ᠬᠠᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠠᠭ ᠬᠡᠵᠤ ᠬᠦᠮᠦᠨ  ᠤ ᠲᠤᠯᠤᠭᠠᠢ ᠵᠢᠨ ᠬᠡᠰᠡᠭ  ᠤᠨ ᠠᠷᠠᠰᠤᠨ  ᠤ ᠭᠠᠳᠠᠷ ᠡᠰ  ᠤᠨ ᠰᠢᠨ᠎ᠠ ᠬᠠᠭᠤᠴᠢᠨ  ᠤ ᠰᠤᠯᠢᠯᠴᠠᠭᠠᠨ ᠡᠴᠡ ᠡᠬᠦᠰᠦᠭᠰᠡᠨ ᠪᠤᠳᠠᠰ ᠪᠤᠯᠤᠨ᠎ᠠ᠃

ᠬᠠᠭ ᠠᠴᠠ ᠬᠡᠷᠬᠢᠨ ᠰᠠᠯᠬᠤ ᠪᠤᠢ?[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠭ ᠡᠭᠦᠰᠬᠦ ᠭᠣᠣᠯ ᠰᠢᠯᠲᠠᠭᠠᠨ ᠤ ᠨᠢᠭᠡ ᠪᠣᠯ ᠬᠤᠶᠢᠬᠠᠨ ᠤ ᠬᠠᠭᠤᠷᠠᠶᠢᠰᠢᠯᠲᠠ ᠶᠤᠮ᠃ ᠪᠢᠳᠡ ᠦᠰᠦᠨ ᠳᠦ ᠪᠡᠨ ᠬᠠᠩᠭᠠᠯᠲᠠ ᠲᠠᠢ ᠠᠩᠬᠠᠷᠤᠯ ᠬᠠᠨᠳᠤᠭᠤᠯᠬᠤ ᠦᠬᠡᠢ ᠪᠤᠯ ᠬᠤᠶᠢᠬ᠎ᠠ ᠬᠠᠭᠤᠷᠠᠶᠢᠰᠢᠵᠤ᠂ ᠬᠠᠭ ᠡᠬᠦᠰᠦᠨ᠎ᠠ᠃ ᠲᠡᠭᠡᠪᠡᠯ ᠡᠨᠡᠬᠦ ᠠᠰᠠᠭᠤᠳᠠᠯ ᠠᠴᠠ ᠬᠡᠷᠬᠢᠨ ᠠᠩᠭᠢᠵᠢᠷᠠᠬᠤ ᠪᠤᠢ? ᠲᠤᠰ ᠠᠰᠠᠭᠤᠯᠲᠠ ᠶᠢᠨ ᠬᠠᠷᠢᠭᠤᠯᠲᠠ ᠪᠣᠯᠭᠠᠵᠤ᠂ ᠬᠠᠭ ᠠᠴᠠ ᠭᠡᠷ ᠦᠨ ᠨᠥᠬᠥᠴᠡᠯ ᠳᠦ ᠰᠠᠯᠬᠤ ᠡᠩ ᠦᠨ ᠠᠷᠭ᠎ᠠ ᠨᠤᠭᠤᠳ ᠢ ᠲᠠᠨᠢᠯᠴᠠᠭᠤᠯᠬᠤ ᠪᠠᠷ ᠪᠤᠢ᠃

ᠠᠰᠫᠢᠷᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠬᠡᠵᠢᠬᠡ ᠪᠡᠨ ᠤᠭᠢᠶᠠᠬᠤ ᠳᠤ ᠪᠠᠨ ᠬᠣᠶᠠᠷ ᠰᠢᠷᠬᠡᠭ ᠠᠰᠫᠢᠷᠢᠨ ᠢ ᠨᠢᠴᠠᠯᠠᠵᠤ ᠪᠠᠶᠢᠭᠠᠳ᠂ ᠤᠬᠢᠶᠠᠯ  ᠤᠨ ᠡᠳ᠋ ᠲᠠᠢ  ᠬᠣᠯᠢᠵᠤ᠂ ᠦᠰᠦᠨ ᠳᠦ ᠪᠡᠨ ᠲᠦᠷᠬᠢᠵᠤ 2-3 ᠮᠢᠨᠦ᠋ᠲ ᠪᠠᠶᠢᠯᠭᠠᠭᠰᠠᠨ ᠤ ᠳᠠᠷᠠᠭ᠎ᠠ ᠦᠰᠦ ᠪᠡᠨ ᠤᠭᠢᠶᠠᠨ᠎ᠠ᠃

ᠴᠠᠢ ᠵᠢᠨ ᠮᠣᠳᠣᠨ ᠤ ᠲᠣᠰᠣ [ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠢ ᠵᠢᠨ ᠮᠣᠳᠣᠨ ᠤ ᠲᠣᠰᠣ ᠨᠢ ᠦᠷᠪᠢᠰᠦᠯ ᠦᠨ ᠡᠰᠡᠷᠡᠭ ᠦᠢᠯᠡᠴᠢᠯᠡᠭᠡ ᠲᠡᠢ ᠪᠥᠭᠡᠳ ᠬᠡᠵᠢᠬᠡ ᠶᠢ ᠡᠮᠴᠢᠯᠡᠵᠦ᠂ ᠨᠠᠮᠢᠷᠠᠭᠰᠠᠨ ᠪᠣᠯᠭᠠᠬᠤ ᠶᠢᠨ ᠵᠡᠷᠭᠡᠴᠡᠭᠡ ᠬᠠᠭ ᠠᠴᠠ ᠰᠠᠯᠭᠠᠨ᠎ᠠ᠃ 2 ᠳᠤᠰᠤᠯ ᠢ ᠤᠬᠢᠶᠠᠯ  ᠤᠨ ᠡᠳ᠋ ᠲᠠᠢ ᠪᠠᠨ ᠬᠣᠯᠢᠵᠤ᠂ ᠦᠰᠦ ᠪᠡᠨ ᠤᠭᠢᠶᠠᠨ᠎ᠠ᠃

ᠬᠦᠨᠡᠰᠦᠨ ᠦ ᠰᠣᠳᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠳᠠ ᠡᠴᠠ ᠠᠯᠠᠭᠠᠨ ᠳᠤ ᠪᠠᠨ ᠳᠦᠭᠦᠷᠭᠡᠨ ᠠᠪᠴᠤ᠂ ᠬᠡᠵᠢᠬᠡᠨ ᠳᠦ ᠪᠡᠨ ᠲᠦᠷᠬᠢᠬᠦ ᠪᠥᠭᠡᠳ ᠬᠤᠷᠤᠭᠤᠨ ᠤ ᠪᠠᠨ ᠥᠨᠳᠡᠭᠡ ᠪᠡᠷ ᠰᠠᠶᠢᠲᠤᠷ ᠢᠯᠢᠯᠭᠡ ᠬᠢᠪᠡᠯ᠂ ᠢᠯᠡᠭᠦᠦ ᠪᠦᠳᠦᠮᠵᠢ ᠲᠡᠢ᠃ ᠳᠠᠷᠠᠭ᠎ᠠ ᠨᠢ ᠪᠦᠯᠢᠶᠡᠨ ᠤᠰᠤ ᠪᠠᠷ ᠵᠠᠢᠯᠠᠨ᠎ᠠ᠃ ᠰᠣᠳᠠ ᠪᠠᠷ ᠦᠰᠦ ᠪᠡᠨ ᠠᠷᠠᠴᠢᠯᠠᠵᠤ ᠪᠠᠶᠢᠭ᠎ᠠ ᠨᠥᠬᠥᠴᠡᠯ ᠳᠦ᠂ ᠤᠬᠢᠶᠠᠯ  ᠤᠨ ᠡᠳ᠋ ᠵᠠᠷᠤᠬᠤ ᠦᠬᠡᠢ᠃

ᠠᠯᠢᠮᠠᠨ ᠤ ᠽᠤᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠶᠠᠭᠠᠨ ᠤ ᠳᠥᠷᠪᠡᠨ ᠦ ᠨᠢᠭᠡ ᠬᠡᠮᠵᠢᠶ᠎ᠡ ᠲᠡᠢ ᠠᠯᠢᠮᠠᠨ ᠤ ᠽᠤᠤ ᠳᠡᠭᠡᠷ᠎ᠡ᠂ ᠠᠳᠠᠯᠢ ᠬᠡᠮᠵᠢᠶ᠎ᠡ ᠲᠡᠢ ᠤᠰᠤ ᠶᠢ ᠬᠢᠵᠦ ᠬᠣᠯᠢᠨ᠎ᠠ᠃ ᠳᠠᠷᠠᠭ᠎ᠠ ᠨᠢ ᠡᠭᠦᠨ ᠢ ᠪᠡᠨ ᠱᠦᠷᠴᠢᠳᠡᠭ ᠰᠠᠪᠤᠩ ᠳᠤ ᠬᠢᠵᠦ᠂ ᠦᠰᠦᠨ ᠳᠦ ᠪᠡᠨ ᠲᠦᠷᠬᠢᠨ᠎ᠠ᠃ ᠡᠭᠦᠨ ᠦ ᠳᠠᠷᠠᠭ᠎ᠠ ᠪᠦᠯᠢᠶᠡᠨ ᠠᠯᠴᠢᠭᠤᠷ ᠢᠶᠠᠷ ᠲᠣᠯᠣᠭᠠᠢ ᠶᠢ ᠪᠠᠨ ᠣᠷᠢᠶᠠᠵᠤ᠂ 15-60 ᠮᠢᠨᠦ᠋ᠲ ᠪᠠᠶᠢᠯᠭᠠᠨ᠎ᠠ᠃ ᠴᠠᠭ ᠪᠣᠯᠬᠤ ᠳᠤ ᠦᠰᠦ ᠪᠡᠨ ᠪᠦᠯᠢᠶᠡᠨ ᠤᠰᠤ ᠪᠠᠷ ᠵᠠᠶᠢᠯᠠᠵᠤ ᠤᠬᠢᠶᠠᠬᠤ ᠪᠥᠭᠡᠳ ᠲᠤᠰ ᠠᠷᠭ᠎ᠠ ᠶᠢ ᠳᠣᠯᠣᠭ᠎ᠠ ᠬᠣᠨᠣᠭ ᠲᠤ ᠬᠣᠶᠠᠷ ᠤᠳᠠᠭ᠎ᠠ ᠬᠡᠷᠡᠭᠯᠡᠬᠦ ᠳᠦ ᠲᠣᠬᠢᠷᠠᠮᠵᠢᠲᠠᠢ᠃

ᠠᠮᠠ ᠠᠷᠢᠭᠤᠳᠬᠠᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠠ ᠠᠷᠢᠭᠤᠳᠬᠠᠭᠴᠢ ᠰᠢᠩᠭᠡᠨ ᠵᠥᠪᠬᠡᠨ ᠰᠢᠳᠦᠨ ᠦ ᠪᠣᠬᠢᠷᠳᠠᠯ ᠢ ᠠᠷᠢᠯᠭᠠᠬᠤ ᠪᠡᠷ ᠵᠣᠭᠰᠣᠬᠤ ᠦᠭᠡᠢ ᠦᠰᠦᠨ ᠦ ᠬᠠᠭ ᠵᠢ ᠴᠤ ᠮᠥᠨ ᠠᠷᠢᠯᠭᠠᠬᠤ ᠬᠦᠴᠦᠲᠡᠢ ᠠᠵᠤ᠃

ᠨᠠᠷᠬᠢᠯ ᠤᠨ ᠲᠤᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡᠬᠦ ᠲᠣᠰᠤ ᠦᠰᠦᠨ ᠳᠦ ᠨᠡᠮᠡᠯᠲᠡ ᠲᠡᠵᠢᠭᠡᠯ ᠦᠭᠬᠦ ᠪᠡᠷ ᠵᠣᠭᠰᠣᠬᠤ ᠦᠭᠡᠢ ᠬᠠᠭ ᠵᠢ ᠠᠷᠢᠯᠭᠠᠬᠤ ᠰᠢᠳᠢ ᠲᠡᠢ᠃ ᠭᠤᠷᠪᠠ ᠠᠴᠠ ᠲᠠᠪᠤᠨ ᠬᠠᠯᠪᠠᠭ᠎ᠠ ᠨᠠᠷᠬᠢᠯ ᠤᠨ ᠲᠤᠰᠤ ᠶᠢ ᠦᠰᠦᠨ ᠳᠦ ᠪᠡᠨ ᠲᠦᠷᠬᠢᠭᠡᠳ᠂ ᠨᠢᠭᠡ ᠴᠠᠭ ᠪᠠᠶᠢᠯᠭᠠᠭᠠᠷᠠᠢ᠃ ᠳᠠᠷᠠᠭ᠎ᠠ ᠨᠢ ᠤᠬᠢᠶᠠᠯ  ᠤᠨ ᠡᠳ᠋ ᠠᠰᠢᠭᠯᠠᠵᠤ᠂ ᠦᠰᠦ ᠪᠡᠨ ᠤᠭᠢᠶᠠᠨ᠎ᠡ᠃

ᠨᠢᠮᠪᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠨᠢᠮᠪᠡᠭᠡᠨ ᠦ ᠰᠢᠭᠦᠰᠦ ᠶᠢ ᠰᠢᠬᠠᠵᠤ᠂ 2 ᠬᠠᠯᠪᠠᠭ᠎ᠠ ᠶᠢ ᠦᠰᠦᠨ ᠳᠦ ᠪᠡᠨ ᠲᠦᠷᠬᠢᠵᠦ ᠢᠯᠢᠨ᠎ᠡ᠃ ᠳᠠᠷᠠᠭ᠎ᠠ ᠨᠢ ᠨᠢᠮᠪᠡᠭᠡᠨ ᠦ ᠰᠢᠭᠦᠰᠦ ᠪᠡᠨ ᠤᠰᠤ ᠲᠠᠢ ᠬᠣᠯᠢᠵᠤ᠂ ᠦᠰᠦ ᠪᠡᠨ ᠵᠠᠶᠢᠯᠠᠬᠤ ᠬᠡᠷᠡᠭᠲᠡᠢ᠃ ᠨᠢᠮᠪᠡᠭᠡᠨ ᠦ ᠰᠢᠭᠦᠰᠦ ᠨᠢ ᠲᠤᠯᠤᠭᠠᠢ ᠵᠢᠨ ᠠᠷᠠᠰᠤᠨ  ᠤ pH ᠪᠠᠯᠠᠨᠰ ᠢ ᠲᠡᠩᠴᠡᠬᠦᠷᠢᠰᠢᠭᠦᠯᠵᠦ᠂ ᠬᠠᠭ ᠵᠢ ᠠᠷᠢᠯᠭᠠᠨ᠎ᠡ᠃

ᠳᠠᠪᠤᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠰᠦ ᠪᠡᠨ ᠤᠬᠢᠶᠠᠯ  ᠤᠨ ᠡᠳ᠋ ᠵᠢᠡᠷ ᠤᠭᠢᠶᠠᠬᠤ ᠠᠴᠠ ᠡᠮᠦᠨ᠎ᠡ᠂ ᠳᠠᠪᠤᠰᠤ ᠪᠠᠷ ᠬᠤᠶᠢᠬᠠᠨ ᠳᠤ ᠪᠠᠨ ᠢᠯᠢᠯᠭᠡ ᠬᠢᠭᠡᠳ ᠳᠠᠷᠠᠭ᠎ᠠ ᠨᠢ ᠵᠠᠪᠠᠯ ᠤᠬᠢᠶᠠᠯ  ᠤᠨ ᠡᠳ᠋ ᠵᠢᠡᠷ ᠤᠭᠢᠶᠠᠵᠤ᠂ ᠴᠢᠭᠢᠭᠰᠢᠭᠦᠯᠬᠦ ᠲᠣᠰᠣ ᠲᠦᠷᠬᠢᠬᠦ ᠬᠡᠷᠡᠭᠳᠠᠢ᠃

ᠰᠠᠷᠮᠢᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠷᠮᠢᠰᠤ  ᠢ ᠪᠢᠳᠡ ᠪᠠᠺᠲ᠋ᠧᠷᠢ ᠶᠢᠨ ᠡᠰᠡᠷᠡᠭ ᠦᠢᠯᠡᠴᠢᠯᠡᠭᠡ ᠲᠡᠢ ᠭᠡᠳᠡᠭ ᠢ ᠰᠠᠶᠢᠨ ᠮᠡᠳᠡᠨ᠎ᠡ᠃ ᠰᠠᠷᠮᠢᠰ ᠢ ᠨᠢᠴᠠᠯᠵᠤ᠂ ᠬᠤᠶᠢᠬᠠᠨ ᠳᠤ ᠪᠠᠨ ᠲᠦᠷᠬᠢᠬᠦ ᠪᠥᠭᠡᠳ ᠬᠡᠲᠦ ᠬᠤᠷᠴᠠ ᠦᠨᠦᠷᠲᠡᠵᠦ ᠪᠠᠶᠢᠪᠠᠯ ᠪᠠᠭ᠎ᠠ ᠵᠡᠷᠭᠡ ᠵᠥᠭᠡᠢ ᠶᠢᠨ ᠪᠠᠯ ᠲᠠᠢ ᠬᠣᠯᠢᠵᠤ ᠬᠡᠷᠡᠭᠯᠡᠬᠡᠳ ᠤᠰᠤ ᠪᠡᠷ ᠤᠬᠢᠶᠠᠵᠤ ᠬᠠᠭ ᠵᠢ ᠠᠷᠢᠯᠭᠠᠨ᠎ᠡ᠃

http://wiki.uhaan.com/index.php?title=ᠬᠠᠭ&oldid=483427》 ᠍  ᠡᠴᠡ ᠠᠪᠤᠭᠰᠠᠨ

ᠪᠢᠴᠢᠭᠡᠰᠦ