ᠬᠠᠭᠠᠨ ᠲєᠷ ᠤᠨ ᠲᠠᠮᠠᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠣᠩᠭᠣᠯ ᠤᠨ ᠲᠤᠯᠭᠤᠷ ᠲᠦᠷᠦ ᠶᠢ ᠦᠨᠳᠦᠰᠦᠯᠡᠭᠴᠢ ᠰᠤᠤᠲᠤ ᠪᠣᠭᠳᠠ ᠡᠵᠡᠨ ᠴᠢᠩᠭᠢᠰ ᠬᠠᠭᠠᠨ ᠤ ᠲᠦᠷᠦ ᠶᠢᠨ ᠲᠠᠮᠠᠭ᠎ᠠ 17 ᠍ ᠳᠦᠭᠡᠷ ᠵᠠᠭᠤᠨ ᠤ ᠦᠶᠡ ᠬᠦᠷᠲᠡᠯ᠎ᠡ ᠬᠡᠷᠡᠭᠯᠡᠭᠳᠡᠵᠦ ᠪᠠᠶᠢᠭᠰᠠᠨ ᠪᠦᠭᠡᠳ ᠴᠠᠬᠠᠷ ᠤᠨ ᠯᠢᠭᠳᠡᠨ ᠬᠠᠭᠠᠨ ᠮᠠᠨᠵᠤ ᠳᠤ ᠢᠯᠠᠭᠳᠠᠵᠤ ᠪᠡᠶ᠎ᠡ ᠪᠠᠷᠠᠬᠤ ᠪᠣᠯᠤᠮᠠᠭᠴᠠ ᠳᠠᠶᠢᠰᠤᠨ ᠤ ᠭᠠᠷ ᠲᠤ ᠣᠷᠣᠭᠤᠯᠬᠤ ᠦᠭᠡᠢ ᠍ ᠶᠢᠨ ᠲᠤᠯᠠᠳᠠ ᠠᠷᠤ᠂ ᠦᠪᠦᠷ ᠮᠣᠩᠭᠣᠯ ᠤᠨ ᠵᠡᠯᠢᠶᠠᠳ ᠠᠭᠤᠯᠠᠰ ᠤᠨ ᠠᠯᠢ ᠨᠢᠭᠡᠨ ᠦ ᠬᠠᠳᠠᠨ ᠬᠣᠩᠭᠢᠯ ᠳᠤ ᠡᠭᠡᠨᠡᠭᠲᠡ ᠳᠠᠯᠳᠠᠯᠠᠭᠤᠯᠤᠨ ᠨᠢᠭᠤᠯᠭᠠᠭᠰᠠᠨ ᠢ ᠰᠤᠷᠪᠤᠯᠵᠢ ᠪᠢᠴᠢᠭ ᠲᠤ ᠲᠡᠮᠳᠡᠭᠯᠡᠭᠰᠡᠨ ᠪᠠᠶᠢᠳᠠᠭ᠃ ᠯᠢᠭᠳᠡᠨ ᠦ ᠬᠤᠪᠢ ᠳᠤ ᠴᠢᠩᠭᠢᠰ ᠦᠨ ᠤᠳᠤᠮ ᠤᠨ ᠰᠡᠭᠦᠯᠴᠢ ᠶᠢᠨ ᠬᠠᠭᠠᠨ᠂ ᠮᠣᠩᠭᠣᠯ ᠤᠯᠤᠰ ᠤᠨ ᠨᠢᠭᠡᠳᠦᠮᠡᠯ ᠪᠠᠶᠢᠳᠠᠯ ᠢ ᠰᠡᠷᠭᠦᠭᠡᠬᠦ ᠶᠢᠨ ᠲᠦᠯᠦᠭᠡ ᠲᠡᠮᠡᠴᠡᠵᠦ ᠶᠠᠪᠤᠭᠰᠠᠨ ᠡᠬᠡ ᠣᠷᠣᠨᠴᠢ ᠦᠵᠡᠯ᠎ ᠲᠡᠢ ᠬᠦᠮᠦᠨ ᠪᠠᠶᠢᠭᠰᠠᠨ ᠶᠤᠮ᠃

ᠣᠳᠣ ᠠᠴᠠ 300 ᠭᠠᠷᠤᠢ ᠵᠢᠯ ᠦᠨ ᠲᠡᠷᠲᠡᠭᠡ ᠡᠬᠡ ᠭᠠᠵᠠᠷ ᠤᠨ ᠬᠦᠷᠦᠰᠦᠨ ᠳᠤ ᠮᠡᠨᠳᠦᠯᠡᠭᠰᠡᠨ ᠬᠠᠭᠠᠨ ᠲᠦᠷᠦ ᠶᠢᠨ ᠶᠡᠬᠡ ᠲᠠᠮᠠᠭᠠᠨ ᠤ ᠲᠠᠯ᠎ᠠ ᠪᠠᠷ ᠡᠷᠳᠡᠮᠲᠡᠳ ᠰᠤᠳᠤᠯᠤᠭᠠᠴᠢᠳ ᠶᠠᠩᠵᠤ ᠪᠦᠷᠢ ᠪᠡᠷ ᠲᠠᠶᠢᠯᠪᠤᠷᠢᠯᠠᠭᠰᠠᠭᠠᠷ ᠪᠠᠶᠢᠭ᠎ᠠ ᠪᠢᠯᠡ᠃

ᠡᠩ ᠲᠡᠷᠢᠭᠦᠨ ᠳᠦ ᠲᠠᠮᠠᠭᠠᠨ ᠤ ᠬᠡᠮᠵᠢᠶ᠎ᠡ ᠶᠡᠬᠡᠳᠡ ᠰᠣᠨᠢᠷᠬᠠᠯ ᠲᠠᠲᠠᠬᠤᠶᠢᠴᠠ ᠪᠠᠷ ᠬᠢᠭᠳᠡᠭᠰᠡᠨ ᠪᠠᠶᠢᠳᠠᠭ᠃ ᠴᠢᠩᠭᠢᠰ ᠦᠨ ᠲᠦᠷᠦ ᠶᠢᠨ ᠲᠠᠮᠠᠭ᠎ᠠ ᠬᠡᠮᠵᠢᠶᠡᠨ ᠦ ᠬᠤᠪᠢ ᠳᠤ ᠬᠠᠰᠢ ᠬᠠᠮᠢᠭᠠᠰᠢ ᠪᠠᠨ ᠴᠤ ᠨᠢᠭᠡ ᠲᠦᠬᠦᠭᠡ ᠲᠡᠭᠰᠢ ᠳᠦᠷᠪᠡᠯᠵᠢᠨ ᠬᠡᠯᠪᠡᠷᠢ ᠲᠡᠢ ᠪᠠᠶᠢᠭᠰᠠᠨ ᠢ ᠲᠡᠭᠦᠨ ᠤ ᠳᠠᠷᠠᠭᠠᠴᠢ ᠶᠢᠨ ᠦᠶ ᠠ ᠶᠢᠨ ᠬᠠᠭᠠᠳ ᠠᠴᠠ ᠹᠷᠠᠨᠼᠢ ᠶᠢᠨ ᠸᠠᠩ᠂ ᠷᠤᠮᠠᠨᠢᠶ ᠠ ᠫᠠᠭᠫᠡ ᠯᠠᠮᠠ ᠳᠤ ᠢᠯᠡᠭᠡᠭᠰᠡᠨ ᠲᠤᠯᠭᠠᠨ ᠱᠠᠭᠠᠷᠳᠠᠬᠤ ᠪᠢᠴᠢᠭ᠂ ᠠᠯᠪᠠᠨ ᠵᠠᠬᠢᠳᠠᠯ ᠳᠡᠭᠡᠷ᠎ᠡ ᠦᠯᠡᠳᠡᠭᠰᠡᠨ ᠮᠣᠩᠭᠣᠯ ᠡᠦᠰᠦᠭ ᠲᠡᠢ ᠲᠠᠮᠠᠭ᠎ᠠ ᠶᠢᠨ ᠳᠠᠷᠳᠠᠰ ᠢᠶᠠᠷ ᠨᠣᠲᠠᠯᠠᠵᠤ ᠪᠣᠯᠤᠨ᠎ᠠ᠃ ᠲᠠᠮᠠᠭ᠎ᠠ ᠶᠢ ᠨᠢᠭᠡ ᠲᠦᠬᠦᠭᠡ ᠬᠡᠮᠵᠢᠶ᠎ᠡ ᠲᠡᠢ ᠬᠢᠭᠰᠡᠨ ᠨᠢ ᠵᠦᠭᠡᠷ ᠨᠢᠭᠡ ᠲᠣᠬᠢᠶᠠᠯᠳᠤᠯ ᠤᠨ ᠬᠡᠷᠡᠭ ᠲᠡᠳᠦᠢ ᠪᠢᠰᠢ᠃ ᠶᠡᠷᠦ ᠨᠢ ᠡᠷᠲᠡᠨ ᠦ ᠮᠣᠩᠭᠣᠯᠴᠤᠳ ᠤᠨ ᠬᠡᠷᠡᠭᠯᠡᠵᠦ ᠪᠠᠶᠢᠭᠰᠠᠨ ᠬᠡᠮᠵᠢᠶ ᠠ ᠨᠢ ᠠᠬᠤᠢ ᠶᠢᠨ ᠬᠡᠷᠡᠭᠯᠡᠭᠡᠨ ᠡᠴᠡ ᠡᠭᠦᠰᠦᠯ ᠲᠡᠢ ᠪᠦᠭᠡᠳ ᠴᠢᠨᠠᠲᠤ ᠤᠳᠬ᠎ᠠ ᠶᠢ ᠰᠡᠬᠦᠭᠡᠨ ᠦᠵᠡᠪᠡᠯ ᠣᠷᠴᠢᠨ ᠴᠠᠭ ᠤᠨ ᠬᠡᠷᠡᠭᠯᠡᠵᠦ ᠪᠠᠶᠢᠭ᠎ᠠ ᠬᠡᠮᠵᠢᠭᠲᠡᠭᠦᠨ ᠤ ᠨᠢᠭᠡᠴᠡ ᠤᠳ (ᠰᠨᠨᠴᠢᠮᠸᠲᠷ᠂ᠮᠧᠲ᠋ᠷ᠂ ᠺᠯᠤᠮᠸᠲᠷ) ᠲᠡᠷᠡ ᠦᠶ ᠠ ᠳᠤ ᠬᠡᠷᠡᠭᠯᠡᠭᠳᠡᠵᠦ ᠪᠠᠶᠢᠭ᠎ᠠ ᠦᠭᠡᠢ ᠨᠢ ᠬᠡᠨ ᠳᠤ ᠴᠤ ᠣᠶᠢᠯᠠᠭᠠᠮᠵᠢᠲᠠᠢ ᠶᠤᠮ᠃ ᠠᠯᠢᠪᠠ ᠵᠦᠢᠯ ᠤᠨ ᠤᠷᠲᠤ ᠦᠷᠭᠡᠨ ᠢ ᠬᠦᠮᠦᠨ ᠤ ᠪᠡᠶ᠎ᠡ ᠶᠢᠨ ᠬᠡᠮᠵᠢᠶ᠎ᠡ ᠪᠡᠷ ᠢᠯᠡᠷᠬᠡᠶᠢᠯᠡᠳᠡᠭ ᠪᠠᠶᠢᠭᠰᠠᠨ ᠨᠢ ᠣᠳᠣ ᠴᠤ ᠤᠯᠠᠮᠵᠢᠯᠠᠯ ᠪᠣᠯᠤᠨ ᠬᠡᠷᠡᠭᠯᠡᠭᠳᠡᠵᠦ ᠪᠠᠶᠢᠭ᠎ᠠ ᠪᠢᠯᠡ᠃ ᠡᠳᠡᠭᠡᠷ ᠬᠡᠮᠵᠢᠭᠳᠡᠭᠦᠨ ᠤ ᠨᠢᠭᠡᠴᠡ ᠤᠳ ᠶᠢ ᠠᠪᠴᠤ ᠦᠵᠡᠪᠡᠯ ᠬᠤᠷᠤᠭᠤ (15 ᠰᠠᠨᠲ᠋ᠢᠮᠧᠲ᠋ᠷ ᠣᠷᠴᠢᠮ)᠂ ᠠᠯᠠᠭ᠎ᠠ ᠳᠠᠷᠤᠮ᠎ᠠ (5 ᠬᠤᠷᠤᠭᠤ)᠂ ᠰᠦᠭᠡᠮ (ᠡᠷᠡᠬᠡᠢ ᠬᠤᠷᠤᠭᠤᠨ ᠤ ᠦᠵᠦᠭᠦᠷ ᠡᠴᠡ ᠳᠣᠯᠣᠪᠣᠷ ᠬᠤᠷᠤᠭᠤᠨ ᠤ ᠳᠤᠮᠳᠠ ᠦᠶ ᠡ ᠬᠦᠷᠲᠡᠯ᠎ᠡ) ᠂ ᠲᠦᠬᠦᠭᠡ (ᠡᠷᠡᠬᠡᠢ ᠬᠤᠷᠤᠭᠤᠨ ᠤ ᠦᠵᠦᠭᠦᠷ ᠡᠴᠡ ᠳᠤᠮᠳᠠ ᠬᠤᠷᠤᠭᠤᠨ ᠤ ᠦᠵᠦᠭᠦᠷ ᠬᠦᠷᠲᠡᠯ᠎ᠡ)᠂ ᠲᠣᠬᠣᠢ (ᠭᠤᠷᠪᠠᠨ ᠲᠦᠬᠦᠭᠡ)᠂ ᠠᠯᠳᠠ (ᠵᠢᠷᠭᠤᠭᠠᠨ ᠲᠦᠬᠦᠭᠡ)᠂ ᠠᠯᠳᠠ ᠳᠡᠯᠢᠮ (ᠶᠢᠰᠦᠨ ᠲᠦᠬᠦᠭᠡ) ᠶᠤᠮ᠃

ᠡᠨᠳᠡ ᠡᠴᠡ ᠬᠠᠷᠠᠬᠤ ᠳᠤ ᠲᠦᠬᠦᠭᠡ ᠨᠢ ᠶᠡᠬᠡᠩᠬᠢ ᠬᠡᠮᠵᠢᠭᠳᠡᠬᠦᠨ ᠢ ᠭᠢᠬᠦ ᠶᠢᠨ ᠰᠠᠭᠤᠷᠢ ᠨᠢ ᠪᠣᠯᠵᠤ ᠪᠠᠶᠢᠨ᠎ᠠ᠃ ᠮᠣᠩᠭᠣᠯ ᠤᠨ ᠶᠡᠬᠡ ᠬᠠᠭᠠᠨ ᠤ ᠲᠠᠮᠠᠭ᠎ᠠ ᠶᠢ ᠨᠢᠭᠡ ᠲᠦᠬᠦᠭᠡ ᠬᠡᠮᠵᠢᠶ᠎ᠡ ᠲᠡᠢ ᠬᠢᠭᠰᠡᠨ ᠨᠢ ᠡᠭᠦᠨ ᠲᠡᠢ ᠬᠣᠯᠪᠣᠭ᠎ᠠ ᠲᠠᠢ ᠪᠠᠶᠢᠵᠤ ᠪᠣᠯᠬᠤ ᠦᠨᠳᠦᠰᠦ ᠲᠡᠢ᠃ ᠬᠠᠭᠠᠳ ᠨᠣᠶᠠᠳ ᠤᠨ ᠲᠠᠮᠠᠭ᠎ᠠ ᠨᠢ ᠵᠡᠷᠭᠡ ᠳᠡᠰ ᠬᠠᠮᠢᠶᠠᠷᠤᠨ ᠦᠭᠡᠷ ᠡ ᠦᠭᠡᠷ ᠡ ᠬᠡᠮᠵᠢᠶ᠎ᠡ ᠲᠡᠢ ᠪᠠᠶᠢᠭᠰᠠᠨ ᠲᠤᠬᠠᠢ ᠪᠠᠷᠢᠮᠲᠠ ᠴᠤ ᠦᠯᠡᠳᠡᠭᠰᠡᠨ ᠪᠠᠶᠢᠳᠠᠭ ᠶᠤᠮ ᠪᠢᠯᠡ᠃ ᠡᠨᠳᠡ ᠲᠦᠬᠦᠭᠡ ᠲᠠᠮᠠᠭ᠎ᠠ ᠶᠢ ᠡᠵᠡᠨ ᠬᠠᠭᠠᠨ᠂ ᠰᠦᠭᠡᠮ ᠲᠠᠮᠠᠭ᠎ᠠ ᠶᠢ ᠲᠦᠷᠦ ᠶᠢᠨ ᠲᠦᠰᠢᠮᠡᠯ᠂ ᠵᠠᠰᠠᠭ ᠨᠣᠶᠠᠳ᠂ ᠳᠦᠷᠪᠡᠨ ᠬᠤᠷᠤᠭᠤ ᠲᠠᠮᠠᠭ᠎ᠠ ᠶᠢ ᠬᠣᠰᠢᠭᠤ ᠨᠣᠶᠠᠳ᠂ ᠸᠠᠩ᠂ ᠭᠦᠩ᠂ ᠪᠡᠶᠢᠯᠡ ᠨᠠᠷ᠂ ᠭᠤᠷᠪᠠᠨ ᠬᠤᠷᠤᠭᠤ ᠲᠠᠮᠠᠭ᠎ᠠ ᠶᠢ ᠶᠠᠮᠤᠳ ᠤᠨ ᠰᠠᠶᠢᠳ᠂ ᠴᠡᠷᠢᠭ ᠦᠨ ᠵᠠᠩᠵᠤᠨ ᠨᠤᠭᠤᠳ ᠪᠠᠷᠢᠳᠠᠭ ᠪᠠᠶᠢᠭᠰᠠᠨ ᠨᠢ ᠵᠠᠷᠢᠮ ᠰᠤᠷᠪᠤᠯᠵᠢ ᠳᠤ ᠲᠡᠮᠳᠡᠭᠯᠡᠭᠳᠡᠨ ᠦᠯᠡᠳᠡᠵᠡᠢ᠃ ᠬᠠᠷᠢᠨ ᠨᠢᠭᠡ ᠬᠤᠷᠤᠭᠤ ᠪᠤᠶᠤ ᠡᠷᠡᠬᠡᠢ ᠳᠠᠷᠤᠮ᠎ᠠ ᠶᠢ ᠬᠡᠶᠤᠷ ᠭᠡᠳᠡᠭ ᠪᠠᠶᠢᠭᠰᠠᠨ ᠪᠦᠭᠡᠳ ᠪᠢᠴᠢᠭ ᠦᠨ ᠪᠠᠭ᠎ᠠ ᠲᠤᠰᠢᠶᠠᠯ ᠤᠨ ᠬᠦᠮᠦᠰ ᠲᠡᠭᠦᠨᠴᠢᠯᠡᠨ ᠳᠣᠣᠷᠠᠳᠤ ᠠᠷᠠᠳ ᠤᠳ ᠦᠪᠡᠷᠰᠡᠳ ᠦᠨ ᠲᠠᠨᠢᠬᠤ ᠲᠡᠮᠳᠡᠭ ᠪᠣᠯᠭᠠᠨ ᠬᠡᠷᠡᠭᠯᠡᠳᠡᠭ ᠪᠠᠶᠢᠪᠠ᠃ ᠨᠦᠭᠦᠭᠡ ᠲᠠᠯ᠎ᠠ ᠪᠠᠷ ᠰᠤᠳᠤᠯᠤᠭᠠᠴᠢᠳ ᠤᠨ ᠳᠤᠮᠳᠠ ᠬᠠᠭᠠᠨ ᠲᠦᠷᠦ ᠶᠢᠨ ᠲᠠᠮᠠᠭ᠎ᠠ ᠶᠢ ᠴᠤᠬᠤᠮ ᠶᠠᠮᠠᠷ ᠡᠳ᠋ ᠍ ᠢᠶᠡᠷ ᠬᠢᠭᠰᠡᠨ ᠪᠤᠢ ᠭᠡᠳᠡᠭ ᠠᠰᠠᠭᠤᠳᠠᠯ ᠮᠠᠷᠭᠤᠭᠠᠨ ᠲᠠᠢ ᠬᠡᠪ ᠢᠶᠡᠷ ᠪᠠᠶᠢᠭ᠎ᠠ ᠶᠤᠮ᠃ ᠡᠨᠡ ᠲᠠᠯ᠎ᠠ ᠪᠠᠷ ᠬᠢᠭᠳᠡᠭᠰᠡᠨ ᠰᠤᠳᠤᠯᠭᠠᠨ ᠤ ᠵᠣᠬᠢᠶᠠᠯ ᠤᠳ ᠲᠤ ᠴᠢᠩᠭᠢᠰ ᠦᠨ ᠲᠦᠷᠦ ᠶᠢᠨ ᠲᠠᠮᠠᠭ᠎ᠠ ᠶᠢ ᠬᠠᠰ ᠴᠢᠯᠠᠭᠤ ᠪᠠᠷ ᠬᠢᠭᠰᠡᠨ ᠭᠡᠬᠦ ᠲᠠᠭᠠᠮᠠᠭᠯᠠᠯ ᠢ ᠳᠡᠪᠰᠢᠭᠦᠯᠦᠭᠰᠡᠨ ᠪᠠᠶᠢᠳᠠᠭ᠃ ᠬᠠᠷᠢᠨ ᠬᠠᠰᠤᠪᠠᠤ ᠰᠤᠳᠤᠯᠤᠭᠠᠴᠢ ᠮ᠂ ᠡᠩᠬᠫᠦᠷᠡᠪᠡᠢ ᠶᠢᠨ «ᠮᠦᠩᠭᠡ ᠲ᠍᠍ᠭᠷᠢ ᠶᠢᠨ ᠬᠠᠰᠪᠤᠤ» ᠨᠣᠮ ᠳᠤ «ᠬᠠᠰ ᠴᠢᠯᠠᠭᠤ ᠶᠢ ᠮᠣᠩᠭᠣᠯᠴᠤᠳ ᠡᠷᠳᠡᠨᠢ ᠶᠢᠨ ᠴᠢᠯᠠᠭᠤ ᠭᠡᠵᠦ ᠨᠡᠷᠡᠯᠡᠳᠡᠭ ᠦᠭᠡᠢ᠂ ᠬᠠᠷᠢᠨ ᠡᠷᠲᠡᠨ ᠦ ᠳᠤᠮᠳᠠᠳᠤ ᠤᠯᠤᠰ ᠲᠤ ᠪᠡᠯᠭᠡᠳᠡᠯ ᠦᠨ ᠴᠢᠯᠠᠭᠤ ᠭᠡᠵᠦ ᠳᠡᠯᠡᠬᠡᠢ ᠳᠠᠬᠢᠨ ᠳᠤ ᠵᠠᠷᠯᠠᠭᠰᠠᠭᠠᠷ ᠢᠷᠡᠭᠰᠡᠨ» ᠭᠡᠳ ᠴᠢᠩᠭᠢᠰ ᠬᠠᠭᠠᠨ ᠠᠯᠲᠠᠨ ᠲᠠᠮᠠᠭ᠎ᠠ ᠬᠡᠷᠡᠭᠯᠡᠵᠦ ᠪᠠᠶᠢᠭᠰᠠᠨ ᠢ ᠨᠤᠲᠠᠯᠠᠬᠤ ᠪᠠᠷᠢᠮᠲᠠ ᠨᠤᠭᠤᠳ ᠢ ᠭᠠᠷᠭᠠᠵᠤ ᠢᠷᠡᠬᠦ ᠣᠷᠣᠯᠳᠤᠯᠭ᠎ᠠ ᠬᠢᠪᠡ᠃ ᠮᠣᠩᠭᠣᠯᠴᠤᠳ ᠠᠯᠲᠠ ᠶᠢ ᠰᠢᠨᠤᠯ ᠳᠠᠭᠠᠭᠤᠯᠤᠭᠰᠠᠨ vᠬᠡᠯᠡ ᠰvvᠳᠡᠷ᠎ᠡ ᠲᠡᠢ ᠮᠧᠲ᠋ᠠᠯ ᠭᠡᠵᠦ ᠬᠡᠵᠢᠶ ᠡ ᠡᠴᠡ ᠨᠠᠰᠢ ᠦᠵᠡᠵᠦ ᠢᠷᠡᠭᠰᠡᠨ ᠤᠴᠢᠷ ᠠᠯᠲᠠ ᠪᠠᠷ ᠲᠠᠮᠠᠭ᠎ᠠ ᠬᠢᠵᠦ ᠪᠠᠶᠢᠭᠰᠠᠨ ᠭᠡᠳᠡᠭ ᠶᠡᠬᠡᠳᠡ ᠡᠷᠡᠭᠡᠯᠵᠡᠭᠡ ᠲᠦᠷᠦᠭᠦᠯᠦᠭᠰᠡᠨ ᠠᠰᠠᠭᠤᠳᠠᠯ ᠶᠤᠮ᠃

ᠣᠳᠣ ᠶᠢᠨ ᠰᠠᠨᠺᠲ᠋ᠫᠧᠲ᠋ᠷᠪᠦᠦᠭ ᠦᠨ ᠡᠷᠮᠢᠲ᠋ᠠᠵ ᠲᠤ ᠳᠡᠯᠡᠬᠡᠢ ᠶᠢᠨ ᠤᠯᠤᠰ ᠣᠷᠣᠨ ᠨᠤᠭᠤᠳ ᠤᠨ ᠲᠠᠮᠠᠭ᠎ᠠ ᠬᠠᠳᠠᠭᠠᠯᠠᠭᠳᠠᠨ ᠦᠯᠡᠳᠡᠭᠰᠡᠨ ᠪᠦᠭᠡᠳ ᠲᠡᠳᠡᠭᠡᠷ ᠦᠨ ᠳᠣᠲᠣᠷ᠎ᠠ ᠨᠢᠭᠡ ᠴᠤ ᠠᠯᠲᠠᠨ ᠲᠠᠮᠠᠭ᠎ᠠ ᠪᠠᠶᠢᠳᠠᠭ ᠦᠭᠡᠢ ᠍ ᠶᠢ ᠨᠢᠭᠡᠨ ᠡᠷᠳᠡᠮᠲᠡᠨ ᠳᠤᠷᠠᠰᠤᠮᠵᠢ ᠨᠣᠮ ᠳᠤ ᠪᠠᠨ ᠪᠢᠴᠢᠵᠦ ᠦᠯᠡᠳᠡᠭᠡᠭᠰᠡᠨ ᠪᠠᠶᠢᠨ᠎ᠠ᠃ ᠬᠠᠷᠢᠨ ᠭᠠᠩ᠂ ᠬᠠᠰ᠂ ᠮᠦᠩᠭᠦ ᠵᠡᠷᠭᠡ ᠦᠨᠡᠲᠢ ᠡᠷᠳᠡᠨᠢᠰ ᠦᠨ ᠵᠦᠢᠯᠡᠰ ᠶᠢᠡᠷ ᠲᠠᠮᠠᠭ᠎ᠠ ᠬᠢᠳᠡᠭ᠃ ᠲᠡᠳᠡᠭᠡᠷ ᠢ ᠢᠯᠭᠠᠭ᠎ᠠ ᠵᠠᠭᠠᠭ ᠲᠠᠢ ᠬᠡᠷᠡᠭᠯᠡᠳᠡᠭ ᠪᠠᠶᠢᠭᠰᠠᠨ ᠲᠤᠬᠠᠢ ᠪᠢᠴᠢᠭ ᠦᠨ ᠰᠤᠷᠪᠤᠯᠵᠢ ᠳᠤ ᠳᠤᠷᠠᠳᠤᠭᠰᠠᠨ ᠪᠤᠢ᠃ ᠭᠠᠩ ᠲᠠᠮᠠᠭ᠎ᠠ ᠶᠢ ᠶᠠᠯ᠎ᠠ ᠰᠢᠳᠬᠡᠯ᠂ ᠬᠠᠤᠯᠢ ᠴᠠᠭᠠᠵᠠ ᠲᠠᠢ ᠬᠣᠯᠪᠣᠭ᠎ᠠ ᠲᠠᠢ ᠵᠠᠷᠯᠢᠭ ᠲᠤ᠂ ᠬᠠᠰ ᠲᠠᠮᠠᠭ᠎ᠠ ᠶᠢ ᠪᠠᠶᠠᠷ ᠶᠣᠰᠣᠯᠠᠯ ᠨᠡᠶᠢᠲᠡ ᠳᠦ ᠳᠠᠭᠠᠬᠤ ᠶᠣᠰᠣᠲᠠᠢ ᠵᠠᠷᠯᠢᠭ ᠲᠤ᠂ ᠬᠠᠷᠢᠨ ᠮᠦᠩᠭᠦᠨ ᠲᠠᠮᠠᠭ᠎ᠠ ᠶᠢ ᠪᠢᠴᠢᠭ ᠦᠨ ᠬᠡᠷᠡᠭ ᠲᠡᠢ ᠬᠣᠯᠪᠣᠭᠠᠲᠠᠢ ᠭᠠᠷᠤᠭᠰᠠᠨ ᠵᠠᠷᠯᠢᠭ ᠲᠤ ᠳᠠᠷᠤᠳᠠᠭ ᠪᠠᠶᠢᠭᠰᠠᠨ ᠠᠵᠢ᠃ ᠨᠦᠭᠦᠭᠡ ᠲᠠᠯ᠎ᠠ ᠪᠠᠷ ᠮᠣᠩᠭᠣᠯᠴᠤᠳ ᠲᠠᠮᠠᠭ᠎ᠠ ᠬᠡᠷᠡᠭᠯᠡᠬᠦ ᠨᠠᠷᠢᠨ ᠶᠣᠰᠣ ᠳᠢᠭ ᠲᠡᠢ ᠪᠠᠶᠢᠭᠰᠠᠨ ᠢ «ᠵᠠᠯᠠᠭᠤ ᠵᠠᠩᠵᠤᠨ» ᠬᠡᠮᠡᠨ ᠲᠡᠦᠬᠡᠨ ᠳᠦ ᠦᠯᠡᠳᠡᠭᠰᠡᠨ ᠴᠡᠷᠢᠭ ᠦᠨ ᠨᠡᠷᠡᠲᠦ ᠵᠢᠳᠬᠦᠯᠲᠡᠨ ᠵ᠂ ᡀᠠᠭᠸᠠᠰᠦᠷᠢᠩ ᠠᠭᠰᠠᠩ ᠲᠦᠷᠦ ᠶᠢᠨ ᠳᠤᠷᠠᠳᠬᠠᠯ ᠳᠤ «ᠲᠠᠮᠠᠭ᠎ᠠ ᠶᠢ ᠭᠤᠷᠪᠠᠨ ᠳᠠᠪᠬᠤᠷ ᠬᠠᠶᠢᠷᠴᠠᠭ ᠲᠤ ᠬᠠᠳᠠᠭᠠᠯᠠᠨ᠎ᠠ᠃ ᠭᠤᠷᠪᠠ ᠳᠠᠬᠢ ᠬᠠᠶᠢᠷᠴᠠᠭ ᠳᠣᠲᠣᠷᠠᠬᠢ ᠨᠢ ᠮᠦᠩᠭᠦᠨ ᠬᠠᠶᠢᠷᠴᠠᠭ ᠪᠠᠶᠢᠨ᠎ᠠ᠃ ᠲᠠᠮᠠᠭ᠎ᠠ ᠬᠣᠶᠢᠮᠣᠷ ᠤᠨ ᠰᠢᠷᠡᠭᠡᠨ ᠳᠡᠭᠡᠷ᠎ᠡ ᠪᠠᠶᠢᠬᠤ ᠪᠦᠭᠡᠳ ᠬᠡᠷᠡᠭᠯᠡᠬᠦ ᠦᠶ ᠡ ᠤᠷᠳᠤ ᠨᠢ ᠰᠦᠬᠦᠷᠡᠵᠤ ᠰᠠᠭᠤᠭᠠᠳ ᠠᠳᠢᠰ ᠠᠪᠴᠤ ᠪᠠᠶᠢᠵᠤ ᠵᠠᠳᠠᠯᠤᠨ ᠡ » ᠭᠡᠵᠦ ᠪᠢᠴᠢᠭᠰᠡᠨ ᠡᠴᠡ ᠬᠠᠷᠠᠵᠤ ᠪᠣᠯᠤᠨ᠎ᠠ᠃ ᠡᠨᠳᠡ ᠲᠠᠮᠠᠭᠠᠨ ᠠᠴᠠ ᠠᠳᠢᠰ ᠠᠪᠬᠤ ᠭᠡᠬᠦ ᠮᠡᠲᠦ ᠪᠤᠷᠬᠠᠨ ᠱᠠᠰᠢᠨ ᠤ ᠵᠠᠩ ᠦᠢᠯᠡ ᠶᠢᠨ ᠶᠠᠭᠤᠮ᠎ᠠ ᠪᠠᠶᠢᠭ᠎ᠠ ᠪᠣᠯᠪᠠᠴᠤ ᠲᠦᠷᠦ ᠶᠢᠨ ᠲᠠᠮᠠᠭ᠎ᠠ ᠲᠡᠮᠳᠡᠭ ᠭᠡᠳᠡᠭ ᠶᠠᠮᠠᠷ ᠶᠡᠬᠡ ᠤᠳᠬ᠎ᠠ ᠤᠴᠢᠷ ᠲᠠᠢ ᠪᠣᠯᠭᠠᠳᠠᠭ᠃ ᠬᠡᠷᠪᠡ ᠲᠠᠮᠠᠭ᠎ᠠ ᠯᠠ ᠳᠠᠷᠤᠭᠰᠠᠨ ᠪᠠᠶᠢᠪᠠᠯ ᠲᠡᠭᠦᠨ ᠢ ᠳᠠᠭᠠᠵᠤ ᠮᠦᠷᠳᠡᠬᠦ ᠵᠠᠶᠢᠯᠠᠰᠢ ᠦᠬᠡᠢ ᠪᠡᠶᠡᠯᠡᠭᠦᠯᠬᠦ ᠪᠠᠰᠠ ᠨᠢᠭᠡᠨ ᠨᠣᠲᠠᠯᠠᠭ᠎ᠠ ᠪᠣᠯᠵᠤ ᠪᠠᠶᠢᠭᠰᠠᠨ ᠪᠠᠶᠢᠨ᠎ᠠ᠃ ᠲᠠᠮᠠᠭ᠎ᠠ ᠳᠠᠷᠤᠬᠤ ᠴᠤ ᠪᠠᠰᠠ ᠨᠠᠷᠢᠨ ᠶᠣᠰᠣ ᠵᠢᠷᠤᠮ ᠲᠠᠢ᠂ ᠬᠠᠵᠠᠭᠠᠢ ᠮᠤᠷᠤᠢ ᠳᠠᠷᠤᠭᠰᠠᠨ ᠬᠦᠮᠦᠨ ᠢ ᠰᠠᠷ᠎ᠠ ᠶᠢᠨ ᠴᠠᠯᠢᠩ ᠢᠶᠠᠷ ᠲᠣᠷᠭᠣᠭᠠᠳᠠᠭ᠃ ᠬᠡᠷᠪᠡ ᠳᠠᠬᠢᠨ ᠳᠠᠪᠲᠠᠨ ᠦᠢᠯᠡᠳᠦᠪᠡᠯ ᠠᠯᠪᠠᠨ ᠤ ᠶᠣᠰᠣ ᠵᠢᠷᠤᠮ ᠳᠤ ᠲᠡᠩᠴᠡᠬᠦ ᠦᠭᠡᠢ ᠭᠡᠵᠦ ᠠᠵᠢᠯ ᠠᠴᠠ ᠬᠦᠷᠲᠡᠯ᠎ᠡ ᠬᠠᠯᠠᠳᠠᠭ ᠬᠠᠲᠠᠭᠤ ᠵᠢᠷᠤᠮ ᠲᠠᠢ ᠪᠠᠶᠢᠵᠠᠢ᠃

ᠲᠡᠭᠦᠨᠴᠢᠯᠡᠨ ᠲᠠᠮᠠᠭ᠎ᠠ ᠶᠢ ᠬᠠᠶᠢᠷᠴᠠᠭ ᠠᠴᠠ ᠨᠢ ᠭᠠᠷᠭᠠᠵᠤ ᠪᠢᠴᠢᠭ ᠦᠬᠡᠢ ᠬᠡᠰᠡᠭ ᠢ ᠨᠠᠷᠠᠨ ᠵᠦᠭ ᠲᠤ ᠬᠠᠷᠠᠭᠤᠯᠤᠨ ᠲᠠᠯᠪᠢᠵᠤ᠂ ᠨᠣᠶᠠᠳ ᠲᠦᠰᠢᠮᠡᠯ ᠴᠠᠢ ᠢᠳᠡᠭᠡ ᠪᠠᠷᠢᠵᠤ ᠬᠦᠨᠳᠦᠳᠬᠡᠯ ᠦᠵᠡᠭᠦᠯᠳᠡᠭ ᠪᠠᠶᠢᠭᠰᠠᠨ ᠤᠯᠠᠮᠵᠢᠯᠠᠯ ᠲᠠᠢ᠃ ᠡᠭᠦᠨ ᠢ ᠲᠠᠮᠠᠭ᠎ᠠ ᠠᠮᠠᠷᠠᠭᠠᠬᠤ ᠶᠣᠰᠣ ᠭᠡᠵᠦ ᠨᠡᠷᠡᠯᠡᠳᠡᠭ ᠪᠦᠭᠡᠳ ᠨᠠᠮᠤᠷ ᠤᠨ ᠳᠤᠮᠳᠠ ᠰᠠᠷ᠎ᠠ ᠶᠢᠨ ᠰᠢᠨ᠎ᠡ ᠶᠢᠨ ᠠᠷᠪᠠᠨ ᠳᠣᠯᠣᠭᠠᠨ ᠳᠤ ᠤᠨᠠᠭ᠎ᠠ ᠲᠠᠮᠠᠭᠠᠯᠠᠵᠤ᠂ ᠲᠠᠮᠠᠭ᠎ᠠ ᠪᠠᠨ ᠰᠦᠨ ᠳ ᠳᠦᠷᠦᠭᠡᠳ ᠬᠠᠳᠠᠭ  ᠲᠤ ᠣᠷᠢᠶᠠᠵᠤ ᠬᠠᠳᠠᠭᠠᠯᠠᠳᠠᠭ ᠨᠢ ᠳᠡᠭᠡᠷ᠎ᠡ ᠦᠭᠦᠯᠡᠭᠰᠡᠨ ᠲᠠᠮᠠᠭ᠎ᠠ ᠠᠮᠠᠷᠠᠭᠠᠬᠤ ᠶᠣᠰᠣᠨ ᠠᠴᠠ ᠤᠯᠪᠠᠭ᠎ᠠ ᠲᠠᠢ᠃ ᠮᠦᠨ ᠮᠤᠩᠭᠤᠯ ᠤᠯᠤᠰ ᠤᠨ ᠪᠠᠶᠠᠨᠬᠣᠩᠭᠣᠷ ᠠᠶᠢᠮᠠᠭ ᠤᠨ ᠪᠠᠶᠠᠨᠯᠢᠭ ᠰᠤᠮᠤ ᠶᠢᠨ «ᠪᠢᠴᠢᠭᠲᠦ ᠶᠢᠨ ᠠᠮᠠᠨ ᠤ» ᠬᠠᠳᠠᠨ ᠤ ᠵᠢᠷᠤᠭ ᠲᠤ ᠲᠠᠮᠠᠭᠠᠨ ᠤ ᠬᠠᠶᠢᠷᠴᠠᠭ ᠪᠦᠬᠦᠢ ᠡᠮᠡᠭᠡᠯ ᠲᠡᠢ ᠮᠣᠷᠢ ᠳᠦᠷᠰᠦᠯᠡᠭᠳᠡᠭᠰᠡᠨ ᠨᠢ ᠲᠠᠮᠠᠭ᠎ᠠ ᠶᠢ ᠠᠯᠤᠰ ᠬᠣᠯᠠ ᠠᠶᠠᠨ ᠳᠤ ᠠᠪᠴᠤ ᠶᠠᠪᠤᠬᠤ ᠳᠤ ᠪᠠᠨ ᠲᠤᠰᠬᠠᠢ ᠡᠮᠡᠭᠡᠯ ᠬᠦᠷᠲᠡᠯ᠎ᠡ ᠬᠡᠷᠡᠭᠯᠡᠵᠦ ᠪᠠᠶᠢᠭᠰᠠᠨ ᠤ ᠨᠣᠲᠠᠯᠠᠭ᠎ᠠ ᠶᠤᠮ᠃

ᠪᠢᠴᠢᠭᠡᠰᠦ