ᠬᠠᠩᠭᠠᠷᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠩ᠋ᠭᠠᠷᠢ ᠤᠯᠤᠰ
Magyarország
ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
"Himnusz"
(ᠲᠥᠷᠥ ᠶᠢᠨ ᠳᠠᠭᠤᠯᠠᠯ)
ᠨᠡᠶᠢᠰᠯᠡᠯCoa Hungary Town Budapest big.svg ᠪᠤᠲᠠᠫᠧᠱᠲ
ᠲᠣᠮᠣ ᠬᠣᠲᠠ ᠪᠤᠲᠠᠫᠧᠱᠲ᠂ ᠳᠧᠪᠷᠧᠼᠧᠨ ..
ᠠᠯᠪᠠᠨ ᠬᠡᠯᠡ ᠮᠠᠵᠠᠷ ᠬᠡᠯᠡ
ᠠᠷᠠᠳ ᠲᠦᠮᠡᠨ 
(2011 ᠤᠨ)
ᠬᠠᠩ᠋ᠭᠠᠷᠢ ᠶᠢᠨ ᠠᠷᠠᠳ ᠲᠦᠮᠡᠨ →
83.7% – ᠮᠠᠵᠠᠷ ᠦᠨᠳᠦᠰᠦᠲᠡᠨ
3.1% – ᠽᠢᠭᠠᠨ ᠶᠠᠰᠤᠲᠠᠨ
1.3% – ᠭᠧᠷᠮᠠᠨ ᠦᠨᠳᠦᠰᠦᠲᠡᠨ
14.7% – ᠪᠤᠰᠤᠳ᠂ ᠲᠣᠳᠣᠷᠬᠠᠢ ᠦᠭᠡᠢ
 -  ᠨᠤᠲᠤᠭ ᠤᠨ ᠣᠯᠠᠨ ᠬᠠᠩ᠋ᠭᠠᠷᠢ ᠶᠢᠨ ᠬᠢᠨ
(ᠬᠠᠩᠭ᠋ᠠᠷᠢ ᠤᠯᠤᠰ ᠤᠨ ᠬᠢᠨ)
ᠲᠥᠷᠥ ᠵᠠᠰᠠᠭ ᠠᠷᠠᠳᠴᠢᠯᠠᠭᠰᠠᠨ ᠳᠢᠭᠯᠢᠮᠨᠢᠭᠡᠳᠦᠮᠡᠯ
ᠪᠠᠶᠢᠭᠤᠯᠤᠮᠵᠢ
᠂ ᠫᠠᠷᠯᠠᠮᠧᠨ᠋ᠲ ᠤᠨ
ᠪᠦᠭᠦᠳᠡ ᠨᠠᠶᠢᠷᠠᠮᠳᠠᠬᠤ ᠵᠠᠰᠠᠭ ᠲᠠᠢ
 -  ᠶᠡᠷᠦᠩᠬᠡᠶᠢᠯᠡᠭᠴᠢ ᠠᠳᠧᠷ ᠶᠠᠨᠣᠰᠢ (2012)
 -  ᠶᠡᠷᠦᠩᠬᠡᠢ ᠰᠠᠶᠢᠳ ᠣᠷᠣᠪᠠᠨ ᠸᠢᠺᠲ᠋ᠣᠷ (2010)
ᠤᠯᠤᠰ ᠤᠨ ᠬᠤᠷᠠᠯ "Országgyűlés"
(ᠤᠯᠤᠰ ᠤᠨ ᠬᠤᠷᠠᠯ)
ᠲᠡᠦᠬᠡᠨ ᠦᠢᠯᠡ ᠶᠠᠪᠤᠳᠠᠯ
ᠨᠤᠲᠤᠭ ᠳᠡᠪᠢᠰᠬᠡᠷ
 -  ᠪᠦᠬᠦ ᠲᠠᠯᠠᠪᠠᠢ 93,030 km2 
 -  ᠭᠠᠳᠠᠷᠭᠤ ᠶᠢᠨ ᠤᠰᠤ (%) 0.74%
ᠬᠦᠮᠦᠨ ᠠᠮᠠ
 -  ᠲᠣᠭᠠᠴᠠᠭ᠎ᠠ (2011) 9,979,000[1] (83)
 -  ᠲᠣᠭᠠᠯᠠᠯᠭ᠎ᠠ (2001) 10,198,315 
Gini (2008) 24.96 (ᠪᠠᠭ᠎ᠠ) (3)
ᠮᠥᠩᠭᠥᠨ ᠦ ᠨᠢᠭᠡᠴᠡ ᠬᠠᠩ᠋ᠭᠠᠷᠢ ᠶᠢᠨ ᠹᠣᠷᠢᠨᠲ (HUF)
ᠴᠠᠭ ᠤᠨ ᠪᠥᠰᠡ ТЕЦ (GMT+1)
 -  ᠵᠤᠨ ᠤ ᠴᠠᠭ ТЕЗЦ (GMT+2)
ᠨᠡᠷ᠎ᠡ ᠲᠣᠮᠢᠶ᠎ᠠ HU, HUN / ᠤᠩ᠋ᠭᠤ

ᠬᠠᠩᠭᠠᠷᠢ ᠤᠯᠤᠰ (ᠬᠠᠩᠭᠠᠷᠢ/ᠮᠠᠵᠠᠷ ᠶᠢᠡᠷ Magyarországᠬᠢᠲᠠᠳ ᠢᠶᠠᠷ 匈牙利 ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠬᠠᠩᠭᠠᠷᠢ ᠤᠯᠤᠰ) ᠨᠢ ᠺᠠᠷᠫᠠᠲ ᠤᠨ ᠨᠠᠮ ᠳᠣᠣᠷ᠎ᠠ ᠭᠠᠵᠠᠷ ᠲᠤ ᠤᠷᠤᠰᠢᠬᠤ ᠳᠠᠯᠠᠢ ᠳᠤ ᠭᠠᠷᠤᠴᠠ ᠦᠭᠡᠢ ᠲᠥᠪ ᠧᠦ᠋ᠷᠣᠫᠠ ᠍ ᠤᠨ ᠤᠯᠤᠰ ᠶᠤᠮ᠃ ᠠᠦᠢᠰᠲ᠋ᠷᠢᠶ᠎ᠠᠰᠯᠣᠸᠠᠺᠦᠺᠷᠠᠶᠢᠨᠷᠤᠮᠠᠨᠢᠶ ᠠᠰᠧᠷᠪᠢᠺᠦᠷᠦᠠᠴᠢᠶ ᠠᠰᠯᠣᠸᠧᠨ ᠤᠯᠤᠰ ᠤᠳ ᠲᠠᠢ ᠬᠢᠯᠢᠯᠡᠨ᠎ᠡ᠃ ᠨᠡᠶᠢᠰᠯᠡᠯ ᠪᠣᠯᠤᠨ ᠬᠠᠮᠤᠭ ᠤᠨ ᠲᠣᠮᠣ ᠬᠣᠲᠠ ᠨᠢ ᠪᠤᠲᠠᠫᠧᠱᠲ ᠃ ᠬᠠᠩᠭᠠᠷᠢ ᠤᠯᠤᠰ ᠨᠢ ᠧᠦ᠋ᠷᠣᠫᠠ ᠶᠢᠨ ᠬᠣᠯᠪᠣᠭ᠎ᠠ ᠶ᠋ᠶᠨ ᠭᠡᠰᠢᠭᠦᠨ᠂ ᠠᠯᠪᠠᠨ ᠶᠣᠰᠣᠨ ᠤ ᠬᠡᠯᠡ ᠨᠢ ᠤᠢᠷᠠᠯ ᠬᠡᠯᠡᠨ ᠦ ᠪᠦᠯᠦᠭ ᠦᠨ ᠬᠠᠩᠭᠠᠷᠢ ᠪᠤᠶᠤ ᠮᠠᠵᠠᠷ ᠬᠡᠯᠡ᠃ ᠡᠨᠡ ᠨᠢ ᠡᠨᠡᠳᠬᠡᠭ-ᠧᠦ᠋ᠷᠣᠫᠠ ᠬᠡᠯᠡᠨ ᠦ ᠢᠵᠠᠭᠤᠷ ᠲᠤ᠋ ᠪᠠᠭᠲᠠᠳᠠᠭ ᠦᠭᠡᠢ ᠧᠦ᠋ᠷᠣᠫᠠ ᠶᠢᠨ ᠬᠣᠯᠪᠣᠭᠠᠨ ᠤ ᠳᠥᠷᠪᠡᠨ ᠠᠯᠪᠠᠨ ᠶᠣᠰᠣᠨ ᠤ ᠬᠡᠯᠡᠨ ᠦ ᠨᠢᠭᠡ ᠨᠢ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠧᠯᠲ (ᠮᠠᠨ ᠤ ᠡᠷᠡᠨ ᠦ ᠡᠮᠦᠨ᠎ᠡ 450 ᠣᠨ ᠠᠴᠠ ᠬᠣᠶᠢᠰᠢ) ᠪᠣᠯᠤᠨ ᠷᠤᠮᠠ (ᠮᠠᠨ ᠤ ᠡᠷᠡᠨ ᠦ ᠡᠮᠦᠨ᠎ᠡ ᠶᠢᠰᠦ ᠡᠴᠡ ᠭᠤᠷᠪᠠᠳᠤᠭᠠᠷ ᠵᠠᠭᠤᠨ) ᠡᠴᠡ ᠬᠣᠶᠢᠰᠢ ᠳᠦᠷᠪᠡᠳᠦᠭᠡᠷ ᠵᠠᠭᠤᠨ ᠤ ᠰᠡᠭᠦᠯ ᠦᠶ᠎ᠡ ᠳᠤ ᠮᠠᠵᠠᠷᠠᠴᠢ ᠨᠤᠭᠤᠳ ᠤᠨ ᠤᠳᠤᠷᠢᠳᠤᠭᠴᠢ ᠠᠷᠫᠠᠳ ᠬᠠᠩ᠋ᠭᠠᠷᠢ ᠤᠯᠤᠰ ᠢ ᠦᠨᠳᠦᠰᠦᠯᠡᠨ ᠪᠠᠶᠢᠭᠤᠯᠤᠭᠰᠠᠨ ᠪᠥᠭᠡᠳ ᠲᠡᠭᠦᠨ ᠦ ᠭᠤᠴᠢ ᠡᠰᠢᠲᠦᠪᠠᠨ 1000 ᠣᠨ ᠳᠤ ᠷᠣᠮᠠ ᠠᠴᠠ ᠢᠯᠡᠭᠡᠭ᠍ᠰᠡᠨ ᠲᠢᠲᠢᠮ ᠢ ᠵᠡᠭᠦᠨ ᠬᠠᠭᠠᠨ ᠰᠢᠷᠡᠭᠡᠨ ᠳᠤ ᠰᠠᠭᠤᠵᠠᠢ᠃ ᠬᠠᠩᠭᠠᠷᠢ ᠶᠢᠨ ᠸᠠᠩᠲᠤ ᠤᠯᠤᠰ ᠳᠤᠮᠳᠠ ᠪᠠᠨ ᠪᠠᠭ᠎ᠠ ᠰᠠᠭ᠎ᠠ ᠲᠠᠰᠤᠯᠳᠠᠯ ᠲᠠᠢ 946 ᠵᠢᠯ ᠦᠨ ᠲᠤᠷᠰᠢ ᠣᠷᠣᠰᠢᠨ ᠲᠣᠭᠲᠠᠨᠢᠭᠰᠠᠨ᠃ ᠵᠠᠷᠢᠮ ᠦᠶ᠎ᠡ ᠳᠤ ᠲᠤᠰ ᠤᠯᠤᠰ ᠥᠷᠥᠨᠡᠲᠦ ᠶᠢᠨ ᠰᠤᠶᠤᠯ ᠤᠨ ᠲᠥᠪ ᠦᠳ ᠦᠨ ᠨᠢᠭᠡ ᠭᠡᠵᠦ ᠲᠣᠭᠠᠴᠢᠭᠳᠠᠵᠤ ᠪᠠᠶᠢᠯ᠎ᠠ᠃ ᠡᠨᠡ ᠦᠶ᠎ᠡ ᠶᠢᠨ ᠳᠠᠷᠠᠭ᠎ᠠ ᠡᠪ ᠬᠠᠮᠳᠣ ᠡᠷᠢᠨ (1947-1989) ᠵᠠᠯᠭᠠᠵᠤ ᠠᠪᠤᠭᠰᠠᠨ ᠪᠥᠭᠡᠳ ᠡᠨᠡ ᠦᠶ᠎ᠡ ᠳᠤ ᠭᠠᠷᠤᠭᠰᠠᠨ 1956 ᠣᠨ ᠤ ᠬᠠᠩᠭ᠋ᠠ᠋ᠷᠢ ᠶᠢᠨ ᠬᠤᠪᠢᠰᠬᠠᠯ᠂ 1989 ᠣᠨ ᠳᠤ ᠠᠦᠢᠰᠲ᠋ᠷᠢᠶ᠎ᠠ ᠲᠠᠢ ᠵᠠᠯᠭᠠᠭ᠎ᠠ ᠬᠢᠯᠢ ᠪᠡᠨ ᠨᠡᠭᠡᠭᠡᠭ᠍ᠰᠡᠨ ᠨᠢ ᠵᠥᠪᠯᠡᠯᠲᠦ ᠶᠢᠨ ᠡᠪᠰᠡᠯ ᠦᠨ ᠪᠤᠲᠠᠷᠠᠯ ᠢ ᠲᠦᠷᠭᠡᠳᠬᠡᠭ᠍ᠰᠡᠨ ᠵᠡᠷᠭᠡ ᠨᠢ ᠣᠯᠠᠨ ᠤᠯᠤᠰ ᠤᠨ ᠠᠩᠬᠠᠷᠤᠯ ᠢ ᠲᠠᠲᠠᠭᠰᠠᠨ ᠶᠤᠮ᠃ ᠣᠳᠣ ᠲᠤᠰ ᠤᠯᠤᠰ ᠨᠢ ᠫᠠᠷᠯᠠᠮᠧᠨ᠋ᠲ ᠤᠨ ᠪᠦᠭᠦᠳᠡ ᠨᠠᠶᠢᠷᠠᠮᠳᠠᠬᠤ ᠵᠠᠰᠠᠭᠯᠠᠯ ᠲᠠᠢ (1989 ᠣᠨ ᠠᠴᠠ ᠬᠣᠶᠢᠰᠢ)᠃ ᠥᠨᠥᠳᠥᠷ ᠬᠠᠩᠭᠠᠷᠢ ᠤᠯᠤᠰ ᠥᠨᠳᠥᠷ ᠣᠷᠣᠯᠭ᠎ᠠ ᠲᠠᠢ ᠡᠳ᠋ ᠍ ᠦᠨ ᠵᠠᠰᠠᠭ[2] ᠪᠣᠯᠤᠭᠰᠠᠨ ᠪᠦᠭᠡᠳ ᠵᠠᠷᠢᠮ ᠡᠳ᠋ ᠍ ᠦᠨ ᠵᠠᠰᠠᠭ ᠤᠨ ᠦᠵᠡᠭᠦᠯᠦᠯᠲᠡ ᠪᠡᠷ ᠢᠶᠡᠨ ᠪᠦᠰᠡ ᠳᠡᠭᠡᠨ ᠲᠡᠷᠢᠭᠦᠯᠡᠳᠡᠭ[3]᠃ ᠲᠤᠰ ᠤᠯᠤᠰ ᠤᠨ ᠣᠳᠣ ᠶᠢᠨ ᠵᠣᠷᠢᠯᠭ᠎ᠠ ᠨᠢ ᠣᠯᠠᠨ ᠤᠯᠤᠰ ᠤᠨ ᠸᠠᠯᠶᠣᠲ ᠢᠢᠨ ᠰᠠᠨᠭ᠌ ᠍ ᠦᠨ ᠪᠠᠷᠢᠮᠵᠢᠶ ᠠ ᠪᠡᠷ (ᠲᠤᠰ ᠤᠯᠤᠰ ᠤᠨ ᠬᠡᠦᠬᠡᠳ ᠦᠨ ᠬᠥᠭ᠍ᠵᠢᠯ ᠦᠨ ᠢᠨᠳᠧᠺᠰ[4] ᠳᠡᠯᠡᠬᠡᠢ ᠳᠤ 36 ᠍ ᠳᠤ ᠤᠷᠤᠬᠤ ᠪᠥᠭᠡᠳ ᠤᠯᠠᠮ ᠪᠦᠷ ᠥᠰᠦᠭᠰᠡᠭᠡᠷ ᠪᠠᠶᠢᠭ᠎ᠠ ᠪᠢᠯᠡ) ᠬᠥᠭ᠍ᠵᠢᠩᠭᠦᠢ ᠤᠯᠤᠰ ᠪᠣᠯᠬᠤ ᠳᠤ ᠣᠷᠣᠰᠢᠨ᠎ᠠ᠃

ᠬᠠᠩ᠋ᠭᠠᠷᠢ ᠨᠢ ᠰᠡᠭᠦᠯ ᠦᠨ ᠠᠷᠪᠠᠨ ᠵᠢᠯ ᠳᠤ ᠳᠡᠯᠡᠬᠡᠢ ᠶᠢᠨ ᠬᠠᠮᠤᠭ ᠤᠨ ᠶᠡᠬᠡ ᠵᠢᠭᠤᠯᠴᠢᠳ ᠣᠴᠢᠳᠠᠭ 15 ᠭᠠᠵᠠᠷ ᠤᠨ ᠨᠢᠭᠡ ᠪᠠᠶᠢᠭᠰᠠᠨ[5][6]᠃ ᠨᠡᠶᠢᠰᠯᠡᠯ ᠪᠤᠲᠠᠫᠧᠱᠲ ᠬᠣᠲᠠ ᠨᠢ ᠳᠡᠯᠡᠬᠡᠢ ᠶᠢᠨ ᠬᠠᠮᠤᠭ ᠤᠨ ᠦᠵᠡᠰᠬᠦᠯᠡᠩ ᠲᠡᠢ ᠬᠣᠲᠠ ᠨᠤᠭᠤᠳ ᠤᠨ ᠨᠢᠭᠡ ᠭᠡᠵᠦ ᠲᠣᠭᠠᠴᠢᠭᠳᠠᠳᠠᠭ[7][8]᠃ ᠲᠤᠰ ᠤᠯᠤᠰ ᠲᠤ ᠳᠡᠯᠡᠬᠡᠢ ᠶᠢᠨ ᠬᠣᠶᠠᠷ ᠲᠡᠬᠢ ᠲᠣᠮᠣ ᠬᠠᠯᠠᠭᠤᠨ ᠨᠠᠭᠤᠷ ᠬᠡᠪᠢᠼ ᠨᠠᠭᠤᠷ᠂ ᠲᠥᠪ ᠧᠦ᠋ᠷᠣᠫᠠ ᠶᠢᠨ ᠬᠠᠮᠤᠭ ᠤᠨ ᠲᠣᠮᠣ ᠨᠠᠭᠤᠷ ᠸᠠᠯᠠᠲ᠋ᠤᠨ ᠨᠠᠭᠤᠷ᠂ ᠧᠦ᠋ᠷᠣᠫᠠ ᠢᠢᠨ ᠬᠠᠮᠤᠭ ᠤᠨ ᠲᠣᠮᠣ ᠪᠠᠶᠢᠭᠠᠯᠢ ᠶᠢᠨ ᠬᠡᠭᠡᠷ᠎ᠡ ᠪᠠᠶᠢᠳᠠᠭ᠃


ᠣᠷᠣᠨ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ (ᠣᠷᠣᠨ)
HU NUTS 1.png
ᠮᠤᠵᠢ (ᠪᠥᠰᠡ)
HU NUTS 2.png
ᠠᠶᠢᠮᠠᠭ (ᠬᠣᠰᠢᠭᠤ)
HU NUTS 3.png
ᠬᠦᠮᠦᠨ ᠠᠮᠠ
(2012)
ᠲᠥᠪ ᠬᠠᠩᠭᠠᠷᠢ
(ᠬᠠᠩᠭᠠᠷᠢ ᠶᠢᠨ ᠲᠥᠪ ᠭᠠᠵᠠᠷ)
ᠲᠥᠪ ᠬᠠᠩᠭᠠᠷᠢ
(ᠬᠠᠩᠭᠠᠷᠢ ᠶᠢᠨ ᠲᠥᠪ ᠮᠤᠵᠢ)
Coa Hungary Town Budapest big.svg ᠪᠤᠲᠠᠫᠧᠱᠲ 1,740,041
FLAG-Pest-megye.svg ᠫᠧᠱᠲ 1,245,048
ᠳᠤᠨᠠᠨᠲᠤᠯᠢ
(ᠳ᠋ᠤᠨᠠᠶ ᠢᠢᠨ ᠴᠢᠨᠠᠲᠤ ᠭᠠᠵᠠᠷ)
ᠲᠥᠪ ᠳᠤᠨᠠᠨᠲᠤᠯᠢ
(ᠳ᠋ᠤᠨᠠᠶ ᠢᠢᠨ ᠴᠢᠨᠠᠲᠤ ᠭᠠᠵᠠᠷ
ᠭᠠᠵᠠᠷ ᠤᠨ ᠲᠥᠪ ᠮᠤᠵᠢ)
FLAG-Fejér-megye.svg ᠹᠧᠢᠧᠷ 425,581
FLAG-Komárom-Esztergom-megye.svg ᠺᠣᠮᠠᠷᠠᠮ᠎ᠠ-ᠡᠰᠲ᠋ᠧᠷᠭᠠᠮ 310,200
FLAG-Veszprém-megye.svg ᠸᠧᠰᠫᠷᠧᠮ 354,565
ᠥᠷᠥᠨ᠎ᠡ ᠳᠤᠨᠠᠨᠲᠤᠯᠢ
(ᠳ᠋ᠤᠨᠠᠶ ᠢᠢᠨ ᠴᠢᠨᠠᠲᠤ
ᠭᠠᠵᠠᠷ ᠤᠨ ᠥᠷᠥᠨᠡᠲᠦ ᠮᠤᠵᠢ)
FLAG-Gyor-Moson-Sopron-megye.svg ᠳᠦᠶᠣᠷ-ᠮᠣᠰᠢᠨ-ᠱᠣᠫᠷᠣᠨ 451,827
FLAG-Vas-megye.svg ᠸᠠᠰ 256,458
FLAG-Zala-megye.svg ᠵᠠᠯ 285,154
ᠡᠮᠦᠨ᠎ᠡ ᠳᠤᠨᠠᠨᠲᠤᠯᠢ
(ᠳ᠋ᠤᠨᠠᠶ ᠢᠢᠨ ᠴᠢᠨᠠᠲᠤ
ᠭᠠᠵᠠᠷ ᠤᠨ ᠡᠮᠦᠨᠡᠲᠦ ᠮᠤᠵᠢ)
..Baranya Flag(HUNGARY).png ᠪᠠᠷᠠᠨᠢᠶ᠎ᠠ 388,907
FLAG-Somogy-megye.svg ᠱᠣᠮᠣᠳᠢ 315,850
FLAG-Tolna-megye.svg ᠲᠣᠯᠢᠨ᠎ᠠ 229,116
ᠤᠮᠠᠷᠠᠳᠤ ᠠᠯᠹᠶ᠋ᠢᠯᠳ᠋ ᠬᠣᠶᠠᠷ
(ᠤᠮᠠᠷᠠᠳᠤ ᠭᠠᠵᠠᠷ ᠪᠠ
ᠨᠠᠮ ᠳᠣᠣᠷ᠎ᠠ ᠭᠠᠵᠠᠷ)
ᠤᠮᠠᠷ᠎ᠠ ᠬᠠᠩᠭᠠᠷᠢ
(ᠬᠠᠩᠭᠠᠷᠢ ᠶᠢᠨ ᠤᠮᠠᠷᠠᠳᠤ ᠮᠤᠵᠢ)
FLAG-Borsod-Abauj-Zemplén-megye.svg ᠪᠣᠷᠰᠢᠳ-ᠠᠪᠠᠤᠢ-ᠽᠧᠮᠫᠯᠧᠨ 678,261
FLAG-Heves-megye.svg ᠬᠸᠧᠱ 305,336
FLAG-Nograd.svg ᠨᠣᠭᠷᠠᠳ 198,933
ᠤᠮᠠᠷ᠎ᠠ ᠠᠯᠹᠶ᠋ᠢᠯᠳ᠋
(ᠤᠮᠠᠷᠠᠳᠤ ᠨᠠᠮ ᠳᠣᠣᠷ᠎ᠠ ᠭᠠᠵᠠᠷ)
..Hajdú-Bihar Flag(HUNGARY).png ᠬᠠᠶᠢᠳᠤ-ᠪᠢᠬᠠᠷ 538,037
FLAG-Jasz-Nagykun-Szolnok.svg ᠶᠠᠰ-ᠨᠠᠳᠢᠺᠦᠨ-ᠰᠣᠯᠢᠨᠠᠺ 383,128
Flag-Szabolcs-Szatmar-Bereg-megye.svg ᠰᠠᠪᠣᠯᠢᠴᠢ-ᠰᠠᠲ᠋ᠠᠮᠠᠷ-ᠪᠧᠷᠧᠭ 551,871
ᠡᠮᠦᠨ᠎ᠡ ᠠᠯᠹᠶ᠋ᠢᠯᠳ᠋
(ᠡᠮᠦᠨᠡᠲᠦ ᠨᠠᠮ ᠳᠣᠣᠷ᠎ᠠ ᠭᠠᠵᠠᠷ)
FLAG-Bacs-Kiskun-megye.svg ᠪᠠᠴᠢ-ᠺᠢᠱᠺᠦᠶᠢᠨ 522,312
FLAG-Békés-megye.svg ᠪᠧᠺᠧᠱ 357,740
FLAG-Csongrad-megye.svg ᠴᠣᠩᠷᠠᠳ᠋ 419,366
3 ᠭᠠᠵᠠᠷ 7 ᠮᠤᠵᠢ 19 ᠠᠶᠢᠮᠠᠭ + ᠪᠤᠲᠠᠫᠧᠱᠲ 9,957,731

ᠯᠠᠪᠯᠠᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠬᠠᠩᠭᠠᠷᠢ&oldid=469859》 ᠍  ᠡᠴᠡ ᠠᠪᠤᠭᠰᠠᠨ

ᠪᠢᠴᠢᠭᠡᠰᠦ