ᠣᠷᠣᠰ ᠤᠨ ᠡᠵᠡᠨᠲᠦ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠬᠠᠭᠠᠨᠲᠤ ᠣᠷᠣᠰ ᠤᠯᠤᠰ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ

ᠣᠷᠣᠰ ᠤᠨ ᠡᠵᠡᠨᠲᠦ ᠤᠯᠤᠰ (ᠣᠷᠣᠰ: ᠷᠣᠰᠡᠶᠢᠰᠺᠠᠶ᠎ᠠ ᠢᠮᠫᠧᠷᠢᠶ᠎ᠠ) ᠨᠢ 1721-1917 ᠣᠨ ᠤ ᠬᠣᠭᠣᠷᠣᠨᠳᠣ ᠣᠷᠣᠰᠢᠨ ᠲᠣᠭᠲᠠᠨᠢᠵᠤ ᠪᠠᠶᠢᠭᠰᠠᠨ ᠣᠷᠣᠰ ᠦᠨᠳᠦᠰᠦᠲᠡᠨᠢᠢ ᠪᠠᠶᠢᠭᠤᠯᠤᠭᠰᠠᠨ᠂ ᠣᠯᠠᠨ ᠤᠭᠰᠠᠭᠠᠲᠠᠨ ᠢ ᠪᠠᠭᠲᠠᠭᠠᠵᠤ ᠪᠠᠶᠢᠭᠰᠠᠨ ᠬᠠᠭᠠᠨᠲᠤ ᠵᠠᠰᠠᠭᠲᠠᠢ ᠤᠯᠤᠰ ᠪᠠᠶᠢᠭᠰᠠᠨ ᠪᠥᠭᠡᠳ ᠲᠡᠦᠬᠡᠨ ᠳ᠋ᠡᠬᠢ ᠬᠠᠮᠤᠭ ᠤᠨ ᠲᠣᠮᠣ ᠭᠠᠵᠠᠷ ᠨᠤᠲᠤᠭ ᠲᠠᠢ ᠤᠯᠤᠰ ᠤᠳ ᠤᠨ ᠨᠢᠭᠡ ᠨᠢ ᠶᠤᠮ᠃ 1917 ᠣᠨ ᠤ ᠣᠺᠲ᠋ᠢᠶᠠᠪᠧᠷ ᠤᠨ ᠬᠤᠪᠢᠰᠬᠠᠯ ᠢᠶᠠᠷ ᠨᠤᠷᠠᠵᠤ᠂ ᠵᠥᠪᠯᠡᠯᠲᠦ ᠬᠣᠯᠪᠣᠭᠠᠲᠤ ᠤᠯᠤᠰ ᠢᠶᠠᠷ ᠵᠠᠯᠭᠠᠮᠵᠢᠯᠠᠭᠳᠠᠭᠰᠠᠨ᠃ 1897 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠮᠡᠳᠡᠭᠡ ᠪᠡᠷ 125 ᠰᠠᠶ᠎ᠠ 600 ᠮᠢᠩᠭᠠᠨ ᠬᠦᠮᠦᠨ ᠲᠣᠭᠠᠯᠠᠭᠳᠠᠭᠰᠠᠨ ᠨᠢ ᠲᠤᠬᠠᠢ ᠦᠶ᠎ᠡ ᠳᠦ ᠪᠷᠢᠲ᠋ᠠᠨ(ᠠᠩᠭᠯᠢ) ᠤᠨ ᠡᠵᠡᠨᠲᠦ ᠤᠯᠤᠰᠮᠠᠨᠵᠤ ᠴᠢᠩ ᠭᠦᠷᠦᠨ ᠬᠣᠶᠠᠷ ᠤᠨ ᠳᠠᠷᠠᠭ᠎ᠠ 3 ᠍ ᠷᠲ ᠵᠢᠭ᠌ᠰᠠᠵᠤ ᠪᠠᠶᠢᠴᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

15-18 ᠍ ᠳᠦᠭᠡᠷ ᠵᠠᠭᠤᠨ ᠤ ᠦᠶ᠎ᠡ ᠳᠦ ᠲᠦᠷᠺ-ᠣᠰᠠᠮᠠᠨ ᠤ ᠡᠵᠡᠨ ᠳᠦ ᠭᠦᠷᠦᠨ ᠦ ᠲᠦᠷᠢᠮᠡᠭᠡᠶᠢᠯᠡᠯ ᠡᠴᠡ ᠠᠶᠤᠵᠤ ᠳᠠᠭᠠᠷ᠎ᠠ ᠣᠷᠣᠭᠰᠠᠨ ᠠᠷᠮᠧᠨᠭᠦᠷᠵᠢ ᠨᠦᠭᠦᠳᠮᠠᠨᠵᠤᠡᠶᠢᠨ ᠲᠦᠷᠢᠮᠡᠭᠡᠶᠢᠯᠡᠯ ᠡᠴᠡ ᠵᠤᠭᠠᠲᠠᠨ ᠳᠠᠭᠠᠷ᠎ᠠ ᠣᠷᠣᠭᠰᠠᠨ ᠬᠠᠯᠢᠮᠠᠭᠬᠠᠰᠠᠭ ᠤᠳ ᠡᠵᠡᠨᠲᠦ ᠤᠯᠤᠰ ᠤᠨ ᠢᠪᠡᠭᠡᠯ ᠳᠦ ᠪᠠᠭᠳᠠᠵᠣ ᠪᠠᠶᠢᠭᠰᠠᠨ ᠪᠣᠯ 18 ᠍ ᠳᠦᠭᠡᠷ ᠵᠠᠭᠤᠨ ᠤ ᠰᠡᠭᠦᠯᠴᠢ 19 ᠍ ᠳᠦᠭᠡᠷ ᠵᠠᠭᠤᠨ ᠤ ᠡᠬᠢ ᠪᠡᠷ I ᠠᠯᠧᠺᠰᠠᠨᠳᠠᠷ ᠬᠠᠭᠠᠨ ᠴᠡᠷᠢᠭ ᠵᠡᠪᠰᠡᠭ ᠦᠨ ᠬᠦᠴᠦ ᠪᠡᠷ ᠺᠣᠯᠣᠨᠢ ᠡᠵᠡᠮᠰᠢᠨ ᠡᠵᠡᠨᠲᠦ ᠭᠦᠷᠦᠨ ᠢᠶᠡᠨ ᠲᠡᠯᠡᠵᠦ ᠠᠩᠭᠯᠢᠹᠷᠠᠨᠼᠢ ᠍ ᠤᠨ (ᠨᠠᠫᠣᠯᠶᠣᠨ) ᠬᠠᠭᠠᠳ ᠲᠠᠢ ᠲᠣᠬᠢᠷᠠᠯᠴᠠᠨ ᠧᠦ᠋ᠷᠣᠫᠠ ᠲᠢᠪ ᠢ ᠬᠤᠪᠢᠶᠠᠨ ᠠᠪᠴᠤ ᠪᠠᠶᠢᠯ᠎ᠠ᠃ ᠣᠷᠣᠰ ᠤᠨ ᠡᠵᠡᠨᠲᠦ ᠭᠦᠷᠦᠨ ᠦ ᠬᠦᠷᠢᠶ᠎ᠡ ᠪᠡᠨ ᠲᠡᠯᠡᠬᠦ ᠰᠢᠨᠤᠯ ᠳᠤ ᠰᠠᠨᠠᠭᠠᠷᠬᠠᠯ ᠳᠤ ᠰᠢᠨ᠎ᠡ ᠪᠡᠷ ᠬᠦᠴᠦᠷᠬᠡᠭᠵᠢᠵᠦ ᠪᠠᠶᠢᠭᠰᠠᠨ ᠫᠷᠦᠰ (ᠭᠧᠷᠮᠠᠨ ᠤ ᠡᠵᠡᠨᠲᠦ ᠤᠯᠤᠰ), ᠶᠠᠫᠣᠨ ᠤᠯᠤᠰ ᠤᠳ ᠰᠠᠭᠠᠳ ᠪᠣᠯᠵᠤ ᠪᠠᠶᠢᠪᠠ᠃ ᠡᠶᠢᠨᠬᠦᠦ ᠣᠷᠣᠰ ᠤᠯᠤᠰ ᠬᠦᠴᠦ ᠪᠡᠷ ᠪᠣᠯᠤᠨ ᠬᠦᠴᠦᠩᠳᠡ ᠠᠪᠲᠠᠭᠳᠠᠨ ᠨᠢᠭᠡᠳᠬᠡᠭᠰᠡᠨ ᠾᠷᠢᠰᠲ᠋, ᠯᠠᠯᠤᠢᠪᠡᠷᠡᠢᠪᠤᠳ᠋ᠳ᠋ᠾᠠᠪᠥᠭᠡ ᠮᠥᠷᠭᠥᠯᠡᠶᠢᠨ ᠱᠠᠰᠢᠨ ᠲᠠᠢ ᠣᠯᠠᠨ ᠦᠨᠳᠦᠰᠦᠲᠡᠨ ᠶᠠᠰᠤᠲᠠᠨ ᠠᠴᠠ ᠪᠦᠷᠢᠳᠦᠭᠰᠡᠨ ᠶᠡᠬᠡ ᠡᠵᠡᠨᠲᠦ ᠭᠦᠷᠦᠨ ᠪᠣᠯᠤᠯ᠎ᠠ᠃ 1914 ᠣᠨ ᠳᠤ ᠣᠷᠣᠰ ᠤᠯᠤᠰ ᠦᠨᠳᠦᠰᠦᠨ ᠦ ᠨᠡᠶᠢᠲᠡ ᠪᠦᠲᠦᠭᠡᠭᠳᠡᠬᠦᠨ ᠢᠶᠡᠷ ᠢᠶᠡᠨ ᠳᠡᠯᠡᠬᠡᠢ ᠳᠦ 5 ᠍ ᠳᠦᠭᠡᠷ ᠪᠠᠶᠢᠷᠢᠨ ᠳᠤ ᠣᠷᠣᠵᠤ ᠪᠠᠶᠢᠪᠠ᠃ 1861-1913 ᠣᠨ ᠨᠤᠭᠤᠳ ᠲᠤ ᠦᠢᠯᠡᠳᠪᠦᠷᠢᠯᠡᠯ ᠦᠨ ᠪᠦᠲᠦᠭᠡᠭᠳᠡᠬᠦᠨ 12 ᠳᠠᠬᠢᠨ ᠥᠰᠦᠭᠰᠡᠨ ᠪᠠᠶᠢᠨ᠎ᠠ᠃ ᠭᠡᠪᠡᠴᠦ 1917 ᠣᠨ ᠤ ᠬᠤᠪᠢᠰᠬᠠᠯᠢᠷᠭᠡᠨ ᠦ ᠳᠠᠶᠢᠨ᠂ ᠭᠠᠳᠠᠭᠠᠳᠤ ᠶᠢᠨ ᠢᠨᠲ᠋ᠧᠷᠸᠧᠨᠼ ᠦᠨ ᠨᠥᠯᠥᠭᠡ ᠪᠡᠷ ᠭᠠᠵᠠᠷ ᠨᠤᠲᠤᠭ ᠠᠴᠠ ᠪᠠᠨ 90 ᠮᠢᠩᠭᠠᠨ ᠠᠮᠠ km ᠨᠤᠲᠤᠭ᠂ 49 ᠰᠠᠶ᠎ᠠ ᠬᠦᠮᠦᠨ ᠠᠮᠠ ᠪᠠᠨ ᠠᠯᠠᠳᠠᠵᠠᠢ᠃ ᠳᠠᠶᠢᠨ᠂ ᠥᠯᠥᠰᠬᠦᠯᠡᠩ᠂ ᠲᠠᠬᠤᠯ ᠠᠴᠠ ᠪᠣᠯᠤᠨ ᠣᠯᠠᠨ ᠰᠠᠶ᠎ᠠ ᠬᠦᠩ ᠢᠶᠡᠨ (185,2 ᠰᠠᠶᠠᠰ 136,9 ᠰᠠᠶ᠎ᠠ) ᠠᠯᠳᠠᠪᠠ᠃ 1917 ᠣᠨ ᠤ ᠣᠺᠲ᠋ᠢᠶᠠᠪᠧᠷ ᠤᠨ ᠬᠤᠪᠢᠰᠬᠠᠯ ᠍ ᠤᠨ ᠳᠠᠷᠠᠭ᠎ᠠ ᠣᠷᠣᠰ ᠤᠨ ᠡᠵᠡᠨ ᠬᠠᠭᠠᠨ ᠢ ᠬᠣᠷᠢᠶᠠᠵᠤ ᠡᠵᠡᠨ ᠳᠦ ᠭᠦᠷᠦᠨ ᠦ ᠲᠡᠦᠬᠡ ᠲᠡᠭᠦᠰᠦᠭᠰᠡᠨ ᠴᠤ ᠲᠡᠭᠦᠨ ᠢ ᠵᠠᠯᠭᠠᠮᠵᠢᠯᠠᠨ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ 1922 ᠣᠨ ᠳᠤ ᠡᠭᠦᠰᠦᠨ ᠲᠣᠭᠲᠠᠭᠰᠠᠨ ᠶᠤᠮ᠃

ᠪᠢᠴᠢᠭᠡᠰᠦ