ᠬᠠᠮᠤᠭ ᠮᠣᠩᠭᠣᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠠᠮᠤᠭ ᠮᠣᠩᠭᠣᠯ ᠨᠢ 12 ᠍ ᠳᠦᠭᠡᠷ ᠵᠠᠭᠤᠨ ᠤ ᠦᠶ᠎ᠡ ᠳᠦ ᠪᠣᠷᠵᠢᠭᠢᠨ ᠣᠪᠤᠭ ᠠᠶᠢᠮᠠᠭ ᠤᠳ ᠢ ᠨᠢᠭᠡᠳᠬᠡᠭᠰᠡᠨ ᠣᠨᠣᠨ ᠮᠥᠷᠡᠨ ᠦ ᠡᠬᠢ ᠬᠠᠪᠢ ᠳᠤ ᠨᠤᠲᠤᠭᠯᠠᠳᠠᠭ ᠮᠣᠩᠭᠣᠯ ᠠᠶᠢᠮᠠᠭ ᠪᠠᠶᠢᠴᠠᠢ᠃ 1130 ᠍ ᠊ᠭᠠᠳ᠂ 1140 ᠍ ᠊ᠭᠡᠳ ᠣᠨ ᠨᠤᠭᠤᠳ ᠲᠤ ᠬᠠᠮᠤᠭ ᠮᠣᠩᠭᠣᠯ ᠢ ᠬᠠᠪᠤᠯ ᠬᠠᠭᠠᠨ ᠵᠠᠬᠢᠷᠴᠢ ᠪᠠᠶᠢᠭᠰᠠᠨ᠃ ᠬᠠᠪᠤᠯ ᠬᠠᠭᠠᠨ ᠠᠯᠲᠠᠨ ᠤᠯᠤᠰ ᠍ ᠤᠨ ᠡᠰᠡᠷᠬᠦ ᠤᠳᠠᠭ᠎ᠠ ᠳᠠᠷᠠᠭ᠎ᠠ ᠠᠮᠵᠢᠯᠲᠠ ᠲᠠᠢ ᠳᠠᠶᠢᠲᠤᠭᠰᠠᠨ ᠤ ᠡᠴᠦᠰ ᠲᠦ ᠠᠰᠢᠭᠲᠠᠢ ᠨᠠᠶᠢᠷᠠᠮᠳᠠᠯ ᠤᠨ ᠭᠡᠷ᠎ᠡ ᠪᠠᠶᠢᠭᠤᠯᠵᠤ ᠥᠪᠡᠷ ᠢ ᠪᠡᠨ ᠬᠠᠮᠤᠭ ᠮᠣᠩᠭᠣᠯ ᠤᠨ ᠬᠠᠭᠠᠨ ᠭᠡᠵᠦ ᠬᠦᠯᠢᠶᠡᠨ ᠵᠥᠪᠰᠢᠶᠡᠷᠡᠭᠦᠯᠵᠦ ᠪᠠᠶᠢᠭᠰᠠᠨ ᠪᠠᠶᠢᠨ᠎ᠠ᠃ ᠬᠠᠪᠤᠯ ᠬᠠᠭᠠᠨ ᠬᠡᠳᠦᠢ ᠳᠣᠯᠣᠭᠠᠨ ᠬᠦᠦᠲᠡᠢ ᠪᠠᠶᠢᠭᠰᠠᠨ ᠴᠤ ᠨᠠᠰᠤ ᠪᠠᠷᠠᠭᠰᠠᠨ ᠤ ᠳᠠᠷᠠᠭ᠎ᠠ ᠪᠠᠷ ᠠᠮᠪᠠᠭᠠᠢ ᠬᠠᠭᠠᠨ ᠳᠤ ᠬᠠᠭᠠᠨ ᠰᠢᠷᠡᠭᠡ ᠪᠡᠨ ᠵᠠᠯᠭᠠᠮᠵᠢᠯᠠᠭᠤᠯᠤᠭᠰᠠᠨ ᠪᠠᠶᠢᠨ᠎ᠠ᠃ ᠠᠮᠪᠠᠭᠠᠢ ᠬᠠᠭᠠᠨ ᠢ ᠲᠠᠲ᠋ᠠᠷ ᠠᠶᠢᠮᠠᠭ ᠤᠨ ᠬᠢᠨ ᠪᠠᠷᠢᠵᠤ ᠠᠯᠲᠠᠨ ᠤᠯᠤᠰ ᠲᠤ ᠬᠦᠷᠭᠡᠭᠦᠯᠦᠨ ᠮᠣᠳᠣᠨ ᠡᠯᠵᠢᠭᠡ ᠳᠦ ᠲᠡᠯᠡᠨ ᠠᠯᠠᠵᠤ ᠪᠠᠶᠢᠴᠠᠢ᠃ ᠠᠮᠪᠠᠭᠠᠢ ᠶᠢᠨ ᠳᠠᠷᠠᠭ᠎ᠠ ᠬᠠᠪᠤᠯ ᠬᠠᠭᠠᠨ ᠤ ᠬᠦᠦ ᠬᠠᠳᠠᠯ ᠬᠠᠭᠠᠨ ᠰᠠᠭᠤᠭᠰᠠᠨ ᠪᠥᠭᠡᠳ ᠠᠮᠪᠠᠭᠠᠢ ᠶᠢᠨ ᠬᠦᠦ ᠬᠠᠳᠠᠭᠠᠨ ᠲᠠᠶᠢᠵᠢᠡᠶᠢᠨ ᠬᠠᠮᠲᠤ ᠪᠠᠷ ᠲᠠᠲ᠋ᠠᠷ ᠠᠶᠢᠮᠠᠭ ᠲᠠᠢ ᠣᠯᠠᠨ ᠤᠳᠠᠭ᠎ᠠ ᠳᠠᠶᠢᠲᠤᠭᠰᠠᠨ ᠪᠣᠯᠪᠠᠴᠤ ᠠᠮᠵᠢᠯᠲᠠ ᠣᠯᠤᠭ᠎ᠠ ᠦᠭᠡᠢ ᠪᠠᠶᠢᠨ᠎ᠠ᠃ ᠬᠠᠳᠠᠯ ᠬᠠᠭᠠᠨ ᠤ ᠨᠠᠰᠤ ᠪᠠᠷᠠᠭᠰᠠᠨ ᠤ ᠳᠠᠷᠠᠭ᠎ᠠ ᠬᠠᠮᠤᠭ ᠮᠣᠩᠭᠣᠯ ᠤᠨ ᠬᠠᠨᠯᠢᠭ ᠬᠠᠡᠨ ᠭᠦᠢ ᠪᠣᠯᠵᠤ ᠤᠷᠢᠳᠤ ᠶᠢᠨ ᠬᠦᠴᠦᠷᠬᠡᠭ ᠪᠠᠶᠢᠳᠠᠯ ᠢᠶᠠᠨ ᠠᠯᠠᠳᠠᠭᠰᠠᠨ ᠪᠠᠶᠢᠨ᠎ᠠ᠃ 1189 ᠣᠨ ᠳᠤ ᠬᠠᠪᠤᠯ ᠬᠠᠭᠠᠨ ᠤ ᠭᠤᠴᠢ ᠴᠢᠩᠭᠢᠰ ᠬᠠᠭᠠᠨ ᠬᠠᠮᠤᠭ ᠮᠣᠩᠭᠣᠯ ᠤᠨ ᠬᠠᠨ ᠰᠠᠭᠤᠵᠤ ᠤᠯᠠᠮ ᠢᠶᠠᠷ ᠲᠠᠯ᠎ᠠ ᠨᠤᠲᠤᠭ ᠤᠨ ᠮᠣᠩᠭᠣᠯ᠂ ᠲᠦᠷᠦᠭ ᠭᠠᠷᠤᠯ ᠤᠨ ᠣᠪᠤᠭ ᠠᠶᠢᠮᠠᠭ ᠤᠳ ᠢ ᠨᠢᠭᠡᠳᠬᠡᠨ 1206 ᠣᠨ ᠳᠤ ᠶᠡᠬᠡ ᠮᠣᠩᠭᠣᠯ ᠤᠯᠤᠰ ᠍ ᠢ ᠪᠠᠶᠢᠭᠤᠯᠵᠠᠢ᠃

ᠬᠠᠮᠤᠭ ᠮᠣᠩᠭᠣᠯ ᠨᠢ ᠪᠣᠷᠵᠢᠭᠢᠨ ᠣᠪᠤᠭ ᠤᠨ ᠣᠯᠠᠨ ᠲᠣᠭᠠᠨ ᠤ ᠳᠡᠳ᠋ ᠣᠪᠤᠭ ᠤᠳ ᠠᠴᠠ ᠲᠣᠭᠲᠠᠵᠤ ᠪᠠᠶᠢᠭᠰᠠᠨ ᠤ ᠳᠣᠲᠣᠷ᠎ᠠ ᠬᠠᠮᠤᠭ ᠤᠨ ᠬᠦᠴᠦᠷᠬᠡᠭ ᠨᠢ ᠬᠢᠶᠠᠳ ᠪᠣᠷᠵᠢᠭᠢᠨ ᠪᠠ ᠲᠠᠶᠢᠴᠢᠭᠤᠳ ᠨᠠᠷ ᠪᠠᠶᠢᠴᠠᠢ᠃ ᠬᠢᠶᠠᠳ ᠪᠣᠷᠵᠢᠭᠢᠨ ᠨᠢ ᠬᠠᠪᠤᠯ ᠬᠠᠭᠠᠨ ᠤ ᠤᠳᠤᠮ ᠪᠣᠯ ᠲᠠᠶᠢᠴᠢᠭᠤᠳ ᠨᠢ ᠰᠡᠩᠭᠦᠨ ᠪᠢᠯᠢᠭ ᠦᠨ ᠬᠥᠪᠡᠭᠦᠨ ᠠᠮᠪᠠᠭᠠᠢ ᠬᠠᠭᠠᠨ ᠤ ᠤᠳᠤᠮ ᠪᠣᠯᠤᠨ᠎ᠠ᠃ ᠠᠯᠢ ᠠᠯᠢ ᠨᠢ ᠪᠣᠷᠵᠢᠭᠢᠨ ᠣᠪᠤᠭ ᠤᠨ ᠡᠪᠦᠭᠡ ᠪᠣᠳᠣᠨᠴᠠᠷ ᠮᠤᠩᠬᠠᠭᠡᠶᠢᠨ ᠳᠥᠴᠢ ᠬᠠᠶᠢᠳᠤᠭ ᠤᠨ ᠦᠷ᠎ᠡ ᠤᠳᠤᠮ ᠪᠣᠯᠤᠨ᠎ᠠ᠃ ᠬᠠᠮᠤᠭ ᠮᠣᠩᠭᠣᠯ ᠢ ᠤᠭ ᠣᠪᠤᠭ ᠤᠳ ᠨᠢ ᠡᠭᠡᠯᠵᠢᠯᠡᠨ ᠵᠠᠬᠢᠷᠴᠢ ᠪᠠᠶᠢᠭᠰᠠᠨ ᠪᠠ ᠬᠠᠳᠠᠯ ᠬᠠᠭᠠᠨ ᠤ ᠳᠠᠷᠠᠭ᠎ᠠ ᠪᠠᠷ ᠬᠢᠶᠠᠳ ᠪᠣᠷᠵᠢᠭᠢᠨ ᠤ ᠶᠡᠰᠦᠭᠡᠢ ᠪᠠᠭᠠᠲᠤᠷ ᠤᠳᠤᠷᠢᠳᠥᠵᠤ ᠪᠠᠶᠢᠭᠰᠠᠨ ᠪᠣᠯ ᠲᠡᠭᠦᠨ ᠦ ᠶᠢᠨ ᠲᠠᠲ᠋ᠠᠷ ᠤᠳ ᠲᠤ ᠬᠣᠣᠷᠯᠠᠭᠳᠠᠨ ᠨᠠᠰᠤ ᠪᠠᠷᠠᠭᠰᠠᠨ ᠤ ᠳᠠᠷᠠᠭ᠎ᠠ ᠲᠠᠶᠢᠴᠢᠭᠤᠳ ᠤᠨ ᠲᠠᠷᠭᠤᠳᠠᠢ ᠬᠢᠷᠢᠯᠲᠤᠭ ᠡᠷᠬᠡ ᠮᠡᠳᠡᠯ ᠢ ᠡᠵᠡᠯᠡᠨ ᠠᠪᠴᠤ ᠪᠠᠶᠢᠴᠠᠢ᠃ 1189 ᠣᠨ ᠳᠤ ᠬᠠᠮᠤᠭ ᠮᠣᠩᠭᠣᠯ ᠤᠨ ᠬᠠᠨᠳᠠ ᠬᠢᠶᠠᠳ ᠪᠣᠷᠵᠢᠭᠢᠨ ᠤ ᠲᠡᠮᠦᠵᠢᠨ ᠡᠷᠭᠦᠮᠵᠢᠯᠡᠭᠳᠡᠬᠦ ᠳᠦ ᠲᠠᠶᠢᠴᠢᠭᠤᠳ ᠣᠪᠤᠭ ᠣᠷᠣᠯᠴᠠᠭ᠎ᠠ ᠦᠭᠡᠢ ᠪᠣᠯᠤᠨ᠎ᠠ᠃

ᠪᠢᠴᠢᠭᠡᠰᠦ