ᠬᠠᠨᠳᠤᠳᠣᠷᠵᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠷᠳᠡᠨᠢ ᠳᠠᠶᠢᠴᠢᠨ ᠴᠢᠨ ᠸᠠᠩ
ᠬᠠᠨᠳᠤᠳᠣᠷᠵᠢ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠡᠷᠳᠡᠨᠢ ᠳᠠᠶᠢᠴᠢᠨ ᠴᠢᠨ ᠸᠠᠩ ᠬᠠᠨᠳᠤᠳᠣᠷᠵᠢ
ᠲᠦᠷᠦᠭᠰᠡᠨ ᠮᠢᠵᠢᠳᠳᠣᠷᠵᠢ ᠶᠢᠨ ᠬᠠᠨᠳᠤᠳᠣᠷᠵᠢ
1869 ᠤᠨ
ᠮᠠᠨᠵᠤ ᠴᠢᠩ ᠤᠯᠤᠰ᠂ ᠠᠷᠤ ᠮᠣᠩᠭᠣᠯ᠂ ᠲᠦᠰᠢᠶᠡᠲᠦ ᠬᠠᠨ ᠠᠶᠢᠮᠠᠭ
ᠦᠬᠦᠯ ᠦᠨ ᠰᠢᠯᠲᠠᠭᠠᠨ ᠬᠣᠣᠷᠳᠠᠭᠤᠯᠤᠭᠰᠠᠨ
ᠣᠯᠳᠠᠭᠰᠠᠨ ᠭᠠᠵᠠᠷ ᠪᠣᠭᠳᠠ ᠬᠠᠭᠠᠨᠲᠤ ᠤᠯᠤᠰ ᠤᠨ ᠨᠡᠶᠢᠰᠯᠡᠯ ᠬᠦᠷᠢᠶ᠎ᠡ ᠲᠤᠭᠤᠯ ᠭᠣᠣᠯ ᠤᠨ ᠰᠠᠯᠪᠤᠷᠢ ᠳᠤᠮᠳᠠ ᠭᠣᠣᠯ ᠤᠨ ᠣᠷᠴᠢᠮ
ᠣᠷᠣᠰᠢᠭᠤᠯᠤᠭᠳᠠᠭᠰᠠᠨ ᠭᠠᠵᠠᠷ ᠪᠣᠭᠳᠠ ᠬᠠᠭᠠᠨᠲᠤ ᠮᠣᠩᠭᠣᠯ ᠤᠯᠤᠰ᠂ ᠨᠡᠶᠢᠰᠯᠡᠯ ᠬᠦᠷᠢᠶ᠎ᠡ
ᠬᠥᠰᠢᠶ᠎ᠡ ᠳᠤᠷᠠᠰᠬᠠᠯ ᠲᠦᠷᠦᠭᠰᠡᠨ ᠭᠠᠵᠠᠷ ᠪᠣᠯᠬᠤ ᠬᠠᠨᠵᠢᠷᠭᠠᠯᠠᠩᠲᠤ ᠬᠠᠶᠢᠷᠬᠠᠨ ᠤ ᠥᠪᠥᠷ ᠲᠦ ᠭᠡᠷᠡᠯᠲᠦ ᠬᠥᠰᠢᠶ᠎ᠡ᠂ ᠪᠤᠯᠠᠭᠠᠨ ᠠᠶᠢᠮᠠᠭ ᠤᠨ ᠲᠥᠪ ᠪᠤᠯᠠᠭᠠᠨ ᠬᠣᠳᠠ ᠳᠤ ᠴᠢᠯᠠᠭᠤᠨ ᠬᠥᠰᠢᠶ᠎ᠡ᠂ ᠤᠯᠠᠭᠠᠨᠪᠠᠭᠠᠲᠤᠷ ᠬᠣᠳᠠ ᠳᠤ ᠮᠥᠨ ᠪᠠᠷᠢᠮᠠᠯ ᠬᠥᠰᠢᠶ᠎ᠡ
ᠦᠨᠳᠦᠰᠦᠲᠡᠨ ᠮᠣᠩᠭᠣᠯ
ᠠᠯᠢ ᠬᠣᠲᠠ ᠶᠢᠨ ᠰᠠᠭᠤᠭᠤᠯ ᠲᠦᠰᠢᠶᠡᠲᠦ ᠬᠠᠨ ᠤ ᠤᠤᠭᠠᠯ
ᠪᠣᠯᠪᠠᠰᠤᠷᠠᠯ ᠮᠠᠨᠵᠤ᠂ ᠬᠢᠲᠠᠳ᠂ ᠣᠷᠣᠰ ᠬᠡᠯᠡ
ᠲᠡᠭᠦᠰᠦᠭᠰᠡᠨ ᠰᠤᠷᠭᠠᠭᠤᠯᠢ ᠭᠡᠷ ᠢᠶᠡᠷ ᠪᠣᠯᠪᠠᠰᠤᠷᠠᠯ ᠣᠯᠤᠭᠰᠠᠨ
ᠴᠠᠯᠢᠩ 4000 ᠯᠠᠩ ᠮᠥᠩᠭᠥ᠂ 50 ᠡᠩᠲᠠᠢ ᠲᠣᠷᠭ᠎ᠠ
ᠬᠡᠷᠭᠡᠮ ᠡᠷᠳᠡᠨᠢ ᠳᠠᠶᠢᠴᠢᠨ ᠴᠢᠨ ᠸᠠᠩ
ᠤᠯᠤᠰ ᠲᠥᠷᠥ ᠶᠢᠨ ᠬᠥᠳᠡᠯᠭᠡᠭᠡᠨ ᠮᠣᠩᠭᠣᠯ ᠦᠨᠳᠦᠰᠦᠨ ᠦ ᠡᠷᠬᠡ ᠴᠢᠯᠦᠭᠡᠨ ᠦ ᠲᠥᠯᠥᠭᠡ ᠲᠡᠮᠡᠴᠡᠯ
ᠰᠢᠲᠦᠯᠭᠡ ᠪᠤᠷᠬᠠᠨ ᠱᠠᠰᠢᠨ
ᠱᠠᠰᠢᠨ ᠤ ᠪᠦᠯᠦᠭ ᠰᠢᠷ᠎ᠠ ᠶᠢᠨ ᠱᠠᠰᠢᠨ
ᠡᠴᠢᠭᠡ ᠡᠬᠡ ᠡᠴᠢᠭᠡ ᠮᠢᠵᠢᠳᠳᠣᠷᠵᠢ᠂ ᠡᠬᠡ ᠰᠤᠰᠤᠷ


ᠡᠷᠳᠡᠨᠢ ᠳᠠᠶᠢᠴᠢᠨ ᠴᠢᠨ ᠸᠠᠩ ᠮᠢᠵᠢᠳᠳᠣᠷᠵᠢ ᠶᠢᠨ ᠬᠠᠨᠳᠠᠳᠣᠷᠵᠢ ᠪᠤᠯ ᠮᠣᠩᠭᠣᠯ ᠤᠯᠤᠰ ᠤᠨ ᠲᠥᠷᠥ ᠶᠢᠨ ᠨᠡᠷᠡᠲᠦ ᠵᠢᠳᠬᠦᠯᠲᠡᠨ᠂ ᠲᠤᠰᠠᠭᠠᠷ ᠲᠣᠭᠲᠠᠨᠢᠯ ᠤᠨ ᠲᠥᠯᠥᠭᠡ᠂ ᠮᠠᠨᠵᠤ ᠶᠢᠨ ᠳᠠᠷᠤᠯᠠᠯ ᠤᠨ ᠡᠰᠡᠷᠬᠦ ᠲᠤᠤᠱᠲᠠᠢ ᠲᠡᠮᠡᠴᠡᠭᠴᠢ᠂ ᠪᠣᠭᠳᠠ ᠬᠠᠭᠠᠨᠲᠤ ᠮᠣᠩᠭᠣᠯ ᠤᠯᠤᠰ ᠢ ᠡᠭᠦᠰᠬᠡᠨ ᠪᠠᠶᠢᠭᠤᠯᠤᠭᠴᠢ ᠭᠣᠣᠯ ᠤᠳᠤᠷᠢᠳᠤᠭᠴᠢᠳ ᠤᠨ ᠨᠢᠭᠡ ᠮᠦᠷᠲᠡᠭᠡᠨ ᠮᠣᠩᠭᠣᠯ ᠤᠨ ᠭᠠᠳᠠᠭᠠᠲᠤ ᠶᠠᠪᠤᠳᠠᠯ ᠤᠨ ᠰᠠᠶᠢᠳ (外交官)  ᠤᠨ ᠠᠯᠪᠠ ᠶᠢ ᠡᠭᠦᠰᠬᠡᠨ ᠪᠠᠶᠢᠭᠤᠯᠤᠭᠴᠢ ᠪᠤᠯᠬᠤ ᠶᠤᠮ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠳᠡᠨᠢ ᠳᠠᠶᠢᠴᠢᠨ ᠴᠢᠨ ᠸᠠᠩ ᠬᠠᠨᠳᠤᠳᠣᠷᠵᠢ ᠨᠢ 1869 ᠤᠨ ᠪᠤᠶᠤ ᠰᠢᠷᠠᠭᠴᠢᠨ ᠮᠣᠭᠠᠢ ᠵᠢᠯ ᠳᠤ ᠡᠷᠳᠡᠨᠢ ᠴᠢᠨ ᠸᠠᠩ ᠰᠡᠷᠡᠩᠳᠣᠷᠵᠢ ᠶᠢᠨ ᠬᠦᠦ ᠮᠢᠨᠵᠢᠳᠳᠣᠷᠵᠢᠭᠦᠩ ᠤᠨ ᠭᠡᠷ ᠪᠦᠯᠢ ᠳᠦ ᠮᠡᠨᠳᠦᠯᠡᠵᠡᠢ᠃ ᠬᠠᠨᠳᠤᠳᠣᠷᠵᠢ ᠸᠠᠩ ᠨᠢ ᠪᠠᠰᠠ ᠪᠠᠲᠤᠮᠦ᠋ᠩᠬᠡ ᠳᠠᠶᠠᠩ ᠬᠠᠭᠠᠨ ᠤ ᠣᠳᠬᠣᠨ ᠬᠦᠦ ᠭᠡᠷᠰᠡᠩ ᠵᠠᠯᠠᠶᠢᠷ ᠤᠨ ᠬᠤᠩ ᠲᠠᠢᠢᠵᠢ ᠶᠢᠨ ᠰᠢᠭᠤᠳ ᠤᠳᠤᠮ ᠤᠨ ᠠᠯᠲᠠᠨ ᠤᠷᠤᠭ ᠤᠨ ᠰᠤᠷᠪᠤᠯᠵᠢᠲᠤ ᠬᠦᠮᠦᠨ ᠪᠢᠯᠡ᠃

ᠪᠠᠭ᠎ᠠ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠨᠳᠤᠳᠣᠷᠵᠢ ᠸᠠᠩ ᠪᠠᠭ᠎ᠠ ᠨᠠᠰᠤ ᠪᠠᠨ ᠦᠨᠳᠦᠰᠦᠨ ᠳᠤ ᠪᠠᠨ ᠣᠷᠳᠣᠨ ᠤ ᠲᠠᠩᠰᠤᠭ ᠠᠮᠢᠳᠤᠷᠠᠯ ᠳᠤ ᠥᠩᠭᠡᠷᠡᠭᠡᠵᠡᠢ᠃ ᠵᠤᠨ ᠤ ᠴᠠᠭ ᠲᠤ ᠮᠢᠨᠵᠢᠳᠳᠣᠷᠵᠢ ᠭᠦᠩ ᠦ ᠬᠢ ᠪᠤᠯᠠᠭᠠᠨ ᠠᠭᠤᠯᠠ ᠍ ᠤᠨ ᠵᠡᠭᠦᠨ ᠰᠤᠭᠤ᠂ ᠬᠠᠨᠵᠢᠷᠭᠠᠯᠠᠩᠲᠤ ᠍ ᠤᠨ ᠥᠪᠥᠷ ᠭᠡᠬᠦ ᠮᠡᠲᠦ ᠦᠵᠡᠰᠬᠦᠯᠡᠩᠲᠦ ᠨᠤᠲᠤᠭ ᠢᠶᠠᠷ ᠵᠤᠰᠠᠳᠠᠭ᠃ ᠬᠠᠨᠳᠤᠳᠣᠷᠵᠢ ᠸᠠᠩ ᠤᠨ ᠪᠠᠭ᠎ᠠ ᠨᠠᠰᠤᠨ ᠤ ᠠᠮᠢᠳᠤᠷᠠᠯ ᠳᠤ ᠲᠡᠭᠦᠨ ᠦ ᠡᠬᠡ ᠰᠤᠰᠤᠷ ᠬᠠᠲᠤᠨ ᠤ ᠰᠠᠷᠠᠭᠤᠯ ᠤᠬᠠᠭᠠᠨ᠂ ᠠᠵᠢᠯᠴᠢ ᠬᠢᠴᠢᠶᠡᠩᠭᠦᠢ ᠴᠢᠨᠠᠷ ᠠᠰᠤᠷᠤ ᠶᠡᠬᠡ ᠪᠡᠷ ᠨᠥᠯᠦᠭᠡᠯᠡᠵᠡᠢ᠃ ᠭᠦᠩ ᠮᠢᠨᠵᠢᠳᠳᠣᠷᠵᠢ ᠲᠡᠷᠡ ᠦᠶ᠎ᠡ ᠶᠢᠨ ᠶᠡᠬᠡᠰ ᠳᠡᠭᠡᠳᠦᠰ ᠦᠨ ᠨᠢᠭᠡᠨ ᠠᠳᠠᠯᠢ ᠬᠠᠨᠳᠤᠳᠣᠷᠵᠢ ᠨᠣᠶᠠᠨᠲᠠᠨ ᠳᠤ ᠭᠡᠷ ᠦᠨ ᠪᠠᠭᠰᠢ ᠳᠠᠨᠳᠠᠷ ᠢ ᠠᠪᠴᠤ 6-7 ᠨᠠᠰᠤ ᠣᠷᠴᠢᠮ ᠳᠤ ᠨᠢ ᠮᠣᠩᠭᠣᠯ ᠪᠢᠴᠢᠭ ᠵᠢᠭᠠᠯᠭᠠᠵᠤ ᠡᠬᠢᠯᠡᠭᠰᠡᠨ ᠪᠠ ᠪᠠᠭᠰᠢ  ᠨᠢ ᠮᠣᠩᠭᠣᠯ ᠪᠢᠴᠢᠭ ᠲᠦ ᠭᠠᠷᠮᠠᠭᠠᠢ᠂ ᠮᠠᠨᠵᠤ᠂ ᠲᠥᠪᠡᠳ ᠬᠡᠯᠡ ᠶᠢ ᠰᠠᠶᠢᠨ ᠮᠡᠳᠡᠳᠡᠭ ᠪᠦᠭᠡᠳ ᠪᠠᠰᠠ ᠲᠥᠷᠦ ᠶᠣᠰᠣ᠂ ᠡᠷᠬᠡ ᠵᠦᠢ᠂ ᠳᠣᠷᠣᠨ᠎ᠠ ᠳ᠋ᠠᠬᠢᠨ ᠤ ᠭᠦᠨ ᠤᠬᠠᠭᠠᠨ ᠢ ᠨᠡᠯᠢᠶᠡᠳ ᠤᠶᠢᠯᠠᠭᠠᠳᠠᠭ ᠸᠠᠩ ᠤᠨ ᠬᠦᠷᠢᠶᠡᠨ ᠳᠦ ᠨᠣᠮ ᠲᠠᠢ ᠬᠦᠮᠦᠨ ᠳᠦ ᠲᠣᠭᠠᠴᠠᠭᠳᠠᠳᠠᠭ ᠲᠣᠮᠣᠬᠠᠨ ᠰᠡᠬᠡᠭᠡᠲᠡᠨ ᠦ ᠨᠢᠭᠡ ᠪᠠᠶᠢᠵᠠᠢ᠃

1880 ᠤᠨ ᠳᠤ ᠲᠡᠭᠦᠨ ᠦ ᠡᠴᠢᠭᠡ ᠮᠢᠨᠵᠢᠳᠳᠣᠷᠵᠢ ᠨᠠᠰᠤ ᠪᠠᠷᠠᠭᠰᠠᠨ ᠢᠶᠠᠷ ᠲᠡᠳᠡᠨ ᠦ ᠭᠡᠷ ᠪᠦᠯᠢ ᠳᠦ ᠠᠰᠤᠷᠤ ᠶᠡᠬᠡ ᠬᠦᠨᠳᠦ ᠭᠠᠷᠤᠵᠠ ᠬᠣᠬᠢᠷᠠᠯ ᠤᠴᠠᠷᠠᠭᠰᠠᠨ ᠪᠥᠭᠡᠳ ᠠᠮᠢᠳᠤᠷᠠᠯ ᠢᠶᠠᠨ ᠵᠠᠯᠭᠠᠭᠤᠯᠬᠤ ᠬᠠᠲᠠᠭᠤ ᠠᠯᠪᠠ ᠲᠡᠭᠦᠨ ᠦ ᠨᠢᠷᠤᠭᠤᠨ ᠳᠡᠭᠡᠷ᠎ᠡ ᠲᠤᠯᠭᠠᠭᠳᠠᠵᠤ ᠢᠷᠡᠭᠰᠡᠨ ᠪᠢᠯᠡ᠃

ᠥᠪᠡᠷ ᠦᠨ ᠬᠦᠦ ᠪᠡᠨ ᠠᠯᠠᠳᠠᠭᠰᠠᠨ ᠰᠡᠷᠡᠩᠳᠣᠷᠵᠢ ᠸᠠᠩ ᠭᠣᠣᠯ ᠨᠠᠶᠢᠳᠠᠯᠭ᠎ᠠ ᠪᠠᠨ ᠤᠮᠪᠤᠯᠤ ᠬᠠᠨᠳᠤᠳᠣᠷᠵᠢ ᠳᠤ ᠪᠠᠨ ᠲᠠᠯᠪᠢᠬᠤ ᠪᠣᠯᠵᠠᠢ᠃ ᠡᠨᠡ ᠬᠤᠭᠤᠴᠠᠭᠠᠨ ᠳᠤ ᠡᠪᠦᠭᠡ ᠡᠴᠢᠭᠡ ᠨᠢ ᠬᠠᠨᠳᠤᠳᠤᠷᠵᠢ ᠸᠠᠩ ᠢ ᠬᠦᠷᠢᠶᠡᠨ ᠦ ᠠᠮᠪᠠᠨ ᠰᠠᠶᠢᠳ ᠤᠨ ᠳᠡᠷᠭᠡᠳᠡᠬᠢ ᠲᠥᠷᠦ ᠶᠢᠨ ᠠᠯᠪᠠᠨ ᠳᠤ ᠰᠤᠷᠭᠠᠬᠤ ᠳᠠᠮᠵᠢᠶᠠᠨ ᠳᠤ ᠰᠤᠷᠤᠯᠴᠠᠭᠤᠯᠵᠤ᠂ ᠮᠠᠨᠵᠤ᠂ ᠬᠢᠲᠠᠳ ᠬᠡᠯᠡ ᠶᠢ ᠰᠠᠶᠢᠨ ᠰᠤᠷᠭᠠᠵᠤ ᠰᠠᠶᠢᠵᠢᠷᠠᠭᠤᠯᠤᠭᠰᠠᠨ ᠶᠤᠮ᠃ 1892 ᠤᠨ ᠳᠤ ᠬᠠᠨᠳᠤᠳᠤᠷᠵᠢ ᠸᠠᠩ 23 ᠨᠠᠰᠤᠲᠠᠢ ᠳᠤ ᠪᠠᠨ ᠵᠠᠰᠠᠭ ᠬᠤᠰᠢᠭᠤ ᠴᠢᠨ ᠸᠠᠩ ᠤᠨ ᠵᠡᠷᠭᠡ ᠤᠨ 8 ᠳ᠋ᠠᠬᠢ ᠦᠶ᠎ᠡ ᠶᠢ ᠵᠠᠯᠭᠠᠮᠵᠢᠯᠠᠭᠰᠠᠨ ᠪᠠᠶᠢᠨ᠎ᠠ᠃ ᠲᠡᠷᠡ ᠦᠶ᠎ᠡ ᠳᠦ ᠬᠣᠰᠢᠭᠤ ᠵᠠᠬᠢᠷᠤᠭᠴᠢ ᠪᠣᠯᠤᠭᠰᠠᠨ ᠬᠦᠮᠦᠨ ᠮᠠᠨᠵᠤ ᠶᠢᠨ ᠬᠠᠭᠠᠨ ᠳᠤ ᠪᠡᠶ᠎ᠡ ᠪᠡᠨ ᠦᠵᠡᠭᠦᠯᠬᠦ ᠶᠣᠰᠣᠲᠠᠢ ᠪᠠᠶᠢᠭᠰᠠᠨ ᠪᠥᠭᠡᠳ ᠮᠠᠨᠵᠤ ᠶᠢᠨ ᠬᠠᠭᠠᠨ ᠤ ᠣᠷᠳᠣᠨ ᠠᠴᠠ ᠬᠠᠨᠳᠠ ᠸᠠᠩ ᠢ ᠬᠠᠭᠠᠨ ᠲᠠᠢ ᠨᠢᠭᠤᠷ ᠤᠴᠠᠷᠠᠭᠤᠯᠤᠭ᠎ᠠ ᠦᠭᠡᠢ ᠪᠠᠶᠢᠵᠠᠢ᠃ ᠵᠠᠯᠠᠭᠤ ᠨᠣᠶᠠᠨ ᠤ ᠡᠮᠦᠨ᠎ᠡ ᠨᠢᠭᠡ ᠲᠠᠯ᠎ᠠ ᠪᠠᠷ ᠬᠣᠰᠢᠭᠤ ᠨᠤᠲᠤᠭ ᠢᠶᠠᠨ ᠥᠭᠡᠳᠡ ᠲᠠᠲᠠᠵᠤ᠂ ᠬᠠᠮᠵᠢᠯᠭᠠᠲᠤ ᠠᠷᠠᠳ ᠤᠨ ᠢᠶᠠᠨ ᠢᠲᠡᠭᠡᠯ ᠢ ᠤᠯᠬᠤ᠂ ᠨᠥᠭᠥᠭᠡ ᠲᠠᠯ᠎ᠠ ᠪᠠᠷ ᠮᠠᠨᠵᠤᠬᠢᠲᠠᠳᠲᠦᠪᠡᠳᠮᠣᠩᠭᠣᠯ ᠍ ᠤᠨ ᠶᠡᠬᠡᠰ ᠳᠡᠭᠡᠳᠦᠰ ᠦᠨ ᠠᠭᠠᠰᠢ ᠠᠶᠠᠭ ᠢ ᠲᠠᠭᠠᠷᠠᠭᠤᠯᠵᠤ᠂ ᠤᠴᠢᠷ ᠢ ᠣᠯᠵᠤ ᠬᠠᠷᠢᠴᠠᠬᠤ ᠵᠡᠷᠭᠡ ᠠᠰᠠᠭᠤᠳᠠᠯ ᠤᠳ ᠲᠤᠯᠭᠠᠷᠠᠪᠠ᠃ ᠨᠢᠭᠡᠨᠲᠡ ᠤᠯᠤᠰ ᠭᠦᠷᠦᠨ ᠢᠶᠡᠷ ᠢᠶᠡᠨ ᠬᠠᠷᠢ ᠶᠢᠨ ᠡᠷᠬᠡᠰᠢᠶᠡᠯ ᠳᠦ ᠪᠠᠶᠢᠭ᠎ᠠ ᠨᠥᠬᠥᠴᠡᠯ ᠳᠦ ᠶᠠᠭᠤᠮ᠎ᠠ ᠪᠤᠯᠭᠠᠨ ᠳᠤ ᠭᠡᠳᠡᠶᠢᠨ ᠠᠯᠬᠤᠬᠤ ᠠᠷᠭ᠎ᠠ ᠦᠭᠡᠢ᠂ ᠪᠠᠰᠠ ᠦᠷᠭᠦᠯᠵᠢ ᠲᠣᠯᠣᠭᠠᠢ ᠭᠤᠳᠤᠶᠢᠵᠤ᠂ ᠪᠥᠬᠥᠯᠵᠡᠬᠦ ᠨᠢ ᠪᠦᠷ ᠴᠤ ᠬᠡᠴᠡᠭᠦᠦ ᠪᠠᠶᠢᠵᠠᠢ᠃

ᠲᠤᠰᠠᠭᠠᠷ ᠲᠣᠭᠲᠠᠨᠢᠯ ᠤᠨ ᠲᠥᠯᠥᠭᠡ ᠲᠡᠮᠡᠴᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1900 ᠤᠨ ᠳᠤ ᠮᠠᠨᠵᠤ ᠶᠢᠨ ᠬᠠᠭᠠᠨ ᠴᠢᠨ ᠸᠠᠩ ᠢ ᠬᠦᠯᠢᠶᠡᠵᠦ ᠠᠪᠴᠠᠢ᠃ ᠠᠭᠤᠯᠵᠠᠯᠲᠠ ᠪᠠᠷ ᠭᠤᠸᠠᠩᠰᠦᠢ ᠬᠠᠭᠠᠨ 《ᠵᠠ ᠬᠥ᠂ ᠴᠢᠨᠤ ᠬᠣᠰᠢᠭᠤ ᠪᠠᠷᠠᠭᠤᠨ ᠠᠴᠠ ᠵᠡᠭᠦᠨ ᠲᠡᠰᠢ᠂ ᠬᠤᠶᠢᠨ᠎ ᠠ ᠠᠴᠠ ᠤᠷᠤᠭᠰᠢ ᠪᠠᠨ ᠬᠡᠳᠦᠨ ᠭᠠᠵᠠᠷ ᠶᠤᠮ ᠳ᠋ᠡ》 ᠬᠡᠮᠡᠨ ᠪᠠᠰᠤᠨ ᠠᠰᠠᠭᠤᠬᠤ ᠳᠤ ᠬᠠᠨᠳᠤᠳᠣᠷᠵᠢ ᠸᠠᠩ 《ᠮᠠᠨ ᠤ ᠬᠠᠯᠬ᠎ᠠ ᠳᠤ ᠬᠣᠰᠢᠭᠤ ᠨᠤᠲᠤᠭ ᠤᠨ ᠢᠶᠠᠨ ᠬᠡᠮᠵᠢᠶ᠎ᠡ ᠶᠢ ᠭᠠᠵᠠᠷ ᠢᠶᠠᠷ ᠪᠢᠰᠢ ᠥᠷᠲᠡᠭᠡ ᠪᠡᠷ ᠬᠡᠯᠡᠯᠴᠡᠳᠡᠭ᠃ ᠪᠠᠷᠠᠭᠤᠨ ᠡᠴᠡ ᠵᠡᠭᠦᠨᠰᠢ 12 ᠥᠷᠲᠡᠭᠡ 》 ᠬᠡᠮᠡᠨ ᠳᠠᠷᠤᠤᠬᠠᠨ ᠮᠥᠷᠲᠡᠭᠡᠨ ᠲᠥᠪ ᠶᠡᠬᠡᠮᠰᠦᠭ ᠢᠶᠡᠷ ᠬᠠᠷᠢᠭᠤᠯᠤᠭᠰᠠᠨ ᠪᠠᠶᠢᠨ᠎ᠠ᠃ ᠡᠭᠦᠨ ᠢ ᠮᠡᠳᠡᠭᠰᠡᠨ ᠴᠤᠰᠢ ᠬᠠᠲᠤᠨ 《ᠦᠨᠡᠬᠡᠷ ᠰᠡᠷᠭᠦᠯᠡᠩ ᠵᠠᠯᠠᠭᠤ》 ᠬᠡᠮᠡᠨ ᠮᠠᠭᠳᠠᠭᠰᠠᠨ ᠭᠡᠳᠡᠭ᠃ ᠴᠢᠨ ᠸᠠᠩ ᠬᠠᠨᠳᠤᠳᠣᠷᠵᠢ ᠦᠨᠳᠦᠰᠦᠨ ᠦ ᠨᠣᠶᠠᠳ ᠶᠡᠬᠡᠰ ᠦᠨ ᠡᠷᠬᠡ ᠶᠠᠩᠪᠠ ᠬᠢᠵᠠᠭᠠᠷᠯᠠᠭᠳᠠᠵᠤ᠂ ᠠᠯᠪᠠᠲᠤ ᠢᠷᠭᠡᠳ ᠨᠢ ᠬᠣᠭᠣᠰᠣᠷᠠᠵᠤ ᠪᠠᠶᠢᠭ᠎ᠠ ᠳᠤ ᠶᠡᠬᠡᠳᠡ ᠳᠤᠷ  ᠠ ᠦᠭᠡᠶᠢᠴᠡᠵᠦ ᠪᠠᠶᠢᠴᠠᠢ᠃ ᠢᠩᠭᠢᠭᠡᠳ 1890 ᠤᠨ ᠳᠤ ᠤᠯᠢᠶᠠᠰᠤᠲᠠᠢ ᠤ ᠠᠮᠪᠠᠨ ᠮᠣᠩᠭᠣᠯᠴᠤᠳᠠᠳᠠ ᠳᠠᠭᠠᠭᠠᠵᠤ ᠲᠡᠶᠢᠯᠦᠰᠢ ᠦᠭᠡᠢ ᠠᠯᠪᠠ ᠭᠤᠪᠴᠢᠭᠤᠷ ᠨᠣᠭᠳᠠᠭᠤᠯᠵᠤ᠂ ᠡᠯᠳᠡᠪ ᠢᠶᠡᠷ ᠳᠠᠷᠤᠯᠠᠵᠤ ᠪᠤᠢ ᠲᠤᠬᠠᠢ ᠵᠢᠯᠠᠬᠠᠨᠵᠠ ᠭᠡᠭᠡᠨᠢᠯᠭᠠᠭᠤᠯᠤᠭᠰᠠᠨ ᠬᠤᠲᠤᠭᠲᠤ᠂ ᠳᠠᠮᠪᠢᠵᠠ ᠪᠤᠶᠤ ᠵᠠ ᠯᠠᠮᠠ ᠨᠠᠷ ᠤᠨ ᠬᠠᠮᠲᠤ ᠪᠠᠷ ᠪᠡᠭᠡᠵᠢᠩ ᠳᠤ ᠵᠠᠷᠭᠤ ᠮᠡᠳᠡᠭᠦᠯᠬᠦ ᠳᠦ ᠪᠡᠨ 《ᠬᠡᠷᠪᠡ ᠬᠡᠷᠡᠭ ᠶᠠᠪᠤᠳᠠᠯ ᠴᠢᠨᠠᠭᠰᠢᠳᠠ ᠡᠶᠢᠮᠦ ᠪᠠᠶᠢᠪᠠᠯ ᠮᠣᠩᠭᠣᠯᠴᠤᠳ ᠵᠡᠪᠰᠡᠭ ᠪᠠᠷᠢᠬᠤ ᠠᠴᠠ ᠥᠭᠡᠷ᠎ᠡ ᠠᠷᠭ᠎ᠠ ᠦᠭᠡᠢ ᠳᠦ ᠬᠦᠷᠦᠨ᠎ᠡ》 ᠬᠡᠮᠡᠨ ᠴᠢᠩ ᠤᠯᠤᠰ ᠤᠨ ᠡᠷᠬᠡ ᠪᠠᠷᠢᠭᠴᠢᠳ ᠲᠤ ᠠᠩᠬᠠᠷᠠᠭᠤᠯᠵᠠᠢ᠃ ᠡᠨᠡ ᠶᠠᠪᠤᠳᠠᠯ ᠤᠨ ᠳᠠᠷᠠᠭ᠎ᠠ ᠪᠠᠷ ᠲᠡᠳᠡᠨ ᠢ ᠮᠥᠰᠬᠢᠨ ᠮᠥᠷᠳᠡᠵᠦ᠂ ᠰᠢᠬᠠᠵᠤ ᠬᠠᠪᠴᠢᠵᠤ ᠡᠬᠢᠯᠡᠭᠰᠡᠨ ᠪᠦᠭᠡᠳ ᠡᠨᠡ ᠬᠡᠷᠡᠭ ᠢ ᠮᠥᠷᠳᠡᠬᠦ ᠶᠢ ᠬᠠᠨᠳᠤᠳᠤᠷᠵᠢ ᠸᠠᠩ ᠤᠨ ᠡᠪᠦᠭᠡ ᠡᠴᠢᠭᠡ ᠰᠡᠷᠡᠩᠳᠣᠷᠵᠢ ᠳᠤ ᠳᠠᠭᠠᠳᠬᠠᠬᠤ ᠳᠤ ᠲᠡᠷᠡᠪᠡᠷ ᠤᠭ ᠬᠡᠷᠡᠭ ᠦᠨ ᠤᠷᠰᠢᠭ ᠢ ᠮᠡᠳᠡᠵᠦ ᠪᠠᠶᠢᠭᠰᠠᠨ ᠤᠴᠢᠷ ᠡᠴᠡ ᠠᠷᠭᠠᠴᠠᠭᠠᠯᠠᠨ᠂ ᠲᠡᠳᠡᠨ ᠢ ᠴᠠᠭᠠᠵᠠᠯᠠᠬᠤ ᠦᠭᠡᠢ ᠪᠠᠶᠢᠬᠤ ᠶᠢ ᠪᠡᠭᠡᠵᠢᠩ ᠡᠴᠡ ᠬᠦᠰᠡᠴᠤ ᠪᠠᠶᠢᠵᠠᠢ᠃

1903 ᠤᠨ ᠳᠤ ᠬᠠᠨᠳᠤᠳᠣᠷᠵᠢ ᠸᠠᠩ ᠬᠠᠯᠬ᠎ᠠ ᠍ ᠤᠨ ᠨᠣᠶᠠᠳ ᠤᠨ ᠲᠦᠷ ᠵᠠᠰᠠᠭᠳᠤ ᠡᠭᠡᠯᠵᠢ ᠲᠠᠭᠠᠷᠠᠨ ᠪᠡᠭᠡᠵᠢᠩ ᠬᠣᠳᠠ ᠳᠤ ᠣᠴᠢᠵᠤ᠂ ᠲᠥᠷᠥ ᠶᠢᠨ ᠬᠡᠷᠡᠭ ᠬᠡᠯᠡᠯᠴᠡᠬᠦ ᠳᠦ ᠣᠷᠣᠯᠴᠠᠭᠰᠠᠨ ᠨᠢ ᠮᠠᠨᠵᠤ ᠶᠢᠨ ᠬᠠᠭᠠᠨ ᠤ ᠪᠣᠳᠣᠯᠭ᠎ᠠ ᠶᠢᠨ ᠴᠠᠭᠠᠨᠠᠬᠢ ᠰᠠᠨᠠᠭ᠎ᠠ ᠶᠢ ᠢᠯᠡᠭᠦᠦ ᠰᠠᠶᠢᠨ ᠲᠠᠨᠢᠵᠤ ᠮᠡᠳᠡᠬᠦ ᠪᠣᠯᠤᠯᠴᠠᠭ᠎ᠠ ᠶᠢ ᠣᠯᠵᠠᠢ᠃ ᠮᠠᠨᠵᠤ ᠶᠢᠨ ᠲᠥᠷᠥ ᠬᠠᠨᠳᠤᠳᠤᠷᠵᠢ ᠸᠠᠩ ᠳᠤ ᠶᠠᠩᠪᠠ ᠬᠡᠷᠭᠡᠮ᠂ ᠴᠠᠯᠢᠩ ᠫᠦᠩᠯᠦ ᠱᠠᠩᠨᠠᠯ ᠲᠤᠩ ᠶᠡᠬᠡ ᠬᠦᠷᠲᠡᠭᠡᠵᠦ᠂ ᠣᠯᠠᠨ ᠠᠷᠪᠢᠨ ᠵᠡᠷᠭᠡ ᠨᠡᠮᠡᠵᠦ᠂ ᠲᠡᠮᠳᠡᠭᠯᠡᠵᠦ ᠪᠠᠶᠢᠭᠰᠠᠨ ᠪᠣᠯᠪᠠᠴᠤ 《ᠪᠤᠷᠤᠭᠤ ᠡᠯᠢᠭᠡᠲᠡᠨ》 ᠬᠡᠮᠡᠨ ᠬᠠᠷᠠᠳᠠᠵᠤ ᠮᠥᠰᠬᠢᠨ ᠲᠠᠩᠨᠠᠬᠤ ᠪᠠᠨ ᠴᠤ ᠪᠠᠶᠢᠭ᠎ ᠠ ᠦᠭᠡᠢ ᠪᠠᠶᠢᠵᠠᠢ᠃ ᠬᠠᠨᠳᠤᠳᠣᠷᠵᠢ ᠶᠢ ᠡᠪᠦᠭᠡ ᠡᠴᠢᠭᠡ ᠰᠢᠭ ᠨᠢ ᠳᠡᠭᠡᠭᠦᠷᠬᠡᠨ ᠠᠯᠪᠠᠨ ᠲᠤᠰᠢᠶᠠᠯ ᠳᠤ ᠲᠠᠯᠪᠢᠬᠤ ᠠᠴᠠ ᠠᠯᠢ ᠪᠣᠯᠬᠤ ᠪᠠᠷ ᠪᠣᠯᠭᠣᠮᠵᠢᠯᠠᠵᠤ᠂ ᠣᠶᠢᠷ᠎ᠠ ᠵᠠᠭᠤᠷᠠᠬᠠᠨ 《ᠠᠷᠭᠠᠮᠵᠢᠵᠤ》 ᠠᠯᠬᠤᠬᠤ ᠭᠢᠰᠭᠢᠬᠦ ᠪᠦᠷᠢ ᠶᠢ ᠨᠢ ᠠᠵᠢᠨ ᠲᠠᠩᠨᠠᠵᠤ ᠪᠠᠶᠢᠪᠠ᠃ ᠪᠡᠭᠡᠵᠢᠩ ᠦᠨ ᠡᠷᠬᠡ ᠪᠠᠷᠢᠭᠴᠢᠳ ᠬᠠᠨᠳᠤᠳᠣᠷᠵᠢ ᠸᠠᠩ ᠤᠨ ᠴᠢᠨᠠᠲᠤ ᠰᠠᠨᠠᠭ᠎ᠠ ᠶᠢ ᠮᠡᠳᠡᠵᠦ ᠢᠲᠡᠭᠡᠯ ᠮᠠᠭᠤ ᠲᠠᠢ ᠬᠦᠮᠦᠰ ᠦᠨ ᠳᠠᠩᠰᠠᠨ ᠳᠤ ᠣᠷᠣᠭᠤᠯᠤᠭᠰᠠᠨ ᠪᠠᠶᠢᠭᠰᠠᠨ᠃ ᠠᠩᠭᠯᠢ ᠶᠢᠨ ᠲᠦᠷᠢᠮᠡᠭᠡᠶᠢᠯᠡᠯ ᠡᠴᠡ ᠵᠢᠭᠤᠲᠠᠭᠰᠠᠨ ᠠᠷᠪᠠᠨ ᠭᠤᠷᠪᠠᠳᠤᠭᠠᠷ ᠵᠠᠭᠤᠨ ᠳᠠᠯᠠᠢ ᠯᠠᠮᠠ ᠲᠦᠪᠳᠡᠩᠵᠠᠮᠰᠤ 1904 ᠤᠨ ᠤ ᠠᠷᠪᠠᠨ ᠰᠠᠷ᠎ᠠ ᠳᠤ ᠣᠶᠢᠷ᠎ᠠ ᠳᠣᠲᠣᠨᠣ ᠰᠢᠳᠠᠷ ᠨᠥᠬᠥᠳ ᠦᠨ ᠢᠶᠡᠨ ᠬᠠᠮᠲᠤ ᠪᠠᠷ ᠬᠦᠷᠢᠶ᠎ᠡᠤᠷᠤᠭᠤ ᠢᠷᠡᠭᠰᠡᠨ ᠶᠤᠮ᠃ ᠳᠠᠯᠠᠢ ᠯᠠᠮᠠ ᠶᠢᠨ ᠵᠣᠷᠢᠯᠭ᠎ᠠ ᠨᠢ ᠪᠤᠷᠢᠶᠠᠳ ᠍ ᠤᠨ ᠬᠠᠩᠪᠤ ᠯᠠᠮᠠ ᠠᠭᠸᠠᠩ ᠳᠣᠷᠵᠢᠵᠢᠪ ᡀᠠᠷᠠᠮᠪᠠ ᠶᠢ ᠳᠠᠭᠠᠨ ᠣᠷᠣᠰ ᠤᠨ ᠴᠠᠭᠠᠨ ᠬᠠᠭᠠᠨ ᠤ ᠨᠥᠮᠥᠷᠢ ᠨᠥᠭᠡᠯᠭᠡ ᠳᠦ ᠬᠣᠷᠭᠣᠳᠤᠬᠤ ᠰᠠᠨᠠᠭ᠎ᠠ ᠲᠠᠢ ᠪᠠᠷ ᠮᠣᠩᠭᠣᠯ ᠳᠤ ᠢᠷᠡᠭᠰᠡᠨ ᠪᠢᠯᠡ᠃ ᠮᠠᠨᠵᠤ ᠴᠢᠩ ᠤᠯᠤᠰ ᠤᠨ ᠵᠠᠰᠠᠭ ᠤᠨ ᠭᠠᠵᠠᠷ ᠲᠡᠭᠦᠨ ᠢ ᠰᠦᠢᠳ ᠪᠣᠯᠤᠨ ᠬᠦᠯᠢᠶᠡᠵᠦ ᠠᠪᠬᠤ ᠦᠭᠡᠢ ᠪᠠᠶᠢᠬᠤ ᠶᠢ ᠶᠡᠬᠡ ᠬᠦᠷᠢᠶᠡᠨ ᠦ ᠮᠠᠨᠵᠤ᠂ ᠲᠦᠪᠡᠳ᠂ ᠮᠣᠩᠭᠣᠯ ᠡᠷᠬᠡ ᠪᠠᠷᠢᠭᠴᠢᠳ ᠲᠤ ᠴᠢᠩᠳᠠᠯᠠᠨ ᠲᠤᠰᠢᠶᠠᠭᠰᠠᠨ ᠬᠡᠳᠦᠢ ᠴᠤ ᠳᠠᠯᠠᠢ ᠯᠠᠮᠠ ᠶᠢ ᠰᠦᠰᠦᠭᠯᠡᠨ ᠪᠢᠰᠢᠷᠡᠭᠰᠡᠨ ᠣᠯᠠᠨ ᠤ ᠳᠠᠪᠠᠯᠭ᠎ᠠ ᠶᠢ ᠬᠡᠨ ᠴᠤ ᠬᠣᠷᠢᠭᠯᠠᠵᠤ ᠴᠢᠳᠠᠭᠰᠠᠨ ᠦᠭᠡᠢ᠃ ᠲᠡᠷᠡ ᠪᠤᠤ ᠬᠡᠯᠡ ᠥᠪᠥᠷ ᠪᠠᠶᠢᠭᠠᠯᠢᠠᠰᠲᠷᠠᠬᠠᠨ ᠡᠴᠡ ᠬᠦᠷᠲᠡᠯ᠎ᠡ ᠰᠢᠷ᠎ᠠ ᠶᠢᠨ ᠱᠠᠰᠢᠨᠲᠠᠨ ᠮᠣᠩᠭᠣᠯᠴᠤᠳ ᠴᠤᠪᠤᠨ ᠢᠷᠡᠵᠦ ᠮᠥᠷᠭᠥᠵᠡᠢ᠃ ᠬᠣᠯᠠ ᠣᠶᠢᠷ᠎ᠠ ᠶᠢᠨ ᠰᠦᠰᠦᠭᠲᠡᠨ ᠣᠯᠠᠨ ᠠᠴᠠ ᠡᠷᠭᠦᠭᠦᠯ ᠪᠠᠷᠢᠴᠠ ᠠᠪᠤᠭᠰᠠᠭᠠᠷ ᠳᠠᠯᠠᠢ ᠯᠠᠮᠠ ᠶᠡᠬᠡᠬᠡᠨ ᠬᠥᠯᠵᠢᠵᠦ ᠪᠡᠯᠡᠵᠢᠭᠰᠡᠨ ᠭᠡᠳᠡᠭ᠃ ᠳᠠᠯᠠᠢ ᠯᠠᠮᠠ ᠶᠢᠨ ᠨᠡᠷ᠎ᠡ ᠬᠦᠨᠳᠦ ᠪᠣᠭᠳᠠ ᠵᠠᠪᠵᠠᠩᠳᠠᠮᠪᠠ ᠶᠢᠨ ᠨᠡᠷ᠎ᠡ ᠬᠦᠨᠳᠦ ᠳᠦ ᠨᠥᠯᠥᠭᠡᠯᠡᠨ ᠲᠡᠭᠦᠨ ᠢ ᠳᠠᠷᠤᠵᠤ ᠡᠬᠢᠯᠡᠭᠰᠡᠨ ᠤᠴᠢᠷ ᠪᠣᠭᠳᠠ ᠶᠢᠨ ᠲᠠᠯ᠎ᠠ ᠶᠢᠨ ᠬᠢᠨ ᠳᠠᠯᠠᠢ ᠯᠠᠮᠠ ᠶᠢ ᠬᠠᠪᠴᠢᠵᠤ ᠡᠬᠢᠯᠡᠭᠰᠡᠨ ᠨᠢ ᠲᠡᠭᠦᠨ ᠳᠦ ᠬᠡᠴᠡᠭᠦᠦ ᠪᠠᠶᠢᠭᠰᠠᠨ ᠪᠥᠭᠡᠳ ᠲᠡᠷᠡᠪᠡᠷ ᠴᠢᠨ ᠸᠠᠩ ᠬᠠᠨᠳᠤᠳᠣᠷᠵᠢ ᠶᠢᠨ ᠪᠠᠭᠰᠢ ᠳᠠᠨᠳᠠᠷ ᠠᠭᠷᠠᠮᠪᠠ ᠶᠢᠨ ᠤᠷᠢᠯᠭ᠎ᠠ ᠪᠠᠷ ᠸᠠᠩ ᠤᠨ ᠬᠦᠷᠢᠶᠡᠨ ᠳᠦ ᠠᠨᠢᠷ ᠴᠢᠮᠡᠭᠡ ᠦᠭᠡᠢ ᠡᠪᠦᠯᠵᠢᠵᠡᠢ᠃

ᠳᠠᠯᠠᠢ ᠯᠠᠮᠠ ᠸᠠᠩ ᠤᠨ ᠬᠦᠷᠢᠶᠡᠨ ᠳᠦ ᠡᠪᠦᠯᠵᠢᠬᠦ ᠳᠦ ᠪᠡᠨ ᠬᠠᠨᠳᠤᠳᠣᠷᠵᠢ ᠸᠠᠩ ᠲᠠᠢ ᠪᠠᠶᠢᠩᠭᠤ ᠠᠭᠤᠯᠵᠠᠵᠤ᠂ ᠰᠠᠨᠠᠭ᠎ᠠ ᠪᠣᠳᠣᠯ ᠢᠶᠠᠨ ᠰᠣᠯᠢᠯᠴᠠᠵᠤ ᠪᠠᠶᠢᠭᠰᠠᠨ ᠤ ᠳᠣᠲᠣᠷ᠎ᠠ 《ᠮᠣᠩᠭᠣᠯ ᠤᠯᠤᠰ ᠴᠠᠭᠠᠨ ᠬᠠᠭᠠᠨᠲᠤ ᠣᠷᠣᠰ ᠤᠯᠤᠰᠲᠠᠢ ᠬᠢᠯᠢ ᠵᠠᠯᠭᠠᠭᠰᠠᠨ ᠤᠴᠢᠷ ᠬᠣᠷᠸ᠎ᠠ ᠶᠢᠨ ᠪᠤᠰᠤᠳ ᠭᠦᠷᠦᠨ ᠨᠦᠭᠦᠳ ᠲᠡᠢ ᠬᠣᠯᠪᠣᠭ᠎ᠠ ᠲᠣᠭᠲᠠᠭᠠᠵᠤ ᠪᠣᠯᠤᠮᠠᠷ ᠶᠤᠮ ᠪᠠᠶᠢᠨ᠎ᠠ》 ᠭᠡᠰᠡᠨ ᠪᠠᠶᠢᠳᠠᠭ᠃ ᠳᠠᠯᠠᠢ ᠯᠠᠮ᠎ᠠ ᠨᠢ ᠬᠠᠨᠳᠠ ᠴᠢᠨ ᠸᠠᠩ ᠤᠨ ᠪᠠᠭᠰᠢ ᠳᠠᠨᠳᠠᠷ ᠠᠭᠷᠠᠮᠪᠠᠲᠠᠢ ᠨᠣᠮ ᠬᠠᠶᠠᠯᠴᠠᠵᠤ ᠲᠡᠭᠦᠨ ᠳᠦ ᠢᠯᠠᠭᠳᠠᠭᠰᠠᠨ ᠢᠶᠠᠨ ᠬᠦᠯᠢᠶᠡᠨ ᠵᠥᠪᠰᠢᠶᠡᠷᠡᠵᠤ ᠱᠠᠪᠢ ᠪᠠᠷᠢᠯᠴᠠᠭᠰᠠᠨ ᠪᠠᠶᠢᠨ᠎ᠠ᠃ ᠡᠭᠦᠨ ᠳᠦ ᠰᠢᠳᠠᠷᠯᠠᠵᠤ ᠶᠠᠪᠤᠭᠰᠠᠨ ᠯᠠᠮᠠ ᠨᠠᠷ ᠨᠢ ᠳᠤᠷ᠎ ᠠ ᠦᠭᠡᠶᠢᠴᠡᠵᠤ᠂ ᠳᠠᠯᠠᠢ ᠯᠠᠮᠠ ᠳᠤ ᠬᠠᠲᠠᠭᠤ ᠦᠭᠡ ᠬᠡᠯᠡᠵᠦ᠂ ᠬᠦᠩ ᠳᠦ ᠪᠡᠨ ᠬᠥᠩᠭᠡᠨ ᠡᠴᠡ ᠥᠭᠴᠦ᠂ ᠬᠥᠳᠡᠭᠡᠨ ᠦ ᠬᠡᠶᠢᠳ ᠦᠨ ᠯᠠᠮᠠ ᠳᠤ ᠱᠠᠪᠢ ᠣᠷᠣᠯ᠎ᠠ ᠬᠡᠮᠡᠨ ᠵᠢᠮᠡᠯᠡᠭᠰᠡᠨ ᠳᠦ ᠡᠭᠦᠨ ᠢ ᠨᠢᠴᠤᠭᠠᠬᠤ ᠵᠣᠷᠢᠯᠭ᠎ᠠ ᠪᠠᠷ ᠥᠪᠡᠷ ᠢ ᠨᠢ ᠳᠠᠭᠠᠵᠤ ᠢᠷᠡᠭᠰᠡᠨ ᠨᠣᠮᠴᠢ ᠬᠠᠩᠪᠤ ᠵᠡᠷᠭᠡ ᠨᠡᠯᠢᠶᠡᠳ ᠨᠣᠮᠲᠠᠢ ᠭᠡᠪᠰᠢ ᠨᠠᠷ ᠪᠠᠨ ᠳᠠᠨᠳᠠᠷ ᠠᠭᠷᠠᠮᠪᠠ ᠲᠠᠢ ᠨᠣᠮ ᠬᠠᠶᠠᠯᠴᠠᠭᠤᠯᠬᠤ ᠳᠤ ᠠᠭᠷᠠᠮᠪᠠ ᠶᠢ ᠳᠡᠶᠢᠯᠬᠦ ᠯᠠᠮᠠ ᠭᠠᠷᠤᠭ᠎ᠠ ᠦᠭᠡᠢ ᠪᠥᠭᠡᠳ ᠢᠩᠭᠢᠭᠰᠡᠨ ᠢᠶᠡᠷ ᠲᠡᠳᠡᠨ ᠦ ᠬᠡᠯᠡ ᠠᠮᠠ ᠳᠠᠷᠤᠭᠳᠠᠵᠠᠢ᠃ ᠳᠠᠯᠠᠢ ᠯᠠᠮᠠ ᠮᠣᠩᠭᠣᠯ ᠳᠤ ᠢᠷᠡᠭᠰᠡᠨ᠂ ᠢᠯᠠᠩᠭᠤᠶ᠎ᠠ ᠸᠠᠩ ᠤᠨ ᠬᠦᠷᠢᠶᠡᠨ ᠳᠦ ᠬᠡᠳᠦᠨ ᠰᠠᠷ᠎ᠠ ᠰᠠᠭᠠᠲᠠᠭᠰᠠᠨ ᠨᠢ ᠴᠡᠪᠡᠷ ᠱᠠᠰᠢᠨ ᠨᠣᠮ ᠤᠨ ᠪᠤᠰᠤ᠂ ᠤᠯᠤᠰ ᠲᠥᠷᠥ ᠶᠢᠨ᠂ ᠲᠤᠬᠠᠶᠢᠯᠠᠪᠠᠯ ᠮᠣᠩᠭᠣᠯ ᠢᠶᠠᠷ ᠳᠠᠮᠵᠢᠨ ᠬᠠᠭᠠᠨᠳᠤ ᠣᠷᠣᠰ ᠲᠠᠢ ᠬᠣᠯᠪᠣᠭ᠎ᠠ ᠪᠠᠷᠢᠬᠤ ᠶᠢᠨ ᠬᠠᠮᠲᠤ ᠮᠣᠩᠭᠣᠯ ᠤᠨ ᠶᠡᠬᠡᠰ ᠳᠡᠭᠡᠳᠦᠰ᠂ ᠯᠠᠮ᠎ᠠ ᠨᠠᠷ ᠲᠠᠢ ᠮᠠᠨᠵᠤ ᠠᠴᠠ ᠲᠤᠰᠠᠭᠠᠷᠯᠠᠬᠤ ᠠᠰᠠᠭᠤᠳᠠᠯ ᠢᠶᠠᠷ ᠰᠠᠨᠠᠯ ᠰᠤᠯᠢᠯᠴᠠᠬᠤ᠂ ᠴᠢᠨᠠᠭᠰᠢᠳᠠ ᠬᠦᠴᠦ ᠬᠠᠮᠲᠤᠳᠬᠠᠬᠤ ᠬᠣᠯᠠ ᠶᠢᠨ ᠪᠣᠳᠣᠯ ᠲᠠᠢ ᠪᠠᠶᠢᠭᠰᠠᠨ ᠠᠵᠠᠢ᠃ ᠮᠠᠨᠵᠤ ᠴᠢᠩ ᠤᠯᠤᠰ ᠮᠣᠩᠭᠣᠯ ᠳᠤ 《ᠰᠢᠨ᠎ᠡ ᠵᠠᠰᠠᠭ ᠤᠨ ᠪᠣᠳᠣᠯᠭ᠎ᠠ》 ᠶᠢ ᠬᠦᠴᠦᠯᠡᠨ ᠳᠡᠯᠭᠡᠷᠡᠭᠦᠯᠵᠦ ᠡᠬᠢᠯᠡᠪᠡ᠃ ᠡᠶᠢᠮᠦ ᠳᠦ ᠴᠢᠨ ᠸᠠᠩ ᠬᠠᠨᠳᠤᠳᠣᠷᠵᠢ ᠶᠢᠨ ᠮᠠᠨᠵᠤ-ᠬᠢᠲᠠᠳ ᠤᠨ ᠳᠠᠷᠤᠯᠠᠯ ᠠᠴᠠ ᠠᠩᠭᠢᠵᠢᠷᠠᠬᠤ ᠭᠡᠰᠡᠨ ᠤᠯᠤᠰ ᠲᠥᠷᠥ ᠶᠢᠨ ᠦᠢᠯᠡ ᠠᠵᠢᠯᠯᠠᠭ᠎ᠠ ᠤᠯᠠᠮ ᠢᠳᠡᠪᠬᠢᠵᠢᠵᠠᠢ᠃ ᠡᠨᠡ ᠦᠶ᠎ᠡ ᠳᠦ ᠳᠠᠯᠠᠢ ᠯᠠᠮᠠ ᠶᠢ ᠳᠠᠭᠠᠨ ᠣᠳᠤᠭᠰᠠᠨ ᠬᠦᠦ ᠶᠢ ᠨᠢ ᠮᠠᠨᠵᠤ ᠴᠢᠩ ᠤᠯᠤᠰ ᠵᠡᠷᠯᠢᠭ ᠢᠶᠡᠷ ᠴᠠᠭᠠᠵᠠᠯᠠᠭᠰᠠᠨ ᠳᠤ ᠬᠠᠨᠳᠠ ᠸᠠᠩ ᠬᠣᠷᠣᠰᠤᠨ ᠵᠢᠪᠡᠭᠦᠴᠡᠯ ᠢ ᠲᠥᠷᠦᠭᠦᠯᠵᠦ᠂ 《ᠮᠣᠩᠬᠣᠷ ᠬᠦᠦ ᠡᠴᠡ ᠪᠡᠨ ᠬᠠᠭᠠᠴᠠᠬᠤ ᠬᠡᠴᠡᠭᠦᠦ ᠴᠤ ᠮᠣᠩᠭᠣᠯ ᠠᠴᠠ ᠪᠠᠨ ᠬᠠᠭᠠᠴᠠᠭ᠎ᠠ ᠦᠭᠡᠢ ᠴᠠᠭ ᠲᠤ ᠪᠣᠯᠤᠨ᠎ᠠ᠃ ᠵᠠᠩᠴᠠᠬᠦᠦ ᠶᠢᠨ ᠳᠠᠪᠠᠭᠠᠨ ᠠᠴᠠ ᠨᠠᠰᠢ ᠮᠠᠨᠵᠤ  ᠤᠳ ᠱᠠᠬᠠᠢ ᠶᠢᠨ ᠮᠥᠷ ᠪᠤᠤ ᠭᠠᠷᠭ᠎ᠠ᠃》 ᠬᠡᠮᠡᠬᠦ ᠠᠯᠳᠠᠷᠲᠤ ᠦᠭᠡ ᠬᠡᠯᠡᠵᠦ᠂ ᠤᠯᠤᠰ ᠣᠷᠣᠨ ᠤ ᠪᠠᠨ ᠲᠤᠰᠠᠭᠠᠷ ᠲᠣᠭᠲᠠᠨᠢᠯ ᠤᠨ ᠲᠥᠯᠦᠭᠡ ᠡᠷᠭᠢᠵᠦ ᠪᠤᠴᠠᠯᠲᠠ ᠦᠭᠡᠢ ᠡᠷᠡᠰᠯᠡᠨ ᠲᠡᠮᠡᠴᠡᠵᠡᠢ᠃

ᠮᠠᠨᠵᠤ ᠴᠢᠩ ᠤᠯᠤᠰ 《ᠰᠢᠨ᠎ᠡ ᠵᠠᠰᠠᠭ ᠤᠨ ᠪᠣᠳᠣᠯᠭ᠎ᠠ》 ᠭᠡᠭᠴᠢ ᠪᠡᠨ ᠬᠡᠷᠡᠭᠵᠢᠭᠦᠯᠬᠦ ᠶᠢᠨ ᠲᠤᠯᠠᠳᠠ ᠮᠣᠩᠭᠣᠯ ᠤᠨ ᠣᠯᠠᠨ ᠬᠣᠰᠢ ᠨᠤᠭᠤᠳ ᠠᠴᠠ ᠰᠤᠳᠤᠯᠭ᠎ᠠ ᠱᠠᠭᠠᠷᠳᠠᠵᠤ᠂ 18 ᠦᠵᠡᠭᠦᠯᠦᠯᠲᠡ ᠪᠡᠷ ᠣᠷᠣᠨ ᠨᠤᠲᠤᠭ ᠤᠨ ᠪᠠᠶᠢᠭᠠᠯᠢ ᠶᠢᠨ ᠪᠠᠶᠠᠯᠢᠭ ᠤᠨ ᠮᠡᠳᠡᠭᠡ ᠭᠠᠷᠭᠠᠭᠤᠯᠬᠤ ᠪᠠᠷ ᠰᠢᠬᠠᠬᠤ ᠳᠤ ᠳᠠᠶᠢᠴᠢᠨ ᠸᠠᠩ ᠤᠨ ᠬᠣᠰᠢᠭᠤ ᠶᠡᠬᠡᠩᠬᠢ ᠠᠰᠠᠭᠤᠯᠲᠠᠨ ᠳᠤ ᠨᠢ 《ᠪᠠᠶᠢᠬᠤ ᠦᠭᠡᠢ》 ᠬᠡᠮᠡᠨ ᠬᠠᠷᠢᠭᠤᠯᠤᠭᠰᠠᠨ ᠶᠤᠮ᠃ ᠲᠤᠰ ᠬᠣᠰᠢᠭᠤᠨ ᠤ ᠡᠷᠬᠡ ᠪᠠᠷᠢᠭᠴᠢᠳ 1907 ᠤᠨ ᠳᠤ ᠡᠨᠡ ᠰᠤᠳᠤᠯᠭ᠎ᠠ ᠶᠢ ᠰᠢᠯᠭᠠᠬᠤ ᠪᠠᠷ ᠵᠠᠷᠯᠢᠭ ᠢᠶᠠᠷ ᠵᠠᠷᠤᠭᠳᠠᠭᠰᠠᠨ ᠮᠠᠨᠵᠤ᠂ ᠮᠣᠩᠭᠣᠯ ᠲᠦᠰᠢᠮᠡᠳ ᠦᠳ ᠲᠦ ᠥᠷᠲᠡᠭᠡ ᠤᠨᠤᠭ᠎ ᠠ ᠨᠡᠶᠢᠯᠡᠭᠦᠯᠬᠦ ᠡᠴᠡ ᠲᠠᠲᠠᠭᠠᠯᠵᠠᠵᠤ᠂ ᠬᠦᠷᠢᠶᠡᠨ ᠦ ᠠᠮᠪᠠᠨ ᠰᠠᠶᠢᠳ ᠤᠨ ᠶᠠᠮᠤᠨ ᠳᠤ ᠲᠠᠮᠠᠭ᠎ᠠ ᠦᠭᠡᠢ ᠴᠠᠭᠠᠨ ᠪᠢᠴᠢᠭ ᠬᠦᠷᠭᠡᠭᠦᠯᠵᠦ ᠤᠭ ᠠᠯᠪᠠ ᠶᠢ ᠲᠠᠰᠤᠯᠳᠠᠭᠤᠯᠤᠭᠰᠠᠨ ᠪᠠᠶᠢᠳᠠᠭ᠃ ᠤᠯᠠᠮ ᠢᠶᠠᠷ 1909 ᠤᠨ ᠤ ᠰᠡᠭᠦᠯᠴᠢ ᠪᠡᠷ ᠬᠠᠯᠬ᠎ᠠ ᠶᠢᠨ ᠪᠦᠬᠦ ᠠᠶᠢᠮᠠᠭ᠂ ᠬᠣᠰᠢ ᠨᠤᠭᠤᠳ ᠠᠴᠠ ᠳᠠᠬᠢᠨ 18 ᠵᠦᠢᠯ ᠦᠨ ᠴᠢᠬᠤᠯᠠ ᠰᠤᠳᠤᠯᠭ᠎ᠠ ᠶᠢ ᠬᠤᠭᠤᠴᠠᠭ᠎ᠠ ᠲᠣᠭᠲᠠᠵᠤ ᠭᠠᠷᠭᠠᠭᠤᠯᠬᠤ ᠳᠤ ᠬᠠᠨᠳᠤᠳᠣᠷᠵᠢ ᠴᠢᠨ ᠸᠠᠩ ᠤᠨ ᠲᠡᠷᠢᠭᠦᠲᠡᠢ ᠲᠦᠰᠢᠶᠡᠲᠦ ᠬᠠᠨ ᠠᠶᠢᠮᠠᠭ ᠤᠨ 5 ᠬᠣᠰᠢᠭᠤ ᠲᠣᠭᠲᠠᠭᠠᠭᠰᠠᠨ ᠬᠤᠭᠤᠴᠠᠭᠠᠨ ᠳᠤ ᠭᠠᠷᠭᠠᠵᠤ ᠥᠭᠭᠦᠯ ᠦᠭᠡᠢ ᠴᠠᠭᠠᠷᠭᠤᠯᠠᠵᠤ ᠪᠠᠶᠢᠵᠠᠢ᠃ ᠡᠨᠡ ᠪᠦᠬᠦᠨ ᠨᠢᠭᠡ ᠲᠠᠯ᠎ᠠ ᠪᠠᠷ ᠮᠠᠨᠵᠤ ᠴᠢᠩ ᠤᠯᠤᠰ ᠤᠨ 《ᠰᠢᠨ᠎ᠡ ᠵᠠᠰᠠᠭ ᠤᠨ ᠪᠣᠳᠣᠯᠭ᠎ᠠ》 ᠍ ᠶᠢ ᠮᠣᠩᠭᠣᠯ ᠲᠦᠮᠡᠨ ᠡᠰᠡᠷᠭᠦᠴᠡᠵᠦ᠂ ᠡᠬᠡ ᠨᠤᠲᠤᠭ ᠢᠶᠠᠨ ᠣᠩᠭᠣᠨ ᠪᠠᠶᠢᠳᠠᠯ ᠢᠶᠠᠷ ᠨᠢ ᠬᠠᠳᠠᠭᠠᠯᠠᠬᠤ ᠶᠢ ᠡᠷᠡᠮᠡᠯᠵᠡᠵᠦ᠂ ᠨᠥᠭᠥᠭᠡ ᠲᠠᠯ᠎ᠠ ᠪᠠᠷ ᠬᠠᠨᠳᠠ ᠸᠠᠩ ᠨᠠᠷ ᠤᠨ ᠳᠡᠪᠰᠢᠯᠲᠡᠲᠦ ᠦᠵᠡᠯᠲᠡᠨ ᠨᠦᠭᠦᠳ ᠦᠨ ᠮᠠᠨᠵᠤ-ᠬᠢᠲᠠᠳ ᠢ ᠡᠰᠡᠷᠭᠦᠴᠡᠭᠰᠡᠨ ᠤᠯᠤᠰ ᠲᠥᠷᠦ ᠶᠢᠨ ᠦᠢᠯᠡ ᠠᠵᠢᠯᠯᠠᠭᠠᠨ ᠤ ᠴᠠᠷ ᠠ ᠬᠦᠷᠢᠶ᠎ᠡ ᠥᠰᠴᠤ ᠪᠠᠶᠢᠭᠰᠠᠨ ᠤ ᠨᠣᠲᠠᠯᠠᠭ᠎ᠠ ᠶᠤᠮ᠃

ᠪᠣᠭᠳᠠ ᠬᠠᠭᠠᠨᠲᠤ ᠮᠣᠩᠭᠣᠯ ᠤᠯᠤᠰ ᠢ ᠪᠠᠶᠢᠭᠤᠯᠬᠤ ᠦᠢᠯᠡᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠡᠷᠳᠡᠨᠢ ᠴᠢᠨ ᠸᠠᠩ ᠬᠠᠨᠳᠤᠳᠣᠷᠵᠢ ᠶᠢᠨ ᠬᠥᠰᠢᠶ᠎ᠡ

ᠡᠪ ᠰᠠᠨᠠᠭ᠎ᠠ ᠪᠠᠨ ᠨᠢᠭᠡᠳᠬᠡᠨ ᠮᠣᠩᠭᠣᠯ ᠤᠯᠤᠰ ᠢᠶᠠᠨ ᠲᠤᠰᠠᠭᠠᠷ ᠲᠣᠭᠲᠠᠨᠢᠭᠤᠯᠬᠤ ᠦᠢᠯᠡᠰ ᠲᠦ ᠬᠦᠴᠦ ᠬᠠᠪᠰᠤᠷᠤᠨ ᠲᠡᠮᠡᠴᠡᠬᠦ ᠶᠢᠨ ᠴᠢᠬᠤᠯᠠ ᠶᠢ ᠨᠡᠩ ᠲᠡᠷᠢᠭᠦᠨ ᠳᠦ ᠣᠶᠢᠯᠠᠭᠠᠭᠰᠠᠨ ᠬᠠᠨᠳᠠ ᠸᠠᠩ ᠬᠠᠮᠤᠭ ᠤᠨ ᠲᠦᠷᠦᠭᠦᠨ ᠳᠦ ᠰᠠᠶᠢᠨ ᠨᠣᠶᠠᠨ ᠬᠠᠨ ᠲᠡᠭᠦᠰ-ᠣᠴᠢᠷ ᠤᠨ ᠨᠠᠮᠨᠠᠨᠰᠦ᠋ᠷᠦᠩ ᠳᠤ ᠬᠠᠨᠳᠤᠵᠤ ᠦᠨᠳᠦᠰᠦᠨ ᠦ ᠲᠤᠰᠠᠭᠠᠷ ᠲᠣᠭᠲᠠᠨᠢᠯ ᠤᠨ ᠭᠣᠣᠯ ᠲᠥᠯᠦᠪᠯᠡᠭᠡ ᠪᠡᠨ ᠪᠣᠯᠪᠠᠰᠤᠷᠠᠭᠤᠯᠤᠭᠰᠠᠨ ᠪᠢᠯᠡ᠃ ᠬᠠᠨᠳᠤᠳᠣᠷᠵᠢ ᠴᠢᠨ ᠸᠠᠩ᠂ ᠰᠠᠶᠢᠨ ᠨᠣᠶᠠᠨ ᠬᠠᠨ ᠬᠤᠶᠠᠷ ᠨᠡᠶᠢᠲᠡ ᠮᠣᠩᠭᠣᠯ ᠲᠤᠭᠤᠷᠭᠠᠲᠠᠨ᠂ ᠢᠯᠠᠩᠭᠤᠶ᠎ᠠ ᠰᠦᠰᠦᠭᠲᠡᠨ ᠣᠯᠠᠨ ᠤ ᠳᠤᠮᠳᠠ ᠦᠯᠡᠮᠵᠢ ᠨᠡᠷ᠎ᠡ ᠨᠥᠯᠦᠭᠡ ᠲᠡᠢ ᠪᠣᠭᠳᠠ ᠭᠡᠭᠡᠨ ᠢ ᠦᠨᠳᠦᠰᠦᠨ ᠦ ᠡᠷᠬᠡ ᠴᠢᠯᠦᠭᠡᠨ ᠦ ᠲᠡᠮᠡᠴᠡᠯ ᠳᠦ ᠲᠠᠲᠠᠨ ᠣᠷᠤᠯᠴᠠᠭᠤᠯᠬᠤ ᠪᠣᠳᠣᠯᠭ᠎ᠠ ᠪᠠᠷᠢᠮᠲᠠᠯᠠᠵᠤ᠂ ᠲᠡᠭᠦᠨ ᠢ ᠮᠠᠨᠵᠤ ᠴᠢᠩ ᠤᠯᠤᠰ ᠤᠨ ᠲᠥᠷᠦ ᠳᠦ ᠦᠢᠯᠡᠴᠢᠯᠡᠬᠦ ᠡᠴᠡ ᠠᠯᠢ ᠪᠣᠯᠬᠤ ᠪᠠᠷ ᠬᠥᠨᠳᠡᠶᠢᠷᠡᠭᠦᠯᠬᠦ ᠣᠷᠣᠯᠳᠤᠯᠭ᠎ᠠ ᠬᠢᠵᠦ ᠪᠠᠶᠢᠪᠠ᠃ ᠡᠨᠡ ᠨᠢ ᠴᠤ ᠪᠣᠭᠳᠠ ᠭᠡᠭᠡᠨ ᠦ ᠥᠪᠡᠷ ᠦᠨ ᠢᠶᠡᠨ ᠪᠠᠶᠢᠷᠢ ᠰᠠᠭᠤᠷᠢ ᠶᠢ ᠪᠠᠲᠤᠳᠬᠠᠬᠤ ᠭᠡᠰᠡᠨ ᠰᠣᠨᠢᠷᠬᠠᠯ ᠡᠷᠡᠮᠡᠯᠵᠡᠯ ᠲᠡᠢ ᠳᠠᠪᠬᠤᠴᠠᠵᠠᠢ᠃ ᠡᠶᠢᠨᠬᠦᠦ ᠲᠤᠭᠤᠷᠭ᠎ᠠ ᠲᠤᠰᠠᠭᠠᠷ ᠮᠣᠩᠭᠣᠯ ᠤᠯᠤᠰ ᠪᠠᠶᠢᠭᠤᠯᠬᠤ ᠲᠠᠯ᠎ᠠ ᠪᠠᠷ ᠲᠡᠳᠡᠨ ᠦ ᠰᠠᠨᠠᠭ᠎ᠠ ᠪᠣᠳᠣᠯ ᠨᠡᠶᠢᠯᠡᠨ ᠨᠢᠭᠡᠳᠦᠭᠰᠡᠨ ᠪᠠᠶᠢᠨ᠎ᠠ᠃

ᠮᠣᠩᠭᠣᠯ ᠤᠯᠤᠰ ᠢᠶᠠᠨ ᠳᠠᠬᠢᠨ ᠰᠡᠷᠭᠦᠭᠡᠨ ᠮᠠᠨᠳᠤᠭᠤᠯᠬᠤ ᠶᠢᠨ ᠲᠥᠯᠦᠭᠡᠬᠢ ᠡᠨᠡ ᠶᠡᠬᠡ ᠦᠢᠯᠡ ᠬᠡᠷᠡᠭ ᠢ ᠵᠣᠬᠢᠶᠠᠨ ᠪᠠᠶᠢᠭᠤᠯᠬᠤ ᠳᠤ ᠰᠠᠶᠢᠨ ᠨᠣᠶᠠᠨ ᠬᠠᠨ᠂ ᠴᠢᠨ ᠸᠠᠩ᠂ ᠲᠠ ᠯᠠᠮᠠ ᠰᠡᠷᠡᠩᠴᠢᠮᠡᠳ ᠨᠠᠷ ᠤᠨ ᠭᠤᠷᠪᠠᠨ ᠡᠷᠬᠢᠮ ᠵᠣᠩᠬᠢᠯᠠᠬᠤ ᠡᠭᠦᠷᠭᠡ ᠭᠦᠢᠴᠡᠳᠭᠡᠵᠡᠢ᠃ ᠮᠠᠨᠵᠤ ᠶᠢᠨ ᠡᠷᠬᠡ ᠪᠠᠷᠢᠭᠴᠢᠳ ᠬᠠᠨᠳᠤᠳᠣᠷᠵᠢ ᠸᠠᠩ ᠢ ᠥᠪᠡᠷᠲᠡᠭᠡᠨ ᠲᠠᠲᠠᠵᠤ᠂ ᠥᠪᠡᠷᠰᠡᠳ ᠦᠨ ᠪᠣᠳᠣᠯ ᠢᠶᠠᠨ ᠬᠡᠷᠡᠭᠵᠢᠭᠦᠯᠬᠦ ᠪᠣᠳᠣᠯᠭ᠎ᠠ ᠪᠠᠨ ᠶᠠᠪᠤᠴᠠ ᠲᠠᠢ ᠪᠣᠯᠭᠠᠬᠤ ᠣᠷᠣᠯᠳᠤᠯᠭ᠎ᠠ ᠪᠠᠨ ᠬᠦᠴᠦᠲᠡᠢ ᠬᠢᠵᠦ ᠡᠬᠢᠯᠡᠵᠡᠢ᠃ 1910 ᠤᠨ ᠳᠤ ᠰᠠᠨᠳᠣ ᠠᠮᠪᠠᠨ ᠢ ᠪᠠᠶᠢᠭᠤᠯᠵᠤ᠂ ᠤᠭ ᠭᠠᠵᠠᠷ ᠤᠨ ᠬᠠᠮᠲᠤ ᠬᠡᠷᠡᠭ ᠰᠢᠢᠳᠪᠦᠷᠢᠯᠡᠬᠦ ᠲᠦᠰᠢᠮᠡᠯ ᠢᠶᠡᠷ ᠬᠠᠨᠳᠤᠳᠣᠷᠵᠢ ᠸᠠᠩ ᠢ ᠲᠠᠯᠪᠢᠭᠰᠠᠨ ᠶᠤᠮ᠃ ᠲᠡᠭᠦᠨᠴᠢᠯᠡᠨ ᠭᠠᠵᠠᠷ ᠬᠠᠭᠠᠯᠪᠤᠷᠢᠯᠠᠬᠤ ᠶᠡᠷᠦᠩᠬᠡᠢ ᠬᠣᠷᠢᠶᠠᠨ ᠤ ᠵᠠᠬᠢᠷᠬᠤ ᠲᠦᠰᠢᠮᠡᠯ ᠢᠶᠡᠷ ᠬᠠᠪᠰᠠᠷᠭᠠᠨ ᠲᠣᠮᠢᠯᠠᠭᠰᠠᠨ ᠪᠠᠶᠢᠨ᠎ᠠ᠃ ᠭᠡᠲᠡᠯ᠎ᠡ ᠬᠠᠨᠳᠤᠳᠣᠷᠵᠢ ᠸᠠᠩ ᠡᠨᠡ ᠪᠦᠬᠦᠨ ᠳᠦ ᠠᠪᠲᠠᠯ ᠦᠭᠡᠢ ᠬᠠᠷᠢᠨ ᠴᠤ ᠲᠣᠬᠣᠭᠠᠨ ᠲᠣᠮᠢᠯᠠᠭᠰᠠᠨ ᠠᠯᠪᠠᠨ ᠲᠤᠰᠢᠶᠠᠯ ᠢ ᠨᠢ ᠤᠷᠪᠠᠭᠤᠯᠤᠨ ᠠᠰᠢᠭᠯᠠᠭᠰᠠᠨ ᠠᠵᠡᠢ᠃ 1908 ᠤᠨ ᠳᠤ ᠪᠠᠷᠭᠤ ᠶᠢᠨ ᠮᠠᠩᠯᠠᠶᠢᠪᠠᠭᠠᠲᠤᠷ ᠳᠠᠮᠳᠢᠨᠰᠦ᠋ᠷᠦᠩᠲᠡᠢ ᠳᠣᠲᠣᠨᠣ ᠲᠠᠨᠢᠯᠴᠠᠵᠤ᠂ ᠮᠣᠩᠭᠣᠯ ᠤᠨ ᠢᠶᠠᠨ ᠢᠷᠡᠭᠡᠳᠦᠢ ᠶᠢᠨ ᠲᠤᠬᠠᠢ ᠶᠠᠷᠢᠯᠴᠠᠵᠤ ᠬᠦᠴᠦ ᠪᠡᠨ ᠨᠢᠭᠡᠳᠬᠡᠨ ᠬᠦᠳᠡᠯᠬᠦ ᠲᠤᠬᠠᠢ ᠲᠣᠬᠢᠷᠠᠯᠴᠠᠵᠠᠢ᠃ 1911 ᠤᠨ ᠤ ᠳᠤᠯᠤᠳᠤᠭᠠᠷ ᠰᠠᠷ᠎ᠠ ᠳᠤ ᠬᠠᠯᠬ᠎ᠠ ᠶᠢᠨ 4 ᠠᠶᠢᠮᠠᠭ ᠤᠨ ᠬᠠᠨ᠂ ᠨᠣᠶᠠᠳ᠂ ᠶᠡᠬᠡᠰ ᠳᠡᠭᠡᠳᠦᠰ᠂ ᠬᠤᠲᠤᠭᠲᠤ ᠬᠤᠪᠢᠯᠭᠠᠳ ᠪᠦᠭᠦᠳᠡ ᠡᠷᠳᠡᠨᠢᠱᠠᠩᠵᠤᠳᠪᠠ ᠶᠢᠨ ᠶᠠᠮᠤ ᠳᠤ ᠴᠤᠭᠯᠠᠷᠠᠨ ᠴᠢᠨᠠᠭᠰᠢᠳᠠ ᠬᠡᠷᠬᠡᠬᠦ ᠪᠡᠨ ᠵᠥᠪᠯᠡᠯᠳᠦᠭᠰᠡᠨ ᠪᠠᠶᠢᠨ᠎ᠠ᠃ ᠡᠭᠦᠨ ᠦ ᠳᠠᠷᠠᠭ᠎ᠠ ᠳᠠᠬᠢᠨ ᠪᠣᠭᠳᠠ ᠠᠭᠤᠯᠠᠨ ᠳᠤ ᠴᠤᠭᠯᠠᠷᠠᠨ ᠵᠥᠪᠯᠡᠯᠳᠦᠵᠦ ᠬᠠᠭᠠᠨᠲᠤ ᠣᠷᠣᠰ ᠤᠯᠤᠰ ᠠᠴᠠ ᠲᠤᠰᠠᠯᠠᠮᠵᠢ ᠭᠤᠶᠤᠬᠤ ᠨᠢ ᠵᠦᠢᠲᠡᠢ ᠬᠡᠮᠡᠨ ᠲᠣᠬᠢᠷᠠᠯᠴᠠᠨ ᠬᠠᠨᠳᠤᠳᠣᠷᠵᠢ ᠴᠢᠨ ᠸᠠᠩ ᠳᠠ ᠯᠠᠮᠠ ᠰᠡᠷᠡᠩᠴᠢᠮᠡᠳ᠂ ᠥᠪᠥᠷ ᠮᠣᠩᠭᠣᠯ ᠤᠨ ᠡᠷᠳᠡᠮᠲᠡᠨ ᠬᠠᠶᠢᠰᠠᠩ ᠭᠦᠩ ᠨᠠᠷ ᠢ ᠲᠣᠮᠢᠯᠠᠨ ᠣᠴᠢᠭᠤᠯᠬᠤ ᠪᠠᠷ ᠵᠥᠪᠰᠢᠯᠴᠡᠵᠡᠢ᠃ ᠡᠶᠢᠨᠬᠦᠦ ᠮᠣᠩᠭᠣᠯ ᠡᠬᠡ ᠣᠷᠣᠨᠴᠢᠳ ᠮᠥᠷᠳᠡᠨ ᠮᠥᠰᠬᠢᠭᠳᠡᠵᠦ᠂ ᠨᠢᠭᠤᠭᠳᠠᠵᠤ ᠵᠢᠭᠤᠲᠠᠬᠤ ᠮᠡᠲᠦ ᠠᠷᠭ᠎ᠠ ᠪᠠᠷ ᠶᠠᠪᠤᠭᠰᠠᠭᠠᠷ 1911 ᠤᠨ ᠤ ᠨᠠᠶᠮᠠᠳᠤᠭᠠᠷ ᠰᠠᠷ᠎ᠠ ᠶᠢᠨ 15 ᠍ ᠳᠤ ᠣᠷᠣᠰ ᠤᠨ ᠨᠡᠶᠢᠰᠯᠡᠯ ᠰᠠᠨᠺᠲ ᠫᠧᠲ᠋ᠧᠷᠪᠦ᠋ᠷᠡᠭ ᠲᠤ ᠬᠦᠷᠦᠯᠴᠡᠨ ᠣᠴᠢᠭᠰᠠᠨ ᠪᠠᠶᠢᠨ᠎ᠠ᠃ ᠬᠡᠳᠦᠢ ᠪᠡᠷ ᠬᠦᠨᠳᠦᠷᠡᠯ ᠲᠣᠬᠢᠶᠠᠯᠳᠤᠵᠤ ᠪᠠᠶᠢᠭᠰᠠᠨ ᠴᠤ ᠣᠷᠣᠰ ᠤᠨ ᠰᠠᠶᠢᠳ ᠨᠠᠷ ᠤᠨ ᠵᠥᠪᠯᠡᠯ ᠦᠨ ᠳᠠᠷᠤᠭ᠎ᠠ ᠰᠲᠠᠷ ᠤᠫᠠᠨ ᠳᠤ ᠪᠣᠭᠳᠠ ᠭᠡᠭᠡᠨᠲᠦᠰᠢᠶᠡᠲᠤ ᠬᠠᠨ ᠳᠠᠰᠢᠨᠢᠮ᠎ᠠᠰᠠᠶᠢᠨ ᠨᠣᠶᠠᠨ ᠬᠠᠨ ᠨᠠᠮᠨᠠᠨᠰᠦ᠋ᠷᠦᠩᠵᠠᠰᠠᠭᠲᠤ ᠬᠠᠨ ᠰᠣᠨᠣᠮᠤᠷᠠᠪᠳᠠᠨᠰᠡᠴᠡᠨᠭᠤᠨ ᠨᠠᠸᠠᠩ ᠨᠦᠷᠡᠨ ᠨᠠᠷ ᠤᠨ ᠭᠠᠷ ᠤᠨ ᠦᠰᠦᠭᠯᠡᠭᠰᠡᠨ 21 ᠵᠦᠢᠯ ᠳᠦ ᠲᠤᠰᠠᠯᠠᠮᠵᠢ ᠬᠦᠰᠡᠭᠰᠡᠨ ᠪᠢᠴᠢᠭ ᠢ ᠭᠠᠷᠳᠠᠭᠤᠯᠤᠨ ᠥᠭᠴᠦ ᠴᠢᠳᠠᠵᠠᠢ᠃ ᠣᠷᠣᠰ ᠤᠨ ᠵᠠᠰᠠᠭ ᠤᠨ ᠭᠠᠵᠠᠷ ᠮᠣᠩᠭᠣᠯ ᠢ ᠰᠣᠨᠢᠷᠬᠠᠵᠤ ᠪᠠᠶᠢᠭᠰᠠᠨ ᠬᠡᠳᠦᠶ ᠴᠤ ᠶᠠᠫᠣᠨᠲᠠᠢ ᠪᠠᠶᠢᠭᠤᠯᠤᠭᠰᠠᠨ ᠨᠥᠯᠥᠭᠡᠯᠡᠯ ᠦᠨ ᠪᠥᠰᠡ ᠶᠢᠨ ᠲᠤᠬᠠᠢ ᠨᠢᠭᠤᠴᠠ ᠬᠡᠯᠡᠯᠴᠡᠭᠡ ᠪᠡᠨ ᠪᠠᠷᠢᠮᠲᠠᠯᠠᠨ ᠴᠠᠭᠠᠷᠭᠤᠯᠠᠭᠰᠠᠨ ᠬᠠᠷᠢᠭᠤ ᠥᠭᠭᠦᠭᠰᠡᠨ ᠲᠤᠯᠠ ᠬᠠᠨᠳᠤᠳᠣᠷᠵᠢ ᠸᠠᠩ ᠨᠠᠷ ᠠᠷᠭ᠎ ᠠ ᠦᠭᠡᠶᠢᠳᠡᠨ ᠨᠤᠲᠤᠭ ᠤᠨ ᠵᠦᠭ ᠵᠣᠯ ᠢᠶᠠᠨ ᠡᠷᠭᠢᠭᠦᠯᠦᠭᠰᠡᠨ ᠪᠠᠶᠢᠨ᠎ᠠ᠃ ᠨᠢᠭᠤᠭᠳᠠᠨ᠂ ᠵᠢᠭᠤᠳᠠᠵᠤ ᠪᠠᠶᠢᠵᠤ ᠨᠡᠶᠢᠰᠯᠡᠯ ᠬᠦᠷᠢᠶᠡᠨ ᠳᠦ ᠲᠡᠳᠡᠨ ᠢ ᠪᠤᠴᠠᠵᠤ ᠢᠷᠡᠬᠦ ᠳᠦ ᠬᠢᠲᠠᠳ ᠲᠤ ᠭᠠᠷᠤᠭᠰᠠᠨ ᠬᠤᠪᠢᠰᠬᠠᠯ ᠮᠠᠨᠵᠤ ᠶᠢᠨ ᠨᠣᠶᠠᠷᠬᠠᠯ ᠢ ᠡᠴᠦᠰᠯᠡᠭᠦᠯᠦᠭᠰᠡᠨ ᠪᠠᠶᠢᠵᠠᠢ᠃ ᠡᠨᠡ ᠦᠶ᠎ᠡ ᠳᠦ ᠵᠠᠪᠽᠠᠨᠳᠠᠮᠪᠠ ᠬᠤᠲᠤᠭᠲᠤ 《ᠶᠡᠷᠦ ᠠᠯᠢᠪᠠ ᠶᠠᠭᠤᠮᠠᠨ ᠳᠤ ᠴᠠᠭ ᠬᠡᠮᠵᠢᠶ᠎ᠡ ᠣᠭᠲᠣ ᠦᠭᠡᠢ᠃ ᠮᠠᠨᠵᠤ᠂ ᠬᠢᠲᠠᠳ ᠤᠨ ᠡᠶᠢᠨᠬᠦᠦ ᠪᠠᠶᠢᠳᠠᠯ ᠴᠥᠮ ᠴᠠᠭ ᠪᠣᠯᠤᠭᠰᠠᠨ ᠤ ᠲᠤᠯᠠ ᠪᠢᠯᠡ᠃ ᠬᠠᠷᠢᠨ ᠣᠳᠣ ᠮᠣᠩᠭᠣᠯ ᠣᠪᠤᠭ ᠤᠨ ᠣᠯᠠᠨ ᠠᠶᠢᠮᠠᠭ ᠪᠥᠭᠥᠳᠡᠭᠡᠷ ᠨᠡᠶᠢᠯᠡᠵᠦ᠂ ᠥᠪᠡᠷᠲᠡᠭᠡᠨ ᠤᠯᠤᠰ ᠪᠣᠯᠤᠨ ᠲᠣᠭᠲᠠᠬᠤ ᠴᠠᠭ ᠪᠣᠯᠤᠭᠰᠠᠨ᠃ ᠪᠥᠭᠥᠳᠡᠭᠡᠷ ᠨᠢᠭᠡᠨ ᠰᠡᠳᠬᠢᠯ ᠬᠠᠮᠲᠤ ᠬᠦᠴᠦᠨ ᠭᠠᠷᠭᠠᠵᠤ᠂ ᠴᠢᠷᠮᠠᠶᠢᠨ ᠵᠢᠳᠬᠦᠬᠦ ᠳᠤ ᠬᠠᠷᠠᠭᠠᠯᠵᠠᠮᠤᠢ》 ᠬᠡᠮᠡᠨ ᠯᠦᠩᠳᠦᠩ ᠪᠠᠭᠤᠯᠭᠠᠭᠰᠠᠨ ᠪᠦᠭᠡᠳ ᠡᠨᠡᠬᠦ ᠯᠦᠩᠳᠦᠩ ᠢ ᠬᠡᠷᠡᠭᠵᠢᠭᠦᠯᠬᠦ ᠪᠡᠷ ᠮᠣᠩᠭᠣᠯ ᠤᠨ ᠶᠡᠬᠡᠰ ᠨᠣᠶᠠᠳ ᠶᠠᠭᠠᠷᠠᠪᠴᠢᠯᠠᠨ ᠣᠷᠣᠭᠰᠠᠨ ᠪᠢᠯᠡ᠃

ᠮᠣᠩᠭᠣᠯ ᠲᠥᠷᠥ ᠶᠢᠨ ᠲᠤᠰᠠᠭᠠᠷ ᠲᠣᠭᠲᠠᠨᠢᠯ ᠢ ᠰᠡᠷᠭᠦᠭᠡᠨ ᠲᠣᠭᠲᠠᠭᠠᠬᠤ ᠵᠣᠷᠢᠯᠭ᠎ᠠ ᠪᠦᠬᠦᠢ 《ᠬᠠᠯᠬ᠎ᠠ ᠶᠢᠨ ᠬᠦᠷᠢᠶᠡᠨ ᠦ ᠪᠦᠭᠦᠳᠡ ᠬᠡᠷᠡᠭ ᠢ ᠲᠦᠷ ᠡᠷᠬᠢᠯᠡᠨ ᠰᠢᠢᠳᠭᠡᠬᠦ ᠭᠠᠵᠠᠷ》 ᠍ ᠶᠢ ᠪᠠᠶᠢᠭᠤᠯᠤᠭᠰᠠᠨ ᠨᠢ ᠦᠨᠳᠦᠰᠦᠨ ᠳᠦ ᠪᠡᠨ ᠲᠦᠷᠦ ᠵᠠᠰᠠᠭ ᠤᠨ ᠭᠠᠵᠠᠷ ᠤᠨ ᠡᠭᠦᠷᠭᠡ ᠶᠢ ᠭᠦᠢᠴᠡᠳᠭᠡᠵᠦ᠂ ᠮᠠᠨᠵᠤ ᠶᠢᠨ ᠵᠠᠰᠠᠭ ᠵᠠᠬᠢᠷᠭ᠎ᠠ ᠶᠢ ᠲᠦᠯᠬᠢᠨ ᠤᠨᠠᠭᠠᠬᠤ᠂ ᠤᠯᠤᠰ ᠦᠨᠳᠦᠰᠦ ᠪᠡᠨ ᠰᠡᠷᠭᠦᠭᠡᠨ ᠮᠠᠨᠳᠤᠭᠤᠯᠬᠤ ᠪᠠᠷ ᠵᠠᠪᠳᠠᠵᠤ ᠪᠤᠢ ᠣᠯᠠᠨ ᠣᠪᠤᠭ᠂ ᠠᠶᠢᠮᠠᠭ ᠪᠦᠬᠦᠢ ᠮᠣᠩᠭᠣᠯᠴᠤᠳ ᠲᠤ ᠰᠣᠨᠣᠰᠬᠠᠨ ᠳᠠᠭᠤᠯᠭᠠᠬᠤ᠂ ᠤᠷᠢᠶᠠᠯᠠᠨ ᠲᠠᠭᠤᠳᠠᠬᠤ ᠵᠣᠷᠢᠯᠭ᠎ᠠ ᠶᠢ ᠠᠭᠤᠯᠵᠤ ᠪᠠᠶᠢᠪᠠ᠃ ᠤᠭ 《ᠲᠦᠷᠦ ᠵᠠᠰᠠᠭ ᠤᠨ ᠭᠠᠵᠠᠷ》 ᠤᠨ ᠵᠥᠪᠯᠡᠨ ᠰᠢᠳᠭᠡᠬᠦ ᠲᠦᠰᠢᠮᠡᠯ ᠢᠶᠡᠷ ᠬᠠᠨᠳᠤᠳᠣᠷᠵᠢ ᠸᠠᠩ ᠢ ᠲᠣᠮᠢᠯᠠᠭᠰᠠᠨ ᠪᠠᠶᠢᠨ᠎ᠠ᠃ ᠲᠤᠰ ᠪᠠᠶᠢᠭᠤᠯᠤᠯᠭ᠎ᠠ ᠠᠷᠤ ᠮᠣᠩᠭᠣᠯ ᠍ ᠤᠨ ᠳᠥᠷᠪᠡᠨ ᠠᠶᠢᠮᠠᠭ ᠠᠴᠠ ᠨᠢᠵᠡᠭᠡᠳ ᠮᠢᠩᠭᠠᠨ ᠴᠡᠷᠢᠭ ᠳᠠᠶᠢᠴᠢᠯᠠᠬᠤ ᠲᠤᠰᠢᠶᠠᠯ ᠭᠠᠷᠭᠠᠭᠰᠠᠨ ᠬᠢᠭᠡᠳ ᠰᠢᠢᠳᠪᠦᠷᠢ ᠭᠠᠷᠤᠭᠰᠠᠨ ᠠᠴᠠ 1᠂ 2 ᠬᠣᠨᠣᠬᠤ ᠳᠤ ᠬᠦᠷᠢᠶ᠎ᠡ ᠣᠷᠴᠢᠮ ᠤᠨ ᠬᠣᠰᠢ ᠨᠤᠭᠤᠳ ᠠᠴᠠ 500 ᠭᠠᠷᠤᠢ ᠴᠡᠷᠢᠭ ᠴᠤᠭᠯᠠᠷᠠᠭᠰᠠᠨ ᠭᠡᠳᠡᠭ᠃ ᠡᠶᠢᠨᠬᠦᠦ ᠮᠠᠨᠵᠤ ᠴᠢᠩ ᠤᠯᠤᠰ ᠤᠨ ᠵᠠᠬᠢᠷᠭᠠᠨ ᠤ ᠡᠰᠡᠷᠬᠦ ᠵᠡᠪᠰᠡᠭᠲᠦ ᠪᠣᠰᠤᠯᠭ᠎ᠠ ᠡᠬᠢᠯᠡᠬᠦ ᠪᠡᠯᠡᠳᠬᠡᠯ ᠬᠠᠩᠭᠠᠭᠳᠠᠵᠠᠢ᠃ ᠮᠣᠩᠭᠣᠯ ᠤᠨ ᠤᠳᠤᠷᠢᠳᠤᠭᠴᠢᠳ ᠰᠠᠨᠳᠣ ᠠᠮᠪᠠᠨ ᠳᠤ 《ᠴᠢᠨᠤ ᠪᠡᠶ᠎ᠡ ᠡᠬᠢᠯᠡᠨ᠂ ᠮᠠᠨᠵᠤ ᠬᠢᠲᠠᠳ ᠲᠦᠰᠢᠮᠡᠳ 3 ᠬᠣᠨᠣᠭ ᠤᠨ ᠳᠣᠲᠣᠷ᠎ᠠ ᠮᠣᠩᠭᠣᠯ ᠤᠨ ᠬᠢᠵᠠᠭᠠᠷ ᠠᠴᠠ ᠭᠠᠷᠲᠤᠭᠠᠢ᠃ ᠵᠥᠷᠢᠴᠡᠪᠡᠯ ᠴᠡᠷᠢᠭ ᠦᠨ ᠬᠦᠴᠦᠨ ᠬᠡᠷᠡᠭᠯᠡᠨ ᠤᠤᠯ ᠨᠤᠲᠤᠭ ᠲᠤ ᠴᠢᠨᠢ ᠬᠦᠷᠭᠡᠨ᠎ᠡ》 ᠭᠡᠵᠦ ᠲᠤᠯᠭᠠᠨ ᠱᠠᠭᠠᠷᠳᠠᠭᠰᠠᠨ ᠤ ᠳᠠᠭᠠᠤ ᠡᠨᠡ ᠬᠤᠪᠢᠰᠬᠠᠯ ᠴᠢᠰᠤ ᠠᠰᠬᠠᠷᠠᠭᠤᠯᠬᠤ ᠦᠭᠡᠢ ᠪᠡᠷ ᠬᠡᠳᠦᠬᠡᠨ ᠴᠠᠭ ᠤᠨ ᠳᠣᠲᠣᠷ᠎ᠠ ᠪᠣᠯᠵᠤ᠂ ᠰᠠᠨᠳᠣ ᠠᠮᠪᠠᠨ ᠣᠷᠣᠰ ᠤᠨ ᠬᠡᠷᠡᠭ ᠡᠷᠬᠢᠯᠡᠬᠦ ᠭᠠᠵᠠᠷ ᠬᠡᠳᠦ ᠬᠣᠨᠣᠭ ᠬᠣᠷᠣᠭᠳᠠᠭᠰᠠᠨ ᠴᠤ ᠨᠤᠲᠤᠭ ᠤᠨ ᠵᠦᠭ ᠠᠷᠭ᠎ᠠ ᠪᠤᠶᠤ ᠵᠠᠶᠢᠯᠠᠨ ᠣᠳᠴᠠᠢ᠃ ᠮᠣᠩᠭᠣᠯ ᠣᠷᠣᠨ ᠲᠡᠳᠦᠢ ᠦᠭᠡᠢ ᠳᠡᠯᠡᠬᠡᠢ ᠳ᠋ᠠᠬᠢᠨ ᠤ ᠠᠩᠬᠠᠷᠤᠯ ᠲᠠᠲᠠᠭᠰᠠᠨ ᠡᠯ᠎ᠡ ᠦᠢᠯᠡ ᠶᠠᠪᠤᠳᠠᠯ ᠤᠨ ᠳᠠᠷᠠᠭ᠎ᠠ ᠤᠯᠤᠰ ᠣᠷᠣᠨ ᠤ ᠪᠦᠬᠦ ᠡᠷᠬᠡ ᠮᠡᠳᠡᠯ ᠲᠦᠷᠦ ᠵᠠᠰᠠᠭ ᠤᠨ ᠭᠠᠵᠠᠷ ᠲᠤ ᠰᠢᠯᠵᠢᠵᠦ᠂ ᠰᠢᠨ᠎ᠡ ᠲᠤᠯᠭᠤᠷ ᠮᠣᠩᠭᠣᠯ ᠲᠥᠷᠦ ᠶᠢᠨ ᠰᠠᠭᠤᠷᠢ ᠲᠠᠯᠪᠢᠭᠳᠠᠬᠤ ᠳᠤ ᠪᠡᠯᠡᠨ ᠪᠣᠯᠪᠠ᠃ ᠴᠠᠭᠠᠭᠴᠢᠨ ᠭᠠᠬᠠᠢ ᠵᠢᠯ ᠦᠨ ᠡᠪᠦᠯ ᠦᠨ ᠳᠤᠮᠳᠠ ᠰᠠᠷ᠎ᠠ ᠶᠢᠨ ᠰᠢᠨ᠎ᠡ ᠶᠢᠨ ᠶᠢᠰᠦᠨ ᠪᠤᠶᠤ 1911 ᠤᠨ ᠤ 7 ᠰᠠᠷ᠎ᠠ ᠶᠢᠨ 29 ᠍ ᠤ ᠡᠳᠦᠷ ᠮᠣᠩᠭᠣᠯ ᠤᠯᠤᠰ ᠲᠡᠦᠬᠡ ᠶᠢᠨ ᠱᠠᠰᠳᠢᠷ ᠲᠤ ᠪᠠᠨ ᠨᠢᠭᠡᠨ ᠰᠢᠨ᠎ᠡ ᠬᠠᠭᠤᠳᠠᠰᠤ ᠶᠢ ᠨᠡᠭᠡᠭᠡᠵᠦ᠂ ᠣᠯᠠᠨ᠎ᠠ ᠡᠷᠭᠦᠭᠳᠡᠭᠰᠡᠨ ᠮᠣᠩᠭᠣᠯ ᠤᠯᠤᠰ ᠪᠠᠶᠢᠭᠤᠯᠤᠭᠰᠠᠨ ᠢ ᠲᠤᠩᠬᠠᠭᠯᠠᠵᠤ᠂ ᠪᠣᠭᠳᠠ ᠶᠢ ᠮᠣᠩᠭᠣᠯ ᠤᠯᠤᠰ ᠤᠨ ᠨᠠᠷᠠᠨ ᠭᠡᠷᠡᠯᠲᠦ ᠲᠦᠮᠡᠨ ᠨᠠᠰᠤᠲᠤ ᠪᠣᠭᠳᠠ ᠡᠵᠡᠨ᠂ ᠴᠠᠭᠠᠨ ᠳ᠋ᠠᠷ᠎ᠠ ᠶᠢ ᠤᠯᠤᠰ ᠤᠨ ᠡᠬᠡ ᠳᠠᠭᠢᠨᠢ ᠬᠡᠮᠡᠨ ᠡᠷᠭᠦᠮᠵᠢᠯᠡᠭᠰᠡᠨ ᠢ ᠵᠠᠷᠯᠠᠵᠠᠢ᠃ ᠡᠨᠡ ᠡᠳᠦᠷ ᠪᠣᠭᠳᠠ ᠬᠠᠭᠠᠨ ᠤ ᠵᠠᠷᠯᠢᠭ ᠢᠶᠠᠷ ᠮᠣᠩᠭᠣᠯ ᠤᠯᠤᠰ ᠤᠨ ᠵᠠᠰᠠᠭ ᠤᠨ ᠭᠠᠵᠠᠷ ᠢ 5 ᠶᠠᠮᠤᠨ ᠲᠠᠢ ᠪᠠᠷ ᠪᠠᠶᠢᠭᠤᠯᠵᠤ᠂ ᠤᠯᠤᠰ ᠣᠷᠣᠨ ᠤ ᠪᠠᠨ ᠲᠤᠰᠠᠭᠠᠷ ᠲᠣᠭᠲᠠᠨᠢᠯ ᠤᠨ ᠲᠥᠯᠥᠭᠡ ᠲᠡᠮᠡᠴᠡᠵᠦ᠂ ᠠᠮᠢ ᠪᠡᠶ᠎ᠡ ᠪᠡᠨ ᠣᠭᠣᠷᠤᠨ ᠵᠢᠳᠬᠦᠭ᠍ᠴᠢᠳ ᠢ ᠲᠥᠷᠥ ᠶᠢᠨ ᠥᠨᠳᠥᠷ ᠠᠯᠪᠠᠨ ᠲᠤᠰᠢᠶᠠᠯ ᠳᠤ ᠲᠣᠬᠣᠭᠠᠨ ᠲᠣᠮᠢᠯᠠᠭᠰᠠᠨ ᠤ ᠳᠣᠲᠣᠷ᠎ᠠ ᠡᠷᠳᠡᠨᠢ ᠳᠠᠶᠢᠴᠢᠨ ᠴᠢᠨ ᠸᠠᠩ ᠬᠠᠨᠳᠤᠳᠣᠷᠵᠢ ᠶᠢ ᠬᠠᠨ ᠤ ᠶᠠᠩᠪᠠ ᠡᠳ᠋ᠯᠡᠭᠦᠯᠬᠦ ᠪᠡᠷ ᠵᠠᠷᠯᠢᠭᠳᠠᠵᠤ ᠰᠢᠳᠠᠷ ᠰᠠᠶᠢᠳ᠂ ᠪᠦᠭᠦᠳᠡ ᠵᠠᠬᠢᠷᠬᠤ ᠰᠠᠶᠢᠳ᠂ ᠭᠠᠳᠠᠭᠠᠳᠤ ᠬᠡᠷᠡᠭ ᠢ ᠡᠷᠬᠢᠯᠡᠨ ᠰᠢᠳᠬᠡᠭᠴᠢ ᠶᠠᠮᠤᠨ ᠤ ᠲᠡᠷᠢᠭᠦᠨ ᠰᠠᠶᠢᠳ ᠢᠶᠠᠷ ᠲᠣᠮᠢᠯᠠᠪᠠ᠃

ᠪᠣᠭᠳᠠ ᠬᠠᠭᠠᠨᠲᠤ ᠮᠣᠩᠭᠣᠯ ᠤᠯᠤᠰ ᠢ ᠪᠤᠰᠤᠳ ᠢᠶᠠᠷ ᠵᠥᠪᠰᠢᠶᠡᠷᠡᠭᠦᠯᠬᠦ ᠶᠢᠨ ᠲᠥᠯᠦᠭᠡ ᠲᠡᠮᠡᠴᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ᠂ ᠤᠯᠤᠰ ᠰᠢᠭ ᠪᠠᠶᠢᠬᠤ ᠶᠢᠨ ᠲᠤᠯᠠᠳᠠ ᠭᠠᠳᠠᠭᠠᠳᠤ ᠣᠯᠠᠨ ᠤᠯᠤᠰ ᠭᠦᠷᠦᠨ ᠳᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠬᠦᠯᠢᠶᠡᠨ ᠵᠥᠪᠰᠢᠶᠡᠷᠡᠭᠦᠯᠬᠦ ᠶᠠᠪᠤᠳᠠᠯ ᠨᠢ  ᠶᠠᠭᠤᠨ ᠠᠴᠠ ᠢᠯᠡᠭᠦᠦ ᠡᠷᠬᠢᠮ ᠴᠢᠬᠤᠯᠠ ᠬᠡᠮᠡᠨ ᠦᠵᠡᠵᠦ ᠬᠠᠷᠢ ᠤᠯᠤᠰ ᠭᠦᠷᠦᠨ ᠨᠦᠭᠦᠳ ᠲᠡᠢ ᠬᠠᠷᠢᠯᠴᠠᠭ᠎ᠠ ᠲᠣᠭᠲᠠᠭᠠᠬᠤ ᠠᠰᠠᠭᠤᠳᠠᠯ ᠢ ᠡᠷᠴᠢᠮᠲᠡᠢ ᠬᠥᠭᠡᠭᠡᠴᠡᠯᠳᠦᠬᠦ ᠪᠣᠯᠪᠠ᠃ ᠴᠢᠨ ᠸᠠᠩ ᠬᠠᠨᠳᠤᠳᠣᠷᠵᠢ ᠰᠢᠨ᠎ᠡ ᠲᠤᠲᠤᠮ ᠪᠠᠶᠢᠭᠤᠯᠤᠭᠳᠠᠭᠰᠠᠨ ᠲᠥᠷᠦ ᠳᠦ ᠬᠠᠨ᠂ ᠬᠤᠲᠤᠭᠲᠤ ᠨᠤᠭᠤᠳ ᠳᠠᠪᠠᠮᠠᠭᠠᠶᠢᠯᠠᠭᠰᠠᠨ ᠮᠠᠶ᠋ᠢᠭ ᠤᠨ ᠵᠠᠰᠠᠭᠯᠠᠯ ᠳᠤ ᠳᠤᠷ᠎ᠠ ᠦᠭᠡᠢ ᠪᠠᠶᠢᠭᠰᠠᠨ ᠪᠥᠭᠡᠳ ᠲᠡᠷᠡ ᠲᠤᠰᠤᠮ ᠢᠶᠠᠨ ᠰᠠᠶᠢᠳ ᠨᠠᠷ ᠤᠨ ᠵᠥᠪᠯᠡᠯ ᠦᠨ ᠡᠭᠦᠷᠭᠡ ᠭᠦᠢᠴᠡᠳᠭᠡᠬᠦ ᠰᠢᠨᠵᠢ ᠲᠡᠢ ᠳᠣᠲᠣᠭᠠᠳᠤ ᠶᠠᠪᠤᠳᠠᠯ ᠤᠨ ᠶᠠᠮᠤᠨ ᠤ ᠦᠢᠯᠡ ᠠᠵᠢᠯᠯᠠᠭ᠎ᠠ ᠶᠢ ᠲᠡᠷᠡ ᠪᠦᠷᠢ ᠣᠶᠢᠰᠢᠶᠠᠳᠠᠭ ᠦᠭᠡᠢ ᠪᠠᠶᠢᠵᠠᠢ᠃ ᠡᠶᠢᠮᠦ ᠳᠦ 1912 ᠤᠨ ᠤ 5 ᠰᠠᠷ᠎ᠠ ᠳᠤ ᠪᠦᠭᠦᠳᠡ ᠶᠡᠷᠦᠩᠬᠡᠶᠢᠯᠡᠨ ᠵᠠᠬᠢᠷᠬᠤ ᠶᠠᠮᠤ ᠶᠢ ᠪᠠᠶᠢᠭᠤᠯᠵᠤ ᠶᠡᠷᠦᠩᠬᠡᠢ ᠰᠠᠶᠢᠳ ᠢᠶᠠᠷ ᠨᠠᠮᠨᠠᠨᠰᠦ᠋ᠷᠦᠩ ᠢ ᠲᠣᠮᠢᠯᠠᠭᠰᠠᠨ ᠨᠢ ᠲᠡᠭᠦᠨ ᠦ ᠰᠡᠳᠬᠢᠯ ᠳᠦ ᠶᠡᠬᠡᠬᠡᠨ ᠨᠡᠶᠢᠴᠡᠵᠡᠢ᠃ ᠬᠠᠨᠳᠤᠳᠣᠷᠵᠢ ᠶᠢᠨ ᠲᠡᠷᠢᠭᠦᠯᠡᠭᠰᠡᠨ ᠭᠠᠳᠠᠭᠠᠳᠤ ᠶᠠᠪᠤᠳᠠᠯ ᠤᠨ ᠶᠠᠮᠤ ᠮᠣᠩᠭᠣᠯ ᠤᠯᠤᠰ ᠲᠤᠰᠠᠭᠠᠷ ᠤᠯᠤᠰ ᠪᠣᠯᠤᠭᠰᠠᠨ ᠲᠤᠬᠠᠢ ᠶᠢ ᠪᠠᠨ ᠶᠠᠭᠤᠨ ᠤ ᠡᠮᠦᠨ᠎ᠡ ᠮᠠᠨᠵᠤ ᠴᠢᠩ ᠤᠯᠤᠰ ᠲᠤ 1911ᠤᠨ ᠳᠤ᠂ ᠬᠠᠭᠠᠨᠲᠤ ᠣᠷᠣᠰᠹᠷᠠᠨᠼᠢᠠᠩᠭᠯᠢᠭᠧᠷᠮᠠᠨᠠᠮᠧᠷᠢᠺᠠ ᠶᠢᠨ ᠨᠢᠭᠡᠳᠦᠭᠰᠡᠨ ᠤᠯᠤᠰᠪᠧᠯᠬᠢᠶᠠᠫᠣᠨᠳ᠋ᠠᠨᠮᠠᠷᠺᠬᠣᠯᠠᠨᠳ᠋ᠠᠦᠢᠰᠲᠷᠶ᠎ᠠ ᠵᠡᠷᠭᠡ ᠤᠯᠤᠰ ᠲᠤ 1912 ᠤᠨ ᠳᠤ ᠠᠯᠪᠠᠨ ᠶᠣᠰᠣᠭᠠᠷ ᠮᠡᠳᠡᠭᠳᠡᠭᠡᠳ 《ᠭᠡᠷ᠎ᠡ ᠪᠠᠶᠢᠭᠤᠯᠤᠨ ᠬᠤᠳᠠᠯᠳᠤᠭ᠎ᠠ ᠨᠡᠪᠲᠡᠷᠡᠭᠦᠯᠵᠦ᠂ ᠨᠠᠶᠢᠷᠠᠮᠳᠠᠯ ᠢ ᠵᠤᠵᠠᠭᠠᠳᠬᠠᠨ᠎ᠠ ᠤᠤ ᠬᠡᠮᠡᠨ ᠲᠣᠳᠣᠷᠬᠠᠢ ᠰᠠᠨᠠᠯ ᠳᠡᠪᠰᠢᠭᠦᠯᠦᠭᠰᠡᠨ ᠪᠠᠶᠢᠨ᠎ᠠ᠃ ᠬᠠᠨᠳᠤᠳᠣᠷᠵᠢ ᠶᠠᠭᠤᠨ ᠤ ᠡᠮᠦᠨ᠎ᠡ ᠬᠣᠶᠢᠳᠤ ᠬᠥᠷᠰᠢ ᠣᠷᠣᠰ ᠤᠯᠤᠰ ᠲᠠᠢ ᠣᠶᠢᠷᠠᠳᠤᠨ ᠨᠥᠬᠥᠷᠯᠡᠬᠦ ᠶᠢ ᠡᠷᠬᠢᠮᠯᠡᠬᠦ ᠨᠢ ᠰᠢᠨ᠎ᠡ ᠲᠤᠰᠠᠭᠠᠷ ᠮᠣᠩᠭᠣᠯ ᠤᠯᠤᠰ ᠤᠨ ᠲᠤᠰᠠᠭᠠᠷ ᠲᠣᠭᠲᠠᠨᠢᠯ ᠢ ᠪᠡᠬᠢᠵᠢᠭᠦᠯᠬᠦ ᠳᠦ ᠠᠴᠢ ᠬᠣᠯᠪᠣᠭᠳᠠᠯ ᠲᠠᠢ ᠬᠡᠮᠡᠨ ᠦᠵᠡᠵᠦ ᠪᠠᠶᠢᠪᠠ᠃ ᠣᠷᠣᠰ-ᠮᠣᠩᠭᠣᠯ ᠤᠨ ᠭᠡᠷᠢᠶᠡᠨ ᠳᠦ ᠲᠤᠰᠠᠭᠠᠷ ᠲᠣᠭᠲᠠᠨᠢᠯ ᠢ ᠬᠦᠯᠢᠶᠡᠨ ᠵᠥᠪᠰᠢᠶᠡᠷᠡᠭᠦᠯᠬᠦ ᠲᠠᠯ᠎ᠠ ᠪᠠᠷ ᠳᠠᠷᠤᠭ᠎ᠠ ᠶᠢᠨ ᠱᠠᠲᠤᠨ ᠤ ᠠᠷᠭ᠎ᠠ ᠬᠡᠮᠵᠢᠶ᠎ᠡ᠂ ᠠᠯᠬᠤᠮ ᠬᠢᠬᠦ ᠵᠣᠷᠢᠯᠭ᠎ᠠ ᠪᠠᠷ ᠮᠣᠩᠭᠣᠯ ᠤᠨ ᠵᠠᠰᠠᠭ ᠤᠨ ᠭᠠᠵᠠᠷ ᠬᠠᠨᠳᠤᠳᠣᠷᠵᠢ ᠪᠠᠷ ᠲᠣᠯᠣᠭᠠᠶᠢᠯᠠᠭᠤᠯᠤᠭᠰᠠᠨ ᠪᠥᠷᠢᠨ ᠡᠷᠬᠡᠲᠦ ᠲᠥᠯᠦᠭᠡᠯᠡᠭᠴᠢ ᠪᠡᠨ ᠣᠷᠣᠰ ᠤᠯᠤᠰ ᠲᠤ ᠢᠯᠡᠭᠡᠬᠦ ᠪᠡᠷ ᠰᠢᠢᠳᠴᠦ᠂ 1912 ᠤᠨ ᠤ ᠡᠪᠦᠯ ᠦᠨ ᠳᠤᠮᠳᠠ ᠰᠠᠷ᠎ᠠ ᠶᠢᠨ 14 ᠍ ᠳᠤ ᠲᠥᠯᠦᠭᠡᠯᠡᠭᠴᠢᠳ ᠮᠣᠷᠳᠠᠵᠤ᠂ ᠡᠪᠦᠯ ᠦᠨ ᠠᠳᠠᠭ ᠰᠠᠷ᠎ᠠ ᠶᠢᠨ ᠰᠢᠨ᠎ᠡ ᠶᠢᠨ 4 ᠍ ᠳᠤ ᠰᠠᠨᠺᠲ ᠫᠧᠲ᠋ᠧᠷᠪᠦ᠋ᠷᠡᠭ ᠲᠦ ᠣᠴᠢᠭᠰᠠᠨ ᠪᠠᠶᠢᠨ᠎ᠠ᠃ ᠪᠣᠭᠳᠠ ᠬᠠᠭᠠᠨᠲᠤ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠪᠥᠷᠢᠨ ᠡᠷᠬᠡᠲᠦ ᠲᠥᠯᠦᠭᠡᠯᠡᠭᠴᠢᠳ ᠡᠬᠢᠯᠡᠭᠡᠳ ᠬᠠᠭᠠᠨᠲᠤ ᠣᠷᠣᠰ ᠤᠯᠤᠰ ᠲᠤ ᠭᠠᠳᠠᠭᠠᠳᠤ ᠬᠡᠷᠡᠭ ᠦᠨ ᠰᠠᠶᠢᠳ ᠰᠠᠵᠠᠨᠨᠣᠸ᠂ ᠶᠡᠷᠦᠩᠬᠡᠢ ᠰᠠᠶᠢᠳ ᠺᠣᠺᠣᠪᠴᠸ᠂ ᠬᠤᠳᠠᠯᠳᠤᠭᠠᠨ ᠤ ᠰᠠᠶᠢᠳ ᠲᠢᠮᠠᠱᠧᠸ ᠨᠠᠷ ᠤᠨ ᠠᠯᠪᠠᠨ ᠤ ᠬᠦᠮᠦᠰ ᠲᠡᠢ ᠤᠳᠠᠭ᠎ᠠ ᠳᠠᠷᠠᠭᠠᠯᠠᠨ ᠠᠭᠤᠯᠵᠠᠵᠤ᠂ ᠬᠡᠷᠡᠭ ᠵᠣᠷᠢᠭ ᠢᠶᠠᠨ ᠲᠠᠨᠢᠯᠴᠠᠭᠤᠯᠵᠠᠢ᠃ ᠡᠪᠦᠯ ᠦᠨ ᠰᠡᠭᠦᠯ ᠰᠠᠷ᠎ᠠ ᠶᠢᠨ 17 ᠍ ᠳᠤ ᠣᠷᠣᠰ ᠤᠨ ᠡᠵᠡᠨ ᠬᠠᠭᠠᠨ II ᠨᠢᠺᠣᠯᠠᠢ ᠲᠡᠳᠡᠨ ᠢ ᠬᠦᠯᠢᠶᠡᠨ ᠠᠪᠴᠤ ᠠᠭᠤᠯᠵᠠᠭᠰᠠᠨ ᠪᠠᠶᠢᠨ᠎ᠠ᠃ ᠡᠵᠡᠨ ᠬᠠᠭᠠᠨ ᠮᠣᠩᠭᠣᠯ ᠤᠨ ᠲᠥᠯᠦᠭᠡᠯᠡᠭᠴᠢᠳ ᠢ ᠬᠦᠯᠢᠶᠡᠨ ᠠᠪᠤᠭᠠᠳ ᠣᠷᠣᠰ ᠤᠨ ᠵᠠᠰᠠᠭ ᠤᠨ ᠭᠠᠵᠠᠷ ᠤᠨ ᠲᠦᠰᠢᠮᠡᠳ ᠦᠳ ᠠᠵᠢᠯ ᠬᠡᠷᠡᠭ ᠦᠨ ᠶᠠᠪᠤᠴᠠ ᠶᠢ ᠮᠡᠳᠡᠭᠡᠯᠡᠵᠦ ᠪᠠᠶᠢᠭ᠎ᠠ ᠲᠤᠬᠠᠢ ᠬᠡᠯᠡᠭᠡᠳ᠂ ᠴᠡᠷᠢᠭ ᠰᠤᠷᠭᠠᠬᠤ ᠪᠠᠭᠰᠢ ᠦᠭᠬᠦ ᠪᠣᠯᠤᠭᠰᠠᠨ ᠢᠶᠠᠨ ᠬᠡᠯᠡᠵᠦ᠂ ᠫᠤᠤ ᠵᠡᠪᠰᠡᠭ ᠦᠨ ᠬᠤᠪᠢ ᠳᠤ ᠭᠠᠳᠠᠭᠠᠳᠤ ᠬᠡᠷᠡᠭ ᠦᠨ ᠶᠠᠮᠤᠨ ᠲᠠᠢ  ᠪᠠᠨ ᠶᠠᠷᠢᠯᠴᠠᠵᠤ ᠪᠠᠶᠢᠵᠤ ᠪᠣᠯᠤᠨ᠎ᠠ ᠬᠡᠮᠡᠵᠡᠢ᠃ ᠬᠠᠨᠳᠤᠳᠣᠷᠵᠢ ᠸᠠᠩ ᠡᠵᠡᠨ ᠬᠠᠭᠠᠨ ᠳᠤ ᠪᠠᠷᠠᠭᠠᠯᠬᠰᠠᠨ ᠤ ᠪᠠᠨ ᠳᠠᠷᠠᠭ᠎ᠠ ᠣᠷᠣᠰ ᠍ ᠤᠨ ᠴᠡᠷᠢᠭ ᠦᠨ ᠶᠠᠮᠤ ᠶᠢᠨ ᠰᠠᠶᠢᠳ ᠰᠤᠬᠣᠮᠯᠣᠨᠢᠪᠠᠵᠠᠩᠵᠤᠨ ᠱᠲ᠋ᠠᠪ ᠍ ᠤᠨ ᠳᠠᠷᠤᠭ᠎ᠠ ᠭᠧᠨᠧᠷᠠᠯ ᠽᠧᠯᠢᠨᠰᠺᠦ ᠨᠠᠷ ᠲᠠᠢ ᠠᠭᠤᠯᠵᠠᠵᠤ᠂ ᠴᠡᠷᠢᠭ ᠵᠡᠪᠰᠡᠭ ᠦᠨ ᠲᠤᠰᠠᠯᠠᠮᠵᠢ ᠶᠢᠨ ᠲᠤᠬᠠᠢ ᠠᠰᠠᠭᠤᠳᠠᠯ ᠢ ᠶᠠᠭᠠᠷᠠᠯᠲᠠᠢ ᠰᠢᠢᠳᠴᠦ ᠥᠭᠬᠦ ᠶᠢ ᠬᠢᠴᠢᠶᠡᠩᠭᠦᠶᠢᠯᠡᠨ ᠬᠦᠰᠡᠭᠰᠡᠨ ᠪᠠᠶᠢᠨ᠎ᠠ᠃ ᠡᠴᠦᠰ ᠲᠦ ᠨᠢ ᠬᠠᠨᠳᠤᠳᠣᠷᠵᠢ ᠨᠠᠷ ᠤᠨ ᠵᠣᠷᠢᠭᠰᠠᠨ ᠬᠡᠷᠡᠭ ᠦᠨ ᠵᠠᠷᠢᠮ ᠨᠢ ᠪᠦᠲᠦᠵᠦ ᠬᠠᠭᠠᠨᠲᠤ ᠣᠷᠣᠰ ᠤᠨ ᠵᠠᠰᠠᠭ ᠤᠨ ᠭᠠᠵᠠᠷ 200 ᠲᠦᠮᠡᠨ ᠷᠦᠪᠯᠢ ᠶᠢᠨ ᠵᠢᠭᠡᠯᠡᠯᠭᠡ ᠥᠭᠭᠦᠭᠰᠡᠨ ᠪᠠ ᠵᠡᠷ ᠵᠡᠪᠰᠡᠭ ᠦᠨ ᠲᠤᠰᠠᠯᠠᠮᠵᠢ ᠶᠢ ᠳᠠᠷᠠᠭ᠎ᠠ ᠪᠡᠷ ᠥᠭᠬᠦ ᠶᠢ ᠵᠥᠪᠰᠢᠶᠡᠷᠡᠴᠡᠢ᠃ ᠬᠠᠷᠢᠨ ᠶᠡᠬᠡ ᠫᠤᠤ 32᠂ ᠫᠦᠦᠶᠣᠮᠶᠣᠲ 65᠂ ᠸᠢᠨᠲ᠋ᠣᠸ 10000 ᠍ ᠢ ᠳᠠᠷᠤᠢ ᠠᠪᠬᠤ ᠬᠦᠰᠡᠯᠲᠡ ᠶᠢ ᠣᠷᠣᠰ ᠤᠨ ᠲᠠᠯ᠎ᠠ ᠬᠦᠯᠢᠶᠡᠨ ᠠᠪᠤᠭᠰᠠᠨ ᠦᠭᠡᠢ᠃ ᠬᠠᠨᠳᠤᠳᠣᠷᠵᠢ ᠶᠢᠨ ᠠᠩᠭᠯᠢ᠂ ᠹᠷᠠᠨᠼᠢ ᠵᠡᠷᠭᠡ ᠣᠷᠣᠨ ᠨᠤᠭᠤᠳ ᠲᠤ ᠵᠣᠷᠴᠢᠬᠤ ᠭᠡᠰᠡᠨ ᠰᠠᠨᠠᠭᠠᠷᠬᠠᠯ ᠣᠷᠣᠰ ᠤᠨ ᠶᠠᠪᠤᠭᠤᠯᠭ᠎ᠠ ᠪᠠᠷ ᠲᠠᠰᠤᠯᠳᠠᠪᠠ᠃ ᠲᠡᠷᠡ ᠴᠤ ᠪᠠᠶᠢᠲᠤᠭᠠᠢ ᠫᠧᠲ᠋ᠧᠷᠪᠦᠦᠭ ᠲᠦ ᠪᠠᠶᠢᠭ᠎ᠠ ᠣᠯᠠᠨ ᠤᠯᠤᠰ ᠤᠨ ᠡᠯᠴᠢᠨ ᠰᠠᠶᠢᠳ ᠤᠳ ᠲᠠᠢ ᠠᠭᠤᠯᠵᠠᠭᠤᠯᠬᠤ ᠦᠭᠡᠢ ᠪᠠᠶᠢᠬᠤ ᠲᠠᠯ᠎ᠠ ᠪᠠᠷ ᠣᠷᠣᠰ ᠤᠨ ᠭᠠᠳᠠᠭᠠᠳᠤ ᠬᠡᠷᠡᠭ ᠦᠨ ᠶᠠᠮᠤ ᠵᠣᠬᠢᠬᠤ ᠠᠷᠭ᠎ᠠ ᠬᠡᠮᠵᠢᠶ᠎ᠡ ᠠᠪᠤᠭᠰᠠᠨ᠃ ᠭᠡᠰᠡᠨ ᠴᠤ ᠡᠨᠡ ᠠᠵᠢᠯ ᠬᠡᠷᠡᠭ ᠦᠨ ᠠᠶᠢᠯᠴᠢᠯᠠᠯ ᠬᠣᠶᠢᠳᠤ ᠬᠥᠷᠰᠢ ᠬᠠᠭᠠᠨᠲᠤ ᠣᠷᠣᠰ ᠤᠯᠤᠰ ᠲᠠᠢ ᠡᠳ᠋ ᠍ ᠦᠨ ᠵᠠᠰᠠᠭ ᠤᠨ ᠲᠠᠯ᠎᠎ᠠ ᠪᠡᠷ ᠬᠢ ᠬᠠᠷᠢᠯᠴᠠᠭ᠎ᠠ ᠪᠠᠨ ᠴᠢᠨᠠᠭᠰᠢᠳᠠ ᠥᠷᠭᠡᠳᠬᠡᠬᠦ ᠳᠦ ᠲᠣᠮᠣᠬᠠᠨ ᠲᠦᠯᠬᠢᠴᠡ ᠦᠵᠡᠭᠦᠯᠵᠡᠢ᠃ ᠣᠷᠣᠰ ᠣᠷᠣᠨ ᠳᠤ ᠬᠣᠶᠠᠷ ᠳᠡᠬᠢ ᠤᠳᠠᠭ᠎ᠠ ᠣᠴᠢᠭᠰᠠᠨ ᠨᠢ ᠬᠠᠨᠳᠤᠳᠣᠷᠵᠢ ᠶᠢ ᠤᠯᠤᠰ ᠲᠥᠷᠥ ᠶᠢᠨ ᠵᠢᠳᠬᠦᠯᠲᠡᠨ ᠦ ᠨᠢ ᠬᠤᠪᠢ ᠳᠤ ᠤᠯᠠᠮ ᠤᠬᠠᠭᠠᠷᠠᠭᠤᠯᠵᠤ᠂ ᠬᠣᠶᠠᠷ ᠶᠡᠬᠡ ᠭᠦᠷᠦᠨ ᠦ ᠳᠤᠮᠳᠠ ᠣᠷᠣᠰᠢᠵᠤ ᠪᠤᠢ ᠪᠠᠭ᠎ᠠ ᠪᠠᠭᠤᠷᠠᠢ ᠣᠷᠣᠨ ᠲᠤᠩ ᠤᠬᠠᠭᠠᠯᠢᠭ᠂ ᠨᠠᠷᠢᠨ᠂ ᠳᠠᠪᠬᠤᠷ ᠲᠣᠭᠠᠴᠠᠭᠰᠠᠨ ᠪᠣᠳᠣᠯᠭ᠎ᠠ ᠶᠠᠪᠤᠭᠤᠯᠵᠤ ᠪᠠᠶᠢᠵᠤ ᠰᠠᠶ᠋ᠢ ᠲᠤᠰᠭᠠᠷᠯᠠᠨ ᠣᠷᠣᠰᠢᠨ ᠲᠣᠭᠲᠠᠨᠢᠬᠤ ᠪᠣᠯᠤᠨ᠎ᠠ ᠬᠡᠮᠡᠭᠰᠡᠨ ᠳ᠋ᠦᠩᠨᠡᠯᠲᠡᠨ ᠳᠦ ᠬᠦᠷᠭᠡᠵᠡᠢ᠃

ᠮᠣᠩᠭᠣᠯ ᠤᠯᠤᠰ ᠤᠨ ᠲᠤᠰᠠᠭᠠᠷ ᠲᠣᠭᠲᠠᠨᠢᠯ ᠢ ᠵᠥᠪᠰᠢᠶᠡᠷᠡᠭᠦᠯᠬᠦ ᠶᠢᠨ ᠲᠥᠯᠥᠭᠡ ᠬᠠᠨᠳᠤᠳᠣᠷᠵᠢ ᠶᠢᠨ ᠭᠠᠳᠠᠭᠠᠳᠤ ᠶᠠᠪᠤᠳᠠᠯ ᠤᠨ ᠱᠤᠭᠤᠮ ᠢᠶᠠᠷ ᠲᠡᠮᠡᠴᠡᠵᠦ ᠪᠤᠢ ᠲᠡᠮᠡᠴᠡᠯ ᠨᠢ ᠢᠳᠡ ᠥᠷᠨᠢᠵᠦ ᠪᠠᠶᠢᠭᠰᠠᠨ ᠦᠶ᠎ᠡ ᠳᠦ ᠮᠣᠩᠭᠣᠯ ᠤᠨ ᠲᠠᠯ ᠠ  ᠪᠡᠷ ᠬᠢ ᠠᠰᠠᠭᠤᠳᠠᠯ ᠢᠶᠠᠷ ᠣᠷᠣᠰ-ᠬᠢᠲᠠᠳ ᠤᠨ ᠬᠡᠯᠡᠯᠴᠡᠭᠡᠷ 1912 ᠤᠨ ᠤ ᠠᠷᠪᠠᠨ ᠰᠠᠷ᠎ᠠ ᠠᠴᠠ 1913 ᠤᠨ ᠤ ᠠᠷᠪᠠᠨ ᠰᠠᠷ᠎ᠠ ᠬᠦᠷᠲᠡᠯ᠎ᠡ ᠦᠷᠭᠦᠯᠵᠢᠯᠡᠵᠦ᠂ ᠮᠣᠩᠭᠣᠯ ᠤᠨ ᠲᠤᠰᠠᠭᠠᠷ ᠲᠣᠭᠲᠠᠨᠢᠯ ᠢ ᠡᠪᠳᠡᠨ ᠪᠤᠰᠠᠨᠢᠭᠤᠯᠬᠤ ᠴᠢᠭᠯᠡᠯ ᠪᠦᠬᠦᠢ ᠲᠤᠩᠬᠠᠭᠯᠠᠯ ᠭᠠᠷᠭᠠᠭᠰᠠᠨ ᠨᠢ ᠮᠣᠩᠭᠣᠯᠴᠤᠳ ᠤᠨ ᠳᠤᠷ᠎ᠠ ᠦᠭᠡᠢᠴᠡᠯ ᠢ ᠶᠡᠬᠡᠳᠡ ᠬᠦᠷᠭᠡᠪᠡ᠃ ᠬᠡᠳᠦᠢ ᠲᠡᠶᠢᠮᠦ ᠪᠣᠯᠪᠠᠴᠤ ᠬᠠᠨᠳᠤᠳᠣᠷᠵᠢ ᠣᠷᠣᠰ ᠤᠨ ᠲᠤᠰᠠᠯᠠᠮᠵᠢ ᠲᠠᠢ ᠪᠠᠷ ᠤᠯᠤᠰ ᠣᠷᠣᠨ ᠢᠶᠠᠨ ᠥᠰᠬᠡᠨ ᠥᠨᠳᠡᠶᠢᠯᠭᠡᠬᠦ ᠲᠠᠯ᠎ᠠ ᠪᠠᠷ ᠵᠠᠷᠢᠮ ᠲᠣᠳᠣᠷᠬᠠᠢ ᠠᠯᠬᠤᠮ ᠤᠳ ᠢ ᠬᠢᠭᠰᠡᠭᠡᠷ ᠪᠠᠶᠢᠭᠰᠠᠨ ᠪᠢᠯᠡ᠃ ᠡᠭᠦᠨ ᠦ ᠵᠢᠱᠢᠶ᠎ᠡ ᠪᠣᠯ ᠬᠠᠰᠢᠭᠠᠴᠢ ᠠᠴᠠ ᠬᠣᠪᠲᠣ ᠬᠦᠷᠲᠡᠯᠡᠬᠢ ᠴᠠᠬᠢᠯᠭᠠᠨ ᠬᠣᠯᠪᠣᠭᠠᠨ ᠤ ᠱᠤᠭᠤᠮ ᠲᠠᠯᠪᠢᠭᠤᠯᠬᠤ ᠬᠡᠯᠡᠯᠴᠡᠭᠡᠷ᠂ ᠴᠡᠷᠢᠭ ᠦᠨ ᠰᠤᠷᠭᠠᠭᠴᠢ ᠠᠪᠬᠤ ᠵᠡᠷᠭᠡ ᠬᠡᠯᠡᠯᠴᠡᠭᠡᠷ ᠢ ᠠᠮᠵᠢᠯᠲᠠ ᠲᠠᠢ ᠬᠢᠭᠰᠡᠨ ᠪᠠᠶᠢᠨ᠎ᠠ᠃ ᠬᠠᠨᠳᠤᠳᠣᠷᠵᠢ ᠬᠣᠶᠠᠷ ᠬᠥᠷᠰᠢ ᠣᠷᠣᠨ ᠤ ᠪᠠᠨ ᠭᠠᠳᠠᠭᠠᠳᠤ ᠶᠠᠪᠤᠳᠠᠯ ᠤᠨ ᠰᠠᠶᠢᠳ ᠤᠳ ᠲᠠᠢ 《ᠴᠢᠳᠠᠪᠤᠷᠢᠯᠢᠭ ᠲᠣᠭᠯᠠᠯᠲᠠ》 ᠬᠢᠭᠰᠡᠭᠡᠷ ᠪᠠᠶᠢᠭᠰᠠᠨ ᠤ ᠬᠦᠴᠦᠨ ᠳᠤ ᠮᠣᠩᠭᠣᠯ ᠤᠨ ᠲᠤᠰᠠᠭᠠᠷ ᠲᠣᠭᠲᠠᠨᠢᠯ ᠢ ᠲᠣᠳᠣᠷᠬᠠᠢ ᠬᠡᠮᠵᠢᠶ᠎ᠡ ᠪᠡᠷ ᠬᠠᠳᠠᠭᠠᠯᠠᠭᠰᠠᠭᠠᠷ ᠪᠠᠶᠢᠪᠠ᠃

1912 ᠤᠨ ᠤ 3 ᠍ ᠳᠤᠭᠠᠷ ᠰᠠᠷ᠎ᠠ ᠳᠤ ᠰᠢᠳᠠᠷ ᠰᠠᠶᠢᠳ ᠨᠠᠮᠨᠠᠨᠰᠦ᠋ᠷᠦᠩ ᠦᠨ ᠰᠢᠢᠳᠪᠦᠷᠢ ᠪᠡᠷ ᠭᠠᠳᠠᠭᠠᠳᠤ ᠶᠠᠪᠤᠳᠠᠯ ᠤᠨ ᠶᠠᠮᠤᠨ ᠤ ᠳᠡᠷᠭᠡᠳᠡ 47 ᠬᠡᠦᠬᠡᠳ ᠲᠡᠢ ᠪᠠᠭ᠎ᠠ ᠰᠤᠷᠭᠠᠭᠤᠯᠢ ᠪᠠᠶᠢᠭᠤᠯᠤᠭᠰᠠᠨ ᠳᠤ ᠬᠠᠨᠳᠤᠳᠣᠷᠵᠢ ᠸᠠᠩ ᠤᠨ ᠣᠷᠣᠯᠴᠠᠯᠭ᠎ ᠠ ᠶᠡᠬᠡ ᠪᠠᠶᠢᠪᠠ᠃ ᠮᠥᠨ 1914 ᠤᠨ ᠳᠤ ᠣᠷᠣᠰ ᠬᠡᠯᠡ ᠪᠢᠴᠢᠭ ᠰᠤᠷᠬᠤ ᠰᠤᠷᠭᠠᠭᠤᠯᠢ ᠪᠠᠶᠢᠭᠤᠯᠬᠤ ᠶᠢ ᠬᠠᠨᠳᠤᠳᠣᠷᠵᠢ ᠸᠠᠩ ᠰᠠᠨᠠᠭᠠᠴᠢᠯᠠᠭᠰᠠᠨ ᠪᠠᠶᠢᠨ᠎ᠠ᠃ ᠡᠭᠦᠨ ᠡᠴᠡ ᠭᠠᠳᠠᠨ᠎ᠠ ᠠᠷᠠᠳ ᠤᠨ ᠤᠯᠠᠮᠵᠢᠯᠠᠯᠲᠤ ᠠᠨᠠᠭᠠᠬᠤ ᠤᠬᠠᠭᠠᠨ ᠠᠴᠠ ᠭᠠᠳᠠᠨ᠎ᠠ ᠧᠦ᠋ᠷᠣᠫᠠ ᠡᠮᠨᠡᠯᠭᠡ ᠶᠢᠨ ᠣᠯᠤᠯᠲᠠ ᠶᠢ ᠮᠣᠩᠭᠣᠯ ᠣᠷᠣᠨ ᠳᠤ ᠨᠡᠪᠲᠡᠷᠡᠭᠦᠯᠬᠦ ᠨᠢ ᠵᠠᠶᠢᠯᠠᠰᠢ ᠦᠭᠡᠢ ᠴᠢᠬᠤᠯᠠ ᠬᠡᠮᠡᠨ ᠦᠵᠡᠵᠦ ᠲᠣᠳᠣᠷᠬᠠᠢ ᠠᠯᠬᠤᠮ ᠤᠳ ᠢ ᠬᠢᠵᠦ ᠪᠠᠶᠢᠪᠠ᠃

ᠬᠢᠶᠠᠭᠲᠤ ᠶᠢᠨ ᠬᠡᠯᠡᠯᠴᠡᠭᠡᠷ᠂ ᠪᠤᠰᠤᠳ ᠲᠤ ᠬᠣᠣᠷᠯᠠᠭᠳᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠨ ᠸᠠᠩ ᠬᠠᠨᠳᠤᠳᠣᠷᠵᠢ ᠭᠠᠳᠠᠭᠠᠳᠤ ᠶᠠᠮᠤᠨ ᠤ ᠲᠡᠷᠢᠭᠦᠨ ᠰᠠᠶᠢᠳ ᠤᠨ ᠬᠤᠪᠢ ᠳᠤ 1913 ᠤᠨ ᠤ ᠪᠡᠭᠡᠵᠢᠩ ᠦᠨ ᠲᠤᠩᠬᠠᠭᠯᠠᠯ ᠤᠨ ᠳᠠᠭᠠᠤ ᠣᠷᠣᠰ᠂ ᠬᠢᠲᠠᠳ᠂ ᠮᠣᠩᠭᠣᠯ ᠤᠯᠤᠰ ᠤᠨ 3 ᠡᠲᠡᠭᠡᠳ ᠦᠨ ᠬᠡᠯᠡᠯᠴᠡᠭᠡᠷ ᠲᠦ ᠪᠡᠯᠡᠳᠬᠡᠨ ᠪᠣᠭᠳᠠ ᠬᠠᠭᠠᠨ ᠲᠠᠢ ᠵᠥᠪᠰᠢᠯᠴᠡᠭᠰᠡᠨ ᠦ ᠦᠨᠳᠦᠰᠦᠨ ᠳᠡᠭᠡᠷ᠎ᠡ ᠬᠡᠯᠡᠯᠴᠡᠭᠡᠷ ᠲᠦ ᠤᠷᠤᠯᠴᠠᠬᠤ ᠲᠥᠯᠥᠭᠡᠯᠡᠭᠴᠢᠳ ᠦᠨ ᠲᠡᠷᠢᠭᠦᠨ ᠢᠶᠡᠷ ᠳᠣᠲᠣᠭᠠᠳᠤ ᠶᠠᠪᠤᠳᠠᠯ ᠤᠨ ᠶᠠᠮᠤ ᠶᠢᠨ ᠰᠠᠶᠢᠳ ᠪᠢᠯᠢᠭᠲᠦ ᠭᠦᠩᠳᠠ ᠯᠠᠮᠠ ᠳᠠᠰᠢᠵᠠᠪ ᠍ ᠢ ᠲᠣᠮᠢᠯᠠᠵᠤ ᠪᠦᠷᠢᠯᠳᠦᠬᠦᠨ ᠳᠦ ᠨᠢ ᠪᠠᠷᠭᠤ ᠶᠢᠨ ᠮᠠᠩᠯᠠᠶᠢᠪᠠᠭᠠᠲᠤᠷ ᠵ᠂ ᠳᠠᠮᠳᠢᠨᠰᠦ᠋ᠷᠦᠩ ᠨᠠᠷ ᠢ ᠣᠷᠣᠭᠤᠯᠵᠠᠢ᠃ ᠬᠠᠨᠳᠤᠳᠣᠷᠵᠢ᠂ ᠨᠠᠮᠨᠠᠨᠰᠦ᠋ᠷᠦᠩ ᠨᠠᠷ ᠳᠠ ᠯᠠᠮᠠ ᠳᠠᠰᠢᠵᠠᠪ᠂ ᠮᠠᠩᠯᠠᠶᠢᠪᠠᠭᠠᠲᠤᠷ ᠨᠠᠷ ᠢ ᠰᠢᠭᠤᠳ ᠳᠡᠭᠡᠷ᠎ᠡ ᠡᠴᠡ ᠨᠢ ᠤᠳᠤᠷᠢᠳᠵᠤ᠂ ᠪᠦᠬᠦ ᠮᠡᠳᠡᠭᠡᠯᠡᠯ᠂ ᠤᠳᠤᠷᠢᠳᠤᠮᠵᠢ ᠪᠠᠷ ᠬᠠᠩᠭᠠᠵᠤ ᠪᠠᠶᠢᠭᠰᠠᠨ ᠪᠥᠭᠡᠳ ᠣᠷᠣᠰ ᠤᠨ ᠶᠡᠷᠦᠩᠬᠡᠢ ᠬᠡᠷᠡᠭ ᠤᠨ ᠭᠠᠵᠠᠷ᠂ ᠲᠥᠷᠥ ᠶᠢᠨ ᠵᠦᠪᠳᠡᠬᠦ ᠠ᠃ᠮᠢᠯᠯᠧᠷ᠂ ᠬᠢᠲᠠᠳ ᠠᠴᠠ ᠮᠸᠺᠰᠢᠺᠣ ᠲᠤ ᠰᠠᠭᠤᠵᠤ ᠪᠠᠶᠢᠭᠰᠠᠨ ᠡᠯᠴᠢᠨ ᠰᠠᠶᠢᠳ ᠴᠧᠨ ᠯᠤ᠋ ᠨᠠᠷ ᠢ ᠬᠠᠮᠢᠭᠠᠰᠢ ᠨᠢ ᠴᠤ ᠭᠠᠷᠭᠠᠬᠤ ᠦᠭᠡᠢ ᠣᠯᠠᠨ ᠤᠯᠤᠰ ᠤᠨ ᠪᠣᠯᠤᠨ ᠭᠠᠳᠠᠭᠠᠳᠤ ᠶᠠᠪᠤᠳᠠᠯ ᠡᠷᠬᠡ ᠵᠦᠢ ᠶᠢᠨ ᠴᠢᠩᠭ᠎ᠠ ᠪᠣᠳᠣᠯᠭ᠎ᠠ ᠪᠠᠷᠢᠮᠲᠠᠯᠠᠨ ᠠᠵᠢᠯᠯᠠᠵᠤ ᠪᠠᠶᠢᠭᠰᠠᠨ ᠨᠢ ᠬᠢᠲᠠᠳ᠂ ᠣᠷᠣᠰ ᠤᠨ ᠲᠠᠯ᠎ᠠ ᠳᠤ ᠲᠠᠭᠠᠯᠠᠭᠳᠠᠭ᠎ᠠ ᠦᠭᠡᠢ ᠶᠤᠮ᠃ ᠮᠢᠯᠯᠧᠷ᠂ ᠴᠧᠨ ᠯᠤ᠋ ᠨᠠᠷ ᠪᠣᠯ ᠠᠰᠤᠷᠤ ᠶᠡᠬᠡ ᠲᠤᠷᠰᠢᠯᠭ᠎ᠠ ᠲᠠᠢ ᠭᠠᠳᠠᠭᠠᠳᠤ ᠶᠠᠪᠤᠳᠠᠯ ᠤᠨ ᠰᠠᠶᠢᠳ ᠤᠳ ᠬᠡᠳᠦᠢ ᠴᠤ ᠳᠠᠰᠢᠵᠠᠪ᠂ ᠳᠠᠮᠳᠢᠨᠰᠦ᠋ᠷᠦᠩ ᠨᠠᠷ ᠢ ᠡᠷᠬᠡ ᠵᠦᠢ ᠶᠢᠨ ᠮᠡᠳᠡᠯ ᠦᠨ ᠬᠤᠪᠢ ᠳᠤ ᠳᠠᠪᠠᠵᠤ ᠭᠠᠷᠬᠤ ᠦᠭᠡᠢ ᠳᠦ ᠪᠡᠨ ᠴᠢᠬᠤᠯᠳᠠᠵᠤ᠂ ᠪᠣᠭᠳᠠ ᠶᠢᠨ ᠵᠠᠰᠠᠭ ᠤᠨ ᠭᠠᠵᠠᠷ ᠲᠤ 《ᠳᠠᠰᠢᠵᠠᠪ ᠲᠥᠷᠥ ᠶᠢᠨ ᠬᠡᠷᠡᠭ ᠮᠡᠳᠡᠳᠡᠭ ᠦᠭᠡᠢ᠂ ᠳᠠᠮᠳᠢᠨᠰᠦ᠋ᠷᠦᠩ ᠳᠡᠩᠳᠡᠭᠦᠦ ᠵᠥᠷᠢᠭᠦᠳ ᠮᠤᠶᠢᠬᠤᠷ》 ᠬᠡᠮᠡᠨ ᠭᠣᠮᠣᠳᠠᠯ ᠪᠢᠴᠢᠵᠦ᠂ ᠲᠡᠳᠡᠨ ᠢ ᠲᠠᠲᠠᠨ ᠠᠪᠴᠤ ᠣᠷᠣᠨ ᠳᠤ ᠨᠢ ᠨᠡᠷ᠎ᠡ ᠵᠢᠭᠠᠨ ᠰᠢᠷᠢᠨᠡᠨᠳᠠᠮᠳᠢᠨᠪ᠂ ᠰᠡᠷᠡᠩᠳᠣᠷᠵᠢᠴᠠᠭᠳᠠᠷᠵᠠᠪ ᠨᠠᠷ ᠢ ᠥᠭᠬᠦ ᠶᠢ ᠬᠦᠰᠴᠦ ᠪᠠᠶᠢᠯ᠎ᠠ᠃ ᠬᠠᠰᠢᠷ ᠰᠠᠭᠤᠵᠤ᠂ ᠬᠠᠯᠠ ᠦᠵᠡᠭᠰᠡᠨ ᠰᠠᠶᠢᠳ ᠬᠠᠨᠳᠤᠳᠣᠷᠵᠢ᠂ ᠳᠠᠰᠢᠵᠠᠪ᠂ ᠳᠠᠮᠳᠢᠨᠰᠦ᠋ᠷᠦᠩ ᠨᠠᠷ ᠢ ᠰᠣᠯᠢᠬᠤ ᠦᠭᠡᠢ ᠪᠠᠶᠢᠬᠤ ᠪᠣᠳᠣᠯᠭ᠎ᠠ ᠪᠠᠷᠢᠭᠰᠠᠨ ᠨᠢ ᠬᠢᠲᠠᠳ ᠤᠨ ᠲᠠᠯ᠎ᠠ ᠶᠢ ᠪᠠᠷᠢᠮᠲᠠᠯᠠᠭᠴᠢ ᠶᠡᠬᠡᠰ ᠨᠣᠶᠠᠳ᠂ ᠬᠤᠲᠤᠭᠲᠤ ᠯᠠᠮᠠ ᠨᠠᠷ ᠲᠤ ᠲᠠᠭᠠᠯᠠᠭᠳᠠᠭ᠎ᠠ ᠦᠭᠡᠢ ᠤᠴᠢᠷ ᠬᠠᠨᠳᠠ ᠸᠠᠩ ᠢ ᠤᠯᠤᠰ ᠲᠥᠷᠦ ᠶᠢᠨ ᠲᠠᠪᠴᠠᠩ ᠠᠴᠠ ᠵᠠᠶᠢᠯᠠᠭᠤᠯᠬᠤ ᠠᠷᠭ᠎ᠠ ᠰᠦᠪᠡᠭᠴᠢᠯᠡᠵᠦ ᠡᠬᠢᠯᠡᠭᠰᠡᠨ ᠪᠠᠶᠢᠨ᠎ᠠ᠃ ᠨᠢᠭᠡ ᠤᠳᠠᠭ᠎ᠠ ᠪᠣᠭᠳᠠ ᠬᠠᠭᠠᠨ ᠤ ᠳᠠᠶᠢᠯᠠᠯᠭ᠎ᠠ ᠳᠤ ᠬᠣᠶᠠᠷ ᠤᠳᠠᠭ᠎ᠠ ᠵᠠᠷᠯᠠᠨ ᠪᠠᠶᠢᠵᠤ ᠬᠠᠨᠳᠠ ᠸᠠᠩ ᠢ ᠣᠴᠢᠭᠤᠯᠵᠠᠢ᠃ ᠳᠠᠶᠢᠯᠠᠯᠭ᠎ᠠ ᠳᠡᠭᠡᠷ᠎ᠡ ᠨᠡᠯᠢᠶᠡᠳ ᠬᠠᠯᠠᠮᠴᠠᠭᠰᠠᠨ ᠬᠠᠨᠳᠠ ᠸᠠᠩ ᠳᠤ ᠡᠬᠡ ᠳᠠᠭᠢᠨᠢ ᠨᠢᠭᠡᠨ ᠬᠠᠰ ᠠᠶᠠᠭ᠎ᠠ ᠲᠠᠢ ᠠᠷᠢᠬᠢ ᠪᠠᠷᠢᠭᠰᠠᠨ ᠨᠢ ᠰᠡᠵᠢᠭ ᠲᠡᠢ ᠰᠠᠨᠠᠭᠳᠠᠭᠰᠠᠨ ᠲᠤᠯᠠ ᠵᠣᠷᠢᠭᠤᠳᠠ ᠠᠯᠳᠠᠵᠤ ᠠᠰᠬᠠᠭᠰᠠᠨ ᠪᠠᠶᠢᠨ᠎ᠠ᠃ ᠵᠠᠷᠢᠮ ᠨᠣᠶᠠᠳ ᠪᠣᠭᠳᠠ ᠡᠵᠡᠨ ᠦ ᠬᠡᠰᠢᠭ ᠢ ᠮᠥᠷ ᠢᠶᠡᠷ ᠢᠶᠡᠨ ᠬᠦᠷᠲᠡᠵᠦ ᠴᠢᠳᠠᠬᠤ ᠦᠭᠡᠢ ᠠᠰᠭᠠᠵᠤ ᠴᠢᠳᠬᠤᠯ᠎ᠠ ᠬᠡᠮᠡᠨ ᠠᠭᠰᠤᠮ ᠲᠠᠯᠪᠢᠬᠤ ᠶᠠᠩᠵᠤᠲᠠᠢ ᠪᠣᠯᠬᠣᠷ ᠨᠢ ᠸᠠᠩᠲᠠᠨ ᠲᠡᠨᠳᠡ ᠡᠴᠡ ᠰᠢᠭᠤᠳ ᠭᠠᠷᠴᠤ ᠮᠣᠷᠢᠨ ᠳᠤ ᠪᠠᠨ ᠮᠣᠷᠳᠠᠨ ᠳᠠᠪᠬᠢᠨ ᠣᠳᠴᠠᠢ᠃ ᠬᠢᠶ᠎ᠠ ᠨᠠᠷ ᠨᠢ ᠲᠡᠭᠦᠨ ᠢ ᠭᠦᠢᠴᠡᠭᠰᠡᠨ ᠦᠭᠡᠢ ᠲᠤᠯᠠ ᠰᠢᠭᠤᠳ ᠸᠠᠩᠲᠠᠨ ᠤ ᠭᠡᠷ ᠲᠦ ᠢᠷᠡᠲᠡᠯ᠎ᠡ ᠸᠠᠩ ᠪᠠᠶᠢᠭᠰᠠᠨ ᠦᠭᠡᠢ᠃ ᠡᠶᠢᠨᠬᠦᠦ ᠸᠠᠩᠲᠠᠨ ᠤ ᠡᠷᠢᠯ ᠳᠦ ᠭᠠᠷᠬᠤ ᠳᠤ ᠲᠡᠭᠦᠨ ᠢ ᠳᠤᠮᠳᠠ ᠭᠣᠣᠯ ᠍ ᠤᠨ ᠮᠥᠰᠦᠨ ᠳᠡᠭᠡᠷ᠎ᠡ ᠲᠠᠷᠢᠬᠢᠨ ᠳᠤᠮᠳᠠᠭᠤᠷ ᠨᠢ ᠲᠠᠰᠢᠭᠤᠷ ᠢᠶᠠᠷ ᠪᠢᠴᠠ ᠴᠣᠬᠢᠨ ᠠᠯᠠᠭᠰᠠᠨ ᠪᠠᠶᠢᠯ ᠠ᠃ ᠲᠡᠭᠦᠨ ᠢ ᠠᠯᠠᠭᠳᠠᠭᠰᠠᠨ ᠤ ᠳᠠᠷᠠᠭ᠎ᠠ 3 ᠡᠲᠡᠭᠡᠳ ᠦᠨ ᠬᠡᠯᠡᠯᠴᠡᠭᠡᠷ ᠲᠦ ᠣᠷᠣᠵᠤ ᠪᠠᠶᠢᠭᠰᠠᠨ ᠲᠥᠯᠥᠭᠡᠯᠡᠭᠴᠢᠳ ᠢ ᠣᠷᠣᠰ᠂ ᠬᠢᠲᠠᠳ ᠤᠨ ᠲᠠᠯ᠎ᠠ ᠶᠢᠨ ᠬᠦᠰᠡᠭᠰᠡᠨ ᠬᠦᠮᠦᠰ ᠢᠶᠡᠷ ᠰᠤᠯᠢᠵᠤ᠂ ᠭᠡᠷ᠎ᠡ ᠶᠢᠨ ᠠᠭᠤᠯᠭ᠎ᠠ ᠥᠭᠡᠷᠡᠴᠢᠯᠡᠭᠳᠡᠨ ᠪᠠᠶᠢᠭᠤᠯᠤᠭᠰᠠᠨ ᠬᠢᠶᠠᠭᠲᠤ ᠶᠢᠨ ᠭᠡᠷ᠎ᠡ ᠨᠢ ᠮᠣᠩᠭᠣᠯ ᠤᠨ ᠲᠤᠰᠠᠭᠠᠷ ᠲᠣᠭᠲᠠᠨᠢᠯ ᠳᠤ ᠠᠰᠢᠭ ᠦᠭᠡᠢ ᠪᠡᠷ ᠬᠠᠷᠠᠮᠰᠠᠯᠲᠠᠢ ᠪᠠᠷ ᠡᠷᠭᠢᠵᠦ ᠪᠠᠶᠢᠭᠰᠠᠨ ᠶᠤᠮ᠃ ᠭᠡᠰᠡᠨ ᠬᠡᠳᠦᠢ ᠴᠤ ᠮᠣᠩᠭᠣᠯ ᠲᠥᠷᠥ ᠶᠢᠨ ᠣᠷᠣᠰᠢᠨ ᠲᠣᠭᠲᠠᠨᠢᠬᠤ᠂ ᠬᠥᠭᠵᠢᠨ ᠮᠠᠨᠳᠤᠬᠤ ᠦᠢᠯᠡ ᠬᠡᠷᠡᠭ ᠦᠨ ᠲᠥᠯᠥᠭᠡ ᠠᠮᠢ ᠪᠡᠶ᠎ᠡ᠂ ᠵᠠᠯᠠᠭᠤ ᠨᠠᠰᠤ᠂ ᠪᠦᠬᠦ ᠠᠮᠢᠳᠤᠷᠠᠯ ᠢᠶᠠᠨ ᠵᠣᠷᠢᠭᠤᠯᠤᠭᠰᠠᠨ ᠲᠥᠷᠥ᠂ ᠨᠡᠶᠢᠭᠡᠮ ᠤᠨ ᠨᠡᠷᠡᠲᠦ ᠵᠢᠳᠬᠦᠯᠲᠡᠨ ᠡᠷᠳᠡᠨᠢ ᠳᠠᠶᠢᠴᠢᠨ ᠴᠢᠨ ᠸᠠᠩ ᠮᠢᠨᠵᠢᠳᠳᠣᠷᠵᠢ ᠶᠢᠨ ᠬᠠᠨᠳᠤᠳᠣᠷᠵᠢ ᠶᠢᠨ ᠪᠠᠶᠢᠭᠤᠯᠤᠭᠰᠠᠨ ᠭᠠᠪᠢᠶᠠᠨ ᠤ ᠦᠷ᠎ᠡ ᠳ᠋ᠦᠩ ᠳᠦ ᠲᠤᠰᠠᠭᠠᠷ ᠲᠣᠭᠲᠠᠨᠢᠭᠰᠠᠨ ᠮᠣᠩᠭᠣᠯ ᠤᠯᠤᠰ ᠣᠷᠣᠰᠢᠨ ᠲᠣᠭᠲᠠᠨᠢᠵᠤ ᠪᠠᠶᠢᠭ᠎ᠠ ᠲᠡᠦᠬᠡ ᠲᠡᠢ ᠪᠢᠯᠡ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠠᠨ ᠵᠣᠬᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠪ᠂ ᠷᠢᠨᠴᠢᠨ ᠤ 《ᠦᠦᠷ ᠦᠨ ᠲᠤᠶᠠᠭ᠎ᠠ》 ᠷᠣᠮᠠᠨ᠂ УБ᠃
  • ᠳ᠂ ᠴᠡᠩᠮᠡᠯᠡ ᠤ 《ᠬᠠᠯᠠᠭᠤᠨ ᠰᠠᠯᠬᠢ》 ᠷᠣᠮᠠᠨ᠂ УБ᠃
  • ᠳ᠂ ᠮᠠᠭᠠᠮ ᠤ 《 ᠭᠠᠵᠠᠷ ᠰᠢᠷᠣᠢ》 ᠷᠣᠮᠠᠨ᠂ УБ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ