᠬᠡ ᠬᠤᠷᠠᠯ ᠬᠢᠵᠦ ᠣᠷᠣᠰ ᠤᠨ ᠲᠦᠷᠤ ᠵᠠᠰᠠᠭ ᠤᠨ ᠭᠠᠵᠠᠷ ᠲᠤ ᠬᠠᠨᠳᠤᠨ ᠥᠪᠡᠷᠲᠡᠭᠡᠨ ᠵᠠᠰᠠᠬᠤ ᠤᠯᠤᠰ ᠪᠠᠶᠢᠭᠤᠯᠬᠤ ᠡᠷᠬᠡ ᠣᠯᠭᠤᠭᠠᠴᠢ ᠭᠡᠰᠡᠨ ᠪᠢᠴᠢᠭ ᠦᠢᠯᠡᠳᠴᠡᠢ᠃ 1917 ᠣᠨ ᠤ 7 ᠰᠠᠷ᠎ᠠ ᠶᠢᠨ 1 ᠍ ᠳᠦ ᠣᠷᠣᠰ ᠤᠨ ᠲᠦᠷᠤ ᠵᠠᠰᠠᠭ ᠤᠨ ᠭᠠᠵᠠᠷ 《ᠬᠠᠯᠢᠮᠠᠭ ᠤᠨ ᠠᠷᠠᠳ ᠲᠦᠮᠡᠨ ᠦ ᠲᠠᠯ᠎ᠠ ᠶᠢᠨ ᠮᠤᠵᠢ》 ᠪᠠᠶᠢᠭᠤᠯᠬᠤ ᠰᠢᠢᠳᠪᠦᠷᠢ ᠭᠠᠷᠭᠠᠭᠰᠠᠨ ᠪᠠᠶᠢᠨ᠎ᠠ᠃ ᠣᠺᠲ᠋ᠢᠶᠠᠪᠧᠷ ᠤᠨ ᠬᠤᠪᠢᠰᠬᠠᠯ ᠍ ᠤᠨ ᠳᠠᠷᠠᠭ᠎ᠠ ᠬᠠᠯᠢᠮᠠᠭᠴᠤᠳ ᠪᠡᠶ᠎ᠡ ᠳᠠᠭᠠᠬᠤ ᠵᠣᠷᠢᠯᠭ᠎ᠠ ᠶᠢᠨ ᠡᠭᠦᠳᠡᠨ ᠡᠴᠡ 1917 ᠣᠨ ᠳᠤ ᠸᠠᠩ ᠲᠤᠨᠳᠤᠲ᠋ᠣᠪ ᠍ ᠤᠨ ᠤᠳᠤᠷᠢᠳᠤᠯᠭ᠎ᠠ ᠪᠠᠷ ᠬᠠᠯᠢᠮᠠᠭ ᠤᠨ ᠵᠡᠪᠰᠡᠭᠲᠦ ᠪᠣᠰᠤᠯᠭ᠎ᠠ ᠭᠠᠷᠭᠠᠭᠰᠠᠨ ᠪᠠ ᠵᠥᠪᠯᠡᠯᠲᠦᠵᠢᠭᠦᠯᠬᠦ ᠦᠢᠯᠡ ᠶᠠᠪᠤᠴᠠ ᠶᠢᠨ ᠡᠰᠡᠷᠬᠦ 1930 ᠍ ᠳᠦ ᠣᠨ ᠳᠤ ᠮᠥᠨ ᠬᠠᠯᠢᠮᠠᠭ ᠤᠨ ᠵᠡᠪᠰᠡᠭᠲᠦ ᠪᠣᠰᠤᠯᠭ᠎ᠠ(1930) ᠭᠠᠷᠭᠠᠨ ᠡᠰᠡᠷᠭᠦᠴᠡᠵᠦ ᠪᠠᠶᠢᠭᠰᠠᠨ ᠢ ᠵᠥᠪᠯᠡᠯᠲᠦ ᠬᠣᠯᠪᠣᠭᠠᠲᠤ ᠤᠯᠤᠰ ᠥᠪᠡᠷ ᠦᠨ ᠤᠯᠠᠭᠠᠨ ᠠᠷᠮᠢ ᠍ ᠶᠢᠨ ᠬᠦᠴᠤ ᠪᠡᠷ ᠴᠢᠰᠤ ᠤᠷᠤᠰᠬᠠᠨ ᠬᠦᠴᠤ ᠪᠡᠷ ᠳᠠᠷᠤᠵᠤ ᠪᠠᠶᠢᠵᠠᠢ᠃ 1920 ᠣᠨ ᠤ 11 ᠰᠠᠷ᠎ᠠ ᠶᠢᠨ 4 ᠍ ᠳᠦ ᠠᠰᠲᠷᠠᠬᠠᠨᠢ᠂ ᠴᠠᠷᠰᠼᠢᠨ᠂ ᠰᠲ᠋ᠠᠦ᠋ᠷᠣᠫᠣᠯᠢ ᠶᠢᠨ ᠭᠢᠪᠧᠷᠨ᠂ ᠳᠣᠩ᠂ ᠲᠧᠷᠺ ᠮᠤᠵᠢ ᠠᠴᠠ ᠭᠠᠵᠠᠷ ᠨᠤᠲᠤᠭ ᠲᠠᠰᠤᠳᠠᠨ ᠬᠠᠯᠢᠮᠠᠭ ᠤᠨ ᠥᠪᠡᠷᠲᠡᠭᠡᠨ ᠵᠠᠰᠠᠬᠤ ᠮᠤᠵᠢ ᠪᠠᠶᠢᠭᠤᠯᠵᠠᠢ᠃ ᠲᠡᠷᠡ ᠴᠠᠭ ᠠᠴᠠ ᠬᠣᠶᠢᠰᠢ ᠵᠢᠯ ᠪᠦᠷᠢ ᠶᠢᠨ 11 ᠰᠠᠷ᠎ᠠ ᠶᠢᠨ 4 ᠍ ᠳᠦ ᠬᠠᠯᠢᠮᠠᠭ ᠤᠳ ᠵᠠᠰᠠᠭ ᠲᠥᠷᠥ ᠪᠡᠨ ᠰᠡᠷᠭᠦᠭᠡᠭᠰᠡᠨ ᠲᠡᠦᠬᠡᠨ ᠡᠳᠦᠷ ᠢᠶᠡᠨ ᠪᠠᠶᠠᠷ ᠶᠣᠰᠣᠯᠠᠯ ᠤᠨ ᠪᠠᠶᠢᠳᠠᠯ ᠲᠠᠢ ᠲᠡᠮᠳᠡᠭᠯᠡᠨ ᠥᠩᠭᠡᠷᠡᠭᠦᠯᠳᠡᠭ ᠪᠣᠯᠤᠭᠰᠠᠨ ᠪᠠᠶᠢᠨ᠎ᠠ᠃ 1924 ᠣᠨ ᠬᠦᠷᠲᠡᠯ᠎ᠡ ᠬᠠᠯᠢᠮᠠᠭ ᠤᠨ ᠲᠥᠪ ᠨᠢ ᠠᠰᠲᠷᠠᠬᠠᠨᠢ ᠬᠣᠲᠠ ᠪᠠᠶᠢᠯ᠎ᠠ᠃ ᠬᠣᠵᠢᠮ ᠡᠯᠡᠰᠦᠲᠤ ᠬᠣᠲᠠ ᠵᠠᠰᠠᠭ ᠵᠠᠬᠢᠷᠭᠠᠨ ᠤ ᠲᠥᠪ ᠨᠢ ᠪᠣᠯᠵᠠᠢ᠃ 1935 ᠣᠨ ᠤ 10 ᠰᠠᠷ᠎ᠠ ᠶᠢᠨ 20 ᠍ ᠳᠦ ᠬᠠᠯᠢᠮᠠᠭ ᠤᠨ ᠥᠪᠡᠷᠲᠡᠭᠡᠨ ᠵᠠᠰᠠᠬᠤ ᠮᠤᠵᠢ ᠶᠢ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠠᠯᠢᠮᠠᠭ ᠤᠨ ᠦᠪᠡᠷᠲᠡᠬᠡᠨ ᠵᠠᠰᠠᠬᠤ ᠤᠯᠤᠰ ᠭᠡᠵᠦ ᠵᠠᠷᠯᠠᠭᠰᠠᠨ ᠪᠠᠶᠢᠨ᠎ᠠ᠃ 1937 ᠣᠨ ᠤ 6 ᠰᠠᠷ᠎ᠠ ᠶᠢᠨ 23 ᠍ ᠳᠦ ᠬᠠᠯᠢᠮᠠᠭ ᠤᠨ ᠦᠨᠳᠦᠰᠦᠨ ᠬᠠᠤᠯᠢ ᠪᠠᠲᠤᠯᠠᠭᠳᠠᠵᠠᠢ᠃ ᠭᠡᠪᠡᠴᠦ ᠳᠡᠯᠡᠬᠡᠢ ᠶᠢᠨ 2 ᠍ ᠳᠦᠭᠡᠷ ᠳᠠᠶᠢᠨ ᠤ ᠦᠶ᠎ᠡ ᠳᠦ ᠬᠠᠯᠢᠮᠠᠭ ᠤᠨ ᠴᠡᠷᠢᠭ ᠦᠳ ᠬᠠᠯᠢᠮᠠᠭ ᠤᠨ ᠲᠤᠰᠠᠭᠠᠷ ᠲᠣᠭᠲᠠᠨᠢᠯ ᠍ ᠤᠨ ᠲᠥᠯᠥᠭᠡ ᠬᠠᠯᠢᠮᠠᠭ ᠤᠨ ᠮᠣᠷᠢᠲᠤ ᠺᠣᠷᠫᠤᠶᠢᠰ ᠍ ᠢ ᠪᠠᠶᠢᠭᠤᠯᠤᠨ ᠹᠠᠱᠢᠰᠲ ᠭᠧᠷᠮᠠᠨ ᠤ ᠲᠠᠯ᠎ᠠ ᠳᠤ ᠣᠷᠣᠵᠤ ᠣᠷᠣᠰ ᠤᠳ ᠤᠨ ᠡᠰᠡᠷᠬᠦ ᠪᠠᠶᠢᠯᠳᠤᠵᠠᠢ᠃ ᠡᠨᠡ ᠨᠢ ᠮᠣᠰᠺᠸᠠ ᠶᠢᠨ ᠵᠢᠪᠡᠭᠦᠴᠡᠯ᠂ ᠬᠣᠷᠣᠰᠤᠯ ᠢ ᠬᠥᠳᠡᠯᠭᠡᠵᠡᠢ᠃ ᠭᠡᠬᠦ ᠳᠦ ᠪᠡᠨ ᠬᠠᠯᠢᠮᠠᠭ ᠤᠨ ᠮᠣᠷᠢᠲᠤ ᠴᠡᠷᠢᠭ ᠦᠨ ᠨᠢᠭᠡ ᠺᠣᠷᠫᠤᠶᠢᠰ ᠣᠷᠣᠰ ᠤᠨ ᠤᠯᠠᠭᠠᠨ ᠠᠷᠮᠢ ᠶᠢᠨ ᠲᠠᠯ᠎ᠠ ᠳᠤ ᠣᠷᠣᠵᠤ᠂ ᠭᠧᠷᠮᠠᠨ ᠤ ᠡᠰᠡᠷᠬᠦ ᠲᠤᠯᠤᠯᠳᠤᠭᠰᠠᠨ ᠶᠤᠮ᠃ ᠳᠡᠯᠡᠬᠡᠢ ᠶᠢᠨ 2 ᠍ ᠳᠦᠭᠡᠷ ᠳᠠᠶᠢᠨ ᠤ ᠡᠴᠦᠰ ᠲᠦ ᠬᠠᠯᠢᠮᠠᠭ ᠠᠴᠠ8 ᠬᠦᠮᠦᠨ ᠵᠥᠪᠯᠡᠯᠲᠦ ᠬᠣᠯᠪᠣᠭᠠᠲᠤ ᠤᠯᠤᠰ ᠤᠨ ᠪᠠᠭᠠᠲᠤᠷ ᠴᠣᠯᠠ ᠬᠦᠷᠲᠡᠭᠰᠡᠨ ᠪᠠᠶᠢᠨ᠎ᠠ᠃ 1942 ᠣᠨ ᠤ 8 ᠍ ᠳᠦᠭᠡᠷ ᠰᠠᠷ᠎ᠠ ᠠᠴᠠ 1943 ᠣᠨ ᠤ 1 ᠍ ᠳᠦᠭᠡᠷ ᠰᠠᠷ᠎ᠠ ᠶᠢᠨ ᠬᠣᠭᠣᠷᠣᠨᠳᠣ ᠬᠠᠯᠢᠮᠠᠭ ᠤᠨ ᠨᠤᠲᠤᠭ ᠳᠡᠪᠢᠰᠬᠡᠷ ᠳᠡᠭᠡᠷ᠎ᠡ ᠪᠠᠶᠢᠯᠳᠤᠭᠠᠨ ᠤ ᠠᠵᠢᠯᠯᠠᠭ᠎ᠠ ᠶᠠᠪᠤᠭᠳᠠᠵᠠᠢ᠃ 1943 ᠣᠨ ᠳᠤ ᠬᠠᠯᠢᠮᠠᠭ ᠤᠨ ᠥᠪᠡᠷᠲᠡᠭᠡᠨ ᠵᠠᠰᠠᠬᠤ ᠣᠷᠣᠨ ᠤ ᠨᠤᠲᠤᠭ ᠢ ᠣᠷᠣᠰ ᠤᠨ ᠴᠡᠷᠢᠭ ᠦᠳ ᠭᠧᠷᠮᠠᠨᠴᠤᠳ ᠠᠴᠠ ᠴᠢᠯᠦᠭᠡᠯᠡᠬᠦ ᠦᠢᠯᠡ ᠶᠠᠪᠤᠴᠠ ᠡᠬᠢᠯᠡᠵᠡᠢ᠃ ᠳᠠᠶᠢᠨ ᠤ ᠳᠠᠷᠠᠭ᠎ᠠ ᠸ᠃ᠢ᠃ᠰᠲ᠋ᠠᠯᠢᠨ ᠬᠠᠯᠢᠮᠠᠭ ᠤᠨ ᠥᠪᠡᠷᠲᠡᠭᠡᠨ ᠵᠠᠰᠠᠬᠤ ᠣᠷᠣᠨ ᠢ ᠲᠠᠲᠠᠨ ᠪᠠᠭᠤᠯᠭᠠᠵᠠᠢ᠃ ᠬᠠᠯᠢᠮᠠᠭ ᠤᠨ ᠭᠠᠵᠠᠷ ᠨᠤᠲᠤᠭ ᠢ ᠠᠰᠲᠷᠠᠬᠠᠨᠢ ᠮᠤᠵᠢ᠂ ᠳᠠᠭᠧᠰᠲ᠋ᠠᠨ᠂ ᠷᠣᠰᠣᠲᠤᠪ ᠮᠤᠵᠢ ᠳᠤ ᠬᠤᠪᠢᠶᠠᠨ ᠥᠭᠴᠡᠢ᠃ ᠬᠠᠯᠢᠮᠠᠭ ᠤᠨ ᠨᠡᠶᠢᠰᠯᠡᠯ ᠡᠯᠡᠰᠦᠲᠦ ᠬᠣᠲᠠ ᠶᠢᠨ ᠨᠡᠷ᠎ᠡ ᠶᠢ ᠰᠲ᠋ᠧᠫᠨᠨᠠᠢ ᠭᠡᠵᠦ ᠣᠷᠣᠰ ᠦᠭᠡ ᠪᠡᠷ ᠥᠭᠡᠷᠡᠴᠢᠯᠡᠵᠡᠢ᠃ 1943 ᠣᠨ ᠤ 12 ᠰᠠᠷ᠎ᠠ ᠶᠢᠨ 28 ᠍ ᠠᠴᠠ 12 ᠰᠠᠷ᠎ᠠ ᠶᠢᠨ 31 ᠍ ᠳᠦ ᠬᠠᠯᠢᠮᠠᠭᠴᠤᠳ ᠢ ᠨᠤᠲᠤᠭ ᠠᠴᠠ ᠨᠢ ᠠᠯᠪᠠᠳᠠᠨ ᠨᠡᠭᠦᠯᠭᠡᠵᠦ᠂ ᠰᠢᠪᠢᠷᠢ᠂ ᠳᠤᠮᠳᠠ ᠠᠽᠢᠶ᠎ᠠ᠂ ᠬᠠᠰᠠᠭᠰᠲ᠋ᠠᠨ᠂ ᠠᠯᠲᠠᠢ ᠤᠷᠤᠭᠤ ᠴᠥᠯᠡᠵᠡᠢ᠃ ᠣᠷᠣᠰ ᠤᠨ ᠲᠤᠰᠬᠠᠢ ᠠᠯᠪᠠᠨ ᠤ ᠬᠢᠨ 《ᠤᠯᠤᠰ》 ᠠᠵᠢᠯᠯᠠᠭ᠎ᠠ ᠶᠢ ᠣᠷᠣᠰ ᠤᠨ ᠴᠧᠺᠢᠰᠲ᠋ᠪ᠃ ᠽ᠃ ᠺᠣᠪᠤᠯᠣᠸᠠ᠂ ᠢ᠃᠎ᠠ᠃ ᠰᠧᠷᠪᠠ ᠨᠠᠷ ᠭᠠᠷᠳᠠᠨ ᠵᠣᠬᠢᠶᠠᠨ ᠪᠠᠶᠢᠭᠤᠯᠵᠠᠢ᠃ ᠡᠨᠡ ᠬᠡᠯᠮᠡᠭᠳᠡᠭᠦᠯᠦᠯᠲᠡ ᠶᠢᠨ ᠤᠯᠠᠮ ᠠᠴᠠ ᠬᠠᠯᠢᠮᠠᠭ ᠤᠳ ᠤᠨ ᠭᠤᠷᠪᠠᠨ ᠤ ᠨᠢᠭᠡ ᠨᠢ ᠠᠮᠢ ᠦᠷᠡᠭᠳᠡᠭᠰᠡᠨ ᠶᠤᠮ᠃ ᠡᠨᠡ ᠣᠨ ᠵᠢᠯ ᠤᠳ ᠲᠤ ᠬᠠᠯᠢᠮᠠᠭ ᠤᠨ ᠲᠤᠬᠠᠢ ᠳᠤᠷᠢᠳᠠᠭᠰᠠᠨ ᠪᠦᠬᠦ ᠨᠣᠮ ᠵᠣᠬᠢᠶᠠᠯ᠂ ᠪᠠᠷᠢᠮᠲᠠ ᠪᠢᠴᠢᠭ ᠢ ᠤᠰᠠᠳᠬᠠᠵᠤ ᠪᠠᠶᠢᠴᠠᠢ᠃ 1953 ᠣᠨ ᠳᠤ ᠸ᠃ᠢ᠃ᠰᠲ᠋ᠠᠯᠢᠨ ᠨᠠᠰᠤ ᠪᠠᠷᠠᠪᠠ᠃ ᠰᠲ᠋ᠠᠯᠢᠨ ᠤ ᠳᠠᠷᠠᠭ᠎ᠠ ᠣᠷᠣᠰ ᠤᠨ ᠰᠢᠨ᠎ᠡ ᠤᠳᠤᠷᠢᠳᠤᠭᠴᠢ ᠨᠠᠷ ᠬᠠᠯᠢᠮᠠᠭ ᠤᠨ ᠲᠠᠯ᠎ᠠ ᠪᠠᠷ ᠪᠠᠷᠢᠮᠲᠠᠯᠠᠨ ᠪᠣᠳᠣᠯᠭ᠎ᠠ ᠪᠠᠨ ᠵᠥᠭᠡᠯᠡᠷᠡᠭᠦᠯᠵᠡᠢ᠃ 1957 ᠣᠨ ᠤ 1 ᠍ ᠳᠦᠭᠡᠷ ᠰᠠᠷ᠎ᠠ ᠳᠤ ᠰᠲ᠋ᠠᠦ᠋ᠷᠣᠫᠣᠯᠣ ᠶᠢᠨ ᠬᠢᠵᠠᠭᠠᠷ ᠤᠨ ᠪᠦᠷᠢᠯᠳᠦᠬᠦᠨ ᠳᠦ ᠬᠠᠯᠢᠮᠠᠭ ᠤᠨ ᠥᠪᠡᠷᠲᠡᠭᠡᠨ ᠵᠠᠰᠠᠬᠤ ᠮᠤᠵᠢ ᠶᠢ ᠪᠠᠶᠢᠭᠤᠯᠬᠤ ᠰᠢᠢᠳᠪᠦᠷᠢ ᠶᠢ ᠵᠥᠪᠯᠡᠯᠲᠦ ᠬᠣᠯᠪᠣᠭᠠᠲᠤ ᠤᠯᠤᠰ ᠤᠨ ᠳᠡᠭᠡᠳᠦ ᠵᠥᠪᠯᠡᠯ ᠭᠠᠷᠭᠠᠵᠠᠢ᠃ ᠢᠩᠭᠢᠬᠦ ᠳᠦ ᠪᠡᠨ ᠡᠮᠦᠨ᠎ᠡ ᠨᠢ ᠬᠠᠯᠢᠮᠠᠭ ᠤᠨ ᠨᠤᠲᠤᠭ ᠲᠤ ᠲᠣᠭᠠᠴᠠᠭᠳᠠᠵᠤ ᠪᠠᠶᠢᠭᠰᠠᠨ ᠯᠢᠮᠠᠨ᠂ ᠫᠷᠢᠪᠠᠯᠠᠵᠤ ᠳᠡᠭᠦᠷᠭᠡ ᠶᠢ ᠠᠰᠲᠷᠠᠬᠠᠨᠢ ᠮᠤᠵᠢ ᠳᠤ᠂ ᠮᠥᠨ ᠳᠠᠭᠧᠲ᠋ᠠᠨ ᠤ ᠮᠡᠳᠡᠯ ᠳᠦ 158 ᠭᠠᠵᠠᠷ ᠲᠠᠯᠠᠪᠠᠢ ᠬᠠᠷ᠎ᠠ ᠭᠠᠵᠠᠷ ᠦᠯᠡᠳᠡᠵᠡᠢ᠃ ᠴᠥᠯᠡᠯᠭᠡ ᠳᠦ ᠶᠠᠪᠤᠭᠰᠠᠨ ᠬᠦᠮᠦᠰ ᠦᠨ ᠬᠣᠶᠢᠴᠢ ᠦᠶ᠎ᠡ᠂ ᠦᠷ᠎ᠡ ᠰᠠᠳᠤ ᠶᠢ ᠬᠠᠯᠢᠮᠠᠭ ᠤᠷᠤᠭᠤ ᠡᠷᠭᠢᠵᠦ ᠢᠷᠡᠬᠦ ᠶᠢ ᠵᠥᠪᠰᠢᠶᠡᠷᠡᠭᠰᠡᠨ ᠪᠠᠶᠢᠨ᠎ᠠ᠃ 1958 ᠣᠨ ᠳᠤ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠠᠯᠢᠮᠠᠭ ᠦᠪᠡᠷᠲᠡᠭᠡᠨ ᠵᠠᠰᠠᠬᠤ ᠤᠯᠤᠰ ᠤᠨ ᠰᠲ᠋ᠠᠲ᠋ᠦ᠋ᠰ ᠤᠨ ᠢ ᠰᠡᠷᠭᠦᠭᠡᠵᠡᠢ᠃ 1961-78 ᠣᠨ ᠳᠤ ЗСБНХалимаг АУ ᠍ ᠤᠨ ᠲᠡᠷᠢᠭᠦᠨ ᠢᠶᠡᠷ ᠠᠬᠠᠮᠠᠳ ᠳᠠᠶᠢᠴᠢᠨ᠂ ᠵᠥᠪᠯᠡᠯᠲᠦ ᠬᠣᠯᠪᠣᠭᠠᠲᠤ ᠤᠯᠤᠰ ᠤᠨ ᠪᠠᠭᠠᠲᠤᠷ ᠪ᠃ ᠪ᠃ ᠭᠣᠷᠣᠳᠣᠪᠢᠺᠣᠸ ᠠᠵᠢᠯᠯᠠᠵᠠᠢ᠃ 1985 ᠣᠨ ᠳᠤ ᠣᠷᠣᠰ ᠤᠨ ᠤᠳᠤᠷᠢᠳᠤᠭᠴᠢ ᠭᠣᠷᠪᠠᠴᠧᠸ ᠵᠣᠭᠢᠰᠣᠩᠭᠢ ᠪᠠᠶᠢᠳᠠᠯ ᠳᠤ ᠣᠷᠣᠭᠠᠳ ᠪᠠᠶᠢᠭ᠎ᠠ ᠡᠳ᠋ ᠍ ᠦᠨ ᠵᠠᠰᠠᠭ᠂ ᠨᠡᠶᠢᠭᠡᠮ ᠤᠨ ᠠᠮᠢᠳᠤᠷᠠᠯ ᠳᠤ ᠲᠦᠯᠬᠢᠴᠡ ᠥᠭᠬᠦ ᠵᠣᠷᠢᠯᠭ᠎ᠠ ᠪᠠᠷ ᠥᠭᠡᠷᠡᠴᠢᠯᠡᠨ ᠪᠠᠶᠢᠭᠤᠯᠤᠯᠲᠠ ᠵᠠᠷᠯᠠᠪᠠ᠃ ᠡᠨᠡ ᠨᠢ ᠡᠴᠦᠰ ᠲᠡᠭᠡᠨ ᠵᠥᠪᠯᠡᠯᠲᠦ ᠬᠣᠯᠪᠣᠭᠠᠲᠤ ᠤᠯᠤᠰ ᠵᠠᠳᠠᠷᠠᠬᠤ᠂ ᠡᠪ ᠬᠠᠮᠳᠣ ᠳᠢᠭᠯᠢᠮ ᠣᠷᠣᠰ ᠲᠤ ᠨᠤᠷᠠᠨ ᠤᠨᠠᠬᠤ ᠡᠬᠢᠯᠡᠯ ᠪᠣᠯᠤᠭᠰᠠᠨ ᠪᠢᠯᠡ᠃ 1990 ᠣᠨ ᠤ 12 ᠍ ᠳᠦᠭᠡᠷ ᠰᠠᠷ᠎ᠠ ᠳᠤ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠠᠯᠢᠮᠠᠭ ᠦᠪᠡᠷᠲᠡᠭᠡᠨ ᠵᠠᠰᠠᠬᠤ ᠤᠯᠤᠰ ᠍ ᠢ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠠᠯᠢᠮᠠᠭ ᠤᠯᠤᠰ ᠭᠡᠵᠦ ᠨᠡᠷᠡᠯᠡᠬᠦ ᠪᠣᠯᠵᠠᠢ᠃ 1991 ᠣᠨ ᠤ 4 ᠰᠠᠷ᠎ᠠ ᠶᠢᠨ 26 ᠍ ᠳᠦ 《ᠬᠡᠯᠮᠡᠭᠳᠡᠭᠰᠡᠨ ᠠᠷᠠᠳ ᠲᠦᠮᠡᠨ ᠢ ᠴᠠᠭᠠᠳᠬᠠᠬᠤ ᠲᠤᠬᠠᠢ》 ᠬᠠᠤᠯᠢ ᠪᠠᠲᠤᠯᠠᠵᠠᠢ᠃ 1991 ᠣᠨ ᠤ 10 ᠰᠠᠷ᠎ᠠ ᠶᠢᠨ 18 ᠍ ᠳᠦ 《ᠤᠯᠤᠰ ᠲᠥᠷᠥ ᠶᠢᠨ ᠬᠡᠷᠡᠭ ᠢᠶᠡᠷ ᠬᠡᠯᠮᠡᠭᠳᠡᠭᠰᠡᠨ ᠬᠦᠮᠦᠰ ᠢ ᠴᠠᠭᠠᠳᠬᠠᠬᠤ ᠲᠤᠬᠠᠢ》 ᠬᠠᠤᠯᠢ ᠪᠠᠲᠤᠯᠠᠭᠳᠠᠵᠠᠢ᠃ ᠡᠨᠡ ᠬᠠᠤᠯᠢ ᠪᠠᠲᠤᠯᠠᠭᠳᠠᠭᠰᠠᠨ ᠢᠶᠠᠷ ᠳᠡᠯᠡᠬᠡᠢ ᠶᠢᠨ ᠬᠣᠶᠠᠳᠤᠭᠠᠷ ᠳᠠᠶᠢᠨ ᠤ ᠵᠢᠯ ᠤᠳ ᠲᠤ ᠴᠥᠯᠡᠯᠭᠡᠳᠡᠵᠦ ᠵᠣᠪᠠᠵᠤ ᠰᠢᠨᠠᠯᠤᠭᠰᠠᠨ ᠬᠠᠯᠢᠮᠠᠭ ᠤᠳ ᠢ ᠴᠠᠭᠠᠳᠬᠠᠬᠤ ᠠᠵᠢᠯ ᠡᠬᠢᠯᠡᠵᠡᠢ᠃ 1992 ᠣᠨ ᠤ 3 ᠰᠠᠷ᠎ᠠ ᠶᠢᠨ 31 ᠍ ᠳᠦ ᠪᠦᠭᠦᠳᠡ ᠨᠠᠶᠢᠷᠠᠮᠳᠠᠬᠤ ᠬᠠᠯᠢᠮᠠᠭ ᠤᠯᠤᠰ᠂ ᠣᠷᠣᠰ ᠤᠨ ᠬᠣᠯᠪᠣᠭᠠᠨ ᠤ ᠤᠯᠤᠰ ᠤᠨ ᠪᠦᠷᠢᠯᠳᠦᠬᠦᠨ ᠳᠦ ᠪᠠᠶᠢᠭᠤᠯᠤᠭᠳᠠᠵᠠᠢ᠃ 1993 ᠣᠨ ᠤ 4 ᠰᠠᠷ᠎ᠠ ᠶᠢᠨ 11 ᠍ ᠳᠦ ᠬᠠᠯᠢᠮᠠᠭ ᠤᠨ ᠠᠩᠬᠠᠨ ᠤ ᠶᠡᠷᠦᠩᠬᠡᠶᠢᠯᠡᠭᠴᠢ ᠪᠡᠷ ᠺ᠃ ᠨ᠃ ᠢᠯᠢᠶᠦ᠋ᠮᠵᠣᠨᠢᠪᠠ ᠰᠣᠩᠭᠣᠭᠳᠠᠵᠠᠢ᠃ 1993 ᠣᠨ ᠤ 4 ᠰᠠᠷ᠎ᠠ ᠶᠢᠨ 12 ᠍ ᠳᠦ ᠬᠠᠯᠢᠮᠠᠭ ᠶᠡᠷᠦᠩᠬᠡᠶᠢᠯᠡᠭᠴᠢ ᠶᠢᠨ ᠵᠠᠰᠠᠭᠯᠠᠯ ᠲᠠᠢ ᠪᠦᠭᠦᠳᠡ ᠨᠠᠶᠢᠷᠠᠮᠳᠠᠬᠤ᠂ ᠥᠪᠡᠷᠲᠡᠭᠡᠨ ᠵᠠᠰᠠᠬᠤ ᠤᠯᠤᠰ ᠤᠨ ᠰᠲ᠋ᠠᠲ᠋ᠦ᠋ᠰ ᠲᠠᠢ ᠪᠣᠯᠵᠠᠢ᠃ 1994 ᠣᠨ ᠤ 4 ᠰᠠᠷ᠎ᠠ ᠶᠢᠨ 5 ᠍ ᠳᠦ ᠬᠠᠯᠢᠮᠠᠭ ᠲᠤ ᠰᠢᠨ᠎ᠡ ᠦᠨᠳᠦᠰᠦᠨ ᠬᠠᠤᠯᠢ ᠪᠠᠲᠤᠯᠠᠵᠠᠢ᠃ 1995 ᠣᠨ ᠤ 10 ᠰᠠᠷ᠎ᠠ ᠶᠢᠨ 15 ᠍ ᠳᠦ ᠺ᠃ ᠨ᠃ ᠢᠯᠢᠶᠦ᠋ᠮᠵᠣᠨᠢᠪᠠ ᠬᠣᠶᠠᠷ ᠳ᠋ᠡᠬᠢ ᠤᠳᠤᠭ᠎ᠠ ᠪᠠᠨ ᠬᠠᠯᠢᠮᠠᠭ ᠤᠨ ᠶᠡᠷᠦᠩᠬᠡᠶᠢᠯᠡᠭᠴᠢ ᠪᠡᠷ ᠰᠣᠩᠭᠣᠭᠳᠠᠵᠠᠢ᠃ ᠲᠡᠭᠦᠨ ᠦ ᠪᠦᠷᠢᠨ ᠡᠷᠬᠡ ᠶᠢᠨ ᠬᠤᠭᠤᠴᠠᠭ᠎ᠠ 7 ᠵᠢᠯ᠃ 2000 ᠣᠨ ᠳᠤ ᠫᠦ᠋ᠲ᠋ᠢᠨ ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠶᠢᠯᠡᠭᠴᠢ ᠪᠣᠯᠤᠭᠰᠠᠨ ᠶᠢᠡᠷ ᠣᠷᠣᠰ ᠬᠣᠯᠪᠣᠭᠠᠨ ᠤ ᠤᠯᠤᠰ ᠤᠨ ᠶᠡᠷᠦᠩᠬᠡᠶᠢᠯᠡᠭᠴᠢ ᠶᠢᠨ ᠪᠦᠷᠢᠨ ᠡᠷᠬᠡᠲᠦ ᠲᠥᠯᠥᠭᠡᠯᠡᠭᠴᠢ ᠶᠢᠨ ᠠᠯᠪᠠᠨ ᠲᠤᠰᠢᠶᠠᠯ ᠬᠠᠯᠢᠮᠠᠭ ᠲᠤ ᠪᠤᠢ ᠪᠣᠯᠵᠠᠢ᠃ 2005 ᠣᠨ ᠤ 10 ᠰᠠᠷ᠎ᠠ ᠶᠢᠨ 24 ᠍ ᠳᠦ ᠣᠷᠣᠰ ᠬᠣᠯᠪᠣᠭᠠᠨ ᠤ ᠤᠯᠤᠰ ᠤᠨ ᠶᠡᠷᠦᠩᠬᠡᠶᠢᠯᠡᠭᠴᠢ ᠸ᠃ ᠸ᠃ ᠫᠦ᠋ᠲ᠋ᠢᠨ ᠤ ᠰᠢᠢᠳᠪᠦᠷᠢ ᠪᠡᠷ ᠺ᠃ ᠨ᠃ ᠢᠯᠢᠶᠦ᠋ᠮᠵᠣᠨᠢᠪᠠ ᠬᠠᠯᠢᠮᠠᠭ ᠤᠨ ᠲᠡᠷᠢᠭᠦᠨ ᠦ ᠠᠯᠪᠠᠨ ᠲᠤᠰᠢᠶᠠᠯ ᠳᠤ 5 ᠵᠢᠯ ᠦᠨ ᠬᠤᠭᠤᠴᠠᠭ᠎ᠠ ᠲᠠᠢ ᠲᠣᠮᠢᠯᠠᠭᠳᠠᠵᠠᠢ᠃ 2009 ᠣᠨ ᠳᠤ ᠬᠠᠯᠢᠮᠠᠭ ᠤᠨ ᠠᠷᠠᠳ ᠲᠦᠮᠡᠨ ᠣᠷᠣᠰ ᠤᠨ ᠪᠦᠷᠢᠯᠳᠦᠬᠦᠨ ᠳᠦ ᠰᠠᠶᠢᠨ ᠳᠤᠷ᠎ᠠ ᠪᠠᠷ ᠢᠶᠠᠨ ᠨᠢᠭᠡᠳᠦᠭᠰᠡᠨ ᠦ 400 ᠵᠢᠯ ᠦᠨ ᠣᠢ ᠶᠢ ᠲᠡᠮᠳᠡᠭᠯᠡᠵᠡᠢ᠃ ᠡᠨᠡ ᠣᠢ ᠳᠤ ᠵᠣᠷᠢᠭᠤᠯᠤᠨ ᠣᠷᠣᠰ ᠤᠨ ᠲᠥᠪ ᠪᠠᠩᠬᠢ ᠳᠤᠷᠠᠰᠬᠠᠯ ᠤᠨ ᠵᠣᠭᠣᠰ ᠭᠠᠷᠭᠠᠵᠠᠢ᠃ 2010 ᠣᠨ ᠤ 9 ᠰᠠᠷ᠎ᠠ ᠶᠢᠨ 28 ᠍ ᠳᠦ᠎᠃ ᠮ᠃ ᠤᠷᠤᠯᠠᠪᠠ ᠬᠠᠯᠢᠮᠠᠭ ᠤᠨ ᠲᠡᠷᠢᠭᠦᠨ ᠦ ᠠᠯᠪᠠᠨ ᠲᠤᠰᠢᠶᠠᠯ ᠳᠤ ᠲᠣᠮᠢᠯᠠᠭᠳᠠᠵᠠᠢ᠃ ᠲᠡᠷᠡᠪᠡᠷ 10 ᠰᠠᠷ᠎ᠠ ᠶᠢᠨ 24 ᠍ ᠳᠦ ᠠᠯᠪᠠᠨ ᠲᠤᠰᠢᠶᠠᠯ ᠳᠤ ᠪᠠᠨ ᠣᠷᠣᠭᠰᠠᠨ ᠶᠤᠮ᠃

ᠬᠦᠮᠦᠨ ᠠᠮᠠ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠬᠦᠮᠦᠨ ᠠᠮᠠ ᠶᠢᠨ ᠲᠣᠭ᠎ᠠ: 292,410 (2002)
  • ᠬᠣᠳᠠ ᠳᠤ: 129,539 (44.3%)
  • ᠬᠥᠳᠡᠭᠡ ᠳᠦ: 162,871 (55.7%)
  • ᠡᠷᠡᠭᠲᠡᠢ: 140,097 (47.9%)
  • ᠡᠮᠡᠭᠲᠡᠢ: 152,313 (52.1%)
 • 1000 ᠡᠷᠡᠭᠲᠡᠢ ᠬᠦᠮᠦᠨ ᠳᠦ ᠤᠨᠤᠭᠲᠠᠬᠤ ᠡᠮᠡᠭᠲᠡᠢ ᠬᠦᠮᠦᠨ ᠦ ᠲᠣᠭ᠎ᠠ: 1,087
 • ᠳᠤᠮᠳᠠᠴᠢ ᠨᠠᠰᠤ: 33.0
  • ᠬᠣᠳᠠ ᠳᠤ: 32.0
  • ᠬᠥᠳᠡᠭᠡ ᠳᠦ: 33.8
  • ᠡᠷᠡᠭᠲᠡᠢ: 31.2
  • ᠡᠮᠡᠭᠲᠡᠢ: 34.7
 • ᠡᠷᠦᠬᠡ ᠶᠢᠨ ᠲᠣᠭ᠎ᠠ: 90,464 (289,816 ᠬᠦᠮᠦᠨ ᠲᠡᠢ)
  • ᠬᠣᠳᠠ ᠳᠤ: 40,885 (128,564 ᠬᠦᠮᠦᠨ ᠲᠡᠢ)
  • ᠬᠥᠳᠡᠭᠡ ᠳᠦ: 49,579 (161,252 ᠬᠦᠮᠦᠨ ᠲᠡᠢ)
 • ᠳᠤᠮᠳᠠᠴᠢ ᠨᠠᠰᠤᠯᠠᠯᠲᠠ:
  • ᠡᠷᠡᠭᠲᠡᠢ: 59.6 (ᠣᠷᠣᠰ ᠬᠣᠯᠪᠣᠭᠠᠨ ᠤ ᠤᠯᠤᠰ ᠤᠨ ᠳᠤᠮᠳᠠᠴᠢ 59.0 ᠍ ᠡᠴᠡ ᠢᠯᠡᠭᠦᠦ)
  • ᠡᠮᠡᠭᠲᠡᠢ: 72.4 (ᠣᠷᠣᠰ ᠬᠣᠯᠪᠣᠭᠠᠨ ᠤ ᠤᠯᠤᠰ ᠤᠨ ᠳᠤᠮᠳᠠᠴᠢ 72.2 ᠍ ᠡᠴᠡ ᠢᠯᠡᠭᠦᠦ)
 • ᠦᠨᠳᠦᠰᠦᠲᠡᠨ᠂ ᠶᠠᠰᠤᠲᠠᠨ ᠨᠤᠭᠤᠳ

2002 ᠣᠨ ᠤ ᠣᠷᠣᠰ ᠬᠣᠯᠪᠣᠭᠠᠨ ᠤ ᠤᠯᠤᠰ ᠤᠨ ᠬᠦᠮᠦᠨ ᠠᠮᠠ ᠶᠢᠨ ᠲᠣᠭᠠᠯᠠᠯᠭ᠎ᠠ ᠪᠠᠷ ᠬᠠᠯᠢᠮᠠᠭ ᠦᠳ ᠲᠤᠰ ᠤᠯᠤᠰ ᠤᠨ ᠬᠦᠮᠦᠨ ᠠᠮᠠ ᠶᠢᠨ 53.3% ᠍ ᠶᠢ ᠪᠦᠷᠢᠳᠦᠭᠦᠯᠵᠦ ᠪᠠᠶᠢᠨ᠎ᠠ᠃ ᠪᠤᠰᠤᠳ ᠬᠤᠪᠢ ᠶᠢ ᠣᠷᠣᠰ ᠤᠳ (33.6%)᠂ ᠳᠠᠷᠭᠢᠨ ᠨᠤᠭᠤᠳ 2.5%᠂ ᠴᠧᠴᠧᠨ ᠨᠦᠭᠦᠳ (2.0%)᠂ ᠬᠠᠰᠠᠭ ᠤᠳ (1.7%)᠂ ᠲᠦᠷᠺ ᠤᠳ (1.1%)᠂ ᠤᠺᠷᠢᠶᠠᠨᠴᠤᠤᠳ (0.9%)᠂ ᠠᠪᠤᠷᠠᠴᠤᠳ (0.8%)᠂ ᠭᠧᠷᠮᠠᠨᠴᠤᠳ (0.6%) ᠲᠤᠰ ᠲᠤᠰ ᠡᠵᠡᠯᠡᠳᠡᠭ ᠪᠠ 0.5% ᠬᠦᠷᠬᠦ ᠦᠭᠡᠢ ᠪᠤᠰᠤᠳ ᠶᠠᠰᠤᠲᠠᠨ ᠨᠤᠭᠤᠳ ᠠᠴᠠ ᠪᠠᠰᠠ ᠪᠥᠷᠢᠳᠦᠨ᠎ᠡ᠃

1926 1939 1959 1970 1979 1989 2002
ᠬᠠᠯᠢᠮᠠᠭ 107,026 (75.6%) 107,315 (48.6%) 64,882 (35.1%) 110,264 (41.1%) 122,167 (41.5%) 146,316 (45.4%) 155,938 (53.3%)
ᠣᠷᠣᠰ 15,212 (10.7%) 100,814 (45.7%) 103,349 (55.9%) 122,757 (45.8%) 125,510 (42.6%) 121,531 (37.7%) 98,115 (33.6%)
ᠪᠤᠰᠤᠳ 19,356 (13.7%) 12,555 (5.7%) 16,626 (9.0%) 34,972 (13.0%) 46,850 (15.9%) 54,732 (17.0%) 38,357 (13.1%)

ᠪᠢᠴᠢᠭ ᠦᠰᠦᠭ᠂ ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1925 ᠣᠨ ᠤ 1 ᠍ ᠳᠦᠭᠡᠷ ᠰᠠᠷ᠎ᠠ ᠳᠤ ᠺᠡᠷᠢᠯ ᠦᠰᠦᠭ ᠲᠦ ᠰᠠᠭᠤᠷᠢᠯᠢᠭᠰᠠᠨ ᠣᠷᠣᠰ ᠴᠠᠭᠠᠨ ᠲᠣᠯᠣᠭᠠᠢ ᠶᠢ ᠬᠠᠯᠢᠮᠠᠭ ᠲᠤ ᠬᠡᠷᠡᠭᠯᠡᠬᠦ ᠪᠣᠯᠵᠠᠢ᠃ 1930 ᠣᠨ ᠠᠴᠠ ᠬᠠᠯᠢᠮᠠᠭ ᠲᠤ ᠯᠠᠲ᠋ᠢᠨ ᠦᠰᠦᠭ ᠬᠡᠷᠡᠭᠯᠡᠬᠦ ᠪᠣᠯᠵᠠᠢ᠃ 1938 ᠣᠨ ᠳᠤ ᠣᠷᠣᠰ ᠴᠠᠭᠠᠨ ᠲᠣᠯᠣᠭᠠᠢ ᠳᠤ ᠰᠠᠭᠤᠷᠢᠯᠢᠭᠰᠠᠨ ᠰᠢᠨ᠎ᠡ ᠦᠰᠦᠭ ᠬᠡᠷᠡᠭᠯᠡᠬᠦ ᠪᠣᠯᠪᠠ᠃ ᠬᠠᠯᠢᠮᠠᠭ ᠴᠠᠭᠠᠨ ᠲᠣᠯᠣᠭᠠᠢ ᠨᠢ 38 ᠦᠰᠦᠭ ᠲᠡᠢ᠃ ᠺᠡᠷᠢᠯ ᠦᠰᠦᠭ ᠦᠨ ᠲᠡᠮᠳᠡᠭᠲᠦ ᠡᠴᠡ ᠭᠠᠳᠠᠨ᠎ᠠ ᠯᠠᠲ᠋ᠢᠨ ᠦᠰᠦᠭ ᠬᠡᠷᠡᠭᠯᠡᠵᠦ ᠪᠠᠶᠢᠭᠰᠠᠨ ᠤ ᠤᠯᠠ ᠮᠥᠷ ᠪᠣᠯᠬᠤ ᠬᠡᠳᠦ ᠬᠡᠳᠦᠨ ᠯᠠᠲ᠋ᠢᠨ ᠦᠰᠦᠭ ᠦᠯᠡᠳᠡᠵᠡᠢ᠃ ᠵᠢᠱᠢᠶ᠎ᠡ ᠨᠢ ᠬᠠᠯᠢᠮᠠᠭ ᠴᠠᠭᠠᠨ ᠲᠣᠯᠣᠭᠠᠢ ᠳᠤ ᠯᠠᠲ᠋ᠢᠨ ᠴᠠᠭᠠᠨ ᠲᠣᠯᠣᠭᠠᠢ ᠳᠤ ᠪᠠᠶᠢᠳᠠᠭ h ᠪᠤᠢ᠃ 1940 ᠣᠨ ᠳᠤ ᠡᠯᠡᠰᠤᠲᠤ ᠬᠣᠳᠠ ᠳᠤ 《ᠵᠢᠩᠭᠠᠷ》 ᠲᠤᠤᠯᠢ ᠶᠢᠨ 500 ᠵᠢᠯ ᠳᠤ ᠵᠣᠷᠢᠭᠤᠯᠤᠨ ᠵᠥᠪᠯᠡᠯᠲᠦ ᠬᠣᠯᠪᠣᠭᠠᠲᠤ ᠤᠯᠤᠰ ᠤᠨ ᠵᠣᠬᠢᠶᠠᠯᠴᠢᠳ ᠤᠨ ᠬᠣᠯᠪᠣᠭᠠᠨ ᠤ ᠨᠠᠢ᠍ᠮᠠ ᠳ᠋ᠦᠭᠡᠷ ᠶᠡᠬᠡ ᠬᠤᠷᠠᠯ ᠪᠣᠯᠵᠠᠢ᠃ ᠡᠯᠡᠰᠤᠲᠤ ᠬᠣᠳᠠ ᠳᠤ ᠬᠠᠯᠢᠮᠠᠭ ᠤᠨ ᠤᠯᠤᠰ ᠤᠨ ᠶᠡᠬᠡ ᠰᠤᠷᠭᠠᠭᠤᠯᠢ᠂ ᠡᠯᠡᠰᠤᠲᠤ ᠤᠨ ᠠᠦ᠋ᠲ᠋ᠣ᠋ ᠵᠠᠮ ᠤᠨ ᠰᠤᠷᠭᠠᠭᠤᠯᠢ᠂ ᠬᠠᠬᠤᠯᠤᠨᠣᠸ ᠤᠨ ᠨᠡᠷᠡᠮᠵᠢᠲᠦ ᠠᠨᠠᠭᠠᠬᠤ ᠶᠢᠨ ᠰᠤᠷᠭᠠᠭᠤᠯᠢ᠂ ᠬᠦᠨᠡᠰᠦᠨ ᠦ ᠰᠤᠷᠭᠠᠭᠤᠯᠢ᠂ ᠤᠷᠠᠯᠢᠭ ᠤᠨ ᠰᠤᠷᠭᠠᠭᠤᠯᠢ᠂ ᠭᠢᠮᠨᠠᠵᠠ᠂ ᠬᠦᠮᠦᠨᠯᠢᠭ ᠦᠨ ᠪᠣᠯᠤᠨ ᠲᠧᠭᠨᠢᠭ ᠦᠨ ᠯᠢᠼᠧᠢ ᠪᠤᠢ᠃

ᠱᠠᠰᠢᠨ ᠰᠢᠲᠦᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1992 ᠣᠨ ᠠᠴᠠ ᠬᠣᠶᠢᠰᠢ ᠬᠠᠯᠢᠮᠠᠭ ᠲᠤ ᠱᠠᠰᠢᠨ ᠰᠢᠲᠦᠬᠦ ᠡᠷᠬᠡ ᠴᠢᠯᠦᠭᠡ ᠲᠡᠢ ᠪᠣᠯᠪᠠ᠃ ᠣᠷᠣᠰ ᠤᠨ ᠦᠨᠡᠨ ᠠᠯᠳᠠᠷᠲᠠᠨ ᠤ ᠰᠦᠮ᠎ᠡ᠂ ᠷᠤᠮᠠᠨᠢᠶ ᠠ ᠺᠠᠲ᠋ᠣᠯᠢᠭ ᠰᠦᠮ᠎ᠡ᠂ ᠠᠳ᠋ᠸᠧᠨᠲ᠋ᠢᠰᠲ ᠤᠨ ᠳᠣᠯᠣᠭ᠎ᠠ ᠳᠠᠬᠢ ᠡᠳᠦᠷ ᠦᠨ ᠰᠦᠮ᠎ᠡ᠂ ᠶᠡᠸᠠᠩᠭᠧᠯᠢ ᠶᠢᠨ ᠾᠷᠢᠰᠲᠤᠰ ᠤᠨ ᠰᠦᠮ᠎ᠡ ᠪᠤᠢ᠃ ᠡᠶᠢᠨᠬᠦᠦ ᠬᠠᠯᠢᠮᠠᠭ ᠤᠨ ᠠᠷᠠᠳ ᠲᠦᠮᠡᠨ ᠤᠯᠠᠮᠵᠢᠯᠠᠯᠲᠤ ᠪᠤᠳ᠋ᠳ᠋ᠾᠠ ᠶᠢᠨ ᠱᠠᠰᠢᠨ ᠤ ᠰᠦᠮ᠎ᠡ ᠬᠡᠶᠢᠳ ᠢ ᠰᠡᠷᠭᠦᠭᠡᠬᠦ᠂ ᠰᠢᠨ᠎ᠡ ᠪᠡᠷ ᠪᠤᠳ᠋ᠳ᠋ᠾᠠ ᠶᠢᠨ ᠰᠦᠮ᠎ᠡ ᠬᠡᠶᠢᠳ ᠪᠠᠷᠢᠬᠤ ᠠᠵᠢᠯ ᠢ ᠡᠷᠴᠢᠮᠵᠢᠭᠦᠯᠦᠭᠰᠡᠨ ᠪᠠᠶᠢᠨ᠎ᠠ᠃ ᠡᠯᠡᠰᠤᠲᠤ ᠬᠣᠳᠠ ᠳᠤ ᠪᠤᠳ᠋ᠳ᠋ᠾᠠ ᠶᠢᠨ ᠱᠠᠰᠢᠨ ᠤ ᠣᠯᠠᠨ ᠪᠠᠷᠢᠮᠠᠯ᠂ ᠬᠥᠰᠢᠶ᠎ᠡ ᠳᠤᠷᠠᠰᠬᠠᠯ ᠪᠤᠢ᠃ 1992 ᠣᠨ ᠳᠤ ᠲᠦᠯᠠ ᠲᠤᠯᠺᠦ᠋ ᠷᠢᠨᠫᠣᠽᠧ ᠬᠠᠯᠢᠮᠠᠭ ᠤᠨ ᠪᠤᠳ᠋ᠳ᠋ᠾᠠ ᠶᠢᠨ ᠱᠠᠰᠢᠨ ᠤ ᠬᠠᠩᠪᠤ ᠯᠠᠮᠠ - ᠱᠠᠵᠢᠨ ᠯᠠᠮᠠ ᠪᠣᠯᠵᠠᠢ᠃ 1996 ᠣᠨ ᠤ 10 ᠰᠠᠷ᠎ᠠ ᠶᠢᠨ 5 ᠍ ᠳᠦ ᠪᠤᠳ᠋ᠳ᠋ᠾᠠ ᠶᠢᠨ ᠠᠩᠬᠠᠨ ᠤ ᠰᠦᠮ᠎ᠡ - ᠰᠠᠬᠢᠭᠤᠰᠤᠨ ᠰᠦᠮ᠎ᠡ ᠡᠯᠡᠰᠤᠲᠤ ᠬᠣᠳᠠ ᠳᠤ ᠨᠡᠭᠡᠭᠡᠭᠳᠡᠵᠡᠢ᠃ ᠰᠦᠮ᠎ᠡ ᠶᠢᠨ ᠪᠠᠷᠢᠯᠭ᠎ᠠ ᠶᠢᠨ ᠠᠵᠢᠯ 4 ᠵᠢᠯ ᠦᠷᠭᠦᠯᠵᠢᠯᠡᠭᠰᠡᠨ ᠪᠠᠶᠢᠨ᠎ᠠ᠃ ᠰᠦᠮ᠎ᠡ ᠪᠠᠷᠢᠬᠤ ᠳᠤ ᠬᠠᠯᠢᠮᠠᠭ ᠤᠨ ᠶᠡᠷᠦᠩᠬᠡᠶᠢᠯᠡᠭᠴᠢ ᠺᠢᠷᠠᠭᠰᠠᠨ ᠢᠯᠢᠶᠦ᠋ᠮᠵᠣᠨᠢᠪᠠ ᠮᠥᠩᠭᠥ ᠬᠠᠨᠳᠢᠪᠯᠠᠵᠠᠢ᠃

ᠬᠡᠪᠯᠡᠯ ᠮᠡᠳᠡᠭᠡᠯᠡᠯ ᠦᠨ ᠬᠡᠷᠡᠭᠰᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1922 ᠣᠨ ᠤ 1᠂ 2 ᠍ ᠳᠦᠭᠡᠷ ᠰᠠᠷ᠎ᠠ ᠳᠤ ᠬᠠᠯᠢᠮᠠᠭ ᠲᠤ 《ᠣᠶᠢᠷᠠᠲ᠋ᠰᠺᠧ ᠢᠰᠸᠧᠰᠲ᠋ᠢᠶ᠎ᠠ》 ᠰᠡᠳᠬᠦᠯ ᠦᠨ ᠠᠩᠬᠠᠨ ᠤ ᠳ᠋ᠤᠭᠠᠷ ᠭᠠᠷᠴᠠᠢ᠃ ᠡᠨᠡ ᠰᠡᠳᠬᠦᠯ ᠣᠷᠣᠰ ᠬᠡᠯᠡ ᠪᠡᠷ ᠬᠡᠪᠯᠡᠭᠳᠡᠭᠰᠡᠨ ᠪᠠᠶᠢᠨ᠎ᠠ᠃ ᠡᠯᠡᠰᠤᠲᠤ ᠬᠣᠳᠠ ᠳᠤ ᠤᠯᠤᠰ ᠤᠨ ᠬᠠᠷᠢᠶᠠᠯᠠᠯ ᠲᠠᠢ ᠨᠢᠭᠡ ᠲᠧᠯᠧᠢᠰ ᠠᠵᠢᠯᠯᠠᠳᠠᠭ᠃ ᠮᠥᠨ ᠣᠷᠣᠰ ᠤᠨ ᠲᠧᠯᠸᠢᠰ ᠦᠨ 10 ᠰᠤᠪᠠᠭ ᠤᠨ ᠨᠡᠪᠲᠡᠷᠡᠭᠦᠯᠭᠡ ᠶᠢ ᠬᠦᠯᠢᠶᠡᠨ ᠠᠪᠴᠤ ᠦᠵᠡᠵᠦ ᠪᠣᠯᠤᠨ᠎ᠠ᠃ ᠮᠥᠨ 4 ᠷᠠᠳᠢᠣᠰᠲ᠋ᠠᠨᠼᠢ ᠶᠢᠨ ᠨᠡᠪᠲᠡᠷᠡᠭᠦᠯᠭᠡ ᠰᠤᠨᠤᠰᠬᠤ ᠪᠣᠯᠤᠮᠵᠢ ᠲᠠᠢ᠃ ᠣᠳᠣ ᠬᠠᠯᠢᠮᠠᠭ ᠤᠨ ᠲᠣᠭᠲᠠᠮᠠᠯ ᠬᠡᠪᠯᠡᠯ: ᠪᠠᠶᠢᠷᠢ (ᠺᠠᠯᠮ᠃ ᠷᠠᠳᠣᠰᠲ) — ᠬᠡᠦᠬᠡᠳ ᠦᠨ ᠰᠡᠳᠬᠦᠯ ᠬᠠᠯᠢᠮᠠᠭ᠂ ᠣᠷᠣᠰ ᠬᠡᠯᠡ ᠪᠡᠷ ᠢᠰᠸᠧᠰᠲ᠋ᠢᠶ᠎ᠠ ᠺᠠᠯᠮᠤᠬᠢᠢ — ᠨᠡᠶᠢᠭᠡᠮ ᠤᠯᠤᠰ ᠲᠥᠷᠥ ᠶᠢᠨ ᠰᠣᠨᠢᠨ᠃ ᠬᠠᠯᠢᠮᠠᠭ ᠤᠨ ᠵᠠᠰᠠᠭ ᠤᠨ ᠭᠠᠵᠠᠷ ᠤᠨ ᠬᠢ ᠫᠠᠷᠠᠯᠮᠧᠨᠲᠰᠺ ᠦ ᠸᠧᠰᠲᠨᠢᠺ ᠺᠠᠯᠮᠤᠬᠢᠢ — ᠬᠠᠯᠢᠮᠠᠭ ᠤᠨ ᠫᠠᠷᠯᠠᠮᠧᠨᠲ ᠤᠨ ᠰᠣᠨᠢᠨ ᠲᠧᠧᠭᠢᠨ ᠭᠧᠷᠯ (ᠺᠠᠯᠮ᠃ ᠰᠡᠪ ᠲᠦᠸᠰᠲ᠋ᠧᠫᠢ) — ᠨᠡᠶᠢᠲᠡᠯᠡᠯ ᠤᠷᠠᠨ ᠰᠠᠶᠢᠬᠠᠨ ᠤ ᠰᠡᠳᠬᠦᠯ᠂ ᠬᠠᠯᠢᠮᠠᠭ᠂ ᠣᠷᠣᠰ ᠬᠡᠯᠡ ᠪᠡᠷ ᠬᠠᠯᠮᠭ ᠦᠩᠨ (ᠺᠠᠯᠮ᠃ ᠺᠠᠯᠮᠤᠴᠺᠠᠶ᠎ᠠ ᠫᠷᠠᠪᠳᠠ) — ᠬᠠᠯᠢᠮᠠᠭ᠂ ᠣᠷᠣᠰ ᠬᠡᠯᠡ ᠪᠡᠷ ᠰᠣᠨᠢᠨ ᠡᠯᠢᠰᠲ᠋ᠢᠨᠰᠺ ᠦ ᠺᠦ᠋ᠷᠧᠷ — ᠬᠣᠲᠠ ᠶᠢᠨ ᠵᠠᠷᠯᠠᠯ ᠮᠡᠳᠡᠭᠡᠯᠡᠯ ᠦᠨ ᠰᠣᠨᠢᠨ ᠡᠯᠢᠰᠲ᠋ᠢᠨᠰᠺᠠᠶ᠎ᠠ ᠫᠠᠨᠤᠷᠠᠮ᠎ᠠ — ᠬᠣᠲᠠ ᠶᠢᠨ ᠨᠡᠶᠢᠭᠡᠮ ᠤᠯᠤᠰ ᠲᠥᠷᠥ ᠶᠢᠨ ᠰᠣᠨᠢᠨ

ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠢᠮᠠᠭ ᠤᠨ ᠨᠤᠲᠤᠭ ᠲᠤ ᠪᠠᠨ ᠠᠩᠬᠢᠯᠠᠯ ᠤᠨ ᠨᠢᠰᠬᠦ ᠣᠩᠭᠣᠴᠠᠨ ᠤ ᠪᠠᠭᠤᠳᠠᠯ ᠠᠵᠢᠯᠯᠠᠳᠠᠭ᠃ ᠡᠨᠡ ᠣᠩᠭᠣᠴᠠᠨ ᠤ ᠪᠠᠭᠤᠳᠠᠯ ᠠᠴᠠ ᠮᠣᠰᠺᠸᠠ ᠤᠷᠤᠭᠤ ᠨᠢᠰᠦᠯᠭᠡ ᠦᠢᠯᠡᠳᠳᠡᠭ ᠪᠠᠶᠢᠨ᠎ᠠ᠃ ᠬᠠᠯᠢᠮᠠᠭ ᠤᠨ ᠨᠡᠶᠢᠰᠯᠡᠯ ᠡᠯᠡᠰᠤᠲᠤ ᠬᠣᠳᠠ ᠳᠤ ᠲᠡᠮᠦᠷ ᠵᠠᠮ ᠤᠨ ᠪᠠᠭᠤᠳᠠᠯ ᠪᠤᠢ᠃ ᠡᠮᠦᠨ᠎ᠡ ᠨᠢ ᠰᠲ᠋ᠠᠦ᠋ᠷᠣᠫᠣᠯᠢ᠂ ᠮᠣᠰᠺᠸᠠ ᠤᠷᠤᠭᠤ ᠭᠠᠯᠲᠤ ᠲᠡᠷᠭᠡ ᠶᠠᠪᠤᠳᠠᠭ ᠪᠠᠶᠢᠵᠠᠢ᠃ ᠬᠠᠷᠢᠨ ᠣᠳᠣ ᠵᠣᠷᠴᠢᠭᠴᠢ ᠲᠡᠭᠡᠭᠡᠪᠦᠷᠢ ᠶᠢᠨ ᠭᠠᠯᠲᠤ ᠲᠡᠷᠭᠡᠨ ᠦ ᠬᠥᠳᠡᠯᠭᠡᠭᠡᠨ ᠵᠣᠭᠰᠣᠭᠰᠠᠨ᠃ ᠣᠷᠣᠰ ᠤᠨ ᠬᠣᠯᠪᠣᠭᠠᠨ ᠤ ᠤᠯᠤᠰ ᠤᠨ ᠨᠡᠶᠢᠰᠯᠡᠯ ᠡᠴᠡ ᠡᠯᠡᠰᠤᠲᠤ ᠬᠣᠲᠠ ᠤᠷᠤᠭᠤ ᠠᠦ᠋ᠲ᠋ᠣᠪᠦ᠋ᠰ ᠢᠶᠠᠷ ᠬᠦᠷᠴᠦ ᠪᠣᠯᠤᠨ᠎ᠠ᠃ ᠬᠠᠷᠢᠨ ᠡᠯᠡᠰᠤᠲᠤ ᠬᠣᠳᠠ ᠳᠤ ᠨᠡᠶᠢᠲᠡ ᠶᠢᠨ ᠲᠡᠭᠡᠭᠡᠪᠦᠷᠢ ᠶᠢᠨ ᠦᠢᠯᠡᠴᠢᠯᠡᠭᠡᠨ ᠳᠦ ᠮᠢᠺᠷᠣ᠋ ᠠᠦ᠋ᠲ᠋ᠣᠪᠦ᠋ᠰ ᠦᠢᠯᠡᠴᠢᠯᠡᠳᠡᠭ᠃

ᠰᠫᠣᠷᠲ[ᠵᠠᠰᠠᠪᠤᠷᠢᠯᠠᠬᠤ | ᠺᠣᠳ᠋ ᠢᠶᠠᠷ ᠵᠠᠰᠠᠬᠣ]

1998 ᠣᠨ ᠳᠤ ᠺ᠃ ᠨ᠃ ᠢᠯᠢᠶᠦ᠋ᠮᠵᠣᠨᠢᠪᠠ ᠣᠯᠠᠨ ᠤᠯᠤᠰ ᠤᠨ ᠰᠢᠲᠠᠷ᠎ᠠ ᠶᠢᠨ ᠬᠣᠯᠪᠣᠭᠠᠨ ᠤ ᠶᠡᠷᠦᠩᠬᠡᠶᠢᠯᠡᠭᠴᠢ ᠪᠣᠯᠵᠠᠢ᠃ ᠡᠯᠡᠰᠤᠲᠤ ᠬᠣᠳᠠ ᠳᠤ 33 ᠳᠠᠬᠢ ᠤᠳᠠᠭ᠎ᠠ ᠶᠢᠨ ᠳᠡᠯᠡᠬᠡᠢ ᠶᠢᠨ ᠰᠢᠲᠠᠷ᠎ᠠ ᠶᠢᠨ ᠣᠯᠢᠮᠫᠢᠶᠠᠳ᠋ ᠵᠣᠬᠢᠶᠠᠨ ᠪᠠᠶᠢᠭᠤᠯᠤᠭᠳᠠᠵᠠᠢ᠃

ᠬᠠᠯᠢᠮᠠᠭ ᠴᠠᠭᠠᠴᠢᠳ ᠤᠨ ᠲᠤᠬᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

XX ᠍ ᠳᠦᠭᠡᠷ ᠵᠠᠭᠤᠨ ᠳᠤ ᠬᠡᠳᠦ ᠬᠡᠳᠦᠨ ᠤᠳᠠᠭ᠎ᠠ ᠬᠠᠯᠢᠮᠠᠭ ᠤᠳ ᠪᠠᠷᠠᠭᠤᠨ ᠤ ᠣᠷᠣᠨ ᠤᠷᠤᠭᠤ ᠴᠠᠭᠠᠴᠢᠯᠠᠵᠠᠢ᠃ 1917—22/23 ᠣᠨ ᠤ ᠬᠣᠭᠣᠷᠣᠨᠳᠣ ᠣᠺᠲ᠋ᠢᠶᠠᠪᠧᠷ ᠤᠨ ᠬᠤᠪᠢᠰᠬᠠᠯ ᠤᠨ ᠦᠶ᠎ᠡ ᠪᠡᠷ ᠬᠠᠯᠢᠮᠠᠭᠴᠤᠳ ᠰᠧᠷᠪᠢ᠂ ᠪᠣᠯᠭᠠᠷᠢ᠂ ᠹᠷᠠᠨᠼᠢ᠂ ᠷᠣᠮᠪ᠂ ᠴᠧᠺ ᠤᠷᠤᠭᠤ ᠴᠠᠭᠠᠴᠢᠯᠠᠵᠠᠢ᠃ 1941—45 ᠣᠨ ᠳᠤ ᠬᠣᠭᠣᠷᠣᠨᠳᠣ ᠳᠡᠯᠡᠬᠡᠢ ᠶᠢᠨ 2 ᠍ ᠳᠦᠭᠡᠷ ᠳᠠᠶᠢᠨ ᠤ ᠦᠶ᠎ᠡ ᠳᠦ ᠬᠠᠯᠢᠮᠠᠭᠴᠤᠳ ᠤᠨ ᠣᠯᠠᠩᠬᠢ ᠨᠢ ᠭᠢᠲ᠋ᠯᠧᠷ ᠦᠨ ᠭᠧᠷᠮᠠᠨ ᠤ ᠲᠠᠯ᠎ᠠ ᠳᠤ ᠰᠢᠯᠵᠢᠭᠰᠡᠨ ᠪᠠᠶᠢᠨ᠎ᠠ᠃ 1951 ᠣᠨ ᠳᠤ ᠭᠧᠷᠮᠠᠨ ᠤ ᠮᠠᠨ ᠢᠶᠸᠨ ᠬᠣᠳᠠ ᠳᠤ ᠠᠮᠢᠳᠤᠷᠠᠵᠤ ᠪᠠᠶᠢᠭᠰᠠᠨ ᠬᠠᠯᠢᠮᠠᠭᠴᠤᠳ ᠠᠮᠧᠷᠢᠺᠠ ᠶᠢᠨ ᠨᠢᠭᠡᠳᠦᠭᠰᠡᠨ ᠤᠯᠤᠰ- ᠤᠷᠤᠭᠤ ᠴᠠᠭᠠᠴᠢᠯᠠᠵᠠᠢ᠃

ᠷᠠᠶᠣᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠪᠠᠶᠢᠰᠢᠩᠲᠤ ᠶᠢᠨ ᠷᠠᠶᠣᠨ
 2. ᠶᠡᠬᠡᠪᠤᠷᠠᠯ ᠤᠨ ᠷᠠᠶᠣᠨ
 3. ᠬᠥᠲᠥᠴᠢᠨᠠᠷ ᠤᠨ ᠷᠠᠶᠣᠨ
 4. ᠯᠠᠭᠠᠭᠤᠨ ᠤ ᠷᠠᠶᠣᠨ
 5. ᠪᠠᠭ᠎ᠠ ᠳᠥᠷᠪᠡᠳ ᠦᠨ ᠷᠠᠶᠣᠨ
 6. ᠣᠺᠲ᠋ᠢᠶᠠᠪᠧᠷ ᠤᠨ ᠷᠠᠶᠣᠨ
 7. ᠫᠠᠷᠶᠦ᠋ᠲ᠋ᠭᠢᠧᠨ ᠷᠠᠶᠣᠨ
 8. ᠰᠠᠷᠫ ᠤᠨ ᠷᠠᠶᠣᠨ
 9. ᠼᠧᠯᠢᠨ ᠦ ᠷᠠᠶᠣᠨ
 10. ᠬᠠᠷᠭᠠᠵᠠᠷ ᠤᠨ ᠷᠠᠶᠣᠨ
 11. ᠶᠤᠰᠤᠲᠤ ᠶᠢᠨ ᠷᠠᠶᠣᠨ
 12. ᠶᠠᠰᠢᠯᠲᠠ ᠶᠢᠨ ᠷᠠᠶᠣᠨ
 13. ᠶᠠᠱᠺᠦ᠋ᠯ ᠦᠨ ᠷᠠᠶᠣᠨ


Commons
Викимедиа дуу дүрсний сан: Category:Kalmykia

ᠪᠢᠴᠢᠭᠡᠰᠦ