ᠬᠠᠪᠤᠯ ᠬᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠪᠤᠯ ᠬᠠᠨ

ᠬᠠᠪᠤᠯ ᠬᠠᠭᠠᠨ ᠨᠢ ᠴᠢᠩᠭᠢᠰ ᠬᠠᠭᠠᠨ ᠤ ᠡᠯᠦᠨᠴᠡ ᠡᠴᠢᠭᠡ ᠪᠥᠭᠡᠳ ᠬᠠᠮᠤᠭ ᠮᠣᠩᠭᠣᠯ ᠤᠨ ᠠᠩᠬᠠᠨ ᠤ ᠬᠠᠭᠠᠨ ᠶᠤᠮ᠃ ᠬᠠᠪᠤᠯ ᠬᠠᠭᠠᠨ ᠠᠷᠪᠠᠨ ᠨᠢᠭᠡᠳᠦᠭᠡᠷ ᠵᠠᠭᠤᠨ ᠤ ᠰᠡᠭᠦᠯᠴᠢ ᠪᠡᠷ (1084 ᠤᠨ) ᠲᠤᠮᠪᠢᠨᠠᠢ ᠰᠡᠴᠡᠨ ᠤ ᠬᠣᠶᠠᠷ ᠬᠥᠪᠡᠭᠦᠨ ᠦ ᠬᠢᠨᠢ ᠠᠬᠠᠮᠠᠳ ᠨᠢ ᠪᠣᠯᠤᠨ ᠵᠠᠶᠠᠭᠠᠭᠰᠠᠨ ᠭᠡᠵᠦ ᠨᠢᠭᠤᠴᠠ ᠲᠣᠪᠴᠢᠶᠠᠨ ᠳᠤ ᠳᠤᠷᠠᠳᠤᠭᠰᠠᠨ ᠪᠣᠯ ᠷᠠᠰᠢᠳ᠋-ᠠᠳ᠋-ᠳ᠋ᠢᠨ ᠦ «ᠰᠤᠳᠤᠷ ᠤᠨ ᠴᠢᠭᠤᠯᠭᠠᠨ» ᠍ ᠳᠦ ᠲᠤᠮᠪᠢᠨᠠᠢ ᠬᠠᠨ ᠤ ᠵᠢᠷᠭᠤᠭᠠᠳᠠᠬᠢ ᠬᠥᠪᠡᠭᠦᠨ᠂ ᠲᠡᠭᠦᠨ ᠦ ᠪᠠᠭ᠎ᠠ ᠬᠠᠲᠤᠨ ᠤ ᠤᠤᠭᠠᠨ ᠬᠦᠦ ᠪᠣᠯᠤᠨ ᠵᠠᠶᠠᠭᠠᠭᠰᠠᠨ ᠭᠡᠵᠦ ᠦᠭᠦᠯᠡᠭᠰᠡᠨ ᠪᠠᠶᠢᠳᠠᠭ᠃ ᠬᠠᠪᠤᠯ ᠬᠠᠭᠠᠨ ᠪᠣᠯ ᠪᠣᠳᠣᠨᠴᠠᠷ ᠤᠨ ᠨᠠᠶᠢᠮᠠᠳᠤᠭᠠᠷ ᠦᠶ᠎ᠡ ᠶᠢᠨ ᠠᠴᠢ ᠶᠤᠮ᠃

ᠬᠠᠪᠤᠯ ᠬᠠᠭᠠᠨ ᠤ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠪᠤᠯ ᠬᠠᠭᠠᠨ ᠬᠠᠷ᠎ᠠ ᠪᠠᠭ᠎ᠠ ᠠᠴᠠ ᠪᠠᠨ ᠣᠨᠣᠨ ᠮᠥᠷᠡᠨ ᠦ ᠤᠰᠤᠨ ᠳᠤ ᠱᠤᠩᠪᠠᠵᠤ᠂ ᠰᠠᠶᠢᠨ ᠤᠰᠤᠴᠢᠨ ᠪᠣᠯᠵᠠᠢ᠃ ᠲᠡᠷᠡᠪᠡᠷ ᠪᠦᠲᠦᠨ ᠬᠣᠨᠢᠨ ᠤ ᠮᠢᠬ᠎ᠠ ᠶᠢ ᠢᠳᠡᠵᠦ ᠳᠠᠭᠤᠰᠲᠠᠯ᠎ᠠ ᠤᠰᠤᠨ ᠳᠣᠣᠷ᠎ᠠ ᠪᠠᠶᠢᠵᠤ ᠴᠢᠳᠠᠳᠠᠭ ᠠᠵᠢ᠃ ᠬᠠᠮᠤᠭ ᠮᠣᠩᠭᠣᠯ ᠤᠯᠤᠰ ᠬᠠᠪᠤᠯ ᠬᠠᠭᠠᠨ ᠤ ᠦᠶ᠎ᠡ ᠳᠦ ᠬᠦᠴᠦᠷᠬᠡᠭᠵᠢᠵᠦ᠂ ᠭᠠᠳᠠᠭᠠᠳᠤ ᠳᠤ ᠨᠡᠷ᠎ᠡ ᠨᠢ ᠠᠯᠳᠠᠷᠰᠢᠪᠠ᠃ ᠵᠦᠷᠴᠢᠳ ᠦᠨ ᠠᠯᠲᠠᠨ ᠤᠯᠤᠰ ᠤᠨ ᠡᠯᠴᠢ 1130 ᠍ ᠊ᠭᠠᠳ ᠤᠨ ᠤ ᠡᠬᠢ ᠪᠡᠷ ᠬᠠᠮᠤᠭ ᠮᠣᠩᠭᠣᠯ ᠳᠤ ᠢᠷᠡᠵᠦ᠂ ᠬᠠᠪᠤᠯ ᠬᠠᠭᠠᠨ ᠢ ᠨᠤᠲᠤᠭ ᠲᠤ ᠪᠠᠨ ᠠᠶᠢᠯᠴᠢᠯᠠᠬᠤ ᠶᠢ ᠤᠷᠢᠭᠰᠠᠨ ᠬᠠᠭᠠᠨ ᠤ ᠪᠠᠨ ᠢᠯᠡᠭᠡᠯᠲᠡ ᠶᠢ ᠭᠠᠷᠳᠠᠭᠤᠯᠵᠠᠢ᠃ ᠲᠡᠷᠡ ᠦᠶ᠎ᠡ ᠳᠦ ᠵᠦᠷᠴᠢᠳ ᠦᠳ ᠰᠦᠩ ᠤᠯᠤᠰ ᠲᠠᠢ ᠳᠠᠶᠢᠲᠤᠵᠤ᠂ ᠬᠢᠲᠠᠳ ᠤᠨ ᠰᠢᠷ᠎ᠠ ᠮᠥᠷᠡᠨ (ᠬᠠᠲᠤᠨ ᠭᠤᠤᠯ) ᠡᠴᠡ ᠬᠣᠶᠢᠰᠢᠬᠢ ᠪᠦᠬᠦ ᠨᠤᠲᠤᠭ ᠢ ᠡᠵᠡᠯᠡᠭᠡᠳ ᠪᠠᠶᠢᠵᠠᠢ᠃ ᠬᠠᠪᠤᠯ ᠬᠠᠭᠠᠨ ᠴᠤ ᠠᠯᠲᠠᠨ ᠤᠯᠤᠰ ᠍ ᠤᠨ ᠪᠠᠶᠢᠳᠠᠯ ᠢ ᠮᠡᠳᠡᠬᠦ ᠡᠷᠡᠮᠡᠯᠵᠡᠯ ᠲᠡᠢ ᠪᠠᠶᠢᠭᠰᠠᠨ ᠲᠤᠯᠠ ᠤᠷᠢᠯᠭ᠎ᠠ ᠶᠢ ᠬᠦᠯᠢᠶᠡᠨ ᠠᠪᠤᠪᠠ᠃ ᠠᠯᠲᠠᠨ ᠤᠯᠤᠰ ᠤᠨ ᠬᠠᠭᠠᠨ ᠦᠵᠢᠮᠡᠢᠢᠳᠦ (1075-1135) ᠬᠠᠪᠤᠯ ᠬᠠᠭᠠᠨ ᠤ ᠰᠦᠷ ᠬᠦᠴᠦ ᠶᠡᠬᠡ ᠲᠡᠢ ᠶᠢ ᠦᠵᠡᠵᠦ᠂ ᠶᠣᠰᠣᠯᠠᠯ ᠲᠡᠭᠦᠯᠳᠡᠷ ᠤᠭᠲᠤᠨ᠂ ᠬᠦᠨᠳᠦᠳᠬᠡᠭᠰᠡᠨ ᠳᠦᠷᠢ ᠦᠵᠡᠭᠦᠯᠵᠦ ᠶᠡᠬᠡ ᠨᠠᠶᠢᠷ ᠬᠢᠪᠡ᠃ ᠬᠠᠪᠤᠯ ᠬᠠᠭᠠᠨ ᠬᠣᠭᠣᠯᠠᠨ ᠳᠤ ᠬᠣᠣᠷ ᠬᠢᠭᠰᠡᠨ ᠪᠠᠶᠢᠬᠤ ᠮᠠᠭᠠᠳ ᠦᠭᠡᠢ ᠭᠡᠵᠦ ᠰᠡᠷᠭᠡᠶᠢᠯᠡᠵᠦ᠂ ᠠᠭᠠᠭᠢᠮ᠎ᠠ ᠬᠠᠯᠠᠭᠤᠨ ᠠᠴᠠ ᠰᠡᠷᠢᠭᠦᠴᠡᠬᠦ ᠨᠡᠷᠡᠶᠢᠳᠦᠯ ᠢᠶᠡᠷ ᠭᠣᠣᠯ ᠤᠨ ᠤᠰᠤᠨ ᠳᠤ ᠱᠤᠩᠪᠠᠨ ᠢᠳᠡᠵᠦ ᠤᠤᠭᠤᠭᠰᠠᠨ ᠪᠦᠭᠦᠳᠡ ᠶᠢ ᠪᠡᠨ ᠭᠠᠷᠭᠠᠭᠠᠳ ᠳᠠᠬᠢᠨ ᠠᠯᠲᠠᠨ ᠬᠠᠭᠠᠨ ᠤ ᠥᠷᠭᠦᠭᠡᠨ ᠳᠦ ᠣᠷᠣᠵᠤ ᠢᠷᠡᠭᠡᠳ ᠥᠭᠭᠦᠭᠰᠡᠨ ᠪᠦᠬᠦ ᠬᠣᠭᠣᠯᠠ ᠤᠮᠳᠠ᠂ ᠠᠷᠢᠬᠢ ᠳᠠᠷᠠᠰᠤ ᠶᠢ ᠬᠦᠷᠲᠡᠨ ᠰᠠᠭᠤᠵᠤ ᠪᠠᠶᠢᠪᠠ᠃ ᠵᠦᠷᠴᠢᠳ ᠦᠳ ᠰᠦᠷᠯᠢᠭ ᠲᠣᠮᠣ ᠪᠡᠶᠡᠲᠡᠢ᠂ ᠤᠬᠠᠭᠠᠯᠢᠭ ᠴᠢᠷᠠᠢ ᠲᠠᠢ᠂ ᠵᠢᠪᠬᠤᠯᠠᠩ ᠲᠡᠭᠦᠰ ᠬᠠᠪᠤᠯ ᠬᠠᠭᠠᠨ ᠢ ᠰᠢᠨᠵᠢᠵᠤ᠂ ᠶᠠᠮᠠᠷ ᠴᠤ ᠶᠡᠬᠡ ᠠᠷᠢᠬᠢ ᠤᠤᠭᠤᠭᠰᠠᠨ ᠴᠤ ᠰᠣᠭᠲᠣᠬᠤ ᠦᠭᠡᠢ ᠪᠠᠶᠢᠭ᠎ᠠ ᠶᠢ ᠭᠠᠶᠢᠬᠠᠨ 《ᠪᠤᠷᠬᠠᠨ ᠠᠴᠠ ᠵᠠᠶᠠᠭᠠᠭᠰᠠᠨ ᠶᠡᠷᠦ ᠪᠤᠰᠤ ᠶᠢᠨ ᠪᠠᠭᠠᠲᠤᠷ ᠴᠢᠭᠢᠷᠠᠭ ᠡᠷ᠎ᠡ ᠶᠤᠮ》 ᠭᠡᠵᠦ ᠭᠠᠶᠢᠬᠠᠨ ᠱᠠᠭᠰᠢᠵᠤ ᠪᠠᠶᠢᠵᠠᠢ᠃  ᠨᠢᠭᠡ ᠤᠳᠠᠭ᠎ᠠ ᠬᠠᠪᠤᠯ ᠬᠠᠭᠠᠨ ᠰᠠᠨᠠᠮᠰᠠᠷ ᠦᠭᠡᠢ ᠰᠣᠭᠲᠣᠵᠤ᠂ ᠲᠠᠲ᠋ᠠᠷ ᠵᠡᠷᠭᠡ ᠠᠶᠢᠮᠠᠭ ᠢ ᠬᠠᠮᠤᠭ ᠮᠣᠩᠭᠣᠯ ᠤᠨ ᠡᠰᠡᠷᠬᠦ ᠠᠯᠲᠠᠨ ᠤᠯᠤᠰ ᠢᠯᠡ ᠳᠠᠯᠳᠠ ᠥᠳᠥᠭᠡᠨ ᠲᠤᠷᠬᠢᠷᠠᠵᠤ ᠪᠠᠶᠢᠳᠠᠭ ᠢ ᠡᠭᠳᠡᠭᠦᠴᠡᠵᠦ ᠶᠠᠪᠤᠳᠠᠭ ᠢᠶᠠᠨ ᠬᠡᠯᠡᠵᠦ᠂ ᠠᠯᠲᠠᠨ ᠤᠯᠤᠰ ᠤᠨ ᠬᠠᠭᠠᠨ ᠤ ᠰᠠᠬᠠᠯ ᠢ ᠰᠢᠪᠲᠤᠷᠠᠵᠠᠢ᠃ ᠲᠡᠭᠡᠬᠦ ᠳᠦ ᠠᠯᠲᠠᠨ ᠤᠯᠤᠰ ᠤᠨ ᠲᠦᠰᠢᠮᠡᠯ ᠦᠳ ᠬᠠᠪᠤᠯ ᠬᠠᠭᠠᠨ ᠢ ᠪᠠᠷᠢᠵᠤ ᠴᠠᠭᠠᠵᠠᠯᠠᠬᠤ ᠶᠢ ᠵᠠᠪᠳᠤᠪᠠ᠃

ᠠᠯᠲᠠᠨ ᠬᠠᠭᠠᠨ: — ᠡᠨᠡ ᠪᠣᠯᠪᠠᠰᠤ ᠶᠣᠰᠣ ᠠᠯᠳᠠᠭᠰᠠᠨ ᠬᠡᠷᠡᠭ᠃ ᠶᠠᠯ᠎ ᠠ ᠪᠣᠯᠤᠭᠰᠠᠨ ᠪᠤᠰᠤ ᠬᠡᠮᠡᠨ ᠬᠡᠯᠲᠦᠷᠢᠭᠦᠯᠵᠦ᠂ ᠦᠨᠡᠲᠦ ᠪᠡᠯᠡᠭ ᠰᠡᠯᠲᠡ ᠥᠭᠴᠦ ᠬᠦᠨᠳᠦᠲᠦ ᠵᠣᠴᠢᠨ ᠤ ᠶᠣᠰᠣᠭᠠᠷ ᠪᠤᠴᠠᠭᠠᠴᠠᠢ᠃ 1135 ᠤᠨ ᠳᠤ ᠠᠯᠲᠠᠨ ᠤᠯᠤᠰ ᠤᠨ ᠬᠠᠭᠠᠨ ᠰᠢᠷᠡᠭᠡᠨ ᠳᠦ ᠱᠢᠽᠦ᠋ᠩ ᠬᠠᠭᠠᠨ ᠡᠷᠭᠦᠮᠵᠢᠯᠡᠭᠳᠡᠭᠰᠡᠨ ᠡᠴᠡ ᠡᠬᠢᠯᠡᠨ ᠠᠯᠲᠠᠨ ᠤᠯᠤᠰ ᠬᠠᠮᠤᠭ ᠮᠣᠩᠭᠣᠯ ᠢ ᠴᠡᠷᠢᠭ ᠵᠡᠪᠰᠡᠭ ᠦᠨ ᠬᠦᠴᠦ ᠪᠡᠷ ᠰᠢᠭᠤᠳ ᠡᠵᠡᠯᠡᠨ ᠠᠪᠬᠤ ᠶᠢ ᠡᠷᠡᠮᠡᠯᠵᠡᠵᠦ ᠬᠤᠰᠠᠬᠤ ᠵᠠᠩᠵᠤᠨ ᠢᠶᠠᠷ ᠤᠳᠤᠷᠢᠳᠤᠭᠤᠯᠤᠭᠰᠠᠨ ᠶᠡᠬᠡ ᠴᠡᠷᠢᠭ ᠢ ᠮᠣᠩᠭᠣᠯ ᠨᠤᠲᠤᠭ ᠤᠷᠤᠭᠤ ᠢᠯᠡᠭᠡᠪᠡ᠃ ᠬᠤᠰᠠᠬᠤ ᠬᠠᠮᠤᠭ ᠮᠣᠩᠭᠣᠯ ᠤᠨ ᠡᠰᠡᠷᠬᠦ 4 ᠵᠢᠯ ᠣᠷᠴᠢᠮ ᠲᠤᠯᠤᠯᠳᠤᠭᠰᠠᠨ ᠪᠣᠯᠪᠠᠴᠤ ᠣᠯᠢᠭᠲᠠᠢ ᠠᠮᠵᠢᠯᠲᠠ ᠣᠯᠤᠭᠰᠠᠨ ᠦᠭᠡᠢ᠃ ᠬᠠᠪᠤᠯ ᠬᠠᠭᠠᠨ ᠬᠦᠮᠦᠨ ᠤ ᠬᠦᠴᠦ ᠪᠡᠷ ᠳᠠᠪᠠᠭᠤ ᠵᠦᠷᠴᠢᠨᠴᠦᠳ ᠲᠡᠢ ᠶᠡᠬᠡᠲᠡ ᠪᠣᠯᠭᠣᠮᠵᠢᠲᠠᠢ ᠲᠤᠯᠤᠯᠳᠤᠵᠤ᠂ ᠪᠠᠭ᠎ᠠ ᠬᠦᠴᠦ ᠪᠡᠷ ᠢᠯᠡᠭᠦᠦ ᠠᠮᠵᠢᠯᠲᠠ ᠳᠤ ᠬᠦᠷᠬᠦ ᠶᠢ ᠵᠣᠷᠢᠵᠤ ᠪᠠᠶᠢᠪᠠ᠃ ᠬᠠᠪᠤᠯ ᠬᠠᠭᠠᠨ ᠳᠣᠪᠲᠣᠯᠤᠨ ᠢᠷᠡᠭᠰᠡᠨ ᠵᠦᠷᠴᠢᠳ ᠦᠨ ᠶᠡᠬᠡ ᠴᠡᠷᠢᠭ ᠢ ᠭᠠᠵᠠᠷ ᠮᠡᠳᠡᠬᠦ ᠦᠭᠡᠢ ᠪᠠᠶᠢᠳᠠᠯ ᠢ ᠨᠢ ᠠᠰᠢᠭᠯᠠᠨ ᠨᠤᠲᠤᠭ ᠤᠨ ᠢᠶᠠᠨ ᠭᠦᠨ ᠳᠤ ᠡᠰᠡᠷᠭᠦᠴᠡᠯ ᠦᠭᠡᠢ ᠰᠢᠬᠠᠵᠤ ᠣᠷᠣᠭᠤᠯᠤᠭᠠᠳ᠂ ᠲᠡᠳᠡᠨ ᠦ ᠬᠥᠳᠡᠯᠬᠦ ᠪᠦᠷᠢ ᠶᠢ ᠬᠢᠨᠠᠮᠠᠭᠠᠢ ᠠᠵᠢᠭᠯᠠᠵᠣ᠂ ᠴᠥᠭᠡᠨ ᠴᠡᠷᠢᠭ ᠢᠶᠡᠷ ᠠᠯᠤᠰ ᠠᠴᠠ ᠲᠤᠯᠤᠯᠳᠠᠵᠤ᠂ ᠳᠠᠶᠢᠰᠤᠨ ᠢᠶᠠᠨ ᠰᠤᠯᠠᠳᠠᠭᠠᠵᠤ᠂ ᠰᠡᠳᠬᠢᠯ ᠰᠠᠨᠠᠭ᠎ ᠠ ᠶᠢ ᠨᠢ ᠦᠬᠦᠭᠦᠯᠵᠦ ᠪᠠᠶᠢᠯ᠎ᠠ᠃ ᠬᠤᠰᠠᠬᠤ ᠶᠢᠨ ᠴᠡᠷᠢᠭ ᠮᠣᠩᠭᠣᠯ ᠤᠨ ᠠᠭᠤᠳᠠᠮ ᠲᠠᠯ᠎ᠠ᠂ ᠬᠡᠨᠲᠡᠢ ᠨᠢᠷᠤᠭᠤᠨ ᠤ ᠪᠠᠷᠲᠠᠭᠠᠲᠤ ᠠᠭᠤᠯᠠᠰ ᠤᠨ ᠳᠤᠮᠳᠠ ᠬᠦᠮᠦᠨ ᠮᠠᠯ ᠢᠶᠠᠨ ᠶᠠᠳᠠᠷᠠᠭᠠᠵᠤ᠂ ᠬᠣᠭᠣᠯᠠ ᠬᠦᠨᠡᠰᠦ ᠪᠡᠨ ᠳᠠᠭᠤᠰᠤᠭᠰᠠᠨ ᠤ ᠤᠯᠠᠮ ᠠᠴᠠ ᠠᠷᠭ᠎ᠠ ᠦᠭᠡᠢ ᠶᠢᠨ ᠡᠷᠬᠡᠨ ᠳᠦ ᠪᠤᠴᠠᠵᠤ ᠡᠬᠢᠯᠡᠬᠦ ᠳᠦ ᠬᠠᠪᠤᠯ ᠬᠠᠭᠠᠨ ᠤ ᠤᠳᠤᠷᠢᠳᠤᠭᠰᠠᠨ ᠬᠠᠮᠤᠭ ᠮᠣᠩᠭᠣᠯ ᠤᠨ ᠭᠠᠪᠰᠢᠭᠠᠢ ᠡᠷᠡᠴᠦᠳ ᠭᠡᠨᠡᠳᠲᠡ ᠤᠤᠬᠠᠶᠢᠯᠠᠨ ᠳᠣᠪᠲᠣᠯᠤᠨ ᠴᠣᠬᠢᠵᠤ ᠬᠠᠶᠢᠯᠠᠨ ᠠᠭᠤᠯᠠ ᠶᠢᠨ ᠣᠷᠴᠢᠮ 1139 ᠤᠨ ᠳᠤ ᠪᠦᠷᠢᠮᠦᠰᠦᠨ ᠰᠥᠨᠥᠭᠡᠵᠡᠢ᠃ ᠬᠠᠪᠤᠯ ᠬᠠᠭᠠᠨ ᠲᠡᠷᠡ ᠴᠠᠭ ᠠᠴᠠ ᠡᠬᠢᠯᠡᠨ ᠠᠯᠲᠠᠨ ᠤᠯᠤᠰ ᠢ ᠥᠪᠡᠷ ᠦᠨ ᠭᠣᠣᠯ ᠳᠠᠶᠢᠰᠤᠨ ᠢᠶᠠᠨ ᠭᠡᠵᠦ ᠦᠵᠡᠵᠦ ᠴᠡᠷᠢᠭ᠂ ᠵᠡᠪᠰᠡᠭ ᠬᠤᠷᠠᠯᠳᠤᠭᠤᠯᠤᠨ ᠰᠤᠷᠭᠠᠭᠤᠯᠢᠯᠠᠵᠤ᠂ ᠠᠯᠲᠠᠨ ᠤᠯᠤᠰ ᠲᠠᠢ ᠳᠠᠶᠢᠲᠤᠵᠤ ᠡᠬᠢᠯᠡᠪᠡ᠃ ᠠᠯᠲᠠᠨ ᠤᠯᠤᠰ ᠲᠤᠬᠠᠢ ᠶᠢᠨ ᠦᠶ᠎ᠡ ᠳᠦ ᠬᠢᠲᠠᠳ ᠤᠨ ᠰᠦᠩ ᠤᠯᠤᠰ ᠲᠠᠢ ᠰᠢᠢᠳᠪᠦᠷᠢᠯᠡᠬᠦ ᠲᠤᠯᠤᠯᠳᠤᠭᠠᠨ ᠬᠢᠵᠦ ᠪᠠᠶᠢᠭᠰᠠᠨ ᠲᠤᠯᠠ ᠬᠠᠪᠤᠯ ᠬᠠᠭᠠᠨ ᠤ ᠳᠣᠪᠲᠣᠯᠭᠠᠨ ᠢ ᠰᠥᠷᠥᠨ ᠵᠣᠭᠰᠣᠭᠠᠵᠤ ᠴᠢᠳᠠᠯ ᠦᠭᠡᠢ ᠬᠣᠶᠢᠳᠤ ᠬᠢᠯᠢ ᠣᠷᠴᠢᠮ ᠤᠨ ᠢᠶᠠᠨ 27 ᠴᠠᠶᠢᠵᠠ᠂ ᠪᠣᠭᠣᠮᠲᠠ ᠶᠢ ᠠᠯᠳᠠᠭᠰᠠᠨ ᠠᠵᠢ᠃ 1141 ᠤᠨ ᠳᠤ ᠠᠯᠲᠠᠨ ᠤᠯᠤᠰ᠂ ᠰᠦᠩ ᠤᠯᠤᠰ ᠬᠣᠶᠠᠷ ᠤᠨ ᠳᠠᠶᠢᠨ ᠳᠠᠭᠤᠰᠴᠤ᠂ ᠰᠦᠩ ᠤᠯᠤᠰ ᠪᠠᠭᠤᠵᠤ ᠥᠭᠭᠦᠭᠰᠡᠨ ᠢᠶᠡᠷ ᠠᠯᠲᠠᠨ ᠤᠯᠤᠰ ᠮᠣᠩᠭᠣᠯᠴᠤᠳ ᠤᠨ ᠡᠰᠡᠷᠬᠦ ᠪᠦᠬᠦ ᠬᠦᠴᠦ ᠪᠡᠷ ᠢᠶᠡᠨ ᠳᠠᠶᠢᠲᠤᠬᠤ ᠪᠣᠯᠤᠮᠵᠢ ᠲᠠᠢ ᠪᠣᠯᠪᠠ᠃ ᠭᠡᠪᠡᠴᠦ ᠬᠠᠪᠤᠯ ᠬᠠᠭᠠᠨ ᠴᠤ ᠴᠠᠭ ᠢ ᠳᠡᠮᠡᠢ ᠦᠷᠡᠭᠰᠡᠨ ᠦᠭᠡᠢ᠃ ᠲᠡᠷᠡᠪᠡᠷ ᠥᠪᠡᠷ ᠦᠨ ᠴᠡᠷᠢᠭ ᠵᠡᠪᠰᠡᠭ ᠢ ᠨᠡᠮᠡᠭᠳᠡᠭᠦᠯᠬᠦ ᠶᠢᠨ ᠵᠡᠷᠭᠡᠴᠡᠭᠡ ᠠᠯᠲᠠᠨ ᠤᠯᠤᠰ ᠤᠨ ᠴᠡᠷᠢᠭ ᠦᠨ ᠳᠣᠲᠣᠷ᠎ᠠ ᠪᠣᠰᠤᠯᠭ᠎ᠠ ᠭᠠᠷᠭᠠᠭᠰᠠᠨ ᠤ ᠤᠯᠠᠮ ᠠᠴᠠ ᠴᠠᠭᠠᠵᠠᠯᠠᠭᠤᠯᠤᠭᠰᠠᠨ ᠵᠦᠷᠴᠢᠳ ᠦᠨ ᠲᠣᠮᠣᠬᠠᠨ ᠨᠣᠶᠠᠨ ᠳ᠋ᠠᠯᠢᠶᠠᠨ ᠬᠡᠮᠡᠭᠴᠢ ᠶᠢᠨ ᠬᠦᠦ ᠲᠡᠢ ᠬᠣᠯᠪᠣᠭ᠎ᠠ ᠲᠣᠭᠲᠠᠭᠠᠵᠤ ᠲᠡᠭᠦᠨ ᠦ ᠠᠯᠪᠠᠲᠤ ᠢᠷᠭᠡᠳ ᠢ ᠠᠯᠲᠠᠨ ᠤᠯᠤᠰ ᠤᠨ ᠡᠰᠡᠷᠬᠦ ᠲᠡᠮᠡᠴᠡᠯ ᠳᠦ ᠠᠰᠢᠭᠯᠠᠬᠤ ᠪᠣᠯᠪᠠ᠃

ᠡᠨᠡ ᠪᠦᠬᠦ ᠦᠢᠯᠡ ᠶᠠᠪᠤᠳᠠᠯ ᠨᠢ ᠬᠠᠪᠤᠯ ᠬᠠᠭᠠᠨ ᠤ ᠬᠦᠴᠦ ᠶᠢ ᠤᠯᠠᠮ ᠨᠡᠮᠡᠭᠳᠡᠭᠦᠯᠪᠡ᠃ ᠱᠢᠽᠦ᠋ᠩ ᠬᠠᠭᠠᠨ ᠰᠦᠩ ᠤᠯᠤᠰ ᠢ ᠪᠠᠭᠤᠯᠭᠠᠨ ᠠᠪᠴᠤ᠂ ᠶᠡᠬᠡ ᠢᠯᠠᠯᠲᠠ ᠪᠠᠶᠢᠭᠤᠯᠤᠭᠰᠠᠨ ᠤᠲ᠋ᠦ᠋ᠨᠰᠢᠶᠠᠩ ᠵᠠᠩᠵᠤᠨ ᠢ ᠬᠠᠮᠤᠭ ᠮᠣᠩᠭᠣᠯ ᠤᠨ ᠡᠰᠡᠷᠬᠦ ᠶᠡᠬᠡ ᠴᠡᠷᠢᠭ ᠢᠶᠡᠨ ᠲᠣᠯᠣᠭᠠᠶᠢᠯᠠᠭᠤᠯᠤᠨ ᠬᠥᠳᠡᠯᠭᠡᠵᠡᠢ᠃ ᠵᠦᠷᠴᠢᠳ᠂ ᠮᠣᠩᠭᠣᠯᠴᠤᠳ ᠤᠨ ᠬᠣᠭᠣᠷᠣᠨᠳᠣ ᠪᠦᠲᠦᠨ 5 ᠵᠢᠯ ᠦᠷᠭᠦᠯᠵᠢᠯᠡᠭᠰᠡᠨ ᠡᠨᠡ ᠳᠠᠶᠢᠨ ᠳᠤ ᠬᠠᠪᠤᠯ ᠬᠠᠭᠠᠨ ᠤ ᠡᠷᠡᠯᠬᠡᠭ ᠵᠣᠷᠢᠭ᠂ ᠠᠪᠬᠠᠯᠴᠢ ᠰᠠᠮᠪᠠᠭ᠎ᠠ᠂ ᠵᠠᠩᠵᠤᠨ ᠤ ᠤᠷ᠎ᠠ ᠴᠢᠳᠠᠪᠤᠷᠢ᠂ ᠶᠡᠬᠡᠳᠡ ᠲᠣᠪᠣᠶᠢᠨ ᠭᠠᠷᠤᠭᠰᠠᠨ ᠢ ᠬᠡᠯᠡᠬᠦ ᠶᠠᠭᠤᠨ ᠪᠢᠯᠡ᠃ ᠠᠯᠲᠠᠨ ᠤᠯᠤᠰ ᠲᠤᠬᠠᠢ ᠶᠢᠨ ᠦᠶ᠎ᠡ ᠳᠦ ᠲᠥᠪ ᠠᠽᠢᠶ᠎ᠠ ᠶᠢᠨ ᠬᠠᠮᠤᠭ ᠤᠨ ᠬᠦᠴᠦᠷᠬᠡᠭ ᠤᠯᠤᠰ ᠪᠣᠯᠵᠤ ᠪᠠᠶᠢᠭᠰᠠᠨ ᠠᠭᠠᠳ ᠵᠦᠷᠴᠢᠳ ᠦᠨ ᠴᠡᠷᠢᠭ ᠲᠣᠭ᠎ᠠ ᠪᠠᠷ ᠣᠯᠠᠨ᠂ ᠲᠡᠭᠦᠨ ᠦ ᠳᠡᠭᠡᠷ᠎ᠡ ᠰᠦᠩ ᠤᠯᠤᠰ ᠲᠠᠢ ᠣᠯᠠᠨ ᠵᠢᠯ ᠲᠤᠯᠤᠯᠳᠤᠵᠤ ᠳᠠᠶᠢᠨ ᠤ ᠳᠠᠳᠤᠯᠭ᠎ᠠ ᠲᠤᠷᠰᠢᠯᠭ᠎ᠠ ᠪᠠᠷ ᠢᠯᠡᠭᠦᠦ ᠪᠠᠶᠢᠭᠰᠠᠨ ᠵᠡᠷᠭᠡ ᠣᠯᠠᠨ ᠵᠦᠢᠯ ᠢᠶᠡᠷ ᠳᠠᠪᠠᠭᠤᠲᠠᠢ ᠪᠠᠶᠢᠭᠰᠠᠨ ᠪᠣᠯᠪᠠᠴᠤ ᠬᠠᠪᠤᠯ ᠬᠠᠭᠠᠨ ᠤ ᠤᠳᠤᠷᠢᠳᠤᠭᠰᠠᠨ ᠮᠣᠩᠭᠣᠯᠴᠤᠳ ᠲᠡᠷᠡ ᠶᠡᠬᠡ ᠲᠤᠯᠤᠯᠳᠤᠭᠠᠨ ᠳᠤ ᠢᠯᠠᠵᠤ ᠭᠠᠷᠤᠭᠰᠠᠨ ᠶᠤᠮ᠃ 1147 ᠤᠨ ᠳᠤ ᠬᠠᠮᠤᠭ ᠮᠣᠩᠭᠣᠯ᠂ ᠠᠯᠲᠠᠨ ᠤᠯᠤᠰ ᠬᠣᠶᠠᠷ ᠤᠨ ᠬᠣᠭᠣᠷᠣᠨᠳᠣ ᠨᠠᠶᠢᠷᠠᠮᠳᠠᠯ ᠤᠨ ᠭᠡᠷ᠎ᠡ ᠪᠠᠶᠢᠭᠤᠯᠤᠭᠳᠠᠵᠤ ᠲᠡᠭᠦᠪᠡᠷ ᠵᠦᠷᠴᠢᠳ ᠦᠨ ᠰᠢᠫᠢᠨᠢ ᠭᠣᠣᠯ ᠠᠴᠠ ᠬᠣᠶᠢᠰᠢᠬᠢ 27 ᠴᠠᠶᠢᠵᠠ ᠶᠢ ᠬᠠᠮᠤᠭ ᠮᠣᠩᠭᠣᠯ ᠳᠤ ᠰᠢᠯᠵᠢᠭᠦᠯᠦᠨ ᠥᠭᠬᠦ᠂ ᠠᠯᠲᠠᠨ ᠤᠯᠤᠰ ᠬᠠᠮᠤᠭ ᠮᠣᠩᠭᠣᠯ ᠳᠤ ᠵᠢᠯ ᠪᠦᠷᠢ ᠦᠬᠡᠷ᠂ ᠬᠣᠨᠢ᠂ ᠠᠮᠤ ᠪᠠᠷ ᠠᠯᠪᠠ ᠤᠯᠭᠤᠬᠤ ᠪᠣᠯᠪᠠ᠃ ᠲᠡᠭᠦᠨ ᠡᠴᠡ ᠭᠠᠳᠠᠨ᠎ᠠ ᠠᠯᠲᠠᠨ ᠬᠠᠭᠠᠨ ᠬᠠᠪᠤᠯ ᠬᠠᠭᠠᠨ ᠳᠤ ᠸᠠᠩ ᠬᠡᠷᠭᠡᠮ ᠱᠠᠩᠨᠠᠭᠰᠠᠨ ᠪᠣᠯᠪᠠᠴᠤ ᠲᠡᠷᠡᠪᠡᠷ ᠡᠷᠡᠰ ᠨᠢᠴᠤᠭᠠᠵᠤ ᠬᠦᠯᠢᠶᠡᠵᠦ ᠠᠪᠤᠭᠰᠠᠨ ᠦᠭᠡᠢ᠃ ᠬᠠᠪᠤᠯ ᠬᠠᠭᠠᠨ ᠠᠯᠲᠠᠨ ᠤᠯᠤᠰ ᠤᠨ ᠸᠠᠩ ᠤᠨ ᠬᠡᠷᠭᠡᠮ ᠲᠡᠢ᠂ ᠬᠡᠷᠭᠡᠮ ᠦᠭᠡᠢ ᠴᠤ ᠢᠵᠠᠭᠤᠷ ᠤᠨ ᠮᠣᠩᠭᠣᠯᠴᠤᠳ ᠤᠨ ᠬᠠᠤᠯᠢ ᠶᠣᠰᠣᠨ ᠤ ᠬᠠᠭᠠᠨ ᠭᠡᠳᠡᠭ ᠢᠶᠡᠨ ᠲᠡᠳᠡᠨ ᠳᠦ ᠣᠶᠢᠯᠠᠭᠠᠭᠤᠯᠵᠠᠢ᠃ ᠮᠥᠨ ᠠᠯᠲᠠᠨ ᠬᠠᠭᠠᠨ ᠤ ᠡᠴᠢᠨ᠎ᠡ ᠬᠣᠣᠷᠲᠤ ᠪᠣᠳᠣᠯᠭ᠎ᠠ ᠶᠢ ᠲᠡᠷᠡᠪᠡᠷ ᠮᠡᠳᠡᠵᠦ ᠪᠠᠶᠢᠭᠰᠠᠨ ᠲᠤᠯᠠ ᠸᠠᠩ ᠬᠡᠷᠭᠡᠮ ᠱᠠᠩᠨᠠᠭᠰᠠᠨ ᠢ ᠡᠷᠡᠰ ᠰᠢᠢᠳᠪᠦᠷᠢᠲᠡᠢ ᠨᠢᠴᠤᠭᠠᠭᠰᠠᠨ ᠬᠠᠷᠢᠭᠤ ᠥᠭᠴᠡᠢ᠃ 1147 ᠤᠨ ᠤ ᠭᠡᠷ᠎ᠡ ᠪᠡᠷ ᠠᠯᠲᠠᠨ ᠤᠯᠤᠰ ᠠᠷᠭ᠎ᠠ ᠪᠤᠶᠤ ᠶᠡᠬᠡ ᠪᠠᠭᠤᠯᠲᠠ ᠬᠢᠭᠰᠡᠨ ᠨᠢ ᠬᠠᠮᠤᠭ ᠮᠣᠩᠭᠣᠯ ᠤᠨ ᠰᠦᠷ ᠬᠦᠴᠦᠨ ᠶᠡᠬᠡᠳᠡ ᠳᠡᠭᠡᠭᠰᠢᠯᠡᠵᠦ ᠬᠦᠴᠦᠷᠬᠡᠭ ᠠᠯᠲᠠᠨ ᠤᠯᠤᠰ ᠲᠠᠢ ᠡᠩ ᠵᠡᠷᠭᠡᠴᠡᠬᠦᠶᠢᠴᠡ ᠪᠣᠯᠵᠤ ᠢᠷᠡᠭᠰᠡᠨ ᠢ ᠬᠠᠷᠠᠭᠤᠯᠵᠤ ᠪᠠᠶᠢᠨ᠎ᠠ᠃

ᠬᠠᠪᠤᠯ ᠬᠠᠭᠠᠨ ᠤ ᠳᠣᠲᠣᠭᠠᠳᠤ ᠳᠤ ᠪᠠᠨ ᠭᠦᠢᠴᠡᠳᠭᠡᠭᠰᠡᠨ ᠭᠣᠣᠯ ᠭᠠᠪᠢᠶ᠎ᠠ ᠪᠣᠯ ᠤᠯᠤᠰ ᠢ ᠪᠠᠶᠢᠭᠤᠯᠤᠭᠰᠠᠨ᠂ ᠶᠡᠬᠡᠰ ᠳᠡᠭᠡᠳᠦᠰ ᠦᠨ ᠬᠤᠷᠠᠯᠳᠠᠢ ᠶᠢ ᠬᠤᠷᠠᠭᠤᠯᠤᠨ ᠬᠠᠭᠠᠨ ᠰᠣᠩᠭᠣᠵᠤ᠂ ᠪᠣᠷᠵᠢᠭᠢᠨ ᠤ ᠤᠭᠰᠠᠭ᠎ᠠ ᠵᠠᠯᠭᠠᠮᠵᠢᠯᠠᠯ ᠢ ᠪᠤᠢ ᠪᠣᠯᠭᠠᠭᠰᠠᠨ ᠶᠠᠪᠤᠳᠠᠯ ᠶᠤᠮ᠃ ᠬᠠᠪᠤᠯ ᠬᠠᠭᠠᠨ ᠮᠣᠩᠭᠣᠯ ᠤᠨ ᠲᠡᠦᠬᠡᠨ ᠳᠦ ᠶᠡᠬᠡ ᠭᠠᠪᠢᠶ᠎ᠠ ᠪᠠᠶᠢᠭᠤᠯᠤᠭᠰᠠᠨ ᠤᠯᠤᠰ ᠲᠥᠷᠥ᠂ ᠴᠡᠷᠢᠭ ᠦᠨ ᠲᠣᠮᠣ ᠵᠢᠳᠬᠦᠯᠲᠡᠨ ᠪᠠᠶᠢᠵᠠᠢ᠃ ᠬᠠᠮᠤᠭ ᠮᠣᠩᠭᠣᠯ ᠤᠯᠤᠰ ᠢ ᠬᠠᠪᠤᠯ ᠬᠠᠭᠠᠨ ᠪᠠᠶᠢᠭᠤᠯᠤᠭ᠎ᠠ ᠦᠭᠡᠢ ᠪᠣᠯ ᠮᠣᠩᠭᠣᠯᠴᠤᠳ ᠤᠨ ᠨᠢᠭᠡᠳᠦᠯ ᠨᠡᠩ ᠤᠳᠠᠭᠠᠰᠢᠷᠠᠵᠤ ᠶᠡᠬᠡ ᠮᠣᠩᠭᠣᠯ ᠤᠯᠤᠰ ᠪᠠᠶᠢᠭᠤᠯᠤᠭᠳᠠᠬᠤ ᠳᠤ ᠴᠤ ᠪᠡᠷᠬᠡᠰᠢᠶᠡᠯ ᠤᠴᠠᠷᠠᠬᠤ ᠪᠠᠶᠢᠭᠰᠠᠨ ᠶᠤᠮ᠃ ᠠᠯᠤᠩᠭᠤᠸ᠎ᠠ ᠶᠢᠨ ᠲᠩᠷᠢ ᠶᠢᠨ ᠬᠥᠪᠡᠭᠦᠳ ᠢᠶᠡᠷ ᠣᠪᠤᠭᠯᠠᠭᠰᠠᠨ ᠪᠣᠷᠵᠢᠭᠢᠨ ᠣᠪᠤᠭ ᠢ ᠲᠡᠦᠬᠡ ᠶᠢᠨ ᠲᠠᠶᠢᠰᠠᠨ ᠳᠤ ᠲᠡᠷᠢᠭᠦᠯᠡᠬᠦ ᠡᠭᠦᠷᠭᠡ ᠲᠡᠢ ᠡᠷᠭᠦᠨ ᠭᠠᠷᠭᠠᠵᠤ᠂ ᠮᠣᠩᠭᠣᠯ ᠤᠨ ᠬᠠᠭᠠᠳ ᠤᠨ ᠵᠠᠯᠭᠠᠮᠵᠢᠯᠠᠬᠤ ᠤᠭᠰᠠᠭ᠎ᠠ ᠭᠠᠷᠤᠯ ᠢ ᠲᠣᠭᠲᠠᠭᠠᠵᠤ᠂ ᠲᠡᠳᠡᠭᠡᠷ ᠴᠠᠭᠠᠨ ᠶᠠᠰᠤᠨ ᠤ ᠬᠠᠭᠠᠳ ᠤᠨ ᠤᠳᠤᠷᠢᠳᠤᠯᠭ᠎ᠠ ᠶᠢᠨ ᠳᠣᠣᠷ᠎ᠠ 《ᠣᠯᠠᠩᠬᠢ ᠶᠢᠨ ᠮᠣᠩᠭᠣᠯ ᠤᠯᠤᠰ》 ᠪᠤᠶᠤ 《ᠬᠠᠮᠤᠭ ᠮᠣᠩᠭᠣᠯ》 ᠤᠯᠤᠰ ᠢ ᠪᠠᠶᠢᠭᠤᠯᠤᠭᠰᠠᠨ ᠨᠢ ᠬᠠᠪᠤᠯ ᠬᠠᠭᠠᠨ ᠤ ᠮᠣᠩᠭᠣᠯ ᠤᠨ ᠲᠡᠦᠬᠡᠨ ᠳᠦ ᠪᠠᠶᠢᠭᠤᠯᠤᠭᠰᠠᠨ ᠬᠠᠮᠤᠭ ᠤᠨ ᠲᠣᠮᠣ ᠭᠠᠪᠢᠶ᠎ᠠ ᠪᠢᠯᠡ᠃ ᠬᠠᠪᠤᠯ ᠬᠠᠭᠠᠨ ᠢ ᠵᠠᠷᠢᠮ ᠲᠡᠦᠬᠡ ᠶᠢᠨ ᠨᠣᠮ ᠳᠤ 《ᠰᠢᠨᠡᠴᠢᠯᠡᠭᠴᠢ ᠬᠠᠭᠠᠨ》᠂ 《ᠣᠯᠠᠨ ᠢᠶᠠᠷ ᠬᠡᠯᠡᠯᠴᠡᠬᠦ ᠠᠷᠠᠳᠴᠢᠯᠠᠯ ᠢ ᠲᠣᠭᠲᠠᠭᠠᠭᠴᠢ》 ᠭᠡᠬᠦ ᠮᠡᠲᠦ ᠪᠡᠷ ᠪᠢᠴᠢᠭᠰᠡᠨ ᠨᠢ ᠲᠡᠭᠦᠨ ᠦ ᠬᠤᠷᠠᠯᠳᠠᠢ ᠶᠢᠨ ᠵᠢᠷᠤᠮ ᠢ ᠲᠣᠭᠲᠠᠭᠠᠵᠤ᠂ ᠬᠠᠭᠠᠨ ᠢ ᠰᠣᠩᠭᠣᠭᠤᠯᠢ ᠪᠠᠷ ᠭᠠᠷᠭᠠᠳᠠᠭ ᠪᠣᠯᠤᠭᠰᠠᠨ ᠢ ᠬᠡᠯᠡᠭᠰᠡᠨ ᠪᠠᠶᠢᠨ᠎ᠠ᠃

ᠡᠶᠢᠨᠬᠦᠦ ᠠᠷᠪᠠᠨ ᠨᠢᠭᠡᠳᠦᠭᠡᠷ ᠵᠠᠭᠤᠨ ᠤ ᠲᠡᠷᠲᠡᠭᠡ ᠬᠠᠪᠤᠯ ᠬᠠᠭᠠᠨ ᠢᠵᠠᠭᠤᠷ ᠤᠨ ᠮᠣᠩᠭᠣᠯᠴᠤᠳ ᠤᠨ ᠲᠥᠷᠥ ᠤᠯᠤᠰ ᠢ ᠳᠠᠬᠢᠨ ᠰᠡᠷᠭᠦᠭᠡᠨ ᠪᠠᠶᠢᠭᠤᠯᠤᠭᠰᠠᠨ ᠨᠢ ᠲᠥᠪ ᠠᠽᠢᠶ᠎ᠠ ᠶᠢᠨ ᠤᠯᠤᠰ ᠲᠥᠷᠥ ᠶᠢᠨ ᠠᠮᠢᠳᠤᠷᠠᠯ ᠳᠤ ᠶᠡᠬᠡᠬᠡᠨ ᠡᠭᠦᠷᠭᠡ ᠭᠦᠢᠴᠡᠳᠭᠡᠬᠦ ᠪᠣᠯᠵᠤ᠂ ᠴᠢᠨᠠᠭᠰᠢᠳᠠ ᠪᠠᠨ ᠬᠠᠮᠤᠭ ᠮᠣᠩᠭᠣᠯ ᠢ ᠲᠣᠭᠣᠷᠢᠭᠤᠯᠤᠨ ᠲᠠᠲ᠋ᠠᠷᠮᠡᠷᠬᠢᠳᠬᠡᠷᠡᠶᠢᠳᠨᠠᠶᠢᠮᠠᠨ ᠵᠡᠷᠭᠡ ᠮᠣᠩᠭᠣᠯ ᠤᠨ ᠪᠤᠰᠤᠳ ᠠᠶᠢᠮᠠᠭ᠂ ᠬᠠᠨᠯᠢᠭ ᠤᠯᠤᠰ ᠢ ᠨᠢᠭᠡᠳᠬᠡᠵᠦ᠂ ᠮᠣᠩᠭᠣᠯ ᠤᠨ ᠨᠢᠭᠡᠳᠦᠭᠰᠡᠨ ᠤᠯᠤᠰ ᠪᠠᠶᠢᠭᠤᠯᠬᠤ ᠰᠠᠭᠤᠷᠢ ᠶᠢ ᠲᠠᠯᠪᠢᠭᠰᠠᠨ ᠪᠢᠯᠡ᠃ ᠬᠠᠪᠤᠯ ᠬᠠᠭᠠᠨ ᠤ ᠦᠨᠳᠦᠰᠦᠯᠡᠭᠰᠡᠨ ᠬᠠᠮᠤᠭ ᠮᠣᠩᠭᠣᠯ ᠤᠯᠤᠰ ᠲᠤ ᠾᠦᠩᠨᠦ ᠡᠴᠡ ᠤᠯᠠᠮᠵᠢᠯᠠᠭᠰᠠᠨ ᠮᠣᠩᠭᠣᠯᠴᠤᠳ ᠤᠨ ᠲᠥᠷᠥ ᠶᠢᠨ ᠭᠠᠯ ᠭᠣᠯᠣᠮᠲᠠ᠂ ᠰᠦᠷ ᠰᠦᠯᠳᠡ᠂ ᠪᠡᠯᠭᠡ ᠲᠡᠮᠳᠡᠭ ᠨᠢ ᠪᠦᠭᠦᠳᠡ ᠪᠠᠶᠢᠭᠰᠠᠨ ᠶᠤᠮ᠃ ᠾᠦᠩᠨᠦ᠂ ᠰᠦᠮᠪᠦ᠂ ᠨᠢᠷᠤᠨ ᠤᠯᠤᠰ ᠍ ᠤᠨ ᠳᠠᠷᠠᠭ᠎ᠠ ᠢᠵᠠᠭᠤᠷ ᠤᠨ ᠮᠣᠩᠭᠣᠯᠴᠤᠳ ᠤᠨ ᠲᠥᠷᠥ ᠶᠣᠰᠣᠨ ᠤ ᠤᠯᠠᠮᠵᠢᠯᠠᠯ ᠢ ᠰᠡᠷᠭᠦᠭᠡᠨ ᠲᠡᠦᠬᠡ ᠶᠢᠨ ᠲᠠᠪᠴᠠᠩ ᠳᠤ ᠨᠢ ᠳᠠᠬᠢᠨ ᠭᠠᠷᠭᠠᠭᠰᠠᠨ ᠢᠶᠠᠷ ᠢᠶᠠᠨ ᠬᠠᠪᠤᠯ ᠬᠠᠭᠠᠨ ᠮᠣᠩᠭᠣᠯ ᠤᠨ ᠬᠠᠭᠠᠳ ᠤᠨ ᠳᠣᠲᠣᠷ᠎ᠠ ᠬᠦᠨᠳᠦᠲᠡᠢ ᠪᠠᠶᠢᠷᠢ ᠡᠵᠡᠯᠡᠳᠡᠭ ᠪᠢᠯᠡ᠃ ᠬᠠᠪᠤᠯ ᠬᠠᠭᠠᠨ ᠡᠪᠡᠳᠴᠢᠨ ᠢᠶᠡᠷ ᠨᠠᠰᠤ ᠪᠠᠷᠠᠭᠰᠠᠨ ᠪᠠᠶᠢᠨ᠎ᠠ᠃

ᠬᠠᠪᠤᠯ ᠬᠠᠭᠠᠨ ᠬᠠᠭᠠᠨ ᠰᠢᠷᠡᠭᠡ ᠪᠡᠨ ᠭᠡᠷᠢᠶᠡᠰᠯᠡᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠪᠤᠯ ᠬᠠᠭᠠᠨ ᠠᠷᠪᠠᠨ ᠬᠤᠶᠠᠷᠳᠤᠭᠠᠷ ᠵᠠᠭᠤᠨ ᠤ ᠲᠡᠷᠢᠭᠦᠨ ᠬᠠᠭᠠᠰ ᠲᠤ ᠨᠠᠰᠤ ᠪᠠᠷᠠᠬᠤ ᠳᠤ ᠪᠠᠨ ᠬᠠᠭᠠᠨ ᠰᠢᠷᠡᠭᠡ ᠪᠡᠨ ᠳᠣᠯᠣᠭᠠᠨ ᠬᠥᠪᠡᠭᠦᠨ ᠦ ᠪᠡᠨ ᠨᠢᠭᠡᠨ ᠳᠦ ᠪᠤᠰᠤ᠂ ᠲᠠᠶᠢᠴᠢᠭᠤᠳ ᠣᠪᠤᠭ ᠤᠨ ᠰᠡᠩᠭᠦᠨ ᠪᠢᠯᠢᠭ ᠦᠨ ᠬᠥᠪᠡᠭᠦᠨ ᠠᠮᠪᠠᠭᠠᠢ ᠳᠤ ᠥᠭᠬᠦ ᠶᠢ ᠭᠡᠷᠢᠶᠡᠰᠯᠡᠭᠰᠡᠨ ᠠᠵᠡᠢ᠃ ᠡᠶᠢᠨᠬᠦᠦ ᠬᠠᠪᠤᠯ ᠬᠠᠭᠠᠨ ᠥᠪᠡᠷ ᠦᠨ ᠬᠥᠪᠡᠭᠦᠳ ᠳᠤ ᠪᠤᠰᠤ ᠲᠠᠶᠢᠴᠢᠭᠤᠳ ᠲᠤ ᠲᠥᠷᠥ ᠶᠢᠨ ᠡᠷᠬᠡ ᠰᠢᠯᠵᠢᠭᠦᠯᠦᠭᠰᠡᠨ ᠤᠴᠢᠷ ᠰᠢᠯᠲᠠᠭᠠᠨ ᠢ ᠰᠤᠳᠤᠷ ᠲᠡᠦᠬᠡᠨ ᠳᠦ ᠲᠡᠮᠳᠡᠭᠯᠡᠭᠰᠡᠨ ᠦᠭᠡᠢ᠃ ᠬᠠᠪᠤᠯ ᠬᠠᠭᠠᠨ ᠥᠪᠡᠷ ᠢᠶᠡᠨ ᠳᠣᠯᠣᠭᠠᠨ ᠡᠷᠡᠯᠬᠡᠭ ᠬᠦᠦ ᠲᠡᠢ᠂ ᠲᠡᠷᠡ ᠳᠤᠮᠳᠠ ᠪᠠᠨ ᠬᠣᠶᠠᠳᠤᠭᠠᠷ ᠬᠥᠪᠡᠭᠦᠨ ᠪᠠᠷᠲᠠᠨ ᠪᠠᠭᠠᠲᠤᠷ᠂ ᠳᠥᠷᠪᠡᠳᠦᠭᠡᠷ ᠬᠥᠪᠡᠭᠦᠨ ᠬᠣᠲᠤᠯ᠂ ᠵᠢᠷᠭᠤᠳᠤᠭᠠᠷ ᠬᠥᠪᠡᠭᠦᠨ ᠬᠠᠳᠠᠭᠠᠨ ᠪᠠᠭᠠᠲᠤᠷ ᠨᠠᠷ ᠡᠴᠢᠭᠡ ᠶᠢᠨ ᠢᠶᠡᠨ ᠠᠮᠢᠳᠤ ᠰᠡᠷᠢᠭᠦᠨ ᠠᠬᠤᠢ ᠳᠤ ᠤᠬᠠᠭᠠᠨ ᠲᠡᠭᠦᠰ᠂ ᠡᠷ᠎ᠡ ᠵᠣᠷᠢᠭᠲᠠᠢ ᠡᠷᠡᠯᠬᠡᠭ ᠳᠠᠶᠢᠴᠢᠳ ᠪᠣᠯᠬᠤ ᠪᠠᠨ ᠨᠢᠭᠡᠨᠲᠡ ᠬᠠᠷᠠᠭᠤᠯᠤᠭᠰᠠᠨ ᠠᠵᠡᠢ᠃ ᠭᠡᠲᠡᠯ᠎ᠡ ᠬᠠᠪᠤᠯ ᠬᠠᠭᠠᠨ ᠨᠠᠰᠤ ᠪᠠᠷᠠᠬᠤ ᠳᠤ ᠪᠠᠨ ᠲᠠᠶᠢᠴᠢᠭᠤᠳ ᠤᠨ ᠵᠣᠷᠢᠭᠲᠤ ᠪᠠᠭᠠᠲᠤᠷ ᠰᠡᠩᠭᠦᠨ ᠪᠢᠯᠢᠭ ᠦᠨ ᠬᠥᠪᠡᠭᠦᠨ ᠠᠮᠪᠠᠭᠠᠢ ᠶᠢ ᠬᠠᠮᠤᠭ ᠮᠣᠩᠭᠣᠯ ᠤᠨ ᠬᠠᠭᠠᠨ ᠪᠣᠯᠭᠠᠬᠤ ᠶᠢ ᠭᠡᠷᠢᠶᠡᠰᠦᠯᠡᠨ ᠦᠯᠡᠳᠡᠭᠡᠪᠡ᠃ ᠴᠤᠬᠤᠮ ᠢᠩᠭᠢᠵᠦ ᠬᠢᠶᠠᠳ ᠪᠣᠷᠵᠢᠭᠢᠨ ᠨᠣᠶᠠᠳ ᠤᠨ ᠳᠣᠲᠣᠷ᠎ᠠ ᠤᠭᠰᠠᠭ᠎ᠠ ᠵᠠᠯᠭᠠᠮᠵᠢᠯᠠᠯ ᠤᠨ ᠲᠠᠯ᠎ᠠ ᠪᠠᠷ ᠡᠷᠭᠢᠯᠲᠡ ᠪᠣᠯᠬᠤ ᠰᠢᠨ᠎ᠡ ᠦᠵᠡᠭᠳᠡᠯ  ᠪᠤᠢ ᠪᠣᠯᠪᠠ᠃ ᠡᠭᠦᠨ ᠦ ᠤᠴᠢᠷ ᠰᠢᠯᠲᠠᠭᠠᠨ ᠢ ᠡᠷᠭᠢᠴᠡᠭᠦᠯᠪᠡᠯ᠂ ᠶᠠᠭᠤᠨ ᠤ ᠡᠮᠦᠨ᠎ᠡ᠂ ᠵᠦᠷᠴᠢᠳ ᠦᠨ ᠠᠯᠲᠠᠨ ᠤᠯᠤᠰ ᠤᠨ ᠵᠦᠭ ᠡᠴᠡ ᠤᠴᠠᠷᠠᠬᠤ ᠠᠶᠤᠯ ᠵᠠᠨᠤᠯ ᠶᠡᠬᠡᠰᠴᠦ᠂ ᠲᠡᠳᠡ ᠲᠠᠲ᠋ᠠᠷᠴᠤᠳ ᠢ ᠲᠤᠷᠬᠢᠷᠠᠨ ᠬᠠᠮᠤᠭ ᠮᠣᠩᠭᠣᠯ ᠤᠨ ᠳᠣᠲᠣᠷ᠎ᠠ ᠬᠣᠣᠷᠯᠠᠨ ᠪᠤᠰᠠᠨᠢᠭᠤᠯᠬᠤ ᠠᠵᠢᠯᠯᠠᠭ᠎ᠠ ᠶᠢ ᠨᠡᠩ ᠢᠳᠡᠪᠬᠢᠵᠢᠭᠦᠯᠵᠦ ᠪᠠᠶᠢᠵᠠᠢ᠃ ᠪᠠᠰᠠ ᠬᠠᠮᠤᠭ ᠮᠣᠩᠭᠣᠯ ᠢ ᠳᠣᠪᠲᠣᠯᠬᠤ ᠪᠠᠷ ᠴᠡᠷᠢᠭ ᠦᠨ ᠪᠡᠯᠡᠳᠬᠡᠯ ᠢᠶᠡᠨ ᠵᠤᠵᠠᠭᠠᠳᠬᠠᠵᠤ᠂ ᠲᠠᠲ᠋ᠠᠷ ᠲᠠᠢ ᠨᠡᠶᠢᠯᠡᠨ 《ᠴᠡᠷᠢᠭ ᠦᠨ ᠰᠡᠷᠭᠡᠶᠢᠯᠡᠬᠦ ᠬᠣᠯᠪᠣᠭ᠎ᠠ》 ᠭᠡᠭᠴᠢ ᠶᠢ ᠪᠠᠶᠢᠭᠤᠯᠤᠭᠰᠠᠨ ᠪᠠᠶᠢᠵᠠᠢ᠃ ᠡᠶᠢᠮᠦ ᠡᠭᠡᠵᠢᠭᠲᠡᠢ ᠴᠠᠭ ᠮᠥᠴᠡ ᠳᠦ ᠬᠠᠮᠤᠭ ᠮᠣᠩᠭᠣᠯ ᠤᠨ ᠳᠣᠲᠣᠭᠠᠳᠤ ᠡᠪ ᠨᠢᠭᠡᠳᠦᠯ ᠢ ᠬᠠᠮᠠᠭᠠᠯᠠᠬᠤ ᠶᠢ ᠬᠠᠮᠤᠭ ᠠᠴᠠ ᠤᠷᠢᠳᠠᠯ ᠪᠣᠯᠭᠠᠭᠰᠠᠨ ᠪᠠᠶᠢᠵᠠᠢ᠃ ᠲᠡᠭᠦᠨ ᠡᠴᠡ ᠭᠠᠳᠠᠨ᠎ᠠ ᠪᠤᠰᠤᠳ ᠮᠣᠩᠭᠣᠯ ᠬᠠᠨᠯᠢᠭ ᠠᠶᠢᠮᠠᠭ ᠤᠳ ᠲᠠᠢ 《ᠬᠠᠷᠢ ᠳᠠᠶᠢᠰᠤᠨ ᠤ ᠠᠶᠤᠯ ᠤᠨ ᠡᠰᠡᠷᠬᠦ》 ᠭᠡᠳᠡᠭ ᠲᠤ ᠨᠢᠭᠡᠳᠦᠨ ᠨᠡᠶᠢᠯᠡᠵᠦ᠂ ᠬᠦᠴᠦ ᠤᠯᠬᠤ᠂ ᠢᠯᠠᠩᠭᠤᠶ᠎ᠠ ᠴᠡᠷᠢᠭ ᠡᠷ᠎ᠡ ᠶᠢᠨ ᠬᠦᠴᠦᠨ ᠴᠢᠳᠠᠯ ᠰᠠᠶᠢᠲᠠᠢ᠂ ᠣᠯᠠᠨ ᠬᠦᠮᠦᠨ ᠠᠮᠠ ᠲᠠᠢ ᠲᠠᠶᠢᠴᠢᠭᠤᠳ ᠠᠶᠢᠮᠠᠭ ᠢ ᠬᠠᠮᠤᠭ ᠮᠣᠩᠭᠣᠯ ᠤᠨ ᠲᠤᠯᠭᠠᠭᠤᠷᠢ ᠬᠦᠴᠦ ᠪᠣᠯᠭᠠᠨ ᠠᠰᠢᠭᠯᠠᠬᠤ ᠨᠢ ᠬᠠᠮᠤᠭ ᠠᠴᠠ ᠴᠢᠬᠤᠯᠠ ᠪᠠᠶᠢᠭᠰᠠᠨ ᠠᠵᠢ᠃

ᠪᠢᠴᠢᠭᠡᠰᠦ