ᠬᠠᠨ ᠣᠯᠣᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠠᠨ ᠣᠯᠣᠰ (ᠬᠢᠯᠪᠠᠷᠰᠢᠭᠤᠯᠤᠭᠰᠠᠨ ᠬᠢᠲᠠᠳ ᠪᠢᠴᠢᠭ: 汉朝ᠤᠯᠠᠮᠵᠢᠯᠠᠯᠲᠤ ᠬᠢᠲᠠᠳ ᠪᠢᠴᠢᠭ: 漢朝 ᠬᠢᠲᠠᠳ ᠯᠠᠲ᠋ᠢᠨ: Hàn cháo) ᠪᠣᠯ ᠬᠢᠲᠠᠳ ᠲᠤ ᠣᠷᠣᠰᠢᠨ ᠲᠣᠭᠲᠠᠨᠢᠵᠤ ᠪᠠᠶᠢᠭᠰᠠᠨ ᠤᠯᠤᠰ ᠶᠤᠮ᠃ ᠬᠠᠨ ᠣᠯᠣᠰ ᠢ ᠯᠶᠤᠶᠢ ᠪᠠᠨ ᠪᠠᠶᠢᠭᠤᠯᠵᠠᠢ᠃ ᠬᠠᠨ ᠣᠯᠣᠰ ᠣᠷᠣᠰᠢᠨ ᠲᠣᠭᠲᠠᠨᠢᠭᠰᠠᠨ ᠪᠦᠬᠦᠢ ᠯᠠ ᠬᠤᠭᠤᠴᠠᠭᠠᠨ ᠳᠤ ᠪᠠᠨ ᠾᠦᠩᠨᠦᠰᠢᠶᠠᠨᠪᠢ ᠵᠡᠷᠭᠡ ᠤᠮᠠᠷᠠᠳᠤ ᠵᠦᠭ ᠦᠨ ᠨᠡᠭᠦᠳᠡᠯᠴᠢᠳ ᠲᠡᠢ ᠲᠡᠮᠡᠴᠡᠯᠳᠦᠵᠦ ᠪᠠᠶᠢᠪᠠ᠃ ᠮᠥᠨ ᠡᠮᠦᠨᠡᠲᠦ ᠪᠣᠯᠤᠨ ᠪᠠᠷᠠᠭᠤᠨ ᠵᠦᠭ ᠷᠦᠦ ᠴᠡᠷᠢᠭ ᠢᠯᠡᠭᠡᠵᠦ᠂ ᠠᠮᠵᠢᠯᠲᠠ ᠣᠯᠵᠤ ᠪᠠᠶᠢᠴᠠᠢ᠃ МЭ III ᠵᠠᠭᠤᠨ ᠤ ᠦᠶ᠎ᠡ ᠳᠦ ᠬᠠᠨ ᠣᠯᠣᠰ ᠲᠤ "ᠰᠢᠷ᠎ᠠ ᠠᠯᠴᠢᠭᠤᠷᠲᠠᠨ ᠤ ᠪᠣᠰᠤᠯᠭ᠎ᠠ" ᠭᠠᠷᠤᠭᠰᠠᠨ ᠪᠥᠭᠡᠳ ᠡᠨᠡ ᠪᠣᠰᠤᠯᠭ᠎ᠠ ᠶᠢ ᠳᠠᠷᠤᠬᠤ ᠶᠢᠨ ᠲᠤᠯᠠᠳᠠ ᠬᠠᠨ ᠣᠯᠣᠰ ᠶᠡᠬᠡ ᠬᠣᠬᠢᠷᠠᠯ ᠦᠵᠡᠵᠡᠢ᠃ ᠰᠢᠷ᠎ᠠ ᠠᠯᠴᠢᠭᠤᠷᠠᠲᠠᠨ ᠨᠤᠭᠤᠳ ᠢ ᠪᠤᠲᠠ ᠴᠣᠬᠢᠭᠰᠠᠨ ᠤ ᠳᠠᠷᠠᠭ᠎ᠠ ᠪᠣᠰᠤᠯᠭ᠎ᠠ ᠶᠢ ᠳᠠᠷᠤᠵᠤ ᠪᠠᠶᠢᠭᠰᠠᠨ ᠴᠡᠷᠢᠭ ᠦᠨ ᠵᠠᠩᠵᠤᠳ ᠬᠣᠭᠣᠷᠣᠨᠳᠣ ᠪᠠᠨ ᠡᠪᠳᠡᠷᠡᠯᠴᠡᠨ ᠲᠤᠯᠤᠯᠳᠤᠭᠰᠠᠨ ᠢᠶᠠᠷ ᠬᠠᠨ ᠣᠯᠣᠰ ᠤᠨ ᠡᠵᠡᠨ ᠬᠠᠭᠠᠨ ᠲᠡᠳᠡᠨ ᠢ ᠬᠢᠨᠠᠬᠤ ᠪᠣᠯᠤᠮᠵᠢ ᠦᠭᠡᠢ ᠪᠣᠯᠤᠭᠰᠠᠨ ᠪᠠᠶᠢᠨ᠎ᠠ᠃ ᠡᠨᠡ ᠦᠶ᠎ᠡ ᠳᠦ ᠬᠠᠨ ᠣᠯᠣᠰ ᠤᠨ ᠨᠢᠭᠡᠨ ᠨᠥᠯᠥᠭᠡ ᠪᠦᠬᠦᠢ ᠬᠦᠴᠦᠨ ᠦ ᠬᠢᠨ ᠡᠮᠦᠨᠡᠲᠦ ᠬᠢᠲᠠᠳ ᠲᠤ ᠤ ᠤᠯᠤᠰ ᠢ ᠪᠠᠶᠢᠭᠤᠯᠵᠠᠢ᠃ ᠲᠡᠭᠦᠨ ᠦ ᠳᠠᠷᠠᠭ᠎ᠠ ᠬᠠᠨ ᠣᠯᠣᠰ ᠤᠨ ᠬᠠᠮᠤᠭ ᠤᠨ ᠬᠦᠴᠦᠷᠬᠡᠭ ᠴᠡᠷᠢᠭ ᠦᠨ ᠵᠠᠩᠵᠤᠳ ᠪᠣᠯᠬᠤ ᠴᠠᠣ ᠴᠠᠣ᠂ ᠯᠶᠤᠶᠢ ᠸᠡᠢ ᠨᠠᠷ ᠬᠢᠮᠤᠷᠠᠯᠳᠤᠨ ᠲᠡᠮᠡᠴᠡᠯᠳᠦᠭᠰᠡᠨ ᠦ ᠡᠴᠦᠰ ᠲᠦ ᠯᠶᠤᠶᠢ ᠸᠡᠢ ᠢᠯᠠᠭᠳᠠᠵᠤ᠂ ᠡᠮᠦᠨᠡᠲᠦ ᠬᠢᠲᠠᠳ ᠲᠤ ᠵᠤᠭᠠᠲᠠᠨ ᠣᠴᠢᠭᠠᠳ ᠱᠤ ᠤᠯᠤᠰ ᠢ ᠪᠠᠶᠢᠭᠤᠯᠪᠠ᠃ 200 ᠍ ᠊ᠭᠠᠳ ᠣᠨ ᠤ ᠣᠷᠴᠢᠮ ᠬᠠᠨ ᠣᠯᠣᠰ ᠤᠨ ᠴᠡᠷᠢᠭ ᠦᠨ ᠵᠠᠩᠵᠤᠨ ᠴᠠᠣ ᠴᠠᠣ ᠬᠠᠨ ᠣᠯᠣᠰ ᠤᠨ ᠰᠡᠭᠦᠯᠴᠢ ᠶᠢᠨ ᠬᠠᠭᠠᠨ ᠢ ᠠᠯᠠᠵᠤ᠂ ᠥᠪᠡᠷ ᠢ ᠪᠡᠨ ᠬᠠᠭᠠᠨ ᠳᠤ ᠡᠷᠭᠦᠮᠵᠢᠯᠡᠵᠡᠢ᠃ ᠲᠡᠷᠡ ᠪᠡᠷ ᠤᠯᠤᠰ ᠤᠨ ᠨᠡᠷ᠎ᠡ ᠶᠢ ᠸᠡᠢ ᠤᠯᠤᠰ ᠬᠡᠮᠡᠨ ᠲᠤᠩᠬᠠᠭᠯᠠᠭᠰᠠᠨ ᠢᠶᠠᠷ ᠬᠠᠨ ᠣᠯᠣᠰ ᠮᠥᠬᠦᠵᠡᠢ᠃

http://wiki.uhaan.com/index.php?title=ᠬᠠᠨ_ᠣᠯᠣᠰ&oldid=396949》 ᠍  ᠡᠴᠡ ᠠᠪᠤᠭᠰᠠᠨ

ᠪᠢᠴᠢᠭᠡᠰᠦ