ᠬᠠᠯᠢᠮᠠᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
   Qalimaγ yasutan-own work.PNG
ᠬᠠᠯᠢᠮᠠᠭ ᠶᠠᠰᠤᠲᠠᠨ / ᠬᠠᠯᠮᠭ ᠤᠯᠤᠰ
189px
87pxKalmyks 02.jpg187px</div>
ᠪᠦᠭᠦᠳᠡ ᠲᠣᠭ᠎ᠠ
190 ᠮᠢᠩᠭ᠎ᠠ ᠭᠠᠷᠤᠢ
ᠲᠥᠪᠯᠡᠷᠡᠭᠰᠡᠨ ᠭᠠᠵᠠᠷ ᠣᠷᠣᠨ
ᠣᠷᠣᠰ ᠣᠷᠣᠰ ᠬᠣᠯᠪᠣᠭᠠᠨ ᠤ ᠤᠯᠤᠰ (2010 ᠣᠨ)[1]               183,372
ᠬᠢᠷᠭᠢᠰ ᠤᠯᠤᠰ ᠬᠢᠷᠭᠢᠰ (1999 ᠣᠨ)[2]        5,825
ᠬᠡᠯᠡ ᠠᠶᠠᠯᠭᠤ

ᠲᠥᠷᠥᠯᠬᠢ ᠮᠣᠩᠭᠣᠯ ᠬᠡᠯᠡᠨᠢᠭᠢ ᠣᠶᠢᠷᠠᠳ ᠠᠶᠠᠯᠭᠠᠨ ᠤ ᠬᠠᠯᠢᠮᠠᠭ ᠰᠠᠯᠪᠤᠷᠢ ᠠᠶᠠᠯᠭ᠎ᠠ

ᠱᠠᠰᠢᠨ ᠰᠢᠲᠦᠯᠭᠡ

ᠳᠡᠶᠢᠯᠦᠩᠬᠢ ᠨᠢ ᠪᠤᠳ᠋ᠳ᠋ᠾᠠ ᠶᠢᠨ ᠱᠠᠰᠢᠨ᠂ ᠲᠡᠷᠡ ᠲᠤᠰᠤᠮ ᠢᠶᠠᠨ ᠰᠢᠷ᠎ᠠ ᠶᠢᠨ ᠱᠠᠰᠢᠨ ᠤ ᠰᠢᠲᠦᠯᠭᠡ ᠲᠡᠢ

ᠲᠥᠷᠥᠯ ᠠᠷᠠᠳ ᠲᠦᠮᠡᠨ

ᠪᠤᠰᠤᠳ ᠮᠣᠩᠭᠣᠯ ᠤᠭᠰᠠᠭᠠᠲᠠᠨ᠂ ᠲᠡᠷᠡ ᠳᠣᠲᠣᠷ᠎ᠠ ᠪᠠᠨ ᠣᠶᠢᠷᠠᠳ

Halimag 1600-1730.png

ᠬᠠᠯᠢᠮᠠᠭ (ᠣ᠃ᠲ᠃ ᠬᠠᠯᠢᠮᠠᠭ ᠤᠳ; ᠬᠠᠯᠢᠮᠠᠭ ᠢᠶᠠᠷ ᠬᠠᠯᠮᠭ - [ᠬᠠᠯᠮᠢᠭ], ᠣ᠃ᠲ᠃ ᠬᠠᠯᠮᠤᠭ ᠲᠤ, ᠬᠠᠯᠮᠭ ᠤᠯᠤᠰ; ᠣᠷᠣᠰ ᠢᠶᠠᠷ ᠺᠠᠯᠮ ᠤᠺ, ᠣ᠃ᠲ᠃ ᠺᠠᠯᠮ ᠤᠺᠢ; ᠠᠩᠭᠯᠢ ᠪᠠᠷ ᠣ᠃ᠲ᠃ Kalmyk people, Kalmyks) — ᠮᠣᠩᠭᠣᠯ ᠬᠡᠯᠡ-ᠤᠭᠰᠠᠭᠠᠨ ᠤᠣᠶᠢᠷᠠᠳ ᠍ ᠤᠨ ᠪᠦᠯᠦᠭ ᠲᠦ ᠪᠠᠭᠲᠠᠳᠠᠭ᠂ ᠣᠷᠣᠰ ᠬᠣᠯᠪᠣᠭᠠᠨ ᠤ ᠤᠯᠤᠰ ᠍ ᠶᠢᠨ ᠢᠷᠭᠡᠨ ᠪᠣᠯᠬᠤ ᠮᠣᠩᠭᠣᠯ ᠠᠷᠠᠳ ᠲᠦᠮᠡᠨ᠂ 19 ᠲᠦᠮᠡᠨ ᠬᠦᠮᠦᠨ ᠲᠡᠢ ᠶᠠᠰᠤᠲᠠᠨ.

17 ᠍ ᠳᠦᠭᠡᠷ ᠵᠠᠭᠤᠨ ᠤ ᠡᠬᠢᠨ ᠳᠦ ᠲᠣᠷᠭᠤᠳ ᠍ ᠤᠨ ᠬᠥ ᠥᠷᠯᠥᠭ ᠡᠷᠴᠢᠰ ᠢ ᠤᠷᠤᠭᠤᠳᠠᠨ ᠪᠠᠷᠠᠭᠤᠨᠰᠢ ᠠᠯᠤᠰᠯᠠᠵᠤ ᠬᠠᠰᠠᠭᠲᠠᠲ᠋ᠠᠷ ᠵᠡᠷᠭᠡ ᠣᠯᠠᠨ ᠤᠯᠤᠰ ᠲᠦᠮᠡᠨ ᠲᠡᠢ ᠪᠠᠶᠢᠯᠳᠤᠨ ᠨᠡᠭᠦᠭᠰᠡᠭᠡᠷ ᠨᠣᠭᠠᠢ ᠶᠢᠨ ᠤᠯᠤᠰ ᠍ ᠢ ᠮᠥᠬᠥᠭᠡᠭᠡᠳ ᠭᠠᠵᠠᠷ ᠣᠷᠣᠨ ᠢ ᠨᠢ ᠡᠵᠡᠯᠡᠨ ᠰᠠᠭᠤᠭᠰᠠᠨ ᠠᠴᠠ ᠡᠬᠢᠯᠡᠭᠰᠡᠨ 9 ᠬᠡᠰᠡᠭ ᠨᠡᠭᠦᠳᠡᠯ᠂ 1771 ᠣᠨ ᠤ ᠬᠢ ᠭᠡᠬᠦ ᠮᠡᠲᠦ ᠵᠦᠩᠭᠠᠷ ᠷᠤ ᠪᠤᠴᠠᠭᠰᠠᠨ 4 ᠨᠡᠭᠦᠳᠡᠯ ᠦᠨ ᠳᠠᠷᠠᠭ᠎ᠠ ᠢᠵᠢᠯ ᠦᠨ ᠬᠥᠪᠡᠭᠡᠨ ᠳᠤ ᠬᠣᠴᠣᠷᠤᠭᠰᠠᠨ ᠨᠢ ᠬᠠᠯᠢᠮᠠᠭ ᠪᠣᠯᠤᠨ ᠦᠯᠡᠳᠡᠵᠡᠢ᠃[3] ᠪᠤᠳ᠋ᠳ᠋ᠾᠠ ᠶᠢᠨ ᠱᠠᠰᠢᠨ ᠤ ᠰᠠᠯᠪᠤᠷᠢ ᠰᠢᠷ᠎ᠠ ᠶᠢᠨ ᠱᠠᠰᠢᠨ ᠢ ᠰᠢᠲᠦᠳᠡᠭ᠃ᠨᠡᠭᠦᠳᠡᠯᠴᠢᠨ ᠪᠣᠯᠪᠠᠴᠤ ᠣᠳᠣ ᠨᠡᠯᠢᠶᠡᠳ ᠨᠢ ᠬᠣᠲᠠ ᠰᠠᠭᠤᠷᠢᠨ ᠳᠤ ᠠᠮᠢᠳᠤᠷᠠᠬᠤ ᠪᠣᠯᠵᠠᠢ᠃ ᠬᠠᠯᠢᠮᠠᠭ ᠬᠡᠯᠡᠨᠢᠭᠢ ᠺᠢᠷᠢᠯ ᠪᠢᠴᠢᠭ ᠦᠨ ᠳᠦᠷᠢᠮ ᠵᠥᠪᠯᠡᠯᠲᠦ ᠬᠣᠯᠪᠣᠭᠠᠲᠤ ᠤᠯᠤᠰ ᠍ ᠶᠢᠨ ᠦᠶ᠎ᠡ ᠳᠦ ᠵᠣᠬᠢᠶᠠᠭᠳᠠᠵᠤ 1942 ᠣᠨ ᠠᠴᠠ ᠺᠢᠷᠢᠯ ᠦᠰᠦᠭ ᠬᠡᠷᠡᠭᠯᠡᠵᠦ ᠡᠬᠢᠯᠡᠵᠡᠢ᠃

1631 ᠍ ᠡᠴᠡ 1771 ᠣᠨ ᠬᠦᠷᠲᠡᠯ᠎ᠡ ᠢᠵᠢᠯ ᠦᠨ ᠣᠶᠢᠷᠠᠳ ᠤᠨ ᠤᠯᠤᠰ (ᠣᠷᠣᠰ ᠶᠢᠡᠷ ᠺᠠᠯᠮ ᠤᠴᠺ ᠢᠶ᠎ᠡ ᠬᠠᠩᠰᠠᠳᠪᠠ) ᠲᠤᠰᠠᠭᠠᠷ ᠲᠣᠭᠲᠠᠨᠢᠵᠤ ᠪᠠᠶᠢᠭᠰᠠᠨ ᠬᠡᠳᠦᠢ ᠴᠤ 1771 ᠣᠨ ᠠᠴᠠ ᠬᠠᠭᠠᠨᠲᠤ ᠣᠷᠣᠰ ᠤᠨ ᠠᠰᠲᠷᠠᠬᠠᠨᠢ ᠮᠤᠵᠢ ᠶᠢᠨ ᠬᠠᠷᠢᠶᠠᠨ ᠳᠤ 9 ᠤᠯᠤᠰ ᠪᠣᠯᠤᠨ ᠬᠤᠪᠢᠶᠠᠭᠳᠠᠵᠤ ᠣᠷᠣᠵᠠᠢ᠃ ᠬᠣᠵᠢᠮ 1920 ᠣᠨ ᠳᠤ ᠵᠥᠪᠯᠡᠯᠲᠦ ᠬᠣᠯᠪᠣᠭᠠᠲᠤ ᠤᠯᠤᠰ᠂ ᠲᠡᠭᠦᠨ ᠦ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠣᠷᠣᠰ ᠤᠯᠤᠰ ᠍ ᠤᠨ ᠳᠣᠣᠷ᠎ᠠ ᠬᠠᠯᠢᠮᠠᠭ ᠤᠨ ᠠᠦ᠋ᠲ᠋ᠣᠨᠣᠮᠢ ᠳᠤ ᠮᠤᠵᠢ ᠪᠠᠶᠢᠭᠤᠯᠤᠭᠳᠠᠵᠤ᠂ 1935 ᠣᠨ ᠳᠤ ᠵᠥᠪᠯᠡᠯᠲᠦ ᠰᠣᠴᠢᠶᠠᠯᠢᠰᠲᠤ ᠠᠦ᠋ᠲ᠋ᠣᠨᠣᠮᠢᠲᠤ ᠪᠦᠭᠦᠳᠡ ᠨᠠᠶᠢᠷᠠᠮᠳᠠᠬᠤ ᠬᠠᠯᠢᠮᠠᠭ ᠤᠯᠤᠰ (1944 ᠣᠨ ᠳᠤ ᠲᠠᠲᠠᠨ ᠪᠠᠭᠤᠭᠳᠠᠵᠤ᠂ 1957 ᠣᠨ ᠳᠤ ᠰᠡᠷᠭᠦᠭᠡᠭᠳᠡᠭᠰᠡᠨ) ᠪᠣᠯᠤᠭᠰᠠᠨ ᠪᠠ ᠣᠷᠣᠰ ᠬᠣᠯᠪᠣᠭᠠᠨ ᠤ ᠤᠯᠤᠰ ᠪᠠᠶᠢᠭᠤᠯᠤᠭᠳᠠᠬᠤ ᠳᠤ 1992 ᠣᠨ ᠠᠴᠠ ᠪᠦᠭᠦᠳᠡ ᠨᠠᠶᠢᠷᠠᠮᠳᠠᠬᠤ ᠬᠠᠯᠢᠮᠠᠭ ᠤᠯᠤᠰ (ᠷᠧᠰᠫᠦᠪᠯᠢᠺᠠ ᠺᠠᠯᠮ ᠤᠬᠢᠶ᠎ᠠ, ᠬᠠᠯᠮᠭ ᠲᠠңһᠴᠤ) ᠪᠣᠯᠵᠠᠢ᠃ ᠡᠳᠦᠭᠡ ᠡᠨᠡᠬᠦ ᠬᠠᠯᠢᠮᠠᠭ ᠣᠷᠣᠨ ᠤ ᠬᠦᠮᠦᠨ ᠠᠮᠠ ᠶᠢᠨ 57.4% ᠍ ᠶᠢ 162,740 (ᠣᠷᠣᠰ ᠳᠠᠬᠢ ᠪᠦᠬᠦ ᠬᠠᠯᠢᠮᠠᠭ ᠤᠨ 88.7%) ᠬᠠᠯᠢᠮᠠᠭ ᠬᠦᠮᠦᠨ ᠪᠦᠷᠢᠳᠦᠭᠦᠯᠵᠦ ᠪᠠᠶᠢᠨ᠎ᠠ᠃

ᠣᠷᠣᠰ ᠬᠡᠯᠡᠨ ᠦ "ᠺᠠᠯᠮ ᠤᠺᠢ" ᠭᠡᠳᠡᠭ ᠣᠨᠣᠭᠠᠭᠰᠠᠨ ᠨᠡᠷ᠎ᠡ ᠵᠥᠪᠯᠡᠯᠲᠦ ᠬᠣᠯᠪᠣᠭᠠᠲᠤ ᠤᠯᠤᠰ ᠤᠨ ᠪᠦᠷᠢᠯᠳᠦᠬᠦᠨ ᠳ᠋ᠡᠬᠢ ᠣᠶᠢᠷᠠᠳ ᠢ ᠬᠡᠯᠡᠬᠦ ᠶᠡᠷᠦᠩᠬᠡᠢ ᠨᠡᠷ᠎ᠡ ᠪᠣᠯᠤᠭᠰᠠᠨ ᠢᠶᠠᠷ ᠠᠯᠤᠰ ᠬᠣᠯᠠ ᠴᠤ ᠭᠡᠰᠡᠨ ᠳᠦ ᠪᠡᠨ ᠬᠢᠷᠭᠢᠰ ᠤᠯᠤᠰᠠᠳᠠ ᠪᠠᠶᠢᠭ᠎ᠠ 4,188 ᠰᠠᠷ᠎ᠠ ᠳᠤ ᠬᠠᠯᠢᠮᠠᠭᠡᠶᠢᠭ ᠮᠥᠨ ᠯᠠ ᠺᠠᠯᠮ ᠤᠺᠢ ᠭᠡᠵᠦ ᠪᠦᠷᠢᠳᠬᠡᠳᠡᠭ ᠬᠡᠪ ᠢᠶᠡᠷ ᠢᠶᠡᠨ ᠪᠠᠶᠢᠨ᠎ᠠ᠃ ᠣᠷᠣᠰ ᠲᠤ 2010 ᠣᠨ ᠳᠤ 80,546 ᠬᠦᠮᠦᠨ ᠬᠠᠯᠢᠮᠠᠭ ᠬᠡᠯᠡᠲᠡᠢ ᠪᠣᠯᠬᠤ ᠪᠠᠨ ᠮᠡᠳᠡᠭᠦᠯᠦᠭᠰᠡᠨ ᠨᠢ ᠪᠦᠷᠢᠳᠬᠡᠭᠳᠡᠭᠰᠡᠨ 183,372 ᠬᠠᠯᠢᠮᠠᠭ ᠤᠨ 43.9% ᠍ ᠲᠠᠢ ᠲᠡᠩᠴᠡᠨ᠎ᠡ᠃[4]

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠢᠮᠠᠭ ( ᠪᠤᠷᠢᠶᠠᠳ ᠶᠢᠡᠷ ᠬᠠᠯᠮᠠᠭ; ᠬᠠᠯᠢᠮᠠᠭ ᠶᠢᠡᠷ ᠬᠠᠯᠮᠭ) ᠬᠡᠮᠡᠬᠦ ᠨᠡᠷᠡ ᠪᠣᠯ ᠺᠠᠯᠮᠠᠺ ᠭᠡᠬᠦ ᠲᠦᠷᠦᠭ (ᠲᠠᠲᠠᠷ᠂ ᠬᠠᠰᠠᠭ ᠭᠡᠬᠦ ᠮᠡᠲᠦ), ᠺᠠᠯᠮ ᠤᠺ ᠭᠡᠬᠦ ᠣᠷᠣᠰ ᠦᠭᠡᠨ ᠦ ᠬᠣᠵᠢᠮ ᠤᠨ ᠮᠣᠩᠭᠣᠯ ᠬᠤᠪᠢᠯᠪᠤᠷᠢ ᠶᠤᠮ᠃ ᠢᠵᠢᠯ ᠦᠨ ᠣᠶᠢᠷᠠᠳ ᠤᠳ ᠥᠪᠡᠷᠰᠡᠳ ᠢ ᠪᠡᠨ ᠲᠣᠷᠭᠤᠳᠳᠥᠷᠪᠡᠳ ᠭᠡᠬᠦ ᠮᠡᠲᠦ ᠪᠡᠷ ᠣᠪᠤᠭ ᠠᠶᠢᠮᠠᠭ ᠤᠨ ᠨᠡᠷ᠎ᠡ ᠪᠡᠷ ᠲᠣᠳᠣᠷᠬᠠᠶᠢᠯᠠᠳᠠᠭ ᠪᠠᠶᠢᠪᠠ᠃ ᠣᠷᠣᠰ ᠤᠳ ᠲᠡᠳᠡᠨ ᠢ ᠺᠠᠯᠮ ᠤᠺ ᠭᠡᠳᠡᠭ ᠪᠣᠯᠤᠭᠰᠠᠨ ᠨᠢ «ᠦᠯᠡᠳᠡᠭᠰᠡᠨ»᠂ «ᠭᠡᠭᠡᠭᠳᠡᠭᠰᠡᠨ» ᠭᠡᠰᠡᠨ ᠤᠳᠬ᠎ᠠ ᠲᠠᠢ ᠺᠠᠯᠮᠠᠺ ᠭᠡᠬᠦ ᠲᠠᠲ᠋ᠠᠷ ᠲᠡᠮᠳᠡᠭ ᠨᠡᠷ᠎ᠡ ᠡᠴᠡ ᠤᠯᠠᠮᠵᠢᠯᠠᠭᠰᠠᠨ ᠢ 1761 ᠣᠨ ᠳᠤ ᠣᠷᠣᠰ ᠤᠨ ᠲᠦᠰᠢᠮᠡᠯ ᠸ᠃ᠪᠠᠺᠦᠶᠢᠨᠢᠨ ᠪᠢᠴᠢᠵᠦ ᠦᠯᠡᠳᠡᠭᠡᠭᠰᠡᠨ᠃[5]

ᠲᠠᠷᠬᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠢᠮᠠᠭ ᠤᠳ ᠣᠳᠣ ᠠᠰᠲᠷᠠᠬᠠᠨᠢ ᠮᠤᠵᠢᠢᠳᠡ ᠪᠠᠭᠲᠤᠭᠰᠠᠨ 10 ᠠᠶᠢᠮᠠᠭ᠂ ᠣᠶᠢᠷᠠᠳ ᠤᠨ ᠪᠠᠲ᠋ᠦ᠋ᠲ᠂ ᠬᠡᠷᠡᠶᠢᠳ᠂ ᠳᠥᠷᠪᠡᠳ᠂ ᠬᠣᠱᠤᠳ᠂ ᠬᠠᠷᠠᠩ ᠤᠳ᠂ ᠲᠡᠯᠡᠩᠭᠡ ᠳᠦ ᠣᠪᠤᠭ᠂ ᠶᠠᠰᠤᠲᠠᠨ ᠨᠤᠭᠤᠳ ᠪᠠᠭᠲᠤᠭᠰᠠᠨ ᠣᠷᠣᠰ ᠬᠣᠯᠪᠣᠭᠠᠨ ᠤ ᠤᠯᠤᠰ ᠤᠨ ᠬᠠᠷᠢᠶ᠎ᠠ 178000 ᠣᠷᠴᠢᠮ ᠬᠦᠮᠦᠨ ᠠᠮᠠ ᠲᠠᠢ᠂ ᠥᠪᠡᠷᠲᠡᠭᠡᠨ ᠵᠠᠰᠠᠬᠤ ᠡᠷᠬᠡ ᠪᠦᠬᠦᠢ ᠪᠦᠭᠦᠳᠡ ᠨᠠᠶᠢᠷᠠᠮᠳᠠᠬᠤ ᠬᠠᠯᠢᠮᠠᠭ ᠤᠯᠤᠰᠠᠳᠠ ᠠᠮᠢᠳᠤᠷᠠᠵᠤ ᠪᠠᠶᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥ ᠥᠷᠯᠥᠭᠥᠭᠡᠷ᠎ᠡ ᠠᠬᠠᠯᠠᠭᠤᠯᠤᠭᠰᠠᠨ ᠲᠣᠷᠭᠤᠳᠳᠥᠷᠪᠡᠳ ᠠᠶᠢᠮᠠᠭ ᠤᠨ ᠬᠢᠨ ᠠᠴᠠ ᠶᠡᠬᠡᠪᠴᠢᠯᠡᠨ ᠪᠦᠷᠢᠳᠦᠭᠰᠡᠨ ᠣᠶᠢᠷᠠᠳ ᠨᠢ 1607 ᠣᠨ ᠳᠤ ᠪᠠᠷᠠᠭᠤᠨ ᠵᠦᠭ ᠨᠡᠭᠦᠳᠡᠯᠯᠡᠨ ᠣᠳᠤᠭᠰᠠᠨ ᠪᠥᠭᠡᠳ ᠴᠢᠨᠠᠭᠰᠢ ᠨᠡᠭᠦᠭᠰᠡᠭᠡᠷ ᠢᠵᠢᠯ ᠮᠥᠷᠡᠨ ᠳᠤ ᠰᠠᠭᠤᠷᠢᠰᠢᠵᠤ ᠬᠠᠯᠢᠮᠠᠭ ᠤᠨ ᠬᠠᠨᠲᠠ ᠤᠯᠤᠰ ᠍ ᠢ ᠪᠠᠶᠢᠭᠤᠯᠵᠠᠢ᠃ ᠲᠡᠳᠡ 1655 ᠣᠨ ᠳᠤ ᠣᠷᠣᠰ ᠤᠨ ᠬᠠᠭᠠᠨ ᠳᠤ ᠡᠯᠴᠢ ᠢᠯᠡᠭᠡᠨ ᠬᠣᠯᠪᠣᠭᠠᠲᠠᠨ ᠨᠢ ᠪᠣᠯᠵᠠᠢ᠃ ᠬᠠᠯᠢᠮᠠᠭ ᠤᠨ ᠠᠶᠤᠤᠶᠢ (1670-1724) I ᠫᠶᠲ᠋ᠷ ᠬᠠᠭᠠᠨᠲᠠᠢ ᠭᠡᠷ᠎ᠡ ᠪᠠᠶᠢᠭᠤᠯᠤᠨ ᠣᠷᠣᠰ ᠤᠨ ᠡᠮᠦᠨᠡᠲᠦ ᠬᠢᠯᠢ ᠶᠢ ᠺᠠᠸᠬᠠᠰ ᠍ ᠤᠨ ᠬᠢᠨ᠂ ᠲᠦᠷᠺ ᠦᠳ ᠡᠴᠡ ᠬᠠᠮᠠᠭᠠᠯᠠᠬᠤ ᠪᠣᠯᠤᠭᠰᠠᠨ ᠢᠶᠠᠷ ᠣᠷᠣᠰ ᠤᠨ ᠴᠡᠷᠢᠭ ᠦᠨ ᠭᠣᠣᠯ ᠬᠣᠯᠪᠣᠭᠠᠲᠠᠨ ᠪᠣᠯᠵᠠᠢ᠃ ᠬᠠᠯᠢᠮᠠᠭ ᠤᠳ ᠣᠷᠣᠰ ᠤᠨ ᠬᠠᠷᠢᠶᠠᠨ ᠳᠤ ᠪᠠᠶᠢᠭᠰᠠᠨ ᠵᠢᠷ ᠦᠨ ᠨᠢᠭᠡᠨ ᠵᠢᠵᠢᠭ ᠤᠭᠰᠠᠭᠠᠲᠠᠨ ᠪᠠᠶᠢᠭᠰᠠᠨ ᠦᠭᠡᠢ 1681 ᠣᠨ ᠳᠤ ᠪᠠᠱᠺᠢᠷ ᠢ ᠣᠷᠣᠰ ᠲᠤ ᠨᠢᠭᠡᠳᠬᠡᠬᠦ ᠳᠦ᠂ 1710 ᠣᠨ ᠳᠤ ᠲᠦᠷᠺᠡᠶᠢᠨ ᠡᠰᠡᠷᠬᠦ ᠳᠠᠶᠢᠨ ᠳᠤ᠂ 1709 ᠣᠨ ᠳᠤ ᠰᠸᠸᠳᠡᠨᠲᠡᠢ ᠬᠢᠭᠰᠡᠨ ᠫᠣᠯᠲᠠᠪ ᠤᠨ ᠲᠤᠯᠤᠯᠳᠤᠭᠠᠨᠳ᠂ 1728 ᠣᠨ ᠳᠤ ᠫᠧᠷᠰ ᠦᠨ ᠳᠠᠶᠢᠨᠳ᠂ 1786 ᠣᠨ ᠳᠤ ᠣᠷᠣᠰ ᠤᠳ ᠺᠠᠸᠬᠠᠰ ᠢ ᠡᠵᠡᠯᠡᠨ ᠠᠪᠴᠤ ᠺᠷ ᠤᠮ ᠤᠨ ᠬᠠᠨᠯᠢᠭᠡᠶᠢᠭ ᠪᠤᠲᠠ ᠴᠣᠬᠢᠬᠤ ᠳᠤ᠂ 1910-1814 ᠣᠨ ᠤ ᠣᠷᠣᠰ-ᠹᠷᠠᠨᠼᠢ ᠶᠢᠨ ᠳᠠᠶᠢᠨ ᠳᠤ (ᠢᠯᠠᠩᠭᠤᠶ᠎ᠠ ᠠᠯᠳᠠᠷᠲᠤ ᠪᠣᠷᠣᠳᠠᠨ ᠤ ᠲᠤᠯᠤᠯᠳᠤᠭᠠᠨ ᠳᠤ) ᠣᠷᠣᠰ ᠤᠨ ᠭᠣᠣᠯ ᠬᠣᠯᠪᠣᠭᠠᠲᠠᠨ ᠪᠣᠯᠵᠤ ᠣᠷᠣᠯᠴᠠᠵᠤ ᠪᠠᠶᠢᠴᠠᠢ᠃ ᠨᠠᠫᠣᠯᠶᠣᠨ I ᠪᠤᠨᠠᠫᠠᠷᠲ "ᠬᠦᠮᠦᠨ ᠲᠥᠷᠥᠯᠬᠢᠲᠡᠨ ᠳᠠᠶᠢᠨ ᠪᠠᠶᠢᠯᠳᠤᠭᠠᠨ ᠤ ᠦᠶ᠎ᠡ ᠳᠦ ᠵᠢᠭᠳᠡ ᠴᠡᠮᠴᠡᠭᠡᠷ ᠬᠤᠪᠴᠠᠰᠤ᠂ ᠶᠣᠰᠣᠯᠠᠯ ᠲᠡᠭᠦᠯᠳᠡᠷ ᠵᠢᠭ᠌ᠰᠠᠭᠠᠯ᠂ ᠨᠢᠵᠢᠭᠡᠷ ᠪᠥᠮᠪᠥᠷ ᠭᠡᠬᠦ ᠮᠡᠲᠦ ᠴᠡᠷᠢᠭ ᠦᠨ ᠤᠷᠠᠯᠢᠭ ᠤᠨ ᠰᠤᠶᠤᠯ ᠢ ᠬᠠᠷᠠᠭᠤᠯᠬᠤ ᠶᠣᠰᠣᠲᠠᠢ᠃ ᠣᠷᠣᠰ ᠤᠨ ᠠᠷᠮᠢ ᠶᠢᠨ ᠳᠤᠮᠳᠠ ᠬᠦᠮᠦᠨ ᠢᠳᠡᠳᠡᠭ ᠵᠡᠷᠯᠢᠭ ᠦᠳ ᠪᠠᠶᠢᠭ᠎ᠠ ᠪᠠ ᠲᠡᠳᠡᠭᠡᠷ ᠮᠢᠬᠠᠴᠢᠳ ᠠᠴᠠ ᠪᠣᠯᠵᠤ ᠡᠷ᠎ᠡ ᠴᠡᠷᠢᠭ ᠢᠳᠡ ᠬᠠᠪᠤ ᠪᠠᠨ ᠦᠵᠡᠭᠦᠯᠵᠦ ᠴᠢᠳᠠᠬᠤ ᠦᠭᠡᠢ ᠳᠦ ᠬᠦᠷᠴᠦ ᠪᠠᠶᠢᠨ᠎ᠠ᠃ ᠲᠠ ᠲᠡᠷᠡ ᠵᠡᠷᠯᠢᠭ ᠦᠳ ᠢ ᠲᠤᠷᠬᠢᠷᠠᠵᠤ ᠠᠷᠤ ᠠᠴᠠ ᠨᠢ ᠣᠷᠣᠰ ᠤᠨ ᠠᠷᠮᠢ ᠶᠢᠨ ᠬᠦᠴᠦ ᠴᠢᠳᠠᠯ ᠭᠡᠵᠦ ᠬᠡᠶᠢᠷᠬᠡᠵᠦ ᠪᠤᠢ ᠨᠢ ᠢᠨᠢᠶᠡᠳᠦᠮ ᠲᠡᠢ ᠬᠡᠷᠡᠭ᠃ ᠬᠠᠷᠢᠨ ᠪᠢ ᠲᠡᠷᠡ ᠵᠡᠷᠯᠢᠭ ᠦᠳ ᠲᠡᠢ ᠪᠤᠰᠤ ᠲᠠᠨ ᠲᠠᠢ᠂ ᠣᠷᠣᠰ ᠤᠳ ᠲᠠᠢ ᠲᠤᠯᠤᠯᠳᠤᠬᠤ ᠶᠢ ᠬᠦᠰᠡᠨ᠎ᠡ" ᠭᠡᠵᠦ ᠣᠷᠣᠰ ᠤᠨ ᠬᠠᠭᠠᠨ I ᠠᠯᠧᠺᠰᠠᠨᠳᠠᠷ ᠲᠤ ᠵᠠᠬᠢᠳᠠᠯ ᠢᠯᠡᠭᠡᠵᠦ ᠪᠠᠶᠢᠯ᠎ᠠ᠃ ᠡᠨᠡ ᠳᠠᠶᠢᠨ ᠳᠤ ᠬᠠᠯᠢᠮᠠᠭ ᠤᠨ ᠲᠦᠨᠳᠦᠪ᠂ ᠰᠡᠷᠡᠩᠵᠠᠪ᠂ ᠪᠠᠷᠠᠭᠤᠨ ᠮᠣᠩᠭᠣᠯᠣ ᠠᠴᠠ ᠢᠷᠡᠭᠰᠡᠨ ᠵᠠᠮᠢᠶᠠᠨ᠂ ᠴᠡᠪᠡᠭᠵᠠᠪ ᠨᠠᠷ ᠤᠨ ᠤᠳᠤᠷᠢᠳᠤᠭᠰᠠᠨ ᠬᠠᠯᠢᠮᠠᠭ ᠴᠡᠷᠢᠭ ᠦᠳ ᠣᠷᠣᠰ ᠤᠨ ᠠᠷᠮᠢ ᠶᠢᠨ ᠪᠦᠷᠢᠯᠳᠦᠬᠦᠨ ᠳᠦ ᠶᠠᠪᠤᠵᠤ ᠠᠦᠢᠰᠲᠷᠶ᠎ᠠ ᠬᠦᠷᠲᠡᠯ᠎ᠡ ᠲᠤᠯᠤᠯᠳᠤᠵᠤ ᠣᠷᠣᠰ ᠤᠨ ᠬᠠᠮᠢᠭ᠎ᠠ ᠠᠴᠠ ᠶᠡᠬᠡ ᠱᠠᠩ ᠬᠠᠷᠠᠮᠵᠢ ᠠᠪᠴᠠᠢ᠃ ᠡᠶᠢᠮᠦ ᠡᠴᠡ ᠶᠡᠬᠡ ᠢᠷᠠᠭᠤ ᠨᠠᠶᠢᠷᠠᠭᠴᠢ ᠠ᠃ᠰ᠃ᠫᠤᠱᠺᠢᠨ ᠥᠪᠡᠷ ᠦᠨ ᠰᠢᠯᠦᠭ ᠲᠦ ᠪᠡᠨ "ᠲᠠᠯ᠎ᠠ ᠶᠢᠨ ᠨᠥᠬᠥᠷ ᠬᠠᠯᠢᠮᠠᠭ" ᠭᠡᠵᠦ ᠣᠨᠴᠠᠯᠠᠨ ᠲᠡᠮᠳᠡᠭᠯᠡᠭᠰᠡᠨ ᠪᠠᠶᠢᠳᠠᠭ᠃

1917 ᠣᠨ ᠤ ᠬᠤᠪᠢᠰᠬᠠᠯ ᠍ ᠤᠨ ᠳᠠᠷᠠᠭ᠎ᠠ ᠬᠠᠯᠢᠮᠠᠭ ᠤᠨ ᠣᠯᠠᠨ ᠰᠤᠷᠪᠤᠯᠵᠢᠲᠠᠨ᠂ ᠨᠣᠶᠠᠳ ᠹᠷᠠᠨᠼᠢᠠᠮᠧᠷᠢᠺᠠ ᠶᠢᠨ ᠨᠢᠭᠡᠳᠦᠭᠰᠡᠨ ᠤᠯᠤᠰ ᠷᠤ ᠴᠠᠭᠠᠴᠢᠯᠠᠭᠰᠠᠨ ᠪᠥᠭᠡᠳ ᠢᠵᠢᠯ ᠮᠥᠷᠦᠨ ᠳᠦ ᠪᠡᠨ ᠦᠯᠡᠳᠡᠨ ᠥᠯᠥᠰᠬᠦᠯᠡᠩ ᠳᠦ ᠨᠡᠷᠪᠡᠭᠳᠡᠭᠰᠡᠨ ᠬᠠᠯᠢᠮᠠᠭ ᠠᠬ᠎ᠠ ᠳᠡᠭᠦᠦ ᠨᠠᠷᠠᠲᠤ ᠪᠠᠨ 1922-1923 ᠣᠨ ᠳᠤ ᠮᠣᠩᠭᠣᠯ ᠤᠨ АЗГ ᠍ ᠠᠴᠠ ᠲᠤᠰᠠᠯᠠᠮᠵᠢ ᠦᠵᠡᠭᠦᠯᠵᠦ ᠪᠠᠶᠢᠭᠰᠠᠨ ᠲᠤᠬᠠᠢ ᠠᠷᠬᠢᠸ ᠤᠨ ᠮᠡᠳᠡᠭᠡ ᠪᠠᠶᠢᠳᠠᠭ᠃ ᠣᠺᠲ᠋ᠢᠶᠠᠪᠧᠷ ᠤᠨ ᠬᠤᠪᠢᠰᠬᠠᠯ ᠍ ᠤᠨ ᠳᠠᠷᠠᠭ᠎ᠠ ᠬᠠᠯᠢᠮᠠᠭᠴᠤᠳ ᠪᠡᠶ᠎ᠡ ᠳᠠᠬᠤ ᠵᠣᠷᠢᠯᠭ᠎ᠠ ᠶᠢᠨ ᠡᠭᠦᠳᠡᠨ ᠡᠴᠡ 1917 ᠣᠨ ᠳᠤ ᠸᠠᠩ ᠲᠤᠨᠳᠤᠲ᠋ᠣᠪ ᠍ ᠤᠨ ᠤᠳᠤᠷᠢᠳᠤᠯᠭ᠎ᠠ ᠪᠠᠷ ᠬᠠᠯᠢᠮᠠᠭ ᠤᠨ ᠵᠡᠪᠰᠡᠭᠲᠦ ᠪᠣᠰᠤᠯᠭ᠎ᠠ ᠭᠠᠷᠭᠠᠭᠰᠠᠨ ᠪᠠ ᠵᠥᠪᠯᠡᠯᠲᠦᠵᠢᠭᠦᠯᠬᠦ ᠦᠢᠯᠡ ᠶᠠᠪᠤᠴᠠ ᠶᠢᠨ ᠡᠰᠡᠷᠬᠦ 1930 ᠍ ᠳᠦ ᠣᠨ ᠳᠤ ᠮᠥᠨ ᠵᠡᠪᠰᠡᠭᠲᠦ ᠪᠣᠰᠤᠯᠭ᠎ᠠ ᠭᠠᠷᠭᠠᠨ ᠡᠰᠡᠷᠭᠦᠴᠡᠵᠦ ᠪᠠᠶᠢᠭᠰᠠᠨ ᠢ ᠵᠥᠪᠯᠡᠯᠲᠦ ᠬᠣᠯᠪᠣᠭᠠᠲᠤ ᠤᠯᠤᠰ ᠥᠪᠡᠷ ᠦᠨ ᠤᠯᠠᠭᠠᠨ ᠠᠷᠮᠢ ᠍ ᠶᠢᠨ ᠬᠦᠴᠦ ᠪᠡᠷ ᠴᠢᠰᠤ ᠤᠷᠤᠰᠬᠠᠨ ᠬᠦᠴᠦ ᠪᠡᠷ ᠳᠠᠷᠤᠵᠤ ᠪᠠᠶᠢᠴᠠᠢ᠃

ᠯᠠ᠃ᠭᠤᠮᠢᠯᠧᠪᠡᠰᠦ ᠶᠠᠮᠠᠷ ᠠᠷᠠᠳ ᠲᠦᠮᠡᠨ ᠢ ᠬᠠᠮᠤᠭ ᠤᠨ ᠶᠡᠬᠡ ᠬᠦᠨᠳᠦᠯᠡᠳᠡᠭ ᠭᠡᠵᠦ ᠠᠰᠠᠭᠤᠬᠤ ᠳᠤ ᠬᠠᠯᠢᠮᠠᠭ ᠪᠣᠯᠤᠨ ᠤᠮᠠᠷᠠᠳᠤ ᠠᠮᠧᠷᠢᠺᠠ ᠶᠢᠨ ᠢᠨᠳᠢᠶᠠᠨᠴᠤᠤᠳ᠂ ᠤᠴᠢᠷ ᠨᠢ ᠲᠡᠳᠡ ᠪᠣᠭᠣᠯ ᠪᠣᠯᠤᠭᠰᠠᠨ ᠠᠴᠠ ᠦᠬᠦᠭᠰᠡᠨ ᠨᠢ ᠳᠡᠭᠡᠷ᠎ᠡ ᠭᠡᠵᠦ ᠦᠵᠡᠳᠡᠭ ᠭᠡᠵᠦ ᠬᠠᠷᠢᠭᠤᠯᠵᠠᠢ᠃ ᠠᠮᠧᠷᠢᠺᠠ ᠶᠢᠨ ᠰᠡᠳᠬᠦᠯᠴᠢ ᠠᠨᠠ-ᠯᠤᠶᠢᠰᠠ ᠰᠲᠷᠣᠨ ᠢ 1945 ᠣᠨ ᠳᠤ "ᠵᠥᠪᠯᠡᠯᠲᠦ ᠶᠢᠨ ᠠᠷᠠᠳ ᠲᠦᠮᠡᠨ ᠨᠦᠭᠦᠳ" ᠨᠣᠮᠣᠨ ᠳᠤ ᠪᠠᠨ ᠪᠧᠷᠯᠢᠨ ᠦ ᠰᠣᠨᠢᠨᠤᠭ ᠤᠳ ᠬᠠᠯᠢᠮᠠᠭ ᠤᠳ ᠤᠨ ᠬᠡᠲᠦᠷᠬᠡᠢ ᠭᠡᠮᠡᠷ ᠡᠷᠡᠯᠬᠡᠭ ᠵᠣᠷᠢᠭ ᠢ ᠣᠨᠴᠠᠭᠠᠶᠢᠯᠠᠨ ᠪᠢᠴᠢᠵᠦ ᠪᠠᠶᠢᠭᠰᠠᠨ ᠭᠡᠵᠡᠢ᠃[6]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠣᠹᠢᠼᠢᠠᠯᠩ ᠤᠢ ᠰᠠᠶᠢᠲᠤ ᠸᠰᠧᠷᠣᠰᠢᠰᠺᠣᠢ ᠫᠧᠷᠧᠫᠢᠰᠢ ᠨᠠᠰᠧᠯᠧᠨᠢᠶ᠎ᠠ 2010 ᠭᠣᠳᠠ᠃ ᠢᠨᠹᠷᠮᠠᠼᠢᠤᠨ ᠤᠧ ᠮᠠᠲ᠋ᠧᠷᠢᠠᠯ ᠤ ᠣᠪ ᠣᠺᠣᠨᠴᠠᠲ᠋ᠧᠯᠨ ᠤ ᠬᠢ ᠢᠲ᠋ᠣᠠᠬᠤ ᠸᠰᠧᠷᠣᠰᠢᠰᠺᠣᠢ ᠫᠧᠷᠧᠫᠢᠰᠢ ᠨᠠᠰᠧᠯᠧᠨᠢᠶ᠎ᠠ 2010 ᠭᠣᠳᠠ
  2. ᠬᠠᠤᠭ ᠸ᠃ ᠳᠧᠮᠣᠭᠷᠠᠹᠢᠴᠧᠰᠺᠧ ᠲᠧᠨᠳᠧᠨᠼᠢ᠂ ᠹᠣᠷᠮᠢᠷᠪᠢᠨᠧ ᠨᠠᠼᠢᠢ ᠢ ᠮᠧᠵᠡᠲᠨᠢᠴᠧᠰᠺᠧ ᠣᠲᠣᠨᠣᠱᠧᠨᠢᠶ᠎ᠠ ᠸ ᠺᠢᠷᠭᠢᠽᠢᠢ.
  3. ᠨᠠ᠃ ᠰᠦᠬᠡᠪᠠᠭᠠᠲᠤᠷ:ᠳᠠᠷᠤᠭᠳᠠᠵᠤ ᠨᠤᠬᠤᠯᠠᠭᠳᠠᠭᠰᠠᠨ ᠴᠤ ᠡᠪᠦᠳᠦᠭ ᠰᠥᠬᠥᠷᠡᠭᠡ ᠦᠭᠡᠢ ᠬᠠᠯᠢᠮᠠᠭ ᠤᠳ ᠮᠢᠨᠢ
  4. ᠫᠧᠷᠧᠫᠢᠰᠢ-2010
  5. ᠴᠢᠲ᠃ ᠫᠣ: ᠢᠰᠲ᠋ᠣᠷᠢᠴᠧᠰᠺᠧ ᠫᠷᠧᠳᠫᠣᠰ ᠤᠯᠺᠢ ᠰᠯᠣᠵᠧᠨᠢᠶ᠎ᠠ ᠺᠠᠯᠮ ᠤᠴᠺᠣᠢ ᠨᠠᠷᠣᠳᠨᠠᠰᠲ᠋ᠢ // ᠣᠽᠧᠷᠺᠢ ᠢᠰᠲ᠋ᠣᠷᠢ ᠺᠠᠯᠮ ᠤᠴᠺᠣᠢ АССР᠃ ᠳᠣᠣᠺᠲ᠋ᠶᠠᠪᠷᠢᠰᠺ ᠦ ᠫᠧᠷᠢᠶ᠎ᠠ ᠳᠤ᠃ — ᠮ᠃: ᠨᠢᠺᠠ᠂ 1967.
  6. [1] ᠯᠸ ᠭᠤᠮᠢᠯᠧᠸ ᠨᠠ ᠸᠣᠫᠷᠣᠰ: "ᠺᠠᠺᠣᠢ ᠢᠽ ᠨᠠᠷᠣᠳᠣᠪ ᠮᠢᠷᠠ ᠸ ᠤ ᠤᠸᠠᠵᠢᠧᠲ᠋ᠧ ᠪᠣᠯᠱᠧ ᠸᠰᠧᠬ?" ᠣᠲ᠋ᠸᠧᠲ᠋ᠢᠯ: "ᠺᠠᠯᠮ ᠤᠺᠣᠸ ᠢ ᠰᠧᠸᠧᠷᠣ ᠠᠮᠧᠷᠢᠺᠠᠨᠰᠺᠢᠬ ᠢᠨᠳᠧᠢᠽᠧᠸ᠂ᠣᠨᠢ ᠫᠷᠧᠳᠫᠣᠴᠢᠲ᠋ᠠᠶᠦᠲ ᠫᠣᠭᠢᠪᠨᠦ᠋ᠲ᠂ᠴᠧᠮ ᠰᠲ᠋ᠠᠲ ᠷᠠᠪᠠᠮᠢ᠃.." ... ᠮᠨᠡᠨᠧ ᠨᠧᠽᠠᠸᠢᠰᠢᠮᠣᠢ ᠠᠮᠧᠷᠢᠺᠠᠨᠰᠺᠣᠢ ᠵᠦᠷᠨᠠᠯᠢᠰᠲᠺᠢ ᠠᠨ ᠤ-ᠯᠤᠶᠢᠰ ᠤ ᠰᠲᠷᠣᠨ ᠢ᠂ ᠺᠣᠲ᠋ᠣᠷᠠᠶ᠎ᠠ ᠸ ᠰᠪᠧᠢ ᠺᠨᠭᠧ «ᠨᠠᠷᠤᠳ᠋ ᠍ ᠤ ᠰᠣᠸᠧᠲ᠋ᠰᠺᠣᠭᠣ ᠰᠣᠶᠵᠠ»᠂ ᠢᠰᠲᠠᠨᠣᠢ ᠸ 1945 ᠭᠣᠳᠤ᠂ ᠫᠢᠰᠯᠠ: «…ᠫᠣ ᠰᠲᠷᠠᠨᠣᠢ ᠢᠷᠠᠨᠢ ᠰᠤᠳᠢᠪ ᠤ ᠫᠧᠷᠸ ᠤᠧ ᠺᠷᠠᠰᠠᠨ᠎ᠠ ᠪᠠᠷᠮᠧᠢᠴ ᠤ᠂ ᠤᠫᠣᠮᠢᠨᠦ᠋ᠲ ᠤᠧ ᠸ ᠪᠧᠷᠯᠢᠨᠰᠺᠣᠢ ᠫᠷᠧᠰᠰᠧ ᠵᠠ „ᠰᠤᠮᠠᠰᠱᠧᠳᠰᠢ ᠭᠧᠷᠣᠶᠢᠰᠮ《, ᠪ ᠤᠯ ᠺᠠᠯᠮ ᠤᠺᠢ…»᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠬᠠᠯᠢᠮᠠᠭ&oldid=442097》 ᠍  ᠡᠴᠡ ᠠᠪᠤᠭᠰᠠᠨ

ᠪᠢᠴᠢᠭᠡᠰᠦ