ᠬᠠᠨᠤᠭᠰᠠᠨ ᠦᠷᠠᠨ ᠤ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠨᠤᠭᠰᠠᠨ ᠦᠷᠠᠨ ᠤ ᠰᠤᠮᠤᠨ ᠤ ᠪᠦᠲᠦᠴᠡ

ᠬᠠᠨᠤᠭᠰᠠᠨ ᠤᠷᠠᠨ (DU, Q-metal, D-38) ᠨᠢ ᠲᠤᠭᠤᠯᠭᠠᠨ ᠠᠴᠠ 68% ᠢᠯᠡᠭᠦᠦ ᠨᠢᠭᠲᠠᠴᠠ ᠪᠠᠶᠢᠳᠠᠭ ᠤᠴᠢᠷ ᠴᠡᠷᠢᠭ ᠦᠨ ᠰᠠᠯᠪᠤᠷᠢ ᠳᠤ ᠬᠤᠶᠠᠭ ᠨᠡᠪᠲᠡᠯᠬᠦ ᠰᠤᠮᠤᠨ ᠳᠤ ᠠᠰᠢᠭᠯᠠᠳᠠᠭ᠃ ᠬᠠᠨᠤᠭᠰᠠᠨ ᠤᠷᠠᠨ ᠢ ᠮᠥᠨ ᠢᠷᠭᠡᠨ ᠦ ᠰᠠᠯᠪᠤᠷᠢ ᠳᠤ ᠣᠩᠭᠣᠴᠠᠨ ᠤ ᠲᠡᠩᠴᠡᠪᠦᠷᠢᠵᠢᠭᠦᠯᠦᠭᠴᠢ᠂ ᠰᠠᠴᠤᠷᠠᠭ ᠤᠨ ᠡᠮᠴᠢᠯᠡᠭᠡᠨ ᠦ ᠲᠥᠬᠥᠭᠡᠷᠦᠮᠵᠢᠨ ᠳᠤ ᠰᠠᠴᠤᠷᠠᠭᠠᠨ ᠠᠴᠠ ᠬᠠᠮᠠᠭᠠᠯᠠᠭᠴᠢ᠂ ᠰᠠᠴᠤᠷᠠᠭᠠᠨ ᠤ ᠬᠠᠮᠠᠭᠠᠯᠠᠯᠲᠠ ᠲᠠᠢ ᠲᠡᠮᠦᠷ ᠺᠣᠨᠲ᠋ᠧᠢᠨᠧᠷ ᠰᠠᠪᠤᠩ ᠤᠳ ᠲᠤ ᠠᠰᠢᠭᠯᠠᠳᠠᠭ᠃

ᠶᠡᠬᠡᠩᠬᠢ ᠬᠠᠨᠤᠭᠰᠠᠨ ᠤᠷᠠᠨ ᠲᠠᠢ ᠰᠤᠮᠤ 30 ᠮᠢᠯᠯᠢᠮᠧᠲ᠋ᠷ ᠤᠨ ᠺᠠᠯᠢᠪᠷ ᠤᠨ ᠰᠤᠮᠤᠨ ᠨᠤᠭᠤᠳ ᠶᠤᠮ᠃ ᠠᠮᠧᠷᠢᠺᠠ ᠶᠢᠨ ᠨᠢᠭᠡᠳᠦᠭᠰᠡᠨ ᠤᠯᠤᠰ ᠤᠨ ᠵᠡᠪᠰᠡᠭᠯᠡᠯ ᠳᠦ 30 ᠮᠢᠯᠯᠢᠮᠧᠲ᠋ᠷ ᠶᠢᠨ PGU-14/B ᠭᠡᠳᠡᠭ ᠬᠤᠶᠠᠭ ᠨᠡᠪᠲᠡᠯᠦᠭᠴᠢ ᠰᠢᠲᠠᠳᠠᠭ ᠶᠡᠬᠡ ᠪᠤᠤᠨ ᠤ ᠰᠤᠮᠤᠨ ᠳᠤ᠂ 25 ᠮᠢᠯᠯᠢᠮᠧᠲ᠋ᠷ ᠤᠨ M242 ᠭᠡᠳᠡᠭ ᠪᠠᠶᠢᠯᠳᠤᠭᠠᠨ ᠤ ᠬᠥᠯᠥᠭ ᠦᠨ ᠪᠤᠤᠨ ᠳᠤ ᠠᠰᠢᠭᠯᠠᠳᠠᠭ᠃

ᠬᠠᠨᠤᠭᠰᠠᠨ ᠤᠷᠠᠨ ᠲᠠᠢ ᠰᠤᠮᠤ

ᠮᠥᠨ ᠺᠢᠨᠧᠲ᠋ᠢᠭ ᠡᠨᠧᠷᠭᠢ ᠶᠢᠨ ᠬᠤᠶᠠᠭ ᠨᠡᠪᠲᠡᠯᠦᠭᠴᠢ ᠶᠢᠨ ᠵᠣᠷᠢᠭᠤᠯᠤᠯᠲᠠ ᠪᠠᠷ ᠠᠪᠷᠠᠮᠰᠠ ᠲᠠᠩᠺᠠᠨ ᠤ ᠰᠠᠮᠠᠨ ᠳᠤ ᠠᠰᠢᠭᠯᠠᠭᠳᠠᠳᠠᠭ᠃

ᠬᠠᠨᠤᠭᠰᠠᠨ ᠦᠷᠠᠨ ᠤ ᠰᠤᠮᠤᠨ ᠤ ᠦᠵᠦᠭᠦᠷ ᠬᠤᠶᠠᠭᠠᠨ ᠤ ᠭᠠᠳᠠᠨ᠎ᠠ ᠬᠦᠷᠬᠦ ᠳᠦ ᠪᠤᠲᠠᠷᠠᠴᠢ ᠳᠠᠷᠤᠭ᠎ᠠ ᠶᠢᠨ ᠬᠡᠰᠡᠭ ᠨᠢ ᠱᠣᠪᠬᠣ ᠪᠣᠯᠳᠠᠭ ᠲᠡᠭᠡᠭᠡᠳ ᠪᠠᠭ᠎ᠠ ᠪᠠᠭ᠎ᠠ ᠪᠠᠷ ᠬᠤᠶᠠᠭ᠎ᠠ ᠶᠢ ᠴᠥᠮᠥᠯᠵᠦ ᠳᠣᠲᠣᠭᠰᠢ ᠨᠡᠪᠲᠡᠷᠬᠡ ᠳᠦ ᠰᠢᠲᠠᠯᠲᠠ ᠡᠭᠦᠰᠴᠢ ᠲᠠᠩᠺ ᠪᠠ ᠮᠠᠰᠢᠨ ᠤ ᠳᠣᠲᠣᠷᠠᠬᠢ ᠶᠢ ᠰᠢᠲᠠᠭᠠᠳᠠᠭ᠃ 1993 ᠣᠨ ᠤ ᠢᠷᠠᠺ ᠤᠨ ᠴᠡᠷᠢᠭ ᠦᠨ ᠠᠵᠢᠯᠯᠠᠭᠠᠨ ᠳᠤ North Atlantic Treaty Organization ᠍ ᠤᠨ ᠬᠦᠴᠦᠨ 1000 ᠲᠣᠨ ᠭᠠᠷᠤᠢ ᠬᠠᠨᠤᠭᠰᠠᠨ ᠤᠷᠠᠨ ᠲᠠᠢ ᠰᠤᠮᠤ ᠶᠢ ᠠᠰᠢᠭᠯᠠᠵᠠᠢ᠃

ᠣᠳᠣ ᠪᠠᠷ 17-20 ᠣᠷᠣᠨ ᠤ ᠵᠢᠪᠡᠭ᠍ᠰᠡᠯᠡᠯ ᠳᠦ ᠡᠨᠡ ᠰᠤᠮᠤ ᠶᠢ ᠠᠰᠢᠭᠯᠠᠳᠠᠭ᠃

ᠰᠠᠴᠤᠷᠠᠭ ᠤᠨ ᠪᠣᠬᠢᠷᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠨᠤᠭᠰᠠᠨ ᠤᠷᠠᠨ ᠲᠠᠢ ᠰᠤᠮᠤ ᠶᠢ ᠬᠡᠷᠡᠭᠯᠡᠭᠰᠡᠨ ᠦ ᠳᠠᠷᠠᠭ᠎ᠠ ᠪᠠᠶᠢᠭᠠᠯᠢ ᠤᠷᠴᠢᠨ ᠳᠤ ᠮᠠᠰᠢ ᠶᠡᠬᠡ ᠬᠡᠮᠵᠢᠶᠡᠨ ᠦ ᠬᠣᠣᠷ ᠲᠠᠢ ᠰᠠᠴᠤᠷᠠᠭ ᠤᠨ ᠪᠣᠬᠢᠷᠳᠠᠯ ᠦᠯᠡᠳᠡᠳᠡᠭ᠃ 2003 ᠣᠨ ᠠᠴᠠ ᠬᠣᠶᠢᠰᠢ ᠢᠷᠠᠺ ᠲᠤ ᠬᠢᠭᠰᠡᠨ North Atlantic Treaty Organization ᠍ ᠦᠨ ᠳᠠᠶᠢᠨ ᠦ ᠤᠷᠰᠢᠭ ᠢᠶᠠᠷ ᠦᠷᠠᠨ ᠤ ᠰᠤᠮᠤᠨ ᠤ ᠰᠠᠴᠤᠷᠠᠭ ᠤᠨ ᠪᠣᠬᠢᠷᠳᠠᠯ ᠠᠴᠠ ᠮᠠᠰᠢ ᠣᠯᠠᠨ ᠮᠢᠩᠭᠠᠨ ᠰᠠᠴᠤᠷᠠᠭ ᠤᠨ ᠬᠣᠣᠷᠳᠠᠯᠲᠠ ᠶᠢᠨ ᠭᠠᠵᠢᠭ ᠲᠠᠢ ᠬᠡᠦᠬᠡᠳ ᠦᠳ ᠲᠦᠷᠦᠭᠰᠡᠨ ᠶᠤᠮ᠃ ᠢᠷᠠᠺ ᠲᠤ ᠨᠡᠶᠢᠲᠡ 350 ᠭᠠᠷᠤᠢ ᠬᠣᠲᠠ ᠰᠠᠭᠤᠷᠢᠨᠤᠭ ᠤᠳ ᠬᠠᠩᠰᠠᠨ ᠦᠷᠠᠨ ᠤ ᠰᠤᠮᠤᠨ ᠤ ᠰᠠᠴᠤᠷᠠᠭ ᠤᠨ ᠪᠣᠬᠢᠷᠳᠠᠯ ᠢᠶᠠᠷ ᠰᠦᠢᠳᠬᠡᠭᠳᠡᠵᠡᠢ᠃ [1]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. http://www.tandfonline.com/doi/pdf/10.1080/13623699.2013.765173 ᠬᠠᠨᠤᠭᠰᠠᠨ ᠦᠷᠠᠨ ᠤ ᠰᠠᠴᠤᠷᠠᠭ ᠤᠨ ᠪᠣᠬᠢᠷᠳᠠᠯ ᠢᠷᠠᠺ ᠲᠤ᠂ ᠠᠦᠢᠰᠲᠷᠶ᠎ᠠ ᠸᠸᠨ ᠤᠨ ᠶᠡᠬᠡ ᠰᠤᠷᠭᠠᠭᠤᠯᠢ᠃

ᠪᠢᠴᠢᠭᠡᠰᠦ