ᠫᠸᠷᠢᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠫᠸᠷᠢᠰ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: Sub Umbra Floreo</br>(ᠮᠣᠳᠣᠳ ᠤᠨ ᠰᠡᠭᠦᠳᠡᠷ ᠳᠣᠣᠷ᠎ᠠ ᠴᠡᠴᠡᠭᠯᠡᠨ ᠬᠥᠭᠵᠢᠨ᠎ᠡ)
ᠲᠥᠷᠥ ᠵᠠᠰᠠᠭ ᠫᠠᠷᠯᠠᠮᠧᠨᠲ ᠤᠨ ᠠᠷᠠᠳᠴᠢᠯᠠᠭᠰᠠᠨ᠂ ᠦᠨᠳᠦᠰᠦᠨ ᠬᠠᠤᠯᠢᠳᠤ ᠬᠠᠭᠠᠨᠲᠤ ᠵᠠᠰᠠᠭᠯᠠᠯ
 -  ᠪᠧᠯᠢᠽᠢ ᠶᠢᠨ ᠬᠠᠲᠤᠨ ᠬᠠᠭᠠᠨ ᠡᠯᠢᠽᠠᠸᠧᠲ II (ᠶᠡᠬᠡ ᠪᠷᠢᠲ᠋ᠠᠨ ᠦ ᠬᠠᠲᠤᠨ ᠬᠠᠭᠠᠨ)
 -  ᠪᠧᠯᠢᠽᠢ ᠶᠢᠨ ᠶᠡᠷᠦᠩᠬᠡᠢ ᠵᠠᠬᠢᠷᠤᠭᠴᠢ ᠰᠡᠷ ᠺᠣᠯᠪᠢᠯ ᠶᠠᠩ ᠢ
 -  ᠪᠧᠯᠢᠽᠢ ᠶᠢᠨ ᠶᠡᠷᠦᠩᠬᠡᠢ ᠰᠠᠶᠢᠳ ᠳ᠋ᠢᠩ ᠪᠠᠷᠷᠣᠤ
 -  ᠭᠠᠳᠠᠷᠭᠤ ᠶᠢᠨ ᠤᠰᠤ (%) 0.7
ᠬᠦᠮᠦᠨ ᠠᠮᠠ
 -  ᠲᠣᠭᠠᠴᠠᠭ᠎ᠠ () 320,000 
ᠬᠡᠦᠬᠡᠳ ᠦᠨ ᠬᠥᠭᠵᠢᠯ ᠦᠨ ᠢᠨᠳᠧᠺᠰ  0.777 (80)
ᠮᠥᠩᠭᠥᠨ ᠦ ᠨᠢᠭᠡᠴᠡ ᠫᠸᠷᠢᠰ ᠫᠧᠰᠣ )
ᠴᠠᠭ ᠤᠨ ᠪᠥᠰᠡ -6
ᠤᠲᠠᠰᠤᠨ ᠤ ᠲᠣᠮᠢᠶ᠎ᠠ 501

ᠫᠸᠷᠢᠰ (ᠠᠩᠭᠯᠢ ᠪᠠᠷ Belize) ᠨᠢ ᠲᠥᠪ ᠠᠮᠧᠷᠢᠺᠠ ᠶᠢᠨ ᠤᠯᠤᠰ ᠤᠳ ᠤᠨ ᠳᠤᠮᠳᠠ ᠠᠴᠠ ᠭᠠᠭᠴᠠᠭᠠᠷ ᠢᠶᠠᠨ ᠠᠩᠭᠯᠢ ᠬᠡᠯᠡ ᠶᠢ ᠠᠯᠪᠠᠨ ᠶᠣᠰᠣᠨ ᠤ ᠬᠡᠯᠡ ᠪᠡᠨ ᠪᠣᠯᠭᠠᠭᠰᠠᠨ ᠤᠯᠤᠰ ᠶᠤᠮ᠃ 1973 ᠣᠨ ᠬᠦᠷᠲᠡᠯ᠎ᠡ ᠪᠷᠢᠲ᠋ᠠᠨ(ᠠᠩᠭᠯᠢ) ᠍ ᠶᠢᠨ ᠭᠣᠩ ᠳᠤᠷᠠᠰ ᠭᠡᠵᠦ ᠨᠡᠷᠡᠯᠡᠭᠳᠡᠳᠡᠭ ᠪᠠᠶᠢᠭᠰᠠᠨ ᠪᠷᠢᠲ᠋ᠠᠨ(ᠠᠩᠭᠯᠢ) ᠤᠨ ᠺᠣᠯᠣᠨᠢ ᠤᠯᠤᠰ ᠪᠠᠶᠢᠴᠠᠢ᠃ 1981 ᠣᠨ ᠳᠤ ᠶᠡᠬᠡ ᠪᠷᠢᠲ᠋ᠠᠨ ᠦ ᠬᠠᠮᠲᠤ ᠶᠢᠨ ᠨᠥᠬᠥᠷᠯᠡᠯ ᠦᠨ ᠣᠷᠣᠨ ᠨᠤᠭᠤᠳ ᠤᠨ ᠬᠣᠯᠪᠣᠭᠠᠨ ᠤ ᠬᠦᠷᠢᠶᠡᠨ ᠳᠦ ᠲᠤᠰᠠᠭᠠᠷ ᠲᠣᠭᠲᠠᠨᠢᠭᠰᠠᠨ ᠪᠠᠶᠢᠨ᠎ᠠ᠃ ᠫᠸᠷᠢᠰ ᠨᠢ ᠺᠠᠷᠠᠪ ᠤᠨ ᠬᠣᠯᠪᠣᠭ᠎ᠠ /CARICOM/, Sistema de Integración Centroamericana (SICA) ᠭᠡᠰᠢᠭᠦᠨ ᠣᠷᠣᠨ ᠶᠤᠮ᠃ ᠨᠤᠲᠤᠭ ᠳᠡᠪᠢᠰᠬᠡᠷ ᠦᠨ ᠬᠡᠮᠵᠢᠶ᠎ᠡ ᠨᠢ 22,960 km² ᠪᠠ 297,651 /2007 ᠣᠨ ᠢᠶᠠᠷ/ ᠬᠦᠮᠦᠨ ᠠᠮᠠ ᠲᠠᠢ᠃ ᠬᠦᠮᠦᠨ ᠠᠮᠠ ᠶᠢᠨ ᠨᠢᠭᠲᠠᠰᠢᠯ ᠍ ᠤᠨ ᠬᠤᠪᠢ ᠳᠤ ᠲᠥᠪᠠᠮᠧᠷᠢᠺᠠ ᠶᠢᠨ ᠪᠥᠰᠡ ᠨᠤᠲᠤᠭ ᠲᠤ ᠬᠠᠮᠤᠭ ᠤᠨ ᠪᠠᠭ᠎ᠠ ᠪᠥᠭᠡᠳ ᠳᠡᠯᠡᠬᠡᠢᠨ ᠬᠠᠮᠤᠭ ᠤᠨ ᠪᠠᠭ᠎ᠠ ᠨᠢᠭᠲᠠᠰᠢᠯ ᠲᠠᠢ ᠤᠯᠤᠰ ᠤᠳ ᠤᠨ ᠨᠢᠭᠡ ᠶᠤᠮ᠃ ᠭᠡᠬᠦ ᠳᠦ ᠪᠡᠨ ᠬᠦᠮᠦᠨ ᠠᠮᠠ ᠶᠢᠨ ᠥᠰᠦᠯᠲᠡ ᠨᠢ 2006 ᠣᠨ ᠳᠤ 3,6 ᠬᠤᠪᠢ ᠪᠠᠶᠢᠭᠰᠠᠨ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠨᠤᠷᠤᠨᠢᠴ᠂ ᠫᠸᠷᠢᠰ

ᠪᠧᠯᠢᠽᠢ ᠶᠢᠨ ᠠᠭᠤᠭᠤᠯ ᠣᠷᠣᠰᠢᠨ ᠰᠠᠭᠤᠭᠴᠢᠳ ᠨᠢ ᠮᠠᠶᠢᠶ᠎ᠠ ᠭᠡᠵᠦ ᠪᠢᠳᠡᠨ ᠦ ᠨᠡᠷᠡᠯᠡᠳᠡᠭ ᠲᠥᠪ ᠠᠮᠧᠷᠢᠺᠠ ᠶᠢᠨ ᠠᠭᠤᠭᠤᠯ ᠢᠷᠭᠡᠳ ᠶᠤᠮ᠃ ᠮᠠᠨ ᠤ ᠡᠷᠡᠨ ᠦ ᠡᠮᠦᠨ᠎ᠡ 1500 ᠣᠨ᠂ ᠮᠠᠨ ᠤ ᠡᠷᠡᠨ ᠦ 300-900 ᠣᠨ ᠤ ᠬᠣᠭᠣᠷᠣᠨᠳᠣ ᠥᠨᠥ ᠶᠢᠨ ᠪᠧᠯᠢᠽᠢ ᠶᠢᠨ ᠨᠤᠲᠤᠭ ᠲᠤ ᠮᠠᠶᠠᠭ᠎ᠠ ᠶᠢᠨ ᠰᠤᠶᠤᠯ ᠢᠷᠭᠡᠨᠰᠢᠯ ᠴᠡᠴᠡᠭᠯᠡᠨ ᠬᠥᠭᠵᠢᠵᠦ ᠪᠠᠶᠢᠪᠠ᠃ 1638 ᠣᠨ ᠳᠤ ᠠᠩᠬᠠᠨ ᠤ ᠧᠦ᠋ᠷᠣᠫᠠ ᠬᠦᠮᠦᠰ ᠪᠣᠯᠬᠤ ᠠᠩᠭᠯᠢᠴᠢ ᠨᠤᠭᠤᠳ ᠬᠦᠷᠴᠦ ᠢᠷᠡᠭᠰᠡᠨ ᠪᠠᠶᠢᠨ᠎ᠠ᠃ᠫᠸᠷᠢᠰ ᠭᠡᠬᠦ ᠨᠡᠷ᠎ᠡ ᠨᠢ ᠲᠤᠰ ᠭᠠᠵᠠᠷ ᠠᠩᠬ᠎ᠠ ᠣᠷᠣᠰᠢᠨ ᠰᠠᠭᠤᠭᠰᠠᠨ ᠪᠷᠢᠲ᠋ᠠᠨ(ᠠᠩᠭᠯᠢ) ᠤᠨ ᠳᠠᠯᠠᠢ ᠶᠢᠨ ᠳᠡᠭᠡᠷᠡᠮᠴᠢᠨ ᠫ᠃ᠤᠣᠯᠯᠧᠰ ᠤᠨ ᠨᠡᠷᠡᠨ ᠡᠴᠡ ᠡᠭᠦᠰᠦᠭᠰᠡᠨ ᠭᠡᠵᠦ ᠦᠵᠡᠳᠡᠭ ᠪᠥᠭᠡᠳ ᠢᠰᠫᠠᠨᠢ ᠬᠡᠯᠡᠡᠭᠡᠷᠡ ᠫᠸᠷᠢᠰ ᠭᠡᠵᠦ ᠳᠠᠭᠤᠳᠠᠭᠳᠠᠬᠤ ᠪᠣᠯᠵᠠᠢ᠃ ᠥᠨᠥᠳᠥᠷ ᠢ ᠬᠦᠷᠲᠡᠯ᠎ᠡ ᠪᠧᠯᠢᠰ ᠲᠦ ᠢᠰᠫᠠᠨᠢ ᠬᠡᠯᠡ ᠥᠷᠭᠡᠨ ᠬᠡᠷᠡᠭᠯᠡᠭᠳᠡᠵᠦ ᠪᠠᠶᠢᠭᠰᠠᠨ ᠴᠤ ᠢᠰᠫᠠᠨᠢᠴᠤᠳ ᠤᠨ ᠳᠠᠪᠠᠭᠤ ᠪᠠᠶᠢᠳᠠᠯ ᠪᠤᠢ ᠪᠣᠯᠤᠭ᠎ᠠ ᠦᠭᠡᠢ ᠶᠤᠮ᠃ 1770 ᠍ ᠊ᠭᠠᠳ ᠣᠨ ᠠᠴᠠ ᠡᠬᠢᠯᠡᠨ ᠠᠩᠭᠯᠢᠴᠢ ᠨᠤᠭᠤᠳ ᠫᠸᠷᠢᠰ ᠡᠴᠡ ᠮᠣᠳᠣ ᠪᠡᠯᠡᠳᠬᠡᠵᠦ᠂ ᠨᠣᠣᠰᠣᠨ ᠤ ᠪᠤᠳᠤᠭᠠᠨ ᠤ ᠲᠦᠭᠦᠬᠡᠢ ᠡᠳ᠋ ᠍ ᠢ ᠦᠢᠯᠡᠳᠪᠦᠷᠢᠯᠡᠨ ᠡᠺᠰᠫᠣᠷᠲᠯᠠᠳᠠᠭ ᠪᠠᠶᠢᠴᠠᠢ᠃ 1900 ᠣᠨ ᠤ ᠡᠬᠢᠨ ᠦᠶ᠎ᠡ ᠬᠦᠷᠲᠡᠯ᠎ᠡ ᠪᠧᠯᠢᠽᠢ ᠶᠢᠨ ᠡᠳ᠋ ᠍ ᠦᠨ ᠵᠠᠰᠠᠭ ᠤᠯᠠᠭᠠᠨ ᠽᠠᠨᠳᠠᠨ ᠮᠣᠳᠣᠨ ᠤ ᠡᠺᠰᠫᠣᠷᠲ ᠳᠡᠭᠡᠷ᠎ᠡ ᠲᠤᠯᠭᠠᠭᠤᠷᠢᠯᠠᠭᠳᠠᠵᠤ ᠪᠠᠶᠢᠭᠰᠠᠨ ᠪᠠ ᠣᠳᠣ ᠰᠢᠬᠢᠷ ᠦᠨ ᠨᠢᠰᠢᠩᠭᠦ᠂ ᠡᠷᠳᠡᠨᠢᠰᠢᠰᠢ ᠪᠠ ᠴᠢᠲ᠋ᠷᠤᠰ ᠤᠨ ᠲᠥᠷᠥᠯ ᠦᠨ ᠪᠦᠲᠦᠭᠡᠭᠳᠡᠬᠦᠨ ᠨᠦᠭᠦᠳ᠂ ᠭᠠᠳᠢᠯ ᠵᠢᠮᠢᠰᠨᠢᠭᠢ ᠦᠢᠯᠡᠳᠪᠦᠷᠢᠯᠡᠯ ᠨᠡᠯᠢᠶᠡᠳ ᠨᠥᠯᠥᠭᠡ ᠲᠡᠢ ᠪᠣᠯᠤᠭᠠᠳ ᠪᠠᠶᠢᠨ᠎ᠠ᠃ 1961 ᠣᠨ ᠳᠤ ᠪᠣᠯᠤᠭᠰᠠᠨ ᠬᠠᠲᠲ᠋ᠢ ᠬᠠᠷ᠎ᠠ ᠰᠠᠯᠬᠢ ᠪᠧᠯᠢᠰ ᠲᠦ ᠨᠣᠴᠢᠲᠠᠢ ᠬᠣᠬᠢᠷᠠᠯ ᠤᠴᠠᠷᠠᠭᠤᠯᠤᠭᠰᠠᠨ ᠪᠠᠶᠢᠨ᠎ᠠ᠃ ᠪᠧᠯᠢᠽᠢ ᠶᠢᠨ ᠳᠠᠯᠠᠢ ᠶᠢᠨ ᠡᠷᠭᠢ ᠳᠦ ᠤᠷᠤᠰᠢᠬᠤ ᠨᠡᠶᠢᠰᠯᠡᠯ ᠬᠣᠲᠠ ᠳᠠᠯᠠᠢ ᠶᠢᠨ ᠲᠦᠪᠰᠢᠨ ᠡᠴᠡ ᠳᠣᠣᠷ᠎ᠠ ᠣᠷᠣᠰᠢᠳᠠᠭ ᠪᠠᠶᠢᠭᠰᠠᠨ ᠨᠢ ᠬᠡᠲᠦᠷᠬᠡᠢ ᠠᠶᠤᠯ ᠲᠠᠢ ᠪᠠᠶᠢᠳᠠᠯ ᠢ ᠡᠭᠦᠰᠬᠡᠵᠡᠢ᠃ ᠡᠶᠢᠮᠦ ᠡᠴᠡ ᠪᠷᠢᠲ᠋ᠠᠨ(ᠠᠩᠭᠯᠢ) ᠤᠨ ᠺᠣᠯᠣᠨᠢ ᠪᠠᠶᠢᠭᠰᠠᠨ ᠲᠤᠰ ᠤᠯᠤᠰ ᠤᠨ ᠨᠡᠶᠢᠰᠯᠡᠯᠡᠶᠢᠭ ᠡᠬᠡ ᠭᠠᠵᠠᠷ ᠤᠨ ᠲᠥᠪ ᠷᠦᠦ ᠪᠧᠯᠮᠣᠫᠠᠨ ᠬᠣᠳᠠ ᠳᠤ ᠰᠢᠯᠢᠭᠦᠯᠵᠦ᠂ 1970 ᠍ ᠊ᠭᠠᠳ ᠣᠨ ᠳᠤ ᠠᠭᠠᠵᠢᠮ ᠢᠶᠠᠷ ᠲᠥᠷᠥ᠂ ᠵᠠᠬᠢᠷᠭᠠᠨ ᠤ ᠪᠠᠶᠢᠭᠤᠯᠤᠯᠭ᠎ᠠ ᠨᠤᠭᠤᠳ ᠲᠡᠰᠢ ᠪᠦᠷᠢᠨ ᠨᠡᠭᠦᠵᠦ ᠰᠠᠭᠤᠷᠢᠰᠢᠭᠰᠠᠨ ᠪᠠᠶᠢᠨ᠎ᠠ᠃ 1964 ᠣᠨ ᠤ 1 ᠰᠠᠷ᠎ᠠ ᠳᠤ ᠠᠮᠧᠷᠢᠺᠠ ᠶᠢᠨ ᠡᠬᠡ ᠭᠠᠵᠠᠷ ᠳᠠᠬᠢ ᠶᠡᠬᠡ ᠪᠷᠢᠲ᠋ᠠᠨ(ᠠᠩᠭᠯᠢ) ᠤᠨ ᠰᠡᠭᠦᠯᠴᠢ ᠶᠢᠨ ᠺᠣᠯᠣᠨᠢ ᠪᠷᠢᠲ᠋ᠠᠨ(ᠠᠩᠭᠯᠢ) ᠤᠨ ᠭᠣᠩ ᠳᠤᠷᠠᠰ ᠥᠪᠡᠷᠲᠡᠭᠡᠨ ᠵᠠᠰᠠᠬᠤ ᠡᠷᠬᠡ ᠪᠦᠬᠦᠢ ᠺᠣᠯᠣᠨᠢ ᠶᠢᠨ ᠰᠲ᠋ᠠᠲ᠋ᠦ᠋ᠰ ᠲᠠᠢ ᠪᠣᠯᠤᠭᠰᠠᠨ ᠪᠥᠭᠡᠳ 1973 ᠣᠨ ᠳᠤ ᠫᠸᠷᠢᠰ ᠬᠡᠮᠡᠬᠦ ᠨᠡᠷ᠎ᠡ ᠲᠡᠢ ᠪᠣᠯᠵᠠᠢ᠃ ᠬᠥᠷᠰᠢ ᠭᠸᠠᠲ᠋ᠧᠮᠠᠯ ᠤᠯᠤᠰ ᠪᠧᠯᠢᠽᠢ ᠶᠢᠨ ᠲᠤᠰᠠᠭᠠᠷ ᠲᠣᠭᠲᠠᠨᠢᠯ ᠢ ᠠᠯᠪᠠᠨ ᠶᠣᠰᠣᠭᠠᠷ ᠬᠦᠯᠢᠶᠡᠨ ᠵᠥᠪᠰᠢᠶᠡᠷᠡᠬᠦ ᠦᠭᠡᠢ ᠪᠠᠶᠢᠭᠰᠠᠨ ᠴᠤ ᠲᠤᠰ ᠤᠯᠤᠰ ᠵᠣᠷᠵᠢ ᠫᠷᠠᠶᠢᠰ ᠍ ᠤᠨ ᠤᠳᠤᠷᠢᠳᠤᠯᠭ᠎ᠠ ᠳᠣᠣᠷ᠎ᠠ 1981 ᠣᠨ ᠤ 9 ᠰᠠᠷ᠎ᠠ ᠶᠢᠨ 21 ᠍ ᠳᠦ ᠪᠦᠷᠢᠨ ᠲᠤᠰᠠᠭᠠᠷ ᠲᠣᠭᠲᠠᠨᠢᠭᠰᠠᠨ ᠪᠠᠶᠢᠨ᠎ᠠ᠃ ᠭᠸᠠᠲ᠋ᠧᠮᠠᠯ ᠤᠯᠤᠰ ᠪᠧᠯᠢᠽᠢ ᠶᠢᠨ ᠪᠦᠬᠦ ᠲᠡᠦᠬᠡ ᠶᠢᠨ ᠲᠤᠷᠰᠢ ᠥᠪᠡᠷ ᠦᠨ ᠨᠢᠭᠡ ᠬᠡᠰᠡᠭ ᠭᠡᠵᠦ ᠦᠵᠡᠨ ᠭᠠᠵᠠᠷ ᠤᠨ ᠵᠢᠷᠤᠭᠲᠤ ᠪᠠᠨ 23 ᠳᠠᠬᠢ ᠮᠤᠵᠢ ᠪᠠᠨ ᠪᠣᠯᠭᠠᠨ ᠲᠡᠮᠳᠡᠭᠯᠡᠳᠡᠭ ᠪᠠᠶᠢᠭᠰᠠᠨ᠃ 2007 ᠣᠨ ᠤ 3 ᠰᠠᠷ᠎ᠠ ᠶᠢ ᠬᠦᠷᠲᠡᠯ᠎ᠡ ᠶᠡᠬᠡ ᠪᠷᠢᠲ᠋ᠠᠨᠢ᠂ CARICOM ᠍ ᠤᠨ ᠵᠠᠰᠠᠭ ᠤᠨ ᠭᠠᠵᠠᠷ ᠤᠨ ᠲᠡᠷᠢᠭᠦᠨ ᠨᠦᠭᠦᠳ᠂ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠵᠠᠭᠤᠴᠢᠯᠠᠯ ᠲᠠᠢ ᠪᠠᠷ ᠡᠨᠡ ᠪᠠᠶᠢᠳᠠᠯ ᠢ ᠵᠣᠬᠢᠴᠠᠭᠤᠯᠬᠤ ᠶᠢ ᠣᠷᠣᠯᠳᠤᠭᠰᠠᠨ ᠪᠣᠯᠪᠠᠴᠤ ᠲᠡᠳᠦᠶᠢᠯᠡᠨ ᠦᠷ᠎ᠡ ᠳ᠋ᠦᠩ ᠳᠦ ᠬᠦᠷᠢᠶ᠎ᠡ ᠭᠦᠢ ᠪᠠᠶᠢᠨ᠎ᠠ᠃ ᠪᠧᠯᠢᠽᠢ ᠶᠢ ᠲᠤᠰᠠᠭᠠᠷ ᠲᠣᠭᠲᠠᠨᠢᠭᠰᠠᠨ ᠠᠴᠠ ᠬᠣᠶᠢᠰᠢ ᠲᠤᠰ ᠤᠯᠤᠰ ᠤᠨ ᠬᠦᠰᠡᠯᠲᠦ ᠪᠡᠷ ᠶᠡᠬᠡ ᠪᠷᠢᠲ᠋ᠠᠨ(ᠠᠩᠭᠯᠢ) ᠤᠨ ᠭᠠᠷᠨᠢᠽᠣᠨ ᠪᠠᠶᠢᠩᠭᠤ ᠪᠠᠶᠢᠷᠢᠯᠠᠵᠤ ᠪᠠᠶᠢᠭ᠎ᠠ ᠪᠢᠯᠡ᠃ ᠭᠡᠬᠦ ᠳᠦ ᠪᠡᠨ ᠫᠸᠷᠢᠰ ᠪᠠ ᠭᠸᠠᠲ᠋ᠧᠮᠠᠯ ᠤᠨ ᠠᠯᠢ ᠠᠯᠢ ᠨᠢ ᠡᠩᠬᠡ ᠶᠢᠨ ᠶᠠᠷᠢᠶ᠎ᠠ ᠬᠡᠯᠡᠯᠴᠡᠭᠡᠨ ᠦ ᠵᠠᠮ ᠢᠶᠠᠷ ᠠᠰᠠᠭᠤᠳᠠᠯ ᠢ ᠰᠢᠢᠳᠬᠦ ᠪᠠᠶᠢᠷᠢ ᠰᠠᠭᠤᠷᠢ ᠲᠠᠢ ᠪᠠᠶᠢᠳᠠᠭ᠃


ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠸᠷᠢᠰ ᠨᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠶᠢᠨ ᠭᠡᠰᠢᠭᠦᠨ᠂ ᠫᠠᠷᠯᠠᠮᠧᠨᠲ ᠤᠨ ᠵᠠᠰᠠᠭᠯᠠᠯ ᠲᠠᠢ ᠤᠯᠤᠰ ᠶᠤᠮ᠃ ᠲᠥᠷᠥ ᠶᠢᠨ ᠲᠡᠷᠢᠭᠦᠨ ᠨᠢ ᠶᠡᠬᠡ ᠪᠷᠢᠲ᠋ᠠᠨ(ᠠᠩᠭᠯᠢ) ᠤᠨ ᠬᠠᠲᠤᠨ ᠬᠠᠭᠠᠨ II ᠢᠯᠢᠽᠡᠪᠡᠢᠰ ᠪᠥᠭᠡᠳ ᠠᠮᠪᠠᠨ ᠵᠠᠬᠢᠷᠤᠭᠴᠢ ᠢᠶᠠᠷ ᠲᠥᠯᠦᠭᠡᠯᠡᠭᠦᠯᠦᠨ ᠤᠳᠤᠷᠢᠳᠥᠳᠠᠭ᠃ ᠵᠠᠰᠠᠭ ᠤᠨ ᠭᠠᠵᠠᠷ ᠤᠨ ᠲᠡᠷᠢᠭᠦᠨ ᠨᠢ ᠶᠡᠷᠦᠩᠬᠡᠢ ᠰᠠᠶᠢᠳ ᠪᠥᠭᠡᠳ ᠠᠯᠢᠪ ᠰᠢᠢᠳᠪᠦᠷᠢ ᠭᠠᠷᠭᠠᠬᠤ ᠠᠮᠪᠠᠨ ᠵᠠᠬᠢᠷᠤᠭᠴᠢ ᠶᠢᠨ ᠡᠭᠦᠷᠭᠡ ᠭᠦᠢᠴᠡᠳᠭᠡᠳᠡᠭ᠃ ᠰᠣᠩᠭᠣᠭᠤᠯᠢ ᠪᠠᠷ ᠣᠯᠠᠩᠬᠢ ᠪᠣᠯᠤᠭᠰᠠᠨ ᠤᠯᠤᠰ ᠲᠥᠷᠥ ᠶᠢᠨ ᠨᠠᠮ ᠵᠠᠰᠠᠭ ᠤᠨ ᠭᠠᠵᠠᠷ ᠤᠨ ᠺᠠᠪᠢᠨᠧᠲ ᠤᠨ ᠭᠡᠰᠢᠭᠦᠳ ᠢ ᠪᠦᠷᠢᠳᠦᠭᠦᠯᠳᠡᠭ᠃ ᠪᠧᠯᠢᠽᠢ ᠶᠢᠨ ᠦᠨᠳᠦᠰᠦᠨ ᠦ ᠠᠰᠰᠧᠮᠪᠯᠧᠢ ᠨᠢ ᠲᠥᠯᠥᠭᠡᠯᠡᠭᠴᠢᠳ ᠦᠨ ᠣᠷᠳᠣᠨ ᠪᠠ ᠰᠧᠨᠠᠲ ᠭᠡᠰᠡᠨ 2 ᠲᠠᠩᠬᠢᠮ ᠲᠠᠢ᠃ ᠪᠦᠬᠦ ᠨᠡᠶᠢᠲᠡ ᠶᠢᠨ ᠰᠣᠩᠭᠣᠭᠤᠯᠢ ᠪᠠᠷ ᠲᠥᠯᠥᠭᠡᠯᠡᠭᠴᠢᠳ ᠦ ᠲᠠᠩᠬᠢᠮ ᠤᠨ 21 ᠭᠡᠰᠢᠭᠦᠨ ᠢ 5 ᠵᠢᠯ ᠦᠨ ᠬᠤᠭᠤᠴᠠᠭ᠎ᠠ ᠲᠠᠢ ᠪᠠᠷ ᠬᠤᠯ ᠲᠣᠭᠲᠠᠭᠠᠬᠤ ᠳᠡᠭᠡᠳᠦ ᠪᠠᠶᠢᠭᠤᠯᠤᠯᠭ᠎ᠠ ᠪᠣᠯᠭᠠᠨ ᠰᠣᠩᠭᠣᠳᠠᠭ᠃ ᠰᠧᠨᠠᠲ ᠨᠢ ᠣᠷᠳᠣᠨ ᠤ ᠪᠠᠲᠤᠯᠠᠬᠤ ᠬᠠᠤᠯᠢ ᠶᠢᠨ ᠲᠥᠰᠥᠯ ᠢ ᠬᠡᠯᠡᠯᠴᠡᠨ ᠰᠠᠶᠢᠰᠢᠶᠠᠬᠤ ᠪᠤᠶᠤ ᠨᠢᠴᠤᠭᠠᠳᠠᠭ ᠪᠠᠶᠢᠨ᠎ᠠ᠃ ᠫᠸᠷᠢᠰ ᠨᠢ ᠺᠠᠷᠠᠪ ᠤᠨ ᠬᠣᠯᠪᠣᠭᠠᠨ ᠤ /CARICOM/ ᠪᠦᠷᠢᠨ ᠡᠷᠬᠡᠲᠦ ᠭᠡᠰᠢᠭᠦᠨ ᠶᠤᠮ᠃

ᠳᠦᠭᠦᠷᠭᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠭᠦᠷᠭᠡ ᠨᠦᠭᠦᠳ

ᠫᠸᠷᠢᠰ ᠨᠢ 6 ᠳᠡᠭᠦᠷᠭᠡ ᠳᠦ ᠬᠤᠪᠢᠶᠠᠭᠳᠠᠨ᠎ᠠ᠃

  1. ᠫᠸᠷᠢᠰ ᠳᠡᠭᠦᠷᠭᠡ
  2. ᠺᠠᠶᠣ ᠳᠡᠭᠦᠷᠭᠡ
  3. ᠺᠣᠽᠣᠷᠠᠯ ᠳᠡᠭᠦᠷᠭᠡ
  4. Orange Walk ᠳᠡᠭᠦᠷᠭᠡ
  5. ᠰᠲᠡᠨᠡᠨ ᠺᠷᠢᠺ ᠳᠡᠭᠦᠷᠭᠡ
  6. ᠲᠣᠯᠧᠳᠠ ᠳᠡᠭᠦᠷᠭᠡ

ᠡᠳᠡᠭᠡᠷ ᠳᠦᠭᠦᠷᠭᠡ ᠨᠦᠭᠦᠳ ᠨᠢ ᠳᠣᠲᠣᠷ᠎ᠠ ᠪᠠᠨ ᠨᠡᠶᠢᠲᠡ 31 ᠲᠠᠩᠺᠣᠷᠢᠭ ᠲᠤ ᠬᠤᠪᠢᠶᠠᠭᠳᠠᠨ᠎ᠠ᠃


ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠸᠷᠢᠰ ᠨᠢ ᠬᠣᠨᠳᠣ ᠪᠣᠯᠤᠨ ᠰᠠᠷᠠᠰᠲᠤᠩ ᠭᠣᠣᠯ ᠤᠨ ᠬᠣᠭᠣᠷᠣᠨᠳᠣ ᠣᠷᠣᠰᠢᠳᠠᠭ ᠪᠥᠭᠡᠳ ᠲᠤᠰ ᠤᠯᠤᠰ ᠤᠨ ᠨᠤᠲᠤᠭ ᠳᠡᠪᠢᠰᠬᠡᠷ ᠦᠨ ᠲᠥᠪ ᠬᠡᠰᠡᠭ ᠢᠶᠡᠷ ᠫᠸᠷᠢᠰ ᠭᠣᠣᠯ ᠤᠷᠤᠰᠤᠨ ᠥᠩᠭᠡᠷᠡᠳᠡᠭ᠃ ᠬᠣᠶᠢᠳᠤ ᠬᠡᠰᠡᠭ ᠢᠶᠡᠷ ᠢᠶᠡᠨ ᠥᠳᠬᠡᠨ ᠰᠢᠭᠢᠭᠦᠦ ᠣᠢ ᠪᠦᠬᠦᠢ ᠨᠠᠮᠤᠭᠠᠷᠬᠠᠭ ᠲᠡᠭᠰᠢ ᠲᠠᠯ᠎ᠠ ᠲᠠᠢ ᠪᠣᠯ ᠮᠠᠶᠠᠭ᠎ᠠ ᠶᠢᠨ ᠠᠤᠯᠠᠯᠠᠰ ᠤᠨ ᠰᠠᠯᠪᠤᠷᠢ ᠨᠠᠮᠬᠠᠪᠲᠤᠷ ᠲᠣᠯᠣᠭᠠᠳ ᠤᠳ ᠦᠷᠭᠦᠯᠵᠢᠯᠡᠳᠡᠭ᠃ ᠬᠠᠮᠤᠭ ᠤᠨ ᠥᠨᠳᠥᠷ ᠣᠷᠭᠢᠯ ᠨᠢ ᠳᠠᠯᠠᠢ ᠶᠢᠨ ᠲᠦᠪᠰᠢᠨ ᠡᠴᠡ 1124 ᠮᠧᠲ᠋ᠷ ᠥᠨᠳᠥᠷ ᠲᠦ ᠤᠷᠤᠰᠢᠬᠤ ᠳᠣᠶᠢᠯ ᠤᠨ ᠣᠷᠭᠢᠯ ᠶᠤᠮ᠃ ᠺᠠᠷᠠᠪ ᠤᠨ ᠲᠡᠩᠭᠢᠰ ᠦᠨ ᠬᠠᠮᠤᠭ ᠤᠨ ᠤᠷᠲᠤ ᠱᠢᠷᠦᠨ ᠬᠠᠳᠠᠨ ᠤ ᠰᠢᠰᠲ᠋ᠧᠮ ᠲᠤᠰ ᠤᠯᠤᠰ ᠲᠤ ᠬᠠᠷᠢᠶᠠᠯᠠᠭᠳᠠᠳᠠᠭ ᠪᠠ 322 ᠺᠢᠯᠣᠮᠧᠲ᠋ᠷ ᠤᠷᠲᠤ ᠦᠷᠭᠦᠯᠵᠢᠯᠡᠳᠡᠭ ᠨᠢ ᠳᠡᠯᠡᠬᠡᠢ ᠳᠦ ᠬᠡᠮᠵᠢᠶ᠎ᠡ ᠪᠡᠷ ᠢᠶᠡᠨ 2 ᠲᠠᠩᠺ ᠣᠷᠣᠳᠠᠭ ᠪᠠᠶᠢᠨ᠎ᠠ᠃ ᠳᠡᠯᠡᠬᠡᠢ ᠪᠥᠮᠪᠥᠷᠴᠡᠭ ᠦᠨ ᠪᠠᠷᠠᠭᠤᠨ ᠬᠠᠭᠠᠰ ᠲᠤ ᠤᠷᠤᠰᠢᠬᠤ ᠱᠢᠷᠦᠨ ᠬᠠᠳᠠᠨ ᠤ ¾ ᠨᠢ ᠡᠨᠳᠡ ᠣᠷᠣᠰᠢᠳᠠᠭ᠃ ᠲᠥᠪ ᠠᠮᠧᠷᠢᠺᠠ ᠶᠢᠨ ᠣᠷᠣᠨ ᠨᠤᠭᠤᠳ ᠤᠨ ᠳᠤᠮᠳᠠ ᠠᠴᠠ ᠨᠣᠮᠣᠬᠠᠨ ᠳᠠᠯᠠᠢ ᠳᠤ ᠭᠠᠷᠤᠴᠠ ᠦᠭᠡᠢ ᠤᠯᠤᠰ ᠨᠢ ᠵᠥᠪᠬᠡᠨ ᠫᠸᠷᠢᠰ ᠶᠤᠮ᠃ ᠬᠠᠯᠠᠭᠤᠨ ᠣᠷᠣᠨ ᠤ ᠠᠭᠤᠷ ᠠᠮᠢᠰᠬᠤᠯ ᠲᠠᠢ᠃ ᠶᠡᠷᠦᠩᠬᠡᠢ ᠳᠤ ᠪᠡᠨ ᠮᠠᠰᠢ ᠬᠠᠯᠠᠭᠤᠨ᠂ ᠴᠢᠭᠢᠭᠯᠢᠭ᠃ ᠪᠣᠷᠣᠭᠠᠨ ᠤ ᠤᠯᠠᠷᠢᠯ ᠨᠢ 5 ᠰᠠᠷ᠎ᠠ ᠠᠴᠠ 11 ᠰᠠᠷ᠎ᠠ ᠬᠦᠷᠲᠡᠯ᠎ᠡ ᠦᠷᠭᠦᠯᠵᠢᠯᠡᠳᠡᠭ ᠪᠠ ᠡᠨᠡ ᠬᠤᠭᠤᠴᠠᠭᠠᠨ ᠳᠤ ᠳᠠᠯᠠᠢ ᠶᠢᠨ ᠬᠠᠷ᠎ᠠ ᠰᠢᠭᠤᠷᠭ᠎ᠠ᠂ ᠦᠶᠡᠷ ᠵᠡᠷᠭᠡ ᠪᠠᠶᠢᠭᠠᠯᠢ ᠶᠢᠨ ᠠᠶᠤᠯᠲᠤ ᠦᠵᠡᠭᠳᠡᠯ  ᠦᠳ ᠣᠯᠠᠨ ᠳᠠᠪᠲᠠᠭᠳᠠᠨ ᠪᠣᠯᠳᠠᠭ ᠪᠠᠶᠢᠨ᠎ᠠ᠃ ᠰᠠᠶ᠋ᠢᠬᠠᠨ ᠬᠢᠭᠰᠡᠨ ᠤᠷᠭᠤᠮᠠᠯ ᠤᠨ ᠪᠦᠷᠬᠦᠪᠴᠢ ᠶᠢᠨ ᠰᠤᠳᠤᠯᠭ᠎ᠠ ᠪᠠᠷ ᠪᠧᠯᠢᠽᠢ ᠶᠢᠨ ᠨᠡᠶᠢᠲᠡ ᠭᠠᠵᠠᠷ ᠨᠤᠲᠤᠭ ᠤᠨ 60 ᠬᠤᠪᠢ ᠣᠢ᠂ 20 ᠬᠤᠪᠢ ᠨᠢ ᠡᠳ᠋ᠯᠡᠪᠦᠷᠢ ᠭᠠᠵᠠᠷ ᠪᠠᠶᠢᠪᠠ᠃

=[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠸᠷᠢᠰ ᠨᠢ ᠲᠥᠪ ᠠᠮᠧᠷᠢᠺᠠ ᠶᠢᠨ ᠣᠷᠣᠨ᠎ᠠ ᠨᠤᠭᠤᠳ ᠤᠨ ᠳᠤᠮᠳᠠ ᠠᠴᠠ ᠬᠠᠮᠤᠭ ᠤᠨ ᠥᠨᠳᠥᠷ ᠠᠵᠢᠯ ᠦᠭᠡᠢᠳᠡᠯᠲᠡᠢ ᠤᠯᠤᠰ ᠪᠥᠭᠡᠳ CIA World factbook ᠍ ᠳᠦ 9,4 ᠬᠤᠪᠢ ᠲᠠᠢ ᠭᠡᠵᠦ ᠲᠡᠮᠡᠯᠦᠭᠯᠡᠭᠰᠡᠨ ᠪᠠᠶᠢᠳᠠᠭ᠃ ᠬᠦᠮᠦᠨ ᠠᠮᠠ ᠶᠢᠨ 33,4 ᠬᠤᠪᠢ ᠨᠢ ᠶᠠᠳᠠᠭᠤ ᠭᠡᠵᠦ ᠲᠣᠭᠠᠴᠠᠭᠳᠠᠳᠠᠭ ᠪᠣᠯᠪᠠᠴᠤ ᠵᠠᠰᠠᠭ ᠤᠨ ᠭᠠᠵᠠᠷ ᠨᠢ ᠶᠠᠳᠠᠭᠤᠷᠠᠯ ᠤᠨ ᠡᠰᠡᠷᠬᠦ ᠶᠡᠷᠦ ᠳᠡᠭᠡᠨ 4,2 ᠰᠠᠶ᠎ᠠ ᠠᠮᠠ᠃ᠳ᠋ᠣᠯᠯᠠᠷ ᠲᠥᠰᠥᠪᠯᠡᠭᠰᠡᠨ ᠪᠠᠶᠢᠳᠠᠭ᠃ ᠬᠤᠪᠢ ᠤᠨ ᠥᠮᠴᠢ ᠳᠦ ᠲᠤᠭᠤᠷᠯᠠᠭᠰᠠᠨ ᠬᠠᠷᠢᠯᠴᠠᠭ᠎ᠠ ᠪᠦᠬᠦᠢ ᠡᠳ᠋ ᠍ ᠦᠨ ᠵᠠᠰᠠᠭ ᠲᠤ ᠨᠢ ХАА, ᠲᠡᠭᠦᠨ ᠳᠦ ᠲᠦᠰᠢᠭᠯᠡᠭᠰᠡᠨ ᠠᠵᠤ ᠦᠢᠯᠡᠳᠪᠦᠷᠢᠬᠤᠳᠠᠯᠳᠤᠭ᠎ᠠᠪᠠᠷᠢᠯᠭ᠎ᠠᠠᠶᠠᠯᠠᠯ ᠵᠢᠭᠤᠴᠢᠯᠠᠯ ᠴᠢᠬᠤᠯᠠ ᠡᠭᠦᠷᠭᠡ ᠲᠡᠢ᠃ ᠡᠺᠰᠫᠣᠷᠲ ᠤᠨ ᠲᠡᠩ ᠬᠠᠭᠠᠰ ᠠᠴᠠ ᠢᠯᠡᠭᠦᠦ ᠨᠢ ᠰᠠᠬᠠᠷᠠ ᠪᠠᠶᠢᠳᠠᠭ᠃ ᠮᠥᠨ ᠠᠵᠢᠯᠯᠠᠬᠤ ᠬᠦᠴᠦᠨ ᠦ ᠣᠯᠠᠩᠬᠢ ᠨᠢ ᠭᠠᠳᠢᠯ ᠵᠢᠮᠢᠰᠦᠨ ᠦ ᠲᠠᠷᠢᠶᠠᠯᠠᠩ ᠳᠤ ᠳᠡᠭᠡᠷ᠎ᠡ ᠠᠵᠢᠯᠯᠠᠳᠠᠭ᠃ ᠲᠤᠩ ᠰᠠᠶ᠋ᠢᠬᠠᠨ ᠺᠠᠶᠣ ᠳᠡᠭᠦᠷᠭᠡ ᠳᠦ ᠴᠢᠯᠠᠭᠣᠨ ᠲᠣᠰᠣᠨ ᠤ ᠣᠷᠳᠣ ᠨᠡᠭᠡᠭᠡᠭᠰᠡᠨ ᠪᠥᠭᠡᠳ ᠲᠣᠯᠧᠳᠠ ᠳᠡᠭᠦᠷᠭᠡ ᠳᠦ ᠮᠥᠨ ᠴᠢᠯᠠᠭᠣᠨ ᠲᠣᠰᠣ ᠪᠠᠶᠢᠵᠤ ᠪᠣᠯᠬᠤ ᠮᠠᠭᠠᠳᠯᠠᠯ ᠢᠯᠡᠷᠡᠭᠰᠡᠨ ᠨᠢ ᠪᠠᠶᠢᠭᠠᠯᠢ ᠶᠢᠨ ᠪᠠᠶᠠᠯᠢᠭᠡᠶᠢᠨ ᠰᠤᠳᠤᠯᠤᠭᠳᠠᠭ᠎ᠠ ᠦᠭᠡᠢ ᠨᠥᠭᠡᠴᠡ ᠨᠡᠯᠢᠶᠡᠳ ᠪᠤᠢ ᠶᠢ ᠬᠠᠷᠠᠭᠤᠯᠵᠤ ᠪᠠᠶᠢᠨ᠎ᠠ᠃ 1998 ᠣᠨ ᠤ 9 ᠰᠠᠷ᠎ᠠ ᠠᠴᠠ ᠶᠠᠪᠤᠭᠤᠯᠵᠤ ᠡᠬᠢᠯᠡᠭᠰᠡᠨ ᠵᠠᠰᠠᠭ ᠤᠨ ᠭᠠᠵᠠᠷ ᠤᠨ ᠦᠷ᠎ᠡ ᠠᠰᠢᠭ ᠲᠠᠢ ᠰᠠᠩ ᠤᠨ ᠪᠣᠯᠤᠨ ᠮᠥᠩᠭᠥᠨ ᠦ ᠪᠣᠳᠠᠯᠠᠭo ᠍ ᠤᠨ ᠦᠷ᠎ᠡ ᠨᠥᠯᠥᠭᠡ ᠪᠡᠷ ДНБ ᠨᠢ 1999 ᠣᠨ ᠳᠤ 6,4 ᠬᠤᠪᠢ᠂ 2000 ᠣᠨ ᠳᠤ 10,5 ᠬᠤᠪᠢ ᠥᠰᠦᠭᠰᠡᠨ ᠴᠤ 2001 ᠣᠨ ᠳᠤ ХАА, ᠵᠢᠭᠠᠰᠤ ᠣᠯᠪᠤᠷᠢᠯᠠᠯᠲᠠ ᠪᠣᠯᠤᠨ ᠠᠶᠠᠯᠠᠯ ᠵᠢᠭᠤᠴᠢᠯᠠᠯ ᠤᠨ ᠰᠠᠯᠪᠤᠷᠢ ᠳᠤ ᠬᠦᠴᠦᠲᠡᠢ ᠬᠣᠬᠢᠷᠠᠯ ᠤᠴᠠᠷᠠᠭᠤᠯᠤᠭᠰᠠᠨ ᠳᠠᠯᠠᠢ ᠶᠢᠨ ᠬᠠᠷ᠎ᠠ ᠰᠠᠯᠬᠢᠨ ᠤ ᠨᠥᠯᠥᠭᠡ ᠪᠡᠷ ᠳᠥᠩᠭᠡᠵᠢ 3 ᠬᠤᠪᠢ ᠤᠨ ᠥᠰᠦᠯᠲᠡ ᠲᠡᠢ ᠪᠠᠶᠢᠪᠠ᠃ 2005 ᠣᠨ ᠳᠤ 3,8 ᠬᠤᠪᠢ ᠲᠠᠢ ᠥᠰᠦᠯᠲᠡ ᠭᠠᠷᠤᠭᠰᠠᠨ ᠨᠢ ᠭᠠᠳᠠᠭᠠᠳᠤ ᠬᠤᠳᠠᠯᠳᠤᠭᠠᠨ ᠤ ᠠᠯᠳᠠᠭᠳᠠᠯ ᠪᠣᠯᠤᠨ ᠭᠠᠳᠠᠭᠠᠳᠤ ᠥᠷᠢᠡᠶᠢᠨ ᠳᠠᠷᠤᠮᠲᠠ ᠠᠴᠠ ᠰᠢᠯᠲᠠᠭᠠᠯᠠᠭᠰᠠᠨ ᠪᠠᠶᠢᠨ᠎ᠠ᠃ ᠲᠤᠰ ᠤᠯᠤᠰ ᠶᠠᠳᠠᠭᠤᠷᠠᠯ ᠢ ᠪᠠᠭᠤᠷᠠᠭᠤᠯᠬᠤ ᠶᠠᠪᠤᠳᠠᠯ ᠢ ᠪᠣᠭᠣᠨᠢ ᠬᠤᠭᠤᠴᠠᠭᠠᠨ ᠤ ᠭᠣᠣᠯ ᠵᠣᠷᠢᠯᠭ᠎ᠠ ᠪᠣᠯᠭᠠᠨ ᠣᠯᠠᠨ ᠤᠯᠤᠰ ᠤᠨ ᠪᠠᠶᠢᠭᠤᠯᠤᠯᠭ᠎ᠠ ᠨᠤᠭᠤᠳ ᠠᠴᠠ ᠲᠤᠰᠠᠯᠠᠮᠵᠢ ᠬᠦᠰᠴᠢ ᠪᠠᠶᠢᠭ᠎ᠠ ᠪᠢᠯᠡ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠤᠯᠤᠰ ᠲᠤ ᠣᠯᠠᠨ ᠢᠯᠭᠠᠭ᠎ᠠ ᠲᠠᠢ ᠦᠨᠳᠦᠰᠦᠲᠡᠨ᠂ ᠤᠭᠰᠠᠭᠠᠲᠠᠨ ᠨᠤᠭᠤᠳ ᠪᠠᠶᠢᠳᠠᠭ ᠪᠠ ᠮᠠᠰᠢ ᠶᠡᠬᠡ ᠬᠣᠯᠢᠯᠳᠤᠭᠰᠠᠨ ᠪᠠᠶᠢᠳᠠᠭ ᠲᠤᠯᠠ ᠲᠡᠳᠡᠨ ᠢ ᠶᠡᠷᠦᠩᠬᠡᠢ ᠳᠤ ᠨᠢ ᠪᠧᠯᠢᠰᠴᠦᠳ ᠭᠡᠵᠦ ᠨᠡᠷᠡᠯᠡᠳᠡᠭ᠃ ᠣᠶᠢᠷᠠᠯᠴᠠᠭ᠎ᠠ ᠪᠠᠷ ᠬᠦᠮᠦᠨ ᠠᠮᠠ ᠶᠢᠨ 50 ᠬᠤᠪᠢ ᠶᠢ ᠨᠢ ᠮᠧᠰᠲ᠋ᠢᠽᠣᠴᠤᠤ ᠳᠤ᠂ 25 ᠬᠤᠪᠢ ᠶᠢ ᠨᠢ ᠺᠷᠧᠣᠯ᠂ 11 ᠬᠤᠪᠢ ᠨᠢ ᠠᠭᠤᠭᠤᠯ ᠮᠠᠶᠠᠭ᠎ᠠᠴᠤᠤ ᠳᠤ᠂ 6 ᠬᠤᠪᠢ ᠶᠢ ᠨᠢ ᠭᠠᠷᠢᠹᠦᠨᠠ ᠨᠠᠷ ᠡᠵᠡᠯᠡᠳᠡᠭ᠃ ᠮᠠᠰᠢ ᠣᠯᠠᠨ ᠦᠨᠳᠦᠰᠦᠲᠡᠨ ᠨᠦᠭᠦᠳ ᠦᠨ ᠬᠣᠯᠢᠮᠠᠭ ᠲᠤᠯᠠ ᠬᠡᠯᠡ ᠨᠢ ᠬᠣᠯᠢᠮᠠᠭ ᠦᠭᠡᠰ ᠦᠨ ᠰᠠᠩ ᠲᠠᠢ ᠪᠣᠯᠤᠭᠰᠠᠨ ᠪᠠᠶᠢᠳᠠᠭ᠃ ᠬᠦᠮᠦᠨ ᠠᠮᠠ ᠶᠢᠨ 80 ᠬᠤᠪᠢ ᠨᠢ ᠪᠢᠴᠢᠭ ᠦᠰᠦᠭ ᠲᠠᠶᠢᠯᠤᠭᠳᠠᠭᠰᠠᠨ᠃

ᠡᠷᠡᠭᠦᠯ ᠮᠡᠨᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠧᠯᠢᠰ ᠲᠦ ᠲᠥᠷᠥᠯᠲᠡ ᠶᠢᠨ ᠲᠦᠪᠰᠢᠨ ᠨᠢ 1 ᠵᠢᠯ ᠳᠤ 1000 ᠬᠦᠨᠳᠦ 25 ᠲᠠᠩᠺᠷᠦᠯᠲᠡ ᠪᠡᠷ ᠢᠯᠡᠷᠬᠡᠶᠢᠯᠡᠭᠳᠡᠳᠡᠭ ᠪᠣᠯ ᠦᠬᠦᠯ 6/1000 ᠪᠠᠶᠢᠳᠠᠭ ᠪᠠᠶᠢᠨ᠎ᠠ᠃ ᠨᠢᠯᠬᠠᠰ ᠤᠨ ᠡᠨᠳᠡᠭᠳᠡᠯ 24/1000 ᠪᠠᠶᠢᠭ᠎ᠠ ᠨᠢ ᠥᠩᠭᠡᠷᠡᠭᠰᠡᠨ ᠵᠠᠭᠤᠨ ᠤ ᠬᠠᠮᠤᠭ ᠤᠨ ᠰᠠᠶᠢᠨ ᠦᠵᠡᠭᠦᠯᠦᠯᠲᠡ ᠶᠤᠮ᠃ ᠬᠦᠮᠦᠨ ᠠᠮᠠ ᠶᠢᠨ ᠳᠤᠮᠳᠠᠴᠢ ᠨᠠᠰᠤᠯᠠᠯᠲᠠ ᠨᠢ ᠡᠷᠡᠭᠲᠡᠶᠢᠴᠦᠳ ᠦᠨ ᠬᠤᠪᠢ ᠳᠤ 66, ᠡᠮᠡᠭᠲᠡᠶᠢᠴᠦᠳ ᠦᠨ ᠬᠤᠪᠢ ᠳᠤ 70 ᠪᠠᠶᠢᠨ᠎ᠠ᠃ ДОХ/ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠨᠢ ᠦᠨᠳᠦᠰᠦᠨ ᠦ ᠠᠶᠤᠯ ᠦᠭᠡᠢ ᠪᠠᠶᠢᠳᠠᠯ ᠳᠤ ᠨᠣᠴᠢᠲᠠᠢ ᠠᠶᠤᠯ ᠤᠴᠠᠷᠠᠭᠤᠯᠬᠤᠶᠢᠴᠠ ᠪᠠᠶᠢᠳᠠᠯ ᠳᠤ ᠬᠦᠷᠢᠶ᠎ᠡ ᠭᠦᠢ ᠴᠤ ᠭᠡᠰᠡᠨ ᠺᠠᠷᠢᠪ᠂ ᠲᠥᠪ ᠠᠮᠧᠷᠢᠺᠠ ᠶᠢᠨ ᠣᠷᠣᠨ ᠨᠤᠭᠤᠳ ᠤᠨ ᠳᠣᠲᠣᠷ᠎ᠠ ᠪᠠᠨ ᠨᠡᠯᠢᠶᠡᠳ ᠥᠨᠳᠥᠷ ᠲᠦᠪᠰᠢᠨ ᠳᠦ ᠣᠴᠢᠭᠠᠳ ᠪᠠᠶᠢᠨ᠎ᠠ᠃

ᠤᠭᠰᠠᠭᠠᠲᠠᠨ ᠤ ᠪᠦᠲᠦᠴᠡ᠂ ᠦᠨᠳᠦᠰᠦᠲᠡᠨ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠮᠤᠭ ᠤᠨ ᠰᠡᠭᠦᠯᠴᠢ ᠶᠢᠨ ᠬᠦᠮᠦᠨ ᠠᠮᠠ ᠶᠢᠨ ᠲᠣᠭᠠᠯᠠᠯᠭ᠎ᠠ ᠪᠠᠷ ᠲᠤᠰ ᠤᠯᠤᠰ ᠲᠤ 300000 ᠣᠷᠴᠢᠮ ᠬᠦᠮᠦᠨ ᠣᠷᠣᠰᠢᠨ ᠰᠠᠭᠤᠵᠤ ᠪᠠᠶᠢᠨ᠎ᠠ᠃ ᠮᠠᠶᠠᠭᠠᠴᠤᠳ ᠮᠠᠨ ᠤ ᠡᠷᠡᠨ ᠦ ᠡᠮᠦᠨ᠎ᠡ 500 ᠍ ᠊ᠭᠠᠳ ᠣᠨ ᠠᠴᠠ ᠬᠣᠶᠢᠰᠢ ᠥᠨᠥ ᠶᠢᠨ ᠪᠧᠯᠢᠰ ᠲᠦ ᠰᠠᠭᠤᠷᠢᠰᠢᠭᠰᠠᠨ ᠶᠤᠮ᠃ ᠭᠡᠪᠡᠴᠦ ᠵᠢᠩᠬᠢᠨᠢ ᠮᠠᠶᠠᠭᠠᠴᠤᠳ ᠶᠡᠬᠡᠩᠬᠢ ᠨᠢ ᠡᠪᠡᠳᠴᠢᠨ ᠪᠣᠯᠤᠨ ᠴᠠᠭᠠᠨ ᠠᠷᠠᠰᠤᠲᠠᠨ ᠨᠤᠭᠤᠳ ᠲᠠᠢ ᠬᠢᠭᠰᠡᠨ ᠮᠥᠷᠭᠥᠯᠳᠦᠭᠡᠨ ᠨᠦᠭᠦᠳ ᠡᠴᠡ ᠪᠣᠯᠵᠤ ᠤᠰᠠᠳᠤᠨ ᠦᠭᠡᠢᠪᠣᠯᠵᠠᠢ᠃ ᠲᠤᠰ ᠣᠷᠣᠨ ᠳᠤ ᠶᠢᠺᠠᠲ᠋ᠧᠺᠠᠴᠤᠳ /ᠮᠸᠺᠰᠢᠺᠣ ᠤᠨ ᠢᠷᠭᠡᠨ ᠦ ᠳᠠᠶᠢᠨ ᠠᠴᠠ ᠳᠦᠷᠪᠡᠨ ᠶᠢᠺᠠᠲ᠋ᠠᠨ ᠠᠴᠠ ᠢᠷᠡᠭᠰᠡᠨ/, ᠮᠣᠫᠠᠨᠴᠤᠤᠳ /ᠪᠧᠯᠢᠽᠢ ᠶᠢᠨ ᠠᠭᠤᠭᠤᠯ ᠣᠷᠣᠰᠢᠨ ᠰᠠᠭᠤᠭᠴᠢᠳ/, ᠺᠧᠺᠴᠢ ᠨᠠᠷ /ᠭᠸᠠᠲ᠋ᠧᠮᠠᠯ ᠤᠨ ᠪᠣᠭᠣᠯᠴᠢᠯᠠᠯ ᠠᠴᠠ ᠵᠢᠭᠤᠳᠠᠨ ᠢᠷᠡᠭᠰᠡᠳ/ ᠭᠡᠰᠡᠨ ᠮᠠᠶᠠᠭᠠᠴᠢ ᠨᠤᠭᠤᠳ ᠤᠨ 3 ᠥᠪᠡᠷ ᠪᠦᠯᠦᠭ ᠣᠷᠣᠰᠢᠨ ᠠᠮᠢᠳᠤᠷᠠᠵᠤ ᠪᠠᠶᠢᠨ᠎ᠠ᠃ ᠴᠠᠭᠠᠨ ᠠᠷᠠᠰᠤᠲᠠᠨ ᠨᠤᠭᠤᠳ ᠠᠴᠠ ᠠᠩᠬ᠎ᠠ 1630 ᠠᠭ᠎ᠠ ᠳᠤ ᠣᠨ ᠤ ᠦᠶ᠎ᠡ ᠳᠦ ᠠᠩᠭᠯᠢᠰᠺᠣᠲ᠋ᠯᠠᠨᠳ᠋ ᠦᠳ ᠢᠷᠡᠵᠦ ᠰᠠᠭᠤᠷᠢᠰᠢᠵᠠᠢ᠃ ᠠᠩᠬᠠᠨ ᠤ ᠬᠠᠷ᠎ᠠ ᠠᠷᠠᠰᠤᠲᠤ ᠪᠣᠭᠣᠯᠴᠤᠳ ᠢ ᠠᠹᠷᠢᠺᠠ ᠪᠠ ᠺᠠᠷᠠᠪ ᠤᠨ ᠬᠠᠮᠢᠭ᠎ᠠ ᠨᠢᠭᠡᠲᠡᠭᠡ ᠡᠴᠡ ᠠᠪᠴᠢᠷᠠᠭᠰᠠᠨ ᠨᠢ ᠶᠠᠪᠤᠭᠠᠨ ᠳᠠᠭᠠᠨ ᠴᠠᠭᠠᠨ ᠠᠷᠠᠰᠤᠲᠠᠨ ᠨᠤᠭᠤᠳ ᠲᠠᠢ ᠴᠢᠰᠤ ᠬᠣᠯᠢᠯᠳᠤᠨ ᠺᠷᠧᠣᠯ ᠬᠦᠮᠦᠰ ᠢ ᠪᠤᠢ ᠪᠣᠯᠭᠠᠵᠠᠢ᠃ 1800 ᠍ ᠊ᠭᠠᠳ ᠣᠨ ᠠᠴᠠ ᠬᠣᠶᠢᠰᠢ᠂ ᠮᠸᠺᠰᠢᠺᠣ ᠪᠣᠯᠤᠨ ᠭᠸᠠᠲ᠋ᠧᠮᠠᠯ ᠠᠴᠠ ᠮᠧᠰᠲ᠋ᠢᠽᠣ ᠨᠠᠷ ᠢᠷᠡᠵᠦ ᠤᠮᠠᠷᠠᠳᠤ ᠨᠤᠲᠤᠭ ᠤᠳ ᠢᠶᠠᠷ ᠣᠷᠣᠰᠢᠨ ᠰᠤᠬᠤ ᠪᠣᠯᠤᠭᠰᠠᠨ ᠪᠠᠶᠢᠨ᠎ᠠ᠃ ᠭᠠᠷᠢᠹᠦᠨᠠ ᠨᠢ ᠬᠠᠷ᠎ᠠ ᠠᠷᠠᠰᠤᠲᠠᠨ ᠨᠤᠭᠤᠳ ᠪᠣᠯᠤᠨ ᠠᠭᠤᠭᠤᠯ ᠢᠷᠭᠡᠳ ᠦᠨ ᠡᠷᠯᠢᠵᠡ ᠨᠦᠭᠦᠳ ᠪᠥᠭᠡᠳ ᠭᠣᠩᠳᠤᠤᠰ ᠠᠴᠠ ᠨᠡᠭᠦᠳᠡᠯᠯᠡᠨ ᠢᠷᠡᠵᠦ᠂ ᠪᠧᠯᠢᠽᠢ ᠶᠢᠨ ᠡᠮᠦᠨᠡᠲᠦ ᠨᠤᠲᠤᠭ ᠤᠳ ᠢᠶᠠᠷ ᠰᠠᠭᠤᠷᠢᠰᠢᠵᠠᠢ᠃1860 ᠍ ᠊ᠭᠠᠳ ᠣᠨ ᠳᠤ ᠵᠡᠭᠦᠨ ᠡᠨᠡᠳᠬᠡᠭᠡ ᠡᠴᠡ ᠪᠣᠯᠤᠨ ᠠᠮᠧᠷᠢᠺᠠ ᠶᠢᠨ ᠨᠢᠭᠡᠳᠦᠭᠰᠡᠨ ᠤᠯᠤᠰ ᠤᠨ ᠯᠤᠪᠢᠽᠢᠶᠠᠨ᠎ᠠ ᠮᠤᠵᠢᠠ ᠠᠴᠠ ᠨᠡᠯᠢᠶᠡᠳ ᠣᠯᠠᠨ ᠲᠣᠭᠠᠨ ᠤ ᠴᠠᠭᠠᠨ ᠠᠷᠠᠰᠤᠲᠠᠨ ᠨᠤᠭᠤᠳ ᠰᠢᠯᠵᠢᠨ ᠰᠠᠭᠤᠷᠢᠭᠰᠠᠨ ᠪᠠᠶᠢᠨ᠎ᠠ᠃ 1900 ᠍ ᠊ᠭᠠᠳ ᠣᠨ ᠳᠤ ᠡᠬᠡ ᠭᠠᠵᠠᠷ ᠤᠨ ᠬᠢᠲᠠᠳᠡᠨᠡᠳᠬᠡᠭ ᠲᠠᠶᠢᠸᠠᠨᠰᠣᠯᠣᠩᠭᠣᠰᠰᠢᠷᠢᠢ ᠠᠯᠸᠪᠠᠨᠤᠨ ᠪᠣᠯᠤᠨ ᠲᠥᠪ ᠠᠮᠧᠷᠢᠺᠠ ᠠᠴᠠ ᠣᠯᠠᠨ ᠲᠣᠭᠠᠨ ᠤ ᠴᠠᠭᠠᠴᠢᠳ ᠬᠦᠷᠦᠯᠴᠡᠨ ᠢᠷᠡᠭᠰᠡᠨ᠃ ᠫᠸᠷᠢᠰ ᠨᠢ ᠮᠠᠰᠢ ᠶᠡᠬᠡ ᠪᠡᠷ ᠵᠠᠯᠠᠭᠤᠵᠢᠵᠤ ᠪᠠᠶᠢᠭ᠎ᠠ ᠣᠷᠣᠨ ᠶᠤᠮ᠃ ᠤᠴᠢᠷ ᠨᠢ ᠲᠥᠷᠥᠯᠲᠡ ᠶᠢᠨ ᠲᠦᠪᠰᠢᠨ ᠢᠶᠡᠷ ᠢᠶᠡᠨ ᠳᠡᠯᠡᠬᠡᠢ ᠳᠦ ᠲᠡᠷᠢᠭᠦᠯᠡᠳᠡᠭ ᠤᠯᠤᠰ ᠪᠥᠭᠡᠳ ᠡᠨᠡ ᠨᠢ ᠴᠢᠨᠠᠭᠰᠢᠳᠠ ᠴᠤ ᠬᠠᠳᠠᠭᠠᠯᠠᠭᠳᠠᠬᠤ ᠬᠠᠨᠳᠤᠯᠭ᠎ᠠ ᠲᠠᠢ ᠪᠠᠶᠢᠨ᠎ᠠ᠃

ᠪᠧᠯᠢᠰ ᠲᠦ ᠬᠡᠷᠡᠭᠯᠡᠵᠦ ᠪᠠᠶᠢᠭ᠎ᠠ ᠬᠡᠯᠡ ᠨᠦᠭᠦᠳ /2000 ᠣᠨ ᠤ ᠬᠦᠮᠦᠨ ᠠᠮᠠ ᠶᠢᠨ ᠲᠣᠭᠠᠯᠠᠯᠭ᠎ᠠ ᠪᠠᠷ/
ᠬᠡᠯᠡ ᠡᠬᠡ ᠬᠡᠯᠡ ᠪᠡᠷ ᠢᠶᠡᠨ ᠶᠠᠷᠢᠭᠰᠠᠳ ᠬᠤᠪᠢ ᠣᠳᠣ ᠶᠢᠨ ᠬᠡᠷᠡᠭᠯᠡᠭᠡ ᠡᠵᠡᠯᠡᠬᠦ ᠬᠤᠪᠢ
ᠬᠢᠲᠠᠳ 1,607 (0.8%) 1,529 (0.7%)
ᠺᠷᠧᠣᠯ 67,527 (32.9%) 75,822 (37.0%)
ᠠᠩᠭᠯᠢ 7,946 (3.9%) 11,551 (5.6%)
ᠭᠠᠷᠢᠹᠦᠨᠠ 6,929 (3.4%) 4,071 (2.0%)
ᠭᠧᠷᠮᠠᠨ 6,783 (3.3%) 6.624 (3.2%)
ᠬᠢᠨᠳᠢ 280 (0.1%) 193 (0.1%)
ᠮᠠᠶᠠᠭ᠎ᠠ ᠺᠧᠲ᠋ᠴᠢ 10,142 (4.9%) 9,314 (4.5%)
ᠮᠠᠶᠠᠭ᠎ᠠ ᠮᠣᠫᠠᠨ 6,909 (3.4%) 6,093 (3.0%)
ᠮᠠᠶᠠᠭ᠎ᠠ ᠶᠢᠺᠠᠲ᠋ᠧᠺᠣ 1,176 (0.6%) 613 (0.3%)
ᠢᠰᠫᠠᠨᠢ 94,422 (46.0%) 88,121 (43.0%)
ᠪᠤᠰᠤᠳ/ᠬᠠᠷᠢᠭᠤᠯᠤᠭ᠎ᠠ ᠦᠭᠡᠢ 1,402 (0.7%) 1,192 (0.6%)

ᠱᠠᠰᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠧᠯᠢᠰ ᠲᠦ ᠾᠷᠢᠰᠤᠰ ᠤᠨ ᠱᠠᠰᠢᠨ ᠵᠣᠩᠬᠢᠯᠠᠬᠤ ᠨᠥᠯᠥᠭᠡ ᠲᠡᠢ ᠪᠠᠶᠢᠳᠠᠭ᠃ ᠨᠡᠶᠢᠲᠡ ᠬᠦᠮᠦᠨ ᠠᠮᠠ ᠶᠢᠨ 84,2 ᠬᠤᠪᠢ ᠨᠢ ᠾᠷᠢᠰᠲ ᠤᠨ ᠰᠢᠲᠦᠯᠭᠡ ᠲᠡᠢ᠃ ᠬᠦᠮᠦᠨ ᠠᠮᠠ ᠶᠢᠨ ᠲᠡᠩ ᠬᠠᠭᠠᠰ ᠨᠢ ᠷᠤᠮᠠ ᠍ ᠤᠨ ᠺᠠᠲ᠋ᠣᠯᠢᠭ ᠱᠠᠰᠢᠨ ᠢ ᠰᠢᠲᠦᠳᠡᠭ᠃ ¼ ᠣᠷᠴᠢᠮ ᠨᠢ ᠫᠷᠣᠲ᠋ᠧᠰᠲ᠋ᠠᠨᠲ ᠱᠠᠰᠢᠨ ᠲᠠᠢ᠃ ᠠᠽᠢᠶ᠎ᠠ ᠠᠴᠠ ᠭᠠᠷᠤᠯ ᠲᠠᠢ ᠢᠷᠭᠡᠳ ᠨᠢ ᠲᠠᠣᠪᠤᠳ᠋ᠳ᠋ᠾᠠ ᠶᠢᠨ ᠰᠤᠷᠭᠠᠯ ᠪᠣᠯᠤᠨ ᠵᠢ ᠶᠢᠨᠢᠰᠲᠢᠰᠯᠠᠮᠪᠠᠬᠠᠢᠨ ᠶᠣᠰᠣ ᠶᠢ ᠪᠠᠷᠢᠮᠲᠠᠯᠠᠳᠠᠭ ᠪᠣᠯ ᠡᠨᠡᠳᠬᠡᠭ ᠭᠠᠷᠤᠯ ᠲᠠᠢ ᠢᠷᠭᠡᠳ ᠨᠢ ᠬᠢᠨᠳᠤ ᠱᠠᠰᠢᠨ ᠢ ᠰᠢᠲᠦᠳᠡᠭ ᠪᠠᠶᠢᠨ᠎ᠠ᠃ ᠣᠶᠢᠷᠠᠬᠢ ᠳᠣᠷᠣᠨᠠᠲᠤ ᠠᠴᠠ ᠭᠠᠷᠤᠯ ᠲᠠᠢ ᠢᠷᠭᠡᠳ ᠪᠣᠯᠤᠨ ᠺᠷᠧᠣᠯ᠂ ᠭᠠᠷᠢᠹᠦᠨᠠ ᠢᠷᠭᠡᠳ ᠦᠨ ᠵᠠᠷᠢᠮ ᠬᠡᠰᠡᠭ ᠨᠢ ᠢᠰᠯᠠᠮ ᠰᠢᠲᠦᠯᠭᠡ ᠲᠡᠢ᠃

ᠰᠤᠶᠤᠯ ᠤᠷᠠᠯᠢᠭ ᠪᠠ ᠠᠶᠠᠯᠠᠯ ᠵᠢᠭᠤᠯᠴᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠨ᠎ᠠ᠂ ᠺᠠᠷᠠᠺᠣᠯᠢ ᠳᠠᠬᠢ ᠮᠠᠶᠠᠭ᠎ᠠ ᠶᠢᠨ ᠫᠢᠷᠠᠮᠢᠳ

ᠪᠧᠯᠢᠰᠴᠦᠳ ᠮᠠᠶᠠᠭ᠎ᠠ᠂ ᠺᠷᠧᠣᠯ᠂ ᠮᠧᠰᠲ᠋ᠢᠽᠣ᠂ ᠵᠡᠭᠦᠨ ᠡᠨᠡᠳᠬᠡᠭ᠂ ᠬᠢᠲᠠᠳ᠂ ᠭᠠᠷᠢᠹᠦᠨᠠ᠂ ᠮᠧᠨᠨᠣᠨᠢ ᠳᠤ ᠭᠡᠬᠦ ᠮᠡᠲᠦ ᠣᠯᠠᠨ ᠤᠭᠰᠠᠭᠠᠲᠠᠨ ᠤ ᠰᠤᠶᠤᠯ ᠤᠨ ᠥᠪ ᠦᠨ ᠣᠭᠲᠣᠯᠤᠯᠴᠠᠯ ᠭᠡᠳᠡᠭ ᠢᠶᠡᠷ ᠢᠶᠡᠨ ᠪᠠᠬᠠᠷᠬᠠᠳᠠᠭ᠃ United Nations Educational Scientific and Cultural Organization 2001 ᠣᠨ ᠳᠤ ᠮᠠᠶᠠᠭ᠎ᠠ ᠶᠢᠨ ᠡᠷᠲᠡᠨ ᠦ ᠰᠦᠮ᠎ᠡ ᠨᠦᠭᠦᠳ ᠦᠨ 1000 ᠭᠠᠷᠤᠢ ᠳᠤᠷᠠᠰᠬᠠᠯ ᠤᠳ ᠢ ᠰᠤᠶᠤᠯ ᠤᠨ ᠥᠪ ᠲᠦ ᠪᠦᠷᠢᠳᠬᠡᠨ ᠠᠪᠤᠭᠰᠠᠨ ᠪᠠ ᠭᠠᠷᠢᠹᠦᠨᠠ ᠬᠡᠯᠡ ᠶᠢ ᠠᠯᠪᠠᠨ ᠶᠣᠰᠣᠭᠠᠷ ᠬᠦᠯᠢᠶᠡᠨ ᠵᠥᠪᠰᠢᠶᠡᠷᠡᠴᠢ ᠲᠡᠮᠳᠡᠭᠯᠡᠨ ᠠᠪᠤᠭᠰᠠᠨ᠃ ᠫᠸᠷᠢᠰ ᠨᠢ ᠲᠥᠪ ᠠᠮᠧᠷᠢᠺᠠ ᠶᠢᠨ ᠣᠷᠣᠨ ᠨᠤᠭᠤᠳ ᠤᠨ ᠳᠤᠮᠳᠠ ᠠᠴᠠ ᠨᠣᠮᠣᠬᠠᠨ ᠳᠠᠯᠠᠢ ᠳᠤ ᠭᠠᠷᠤᠴᠠ ᠦᠭᠡᠢ ᠪᠥᠭᠡᠳ ᠠᠩᠭᠯᠢ ᠬᠡᠯᠡ ᠶᠢ ᠠᠯᠪᠠᠨ ᠶᠣᠰᠣᠨ ᠤ ᠬᠢ ᠪᠣᠯᠭᠠᠭᠰᠠᠨ ᠴᠣᠷ ᠤᠨ ᠭᠠᠭᠴᠠ ᠣᠷᠣᠨ ᠶᠤᠮ᠃ ᠨᠡᠶᠢᠲᠡ ᠭᠠᠵᠠᠷ ᠨᠤᠲᠤᠭ ᠤᠨ 37 ᠬᠤᠪᠢ ᠨᠢ ᠲᠤᠰᠬᠠᠢ ᠬᠠᠮᠠᠭᠠᠯᠠᠯᠲᠠᠨ ᠳᠤ ᠪᠠᠶᠢᠳᠠᠭ᠃ ᠶᠠᠭᠤᠸᠠᠷ ᠢᠷᠪᠢᠰ ᠲᠦ ᠵᠣᠷᠢᠭᠤᠯᠤᠭᠰᠠᠨ ᠲᠤᠰᠬᠠᠢ ᠬᠠᠮᠠᠭᠠᠯᠠᠲ ᠲᠠᠢ ᠭᠠᠵᠠᠷ ᠵᠥᠪᠬᠡᠨ ᠪᠧᠯᠢᠰ ᠲᠦ ᠪᠠᠶᠢᠳᠠᠭ᠃ ᠵᠥᠪᠬᠡᠨ ᠠᠦᠢᠰᠲ᠋ᠷᠯᠢᠶ᠎ᠠ ᠍ ᠶᠢᠨ ᠳᠠᠷᠠᠭ᠎ᠠ ᠣᠷᠣᠬᠤᠶᠢᠴᠠ ᠠᠪᠤᠷᠭᠤ ᠤᠷᠲᠤ ᠠᠮᠢᠳᠤ ᠱᠢᠷᠦᠨ ᠬᠠᠳᠤᠨ ᠰᠢᠰᠲ᠋ᠧᠮ ᠲᠡᠢ ᠪᠥᠭᠡᠳ ᠡᠨᠡ ᠨᠢ ᠭᠠᠶᠢᠬᠠᠮᠰᠢᠭ ᠲᠠᠢ ᠤᠰᠤᠨ ᠶᠢᠷᠲᠢᠨᠴᠦ ᠶᠢ ᠪᠤᠢ ᠪᠣᠯᠭᠠᠵᠤ ᠪᠠᠶᠢᠳᠠᠭ᠃ ᠲᠤᠰ ᠤᠯᠤᠰ ᠲᠡᠦᠬᠡ ᠳᠤᠷᠠᠰᠬᠠᠯ᠂ ᠪᠠᠶᠢᠭᠠᠯᠢ ᠶᠢᠨ ᠦᠵᠡᠰᠬᠦᠯᠡᠩᠲᠦ ᠪᠠᠶᠢᠳᠠᠯ ᠳᠤ ᠪᠠᠨ ᠲᠤᠯᠭᠠᠭᠤᠷᠢᠯᠠᠨ ᠡᠺᠣ ᠠᠶᠠᠯᠠᠯ ᠵᠢᠭᠤᠯᠴᠢᠯᠠᠯ ᠢ ᠬᠥᠭᠵᠢᠭᠦᠯᠵᠦ ᠪᠠᠶᠢᠨ᠎ᠠ᠃ ᠺᠣᠯᠣᠨᠢᠴᠢᠯᠠᠯ᠂ ᠪᠣᠭᠣᠯᠴᠢᠯᠠᠯᠴᠠᠭᠠᠴᠢᠯᠠᠯ ᠨᠢ ᠪᠧᠯᠢᠰ ᠲᠦ ᠣᠯᠠᠨ ᠦᠨᠳᠦᠰᠦᠲᠡᠨ᠂ ᠤᠭᠰᠠᠭᠠᠲᠠᠨ ᠤ ᠬᠣᠯᠢᠮᠠᠭ ᠬᠡᠯᠡ᠂ ᠰᠤᠶᠤᠯ ᠢ ᠪᠤᠢ ᠪᠣᠯᠭᠠᠭᠰᠠᠨ ᠪᠠᠶᠢᠨ᠎ᠠ᠃ ᠶᠡᠬᠡ ᠪᠷᠢᠲ᠋ᠠᠨ(ᠠᠩᠭᠯᠢ) ᠤᠨ ᠤᠷᠲᠤ ᠤᠳᠠᠭᠠᠨ ᠬᠤᠭᠤᠴᠠᠭᠠᠨ ᠤ ᠺᠣᠯᠣᠨᠢᠴᠢᠯᠠᠯ ᠨᠢ ᠪᠧᠯᠢᠽᠢ ᠶᠢ ᠠᠯᠪᠠᠨ ᠶᠣᠰᠣᠨ ᠤ ᠠᠩᠭᠯᠢ ᠬᠡᠯᠡ ᠲᠡᠢ ᠪᠣᠯᠬᠤ ᠳᠤ ᠨᠥᠯᠦᠭᠡᠯᠡᠭᠰᠡᠨ ᠴᠤ ᠺᠷᠧᠣᠯ ᠮᠠᠶ᠋ᠢᠭ ᠤᠨ ᠠᠶᠠᠯᠭ᠎ᠠ ᠲᠠᠢ ᠢᠰᠫᠠᠨᠢ ᠬᠡᠯᠡ ᠢᠯᠡᠭᠦᠦ ᠥᠷᠭᠡᠨ ᠲᠠᠷᠬᠠᠭᠰᠠᠨ ᠪᠠᠶᠢᠳᠠᠭ ᠣᠨᠴᠠᠯᠢᠭ ᠲᠠᠢ᠃ ᠭᠠᠷᠢᠹᠦᠨᠠ ᠠᠶᠠᠯᠭ᠎ᠠ ᠨᠢ ᠳᠠᠪᠠᠮᠠᠭᠠᠶᠢᠯᠠᠬ ᠪᠢᠰᠢ ᠴᠤ ᠴᠢᠬᠤᠯᠠ ᠨᠥᠯᠥᠭᠡ ᠲᠡᠢ ᠪᠠᠶᠢᠳᠠᠭ᠃

http://wiki.uhaan.com/index.php?title=ᠫᠸᠷᠢᠰ&oldid=424497》 ᠍  ᠡᠴᠡ ᠠᠪᠤᠭᠰᠠᠨ

ᠪᠢᠴᠢᠭᠡᠰᠦ