ᠬᠠᠩᠭᠠᠯ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠠᠩᠭᠠᠯ ᠨᠢ ᠪᠤᠯᠠᠭᠠᠨ ᠠᠶᠢᠮᠠᠭ ᠤᠨ ᠰᠤᠮᠤ ᠶᠤᠮ᠃ 1924 ᠣᠨ ᠳᠤ ᠪᠠᠶᠢᠭᠤᠯᠤᠭᠳᠠᠭᠰᠠᠨ᠃ᠬᠠᠩᠭᠠᠯ ᠰᠤᠮᠤ ᠶᠢᠨ ᠲᠥᠪ ᠨᠢ ᠰᠥᠷ ᠲᠦ ᠶᠤᠮ᠃ᠰᠤᠮᠤ ᠶᠢᠨ ᠲᠥᠪ ᠡᠴᠡ ᠬᠣᠶᠢᠰᠢ 25 ᠺᠢᠯᠣᠮᠧᠲ᠋ᠷ ᠣᠷᠴᠢᠮ ᠵᠠᠢ ᠳᠤ ᠬᠢᠯᠭᠠᠨ᠎ᠠ ᠳᠤ ᠲᠣᠰᠬᠣᠨ /4 ᠍ ᠳᠦᠭᠡᠷ ᠪᠠᠭ/ ᠣᠷᠣᠰᠢᠳᠠᠭ᠃ ᠨᠡᠶᠢᠲᠡ 4 ᠪᠠᠭ᠂ 1338 ᠡᠷᠦᠬᠡ᠂ 4700 ᠬᠦᠮᠦᠨ ᠠᠮᠠ ᠲᠠᠢ᠃ᠡᠭᠦᠨ ᠡᠴᠡ ᠬᠦᠮᠦᠨ ᠠᠮᠠ ᠶᠢᠨ 3/4 ᠨᠢ ᠬᠢᠯᠭᠠᠨ᠎ᠠ ᠳᠤ ᠲᠣᠰᠬᠣᠨ ᠳᠤ ᠠᠮᠢᠳᠤᠷᠠᠳᠠᠭ᠃ ᠡᠷᠳᠡᠮᠲᠡᠨ ᠪ᠃ᠱᠠᠭᠵᠢᠢᠨ ᠨᠡᠷᠡᠮᠵᠢᠲᠦ 9 ᠵᠢᠯ ᠦᠨ ᠰᠤᠷᠭᠠᠭᠤᠯᠢ ᠲᠠᠢ᠃ ᠭᠠᠵᠠᠷ ᠨᠤᠲᠤᠭ ᠨᠢ ᠪᠤᠯᠠᠭᠠᠨ ᠠᠶᠢᠮᠠᠭ ᠤᠨ ᠵᠡᠭᠦᠨ ᠪᠥᠰᠡ ᠳᠦ ᠬᠠᠷᠢᠶᠠᠯᠠᠭᠳᠠᠳᠠᠭ ᠪᠠ ᠡᠮᠦᠨ᠎ᠡ ᠲᠠᠯ᠎ᠠ ᠪᠠᠷ ᠢᠶᠠᠨ ᠣᠷᠬᠣᠨ ᠠᠶᠢᠮᠠᠭ ᠲᠠᠢ᠂ᠪᠠᠷᠠᠭᠤᠨ ᠲᠠᠯ᠎ᠠ ᠪᠠᠷ ᠪᠤᠭᠤᠳᠤ ᠰᠤᠮᠤ ᠲᠠᠢ᠂ ᠬᠣᠶᠢᠳᠤ ᠲᠠᠯ᠎ᠠ ᠪᠠᠷ ᠢᠶᠠᠨ ᠰᠡᠯᠡᠩᠭᠡ ᠰᠤᠮᠤ /ᠢᠩᠭᠡ ᠳᠦ/,ᠵᠡᠭᠦᠨ ᠲᠠᠯ᠎ᠠ ᠪᠠᠷ ᠢᠶᠠᠨ ᠰᠡᠯᠡᠩᠭᠡ ᠠᠶᠢᠮᠠᠭ ᠤᠨ ᠪᠠᠷᠠᠭᠤᠨᠪᠦᠷᠡᠨ ᠰᠤᠮᠤ ᠲᠠᠢ ᠲᠤᠰ ᠲᠤᠰ ᠬᠢᠯᠢᠯᠡᠳᠡᠭ᠃ ᠪᠠᠶᠢᠭᠠᠯᠢ ᠶᠢᠨ ᠦᠵᠡᠰᠬᠦᠯᠡᠩᠲᠦ ᠭᠠᠵᠠᠷ ᠶᠡᠬᠡ ᠲᠡᠢ᠃
ᠪᠢᠴᠢᠭᠡᠰᠦ