ᠫᠸ᠋ᠷᠰ ᠬᠠᠭᠠᠨᠲᠤ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
 • ᠫᠧᠷᠰ ᠬᠠᠭᠠᠨᠲᠤ ᠤᠯᠤᠰ — ᠠᠺᠧᠮᠧᠨᠢᠳ᠋ ᠬᠠᠭᠠᠨᠲᠤ ᠲᠦᠷᠦ
 • ᠮᠤᠩᠭᠤᠯ ᠨᠡᠷ᠎ᠠ ᠄ ᠠᠺᠧᠮᠧᠨᠢᠳ᠋ ᠬᠠᠭᠠᠨᠲᠤ ᠲᠦᠷᠦ
 • ᠠᠩᠭᠢᠯᠢ ᠨᠡᠷ᠎ᠠ ᠄ Achaemenid Empire
 • ᠶᠠᠫᠣᠨ ᠨᠡᠷ᠎ᠠ ᠄ アケメネス朝
 • ᠫᠧᠷᠰ ᠨᠡᠷ᠎ᠠ ᠄ شاهنشاهی هخامنشی
 • ᠬᠢᠲᠠᠳ ᠨᠡᠷ᠎ᠠ ᠄ 阿契美尼德王朝

ᠴᠠᠭ ᠬᠤᠭᠤᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠭᠠᠯᠠᠯ ᠡᠴᠡ ᠡᠮᠦᠨ᠎ᠠ 550 ~ 330[ᠵᠠᠰᠠᠪᠤᠷᠢᠯᠠᠬᠤ | ᠺᠣᠳ᠋ ᠢᠶᠠᠷ ᠵᠠᠰᠠᠬᠣ]

 ᠨᠤᠶᠠᠷᠬᠠᠭᠴᠢ ᠄

 • ᠡᠮᠦᠨ᠎ᠠ 550 ~ 530 ᠄ ᠽᠧᠷᠦ᠋ᠰ ᠬᠣᠶᠠᠳ᠋ᠤᠭᠠᠷ ( 居鲁士二世 )
 • ᠡᠮᠦᠨ᠎ᠠ 529 ~ 522 ᠄ ᠺᠠᠮᠪᠧᠰᠰ ᠬᠣᠶᠠᠳ᠋ᠤᠭᠠᠷ ( 冈比西斯二世 )
 • ᠡᠮᠦᠨ᠎ᠠ 522 ᠄ ᠪᠠᠷᠳ᠋ᠢᠶᠠ
 • ᠡᠮᠦᠨ᠎ᠠ 521 ~ 486 ᠄ ᠳ᠋ᠠᠷᠢᠦ᠋ᠰ ᠨᠢᠭᠡᠳ᠋ᠦᠭᠡᠷ ( 大流士一世 )
 • ᠡᠮᠦᠨ᠎ᠠ 485 ~ 465 ᠄ ᠼᠧᠷᠼᠧᠰ ᠨᠢᠭᠡᠳ᠋ᠦᠭᠡᠷ ( 薛西斯一世 )
 • ᠡᠮᠦᠨ᠎ᠠ 465 ~ 424 ᠄ ᠠᠷᠲ᠋ᠠᠼᠧᠷᠼᠧᠰ ᠨᠢᠭᠡᠳ᠋ᠦᠭᠡᠷ ( 阿尔塔薛西斯一世 )
 • ᠡᠮᠦᠨ᠎ᠠ 424 ᠄ ᠼᠧᠷᠼᠧᠰ ᠬᠣᠶᠠᠳ᠋ᠤᠭᠠᠷ ( 薛西斯二世 )
 • ᠡᠮᠦᠨ᠎ᠠ 424 ~ 423 ᠄ ᠰᠤᠭᠳ᠋ᠢᠶᠧᠨᠦᠰ ( 赛基狄亚努斯 )
 • ᠡᠮᠦᠨ᠎ᠠ 423 ~ 405 ᠄ ᠳ᠋ᠠᠷᠢᠦ᠋ᠰ ᠬᠣᠶᠠᠳ᠋ᠤᠭᠠᠷ ( 大流士二世 )
 • ᠡᠮᠦᠨ᠎ᠠ 404 ~ 359 ᠄ ᠠᠷᠲ᠋ᠠᠼᠧᠷᠼᠧᠰ ᠬᠣᠶᠠᠳ᠋ᠤᠭᠠᠷ ( 阿尔塔薛西斯二世 )
 • ᠡᠮᠦᠨ᠎ᠠ 358 ~ 338 ᠄ ᠠᠷᠲ᠋ᠠᠼᠧᠷᠼᠧᠰ ᠭᠤᠷᠪᠠᠳ᠋ᠤᠭᠠᠷ ( 阿尔塔薛西斯三世 )
 • ᠡᠮᠦᠨ᠎ᠠ 338 ~ 336 ᠄ ᠠᠷᠲ᠋ᠠᠼᠧᠷᠼᠧᠰ ᠳᠦᠷᠪᠡᠳ᠋ᠦᠭᠡᠷ᠎᠎᠎᠎᠎᠎᠎᠎ — ᠠᠷᠰᠧᠰ ( 阿尔塞斯 )
 • ᠡᠮᠦᠨ᠎ᠠ 336 ~ 330 ᠄ ᠳ᠋ᠠᠷᠢᠦ᠋ᠰ ᠭᠤᠷᠪᠠᠳ᠋ᠤᠭᠠᠷ ( 大流士三世 )

ᠫᠧᠷᠰ ᠬᠦᠮᠦᠨ ᠨᠢ ᠤᠳ᠋ᠤ ᠵᠢᠨ ᠢᠷᠠᠨ ᠤ ᠭᠤᠤᠯ ᠪᠦᠷᠢᠯᠳ᠋ᠦᠬᠦᠨ ᠂ ᠲᠡᠳ᠋ᠡ ᠲᠡᠦᠬᠡᠨ ᠳᠡᠭᠡᠷ᠎ᠠ ᠤᠯᠠᠨ ᠬᠠᠭᠠᠨᠲᠤ ᠤᠯᠤᠰ ‍ᠢ ᠪᠠᠶᠢᠭᠤᠯᠵᠤ ᠦᠩᠭᠡᠷᠡᠭᠰᠡᠨ ᠪᠢᠯᠡ ᠂ ᠫᠧᠷᠰ ᠬᠠᠭᠠᠨᠲᠤ ᠤᠯᠤᠰ — ᠠᠺᠧᠮᠧᠨᠢᠳ᠋ ᠬᠠᠭᠠᠨᠲᠤ ᠲᠦᠷᠦ ᠢᠢ ᠪᠠᠰᠠ ᠫᠧᠷᠰ ᠦᠨ ᠨᠢᠭᠡᠳ᠋ᠦᠭᠡᠷ ᠬᠠᠭᠠᠨᠲᠤ ᠤᠯᠤᠰ ᠭᠡᠵᠦ ᠳᠠᠭᠤᠳ᠋ᠠᠳ᠋ᠠᠭ ᠂ ᠲᠡᠷᠡ ᠨᠢ ᠡᠷᠲᠡᠨ ᠤ ᠫᠧᠷᠰ ᠤᠷᠤᠨ ᠳ᠋ᠥ ᠬᠠᠮᠤᠭ ᠠᠩᠬ᠎ᠠ ᠨᠤᠲᠤᠭ ᠳᠡᠪᠢᠭᠰᠡᠭᠡᠷ ᠵᠢᠡᠨ ᠳᠤᠮᠳ᠋ᠠ ᠠᠽᠢᠶ᠎ᠠ ᠪᠠᠷᠠᠭᠤᠨ ᠠᠽᠢᠶ᠎ᠠ ᠬᠦᠷᠲᠡᠯ᠎ᠠ ᠦᠷᠭᠡᠳᠬᠡᠭᠰᠡᠨ ᠤᠯᠤᠰ ᠪᠠᠶᠢᠭ᠎ᠠ ᠂ ᠮᠦᠨ ᠡᠭᠦᠨ ᠤ ᠬᠠᠮᠲᠤ ᠳᠡᠯᠡᠬᠡᠢ ᠵᠢᠨ ᠲᠡᠦᠬᠡᠨ ᠳᠡᠭᠡᠷᠡᠬᠢ ᠬᠠᠮᠤᠭ ᠠᠩᠬᠠᠨ ᠤ ᠠᠽᠢᠶ᠎ᠠ ᠡᠧᠦ᠋ᠷᠦᠫᠡ ᠠᠹᠷᠢᠺᠠ ᠭᠤᠷᠪᠠᠨ ᠲᠢᠪ ᠰᠤᠨᠳ᠋ᠠᠯᠠᠭᠰᠠᠨ ᠬᠠᠭᠠᠨᠲᠤ ᠤᠯᠤᠰ ᠮᠦᠨ ᠂ ᠮᠠᠨᠳ᠋ᠤᠭᠰᠠᠨ ᠤᠷᠭᠢᠯ ᠦᠶ᠎ᠠ ᠳ᠋ᠥ ᠪᠡᠨ ᠵᠡᠭᠦᠨᠰᠢ ᠡᠨᠡᠳᠬᠡᠭ ᠮᠦᠷᠡᠨ ᠤ ᠲᠠᠯ᠎ᠠ ᠭᠠᠵᠠᠷ ᠂ ᠪᠠᠷᠠᠭᠤᠨᠰᠢ ᠪᠠᠭ᠎ᠠ ᠠᠽᠢᠶ᠎ᠠ ᠡᠧᠦ᠋ᠷᠦᠫᠡ ᠢᠢᠨ ᠪᠠᠯᠺᠠᠨ ᠬᠣᠶᠢᠭ ( 巴尔干半岛 ) ᠵᠢᠴᠢ ᠽᠷᠧᠢᠢᠰ ( 色雷斯 ) ᠂ ᠪᠠᠷᠠᠭᠤᠨ ᠡᠮᠦᠨᠡᠰᠢ ᠶᠧᠵᠢᠫᠲ ᠯᠢᠪᠢᠶ᠎ᠠ ᠨᠦᠪᠢᠶ᠎ᠠ ᠡᠧᠽᠢᠤᠫᠢᠶ᠎ᠠ ( 埃塞俄 比亚 ) ᠬᠦᠷᠴᠦ ᠂ ᠡᠮᠦᠨ᠎ᠠ 480 ᠤᠨ ᠤ ᠦᠶᠡᠰ ᠨᠤᠲᠤᠭ ᠳᠡᠪᠢᠰᠭᠡᠷ ᠨᠢ 600 ᠲᠦᠮᠡᠨ ᠺᠦᠧᠠᠳ᠋ ᠺᠢᠯᠣᠮᠧᠲ᠋ᠷ ᠂ ᠬᠦᠮᠦᠨ ᠠᠮᠠ ᠨᠢ 1800 ᠲᠦᠮᠡ ᠳ᠋ᠥ ᠬᠦᠷᠴᠦ ᠪᠠᠶᠢᠭᠰᠠᠨ ᠪᠠᠶᠢᠨ᠎ᠠ ᠃

ᠨᠢᠭᠡ ᠄ ᠬᠠᠭᠠᠨᠲᠤ ᠤᠯᠤᠰ ᠤᠨ ᠪᠠᠢᠭᠤᠯᠤᠭᠳᠠᠭᠰᠠᠨ ᠵᠢᠴᠢ ᠭᠠᠳᠠᠭᠰᠢ ᠲᠡᠯᠡᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠺᠧᠮᠧᠨᠢᠳ᠋ ᠬᠠᠭᠠᠨᠲᠤ ᠲᠥᠷᠥ ᠶᠢᠨ ᠡᠭᠦᠰᠦᠯ ᠢᠷᠡᠯ ᠨᠢ ᠠᠺᠧᠮᠧᠨᠢᠳ᠋ ᠭᠡᠳᠡᠭ ᠬᠥᠮᠦᠨ ᠂ ᠲᠤᠬᠠᠢ ᠶᠢᠨ ᠦᠶ᠎ᠡ ᠳᠦ ᠪᠦᠬᠦᠢᠯᠡ ᠫᠧᠷᠰ ᠣᠷᠣᠨ ᠨᠢ ᠮᠧᠳ᠋ᠧᠰ ᠸᠠᠩᠲᠤ ᠤᠯᠤᠰ ( 米底王国 ) ᠤᠨ ᠨᠣᠶᠠᠷᠬᠠᠯ ᠳᠤ ᠪᠠᠢᠵᠠᠢ ᠂ ᠠᠺᠧᠮᠧᠨᠢᠳ᠋ ᠦᠬᠦᠭᠰᠡᠨ ᠦ ᠳᠠᠷᠠᠭ᠎ᠠ ᠲᠡᠭᠦᠨ ᠦ ᠬᠦᠦ ᠲᠧᠰᠫᠠᠰ ( 泰斯帕斯 ) ᠣᠷᠣ ᠵᠠᠯᠭᠠᠮᠵᠢᠯᠠᠵᠤ ᠠᠢᠮᠠᠭ ᠪᠦᠯᠦᠭ ᠢᠶᠡᠨ ᠳᠠᠭᠠᠭᠤᠯᠵᠤ ᠠᠭᠠᠵᠢᠮ ᠢᠶᠠᠷ ᠮᠧᠳ᠋ᠧᠰ ᠸᠠᠩᠲᠤ ᠤᠯᠤᠰ ᠤᠨ ᠨᠣᠶᠠᠷᠬᠠᠯ ᠠᠴᠠ ᠮᠤᠯᠲᠤᠷᠠᠵᠠᠢ ᠂ ᠲᠧᠰᠫᠠᠰ ᠦᠬᠦᠬᠦ ᠳᠦ ᠪᠡᠨ ᠭᠠᠵᠠᠷ ᠨᠤᠲᠤᠭ ᠢᠶᠠᠨ ᠬᠣᠶᠠᠷ ᠬᠦᠦ ᠳᠦ ᠪᠡᠨ ᠵᠠᠯᠭᠠᠮᠵᠢᠯᠠᠵᠤ ᠥᠭᠴᠡᠢ ᠂ ᠤᠨ ᠵᠢᠯ ᠤᠯᠠᠷᠢᠵᠤ ᠡᠮᠦᠨ᠎ᠡ 559 ᠤᠨ ᠳᠤ ᠽᠧᠷᠦ᠋ᠰ ᠬᠣᠶᠠᠳᠤᠭᠠᠷ ᠬᠣᠶᠠᠷ ᠭᠠᠵᠠᠷ ᠢ ᠨᠢᠭᠡᠳᠬᠡᠵᠦ ᠠᠺᠧᠮᠧᠨᠢᠳ᠋ ᠬᠠᠭᠠᠨᠲᠤ ᠲᠦᠷᠦ ᠪᠠᠢᠭᠤᠯᠤᠭᠳᠠᠭᠰᠠᠨ ᠪᠠᠢᠨ᠎ᠠ ᠃

ᠬᠠᠭᠠᠨ ᠣᠷᠣ ᠳᠤ ᠰᠠᠭᠤᠭᠰᠠᠨ ᠽᠧᠷᠦ᠋ᠰ ᠬᠣᠶᠠᠳᠤᠭᠠᠷ ᠭᠠᠳᠠᠭᠰᠢ ᠲᠡᠯᠡᠵᠦ ᠡᠬᠢᠯᠡᠭᠰᠡᠨ ᠪᠠᠢᠨ᠎ᠠ ᠂ ᠡᠮᠦᠨ᠎ᠡ 553 ~ 550 ᠤᠨ ᠳᠤ ᠮᠧᠳ᠋ᠧᠰ ᠸᠠᠩᠲᠤ ᠤᠯᠤᠰ ᠢ ᠮᠥᠬᠥᠭᠡᠵᠦ ᠂ ᠲᠡᠭᠦᠨ ᠦ ᠳᠠᠷᠠᠭ᠎ᠠ ᠰᠢᠨ᠎ᠡ ᠪᠠᠪᠢᠯᠤᠨ ᠸᠠᠩᠲᠤ ᠤᠯᠤᠰ ( 迦勒底王国 ) ᠲᠠᠢ ᠬᠣᠯᠪᠣᠭ᠎ᠠ ᠪᠠᠢᠭᠤᠯᠵᠤ ᠠᠷᠤ ᠲᠠᠯ᠎ᠠ ᠪᠠᠨ ᠪᠠᠲᠤᠳᠬᠠᠵᠤ ᠂ ᠪᠠᠭ᠎ᠠ ᠠᠽᠢᠶ᠎ᠠ ᠶᠢᠨ ᠯᠧᠳ᠋ᠢᠶ᠎ᠠ ( 吕底亚 ) ᠶᠢ ᠴᠣᠬᠢᠵᠤ ᠡᠮᠦᠨ᠎ᠡ 547 ᠤᠨ ᠳᠤ ᠮᠥᠬᠥᠭᠡᠭᠰᠡᠨ ᠪᠠᠢᠨ᠎ᠠ ᠂ ᠡᠮᠦᠨ᠎ᠡ 546 ~ 540 ᠤᠨ ᠳᠤ ᠤᠷᠢᠳᠤ ᠶᠢᠨ ᠮᠧᠳ᠋ᠧᠰ ᠸᠠᠩᠲᠤ ᠤᠯᠤᠰ ᠤᠨ ᠵᠡᠭᠦᠨ ᠬᠡᠰᠡᠭ ᠦᠨ ᠭᠠᠵᠠᠷ ᠨᠤᠲᠤᠭ ᠢ ᠡᠵᠡᠯᠡᠵᠦ ᠂ ᠲᠡᠭᠦᠨ ᠦ ᠳᠠᠷᠠᠭ᠎ᠠ ᠳᠣᠲᠣᠭᠠᠳᠤ ᠢᠢᠨ ᠬᠢᠮᠤᠷᠠᠯ ᠳᠤ ᠠᠪᠲᠠᠭᠰᠠᠨ ᠰᠢᠨ᠎ᠡ ᠪᠠᠪᠢᠯᠤᠨ ᠸᠠᠩᠲᠤ ᠤᠯᠤᠰ ᠢ ᠴᠣᠬᠢᠵᠤ ᠡᠮᠦᠨ᠎ᠡ 539 ᠤᠨ ᠳᠤ ᠪᠠᠪᠢᠯᠤᠨ ᠬᠣᠲᠠ ᠡᠵᠡᠯᠡᠭᠳᠡᠵᠦ ᠂ ᠨᠤᠲᠤᠭ ᠳᠡᠪᠢᠰᠬᠡᠷ ᠨᠢ ᠶᠧᠵᠢᠫᠲ ᠲᠡᠢ ᠬᠢᠯᠢ ᠨᠡᠢᠯᠡᠵᠦ ᠣᠴᠢᠭᠰᠠᠨ ᠪᠠᠢᠨ᠎ᠠ ᠃

ᠬᠣᠶᠠᠷ ᠄ ᠶᠧᠵᠢᠫᠲ ᠢ ᠡᠷᠬᠡᠰᠢᠶᠡᠭᠰᠡᠨ ᠵᠢᠴᠢ ᠲᠥᠷᠥ ᠶᠢᠨ ᠪᠠᠲᠤᠳᠬᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠽᠧᠷᠦ᠋ᠰ ᠬᠣᠶᠠᠳᠤᠭᠠᠷ ᠦᠬᠦᠭᠰᠡᠨ ᠦ ᠳᠠᠷᠠᠭ᠎ᠠ ᠲᠡᠭᠦᠨ ᠦ ᠬᠦᠦ ᠺᠠᠮᠪᠧᠰᠰ ᠬᠣᠶᠠᠳᠤᠭᠠᠷ ᠣᠷᠣ ᠵᠠᠯᠭᠠᠮᠵᠢᠯᠠᠵᠤ ᠲᠡᠷᠡ ᠳᠠᠷᠤᠢ ᠶᠧᠵᠢᠫᠲ ᠲᠦ ᠳᠠᠢᠨ ᠵᠠᠷᠯᠠᠵᠤ ᠨᠡᠢᠰᠯᠡᠯ ᠮᠧᠮᠹᠢᠰ ᠢ ᠨᠢ ᠡᠵᠡᠯᠡᠵᠦ ᠂ ᠵᠠᠯᠭᠠᠨ ᠺᠠᠷᠽᠠᠵ ( 迦太基 ) ᠂ ᠠᠮᠤᠨ ᠪᠦᠷᠢᠳᠦ ( 阿蒙绿洲 ) ᠂ ᠨᠦᠪᠢᠶ᠎ᠠ ᠶᠢ ᠴᠣᠬᠢᠭᠰᠠᠨ ᠪᠣᠯᠪᠠᠴᠤ ᠳᠡᠮᠡᠢ ᠪᠦᠲᠦᠮᠵᠢ ᠣᠯᠤᠭᠰᠠᠨ ᠦᠭᠡᠢ ᠂ ᠡᠮᠦᠨ᠎ᠡ 522 ᠤᠨ ᠳᠤ ᠠᠺᠧᠮᠧᠨᠢᠳ᠋ ᠬᠠᠭᠠᠨᠲᠤ ᠲᠦᠷᠦ ᠨᠢ ᠳᠣᠲᠣᠭᠠᠳᠤ ᠢᠢᠨ ᠰᠠᠮᠠᠭᠤᠷᠠᠯ ᠳᠡᠭᠳᠡᠵᠦ ᠂ ᠺᠠᠮᠪᠧᠰᠰ ᠬᠣᠶᠠᠳᠤᠭᠠᠷ ᠶᠠᠭᠠᠷᠠᠤ ᠰᠠᠨᠳ᠋ᠣᠷᠠᠤ ᠬᠠᠷᠢᠬᠤ ᠵᠠᠮ ᠳᠤ ᠪᠠᠨ ᠨᠠᠰᠤ ᠪᠠᠷᠠᠵᠤ ᠂ ᠬᠠᠭᠠᠨ ᠤ ᠤᠭᠰᠠᠭ᠎ᠠ ᠳ᠋ᠠᠷᠢᠦ᠋ᠰ ᠨᠢᠭᠡᠳᠦᠭᠡᠷ ᠴᠡᠷᠢᠭ ᠢᠶᠡᠨ ᠳᠠᠢᠴᠢᠯᠠᠨ ᠲᠥᠷᠥ ᠶᠢᠨ ᠰᠠᠮᠠᠭᠤᠷᠠᠯ ᠢ ᠲᠦᠪᠰᠢᠳᠬᠡᠵᠦ ᠤᠯᠤᠰ ᠢᠶᠠᠨ 20 ᠮᠤᠵᠢ ᠬᠤᠪᠢᠶᠠᠭᠰᠠᠨ ᠪᠠᠢᠨ᠎ᠠ ᠃

ᠳ᠋ᠠᠷᠢᠦ᠋ᠰ ᠨᠢᠭᠡᠳᠦᠭᠡᠷ ᠣᠷᠣ ᠰᠠᠭᠤᠭᠰᠠᠨ ᠤ ᠳᠠᠷᠠᠭ᠎ᠠ ᠳᠣᠲᠣᠭᠠᠳᠤ ᠳᠤ ᠪᠠᠨ ᠬᠠᠲᠠᠭᠤ ᠠᠷᠭ᠎ᠠ ᠬᠡᠮᠵᠢᠶ᠎ᠡ ᠠᠪᠴᠤ ᠂ ᠸᠠᠩ ᠬᠦᠩ ᠦᠨ ᠰᠠᠮᠠᠭᠤᠷᠠᠯ ᠢ ᠲᠦᠪᠰᠢᠳᠬᠡᠵᠦ ᠬᠠᠭᠠᠨ ᠤ ᠣᠷᠣ ᠪᠠᠨ ᠪᠠᠲᠤᠳᠬᠠᠵᠠᠢ ᠃ ᠣᠷᠣ ᠰᠠᠭᠤᠭᠰᠠᠨ ᠬᠣᠶᠠᠳᠤᠭᠠᠷ ᠵᠢᠯ ᠳᠦ ᠪᠡᠨ ᠡᠨᠡᠳᠬᠡᠭ ᠮᠥᠷᠡᠨ ᠦ ᠲᠠᠯ᠎ᠠ ᠭᠠᠵᠠᠷ ᠢ ᠡᠷᠬᠡᠰᠢᠶᠡᠯ ᠳᠦ ᠪᠡᠨ ᠣᠷᠣᠭᠤᠯᠵᠤ ᠂ ᠡᠮᠦᠨ᠎ᠡ 499 ᠤᠨ ᠳᠤ ᠪᠠᠭ᠎ᠠ ᠠᠽᠢᠶ᠎ᠠ ᠪᠠ ᠭᠷᠧᠭ᠌ ᠦᠨ ᠬᠣᠭᠤᠷᠠᠨᠳ᠋ᠤᠬᠢ ᠡᠾᠧᠯᠧᠰᠫᠤᠨᠲ ᠬᠣᠭᠣᠯᠠᠢ ( 赫勒斯滂海峡 ) ᠳᠤ ᠴᠡᠷᠢᠭ ᠣᠷᠣᠵᠤ ᠂ ᠭᠷᠧᠭ᠌ ᠫᠧᠷᠰ ᠦᠨ ᠳᠠᠢᠨ ( 希波 战争 ) ᠢ ᠳᠡᠭᠳᠡᠭᠡᠭᠰᠡᠨ ᠪᠠᠢᠨ᠎ᠠ ᠂ ᠡᠮᠦᠨ᠎ᠡ 492 ᠤᠨ ᠳᠤ ᠽᠷᠧᠢᠢᠰ ( 色雷斯 ) ᠪᠠ ᠮᠠᠺᠧᠳ᠋ᠣᠨᠢᠶ᠎ᠠ ( 马其顿 ) ᠶᠢ ᠡᠵᠡᠯᠡᠭᠰᠡᠨ ᠪᠣᠯᠪᠠᠴᠤ ᠡᠮᠦᠨ᠎ᠡ 490 ᠤᠨ ᠳᠤ ᠭᠷᠧᠭ᠌ ᠢ ᠴᠣᠬᠢᠬᠤ ᠳᠤ ᠪᠠᠨ ᠮᠠᠷᠠᠽᠤᠨ ᠤ ᠪᠠᠢᠯᠳᠤᠭᠠᠨ ( 马拉松战役 ) ᠳᠤ ᠢᠯᠠᠭᠳᠠᠵᠤ ᠂ ᠭᠷᠧᠭ᠌ ᠢ ᠡᠵᠡᠯᠡᠬᠦ ᠵᠣᠷᠢᠯᠭ᠎ᠠ ᠳᠤ ᠪᠠᠨ ᠬᠦᠷᠴᠦ ᠳᠡᠢᠯᠦᠭᠰᠡᠨ ᠦᠭᠡᠢ ᠃

ᠳ᠋ᠠᠷᠢᠦ᠋ᠰ ᠨᠢᠭᠡᠳᠦᠭᠡᠷ ᠡᠮᠦᠨ᠎ᠡ 486 ᠤᠨ ᠳᠤ ᠨᠠᠰᠤ ᠪᠠᠷᠠᠵᠠᠢ ᠂ ᠲᠡᠭᠦᠨ ᠦ ᠬᠦᠦ ᠼᠧᠷᠼᠧᠰ ᠨᠢᠭᠡᠳᠦᠭᠡᠷ ᠡᠮᠦᠨ᠎ᠡ 485 ᠤᠨ ᠳᠤ ᠶᠧᠵᠢᠫᠲ ᠦᠨ ᠤᠷᠪᠠᠯᠭᠠᠨ ᠢ ᠲᠦᠪᠰᠢᠳᠬᠡᠵᠦ ᠂ ᠲᠡᠭᠦᠨ ᠦ ᠳᠠᠷᠠᠭ᠎ᠠ ᠳᠠᠬᠢᠨ ᠭᠷᠧᠭ᠌ ᠲᠦ ᠰᠠᠭᠠᠲᠠᠭᠰᠠᠨ ᠪᠠᠢᠨ᠎ᠠ ᠂ ᠡᠬᠢᠨ ᠦ ᠦᠶ᠎ᠡ ᠳᠦ ᠪᠡᠨ ᠭᠷᠧᠭ᠌ ᠦᠨ ᠬᠣᠢᠲᠤ ᠬᠡᠰᠡᠭ ᠢ ᠡᠵᠡᠯᠡᠵᠦ ᠤᠷᠤᠭᠰᠢᠲᠠᠢ ᠪᠠᠢᠭᠰᠠᠨ ᠪᠣᠯᠪᠠᠴᠤ ᠰᠡᠭᠦᠯ ᠳᠦ ᠨᠢ ᠬᠡᠳᠦ ᠤᠳᠠᠭᠠᠨ ᠤ ᠢᠯᠠᠭᠳᠠᠯ ᠳᠤ ᠤᠴᠠᠷᠠᠵᠤ ᠂ ᠼᠧᠷᠼᠧᠰ ᠨᠢᠭᠡᠳᠦᠭᠡᠷ ᠠᠭᠠᠵᠢᠮ ᠢᠶᠠᠷ ᠲᠥᠷᠥ ᠶᠢᠨ ᠬᠡᠷᠡᠭ ᠡᠴᠡ ᠬᠠᠭᠠᠴᠠᠵᠤ ᠠᠷᠢᠬᠢ ᠳᠠᠷᠠᠰᠤ ᠥᠩᠭᠡ ᠵᠢᠰᠦᠨ ᠳᠦ ᠰᠢᠨᠤᠵᠤ ᠂ ᠡᠮᠦᠨ᠎ᠡ 465 ᠤᠨ ᠳᠤ ᠬᠣᠣᠷᠯᠠᠭᠳᠠᠵᠤ ᠠᠯᠠᠭᠳᠠᠭᠰᠠᠨ ᠪᠠᠢᠨ᠎ᠠ ᠃

ᠭᠤᠷᠪᠠ ᠄ ᠬᠠᠭᠠᠨᠲᠤ ᠲᠥᠷᠥ ᠶᠢᠨ ᠳᠣᠷᠣᠢᠲᠠᠯ ᠮᠥᠬᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠼᠧᠷᠼᠧᠰ ᠨᠢᠭᠡᠳᠦᠭᠡᠷ ᠡᠴᠡ ᠰᠡᠭᠦᠯᠡᠷᠬᠢ ᠨᠣᠶᠠᠷᠬᠠᠭᠴᠢ ᠨᠢ ᠳᠡᠮᠡᠢ ᠦᠢᠯᠡ ᠪᠦᠲᠦᠮᠵᠢ ᠦᠭᠡᠢ ᠂ ᠭᠡᠪᠡᠴᠦ ᠠᠷᠲ᠋ᠠᠼᠧᠷᠼᠧᠰ ᠬᠣᠶᠠᠳᠤᠭᠠᠷ ᠤᠨ ᠦᠶ᠎ᠡ ᠳᠦ ᠬᠠᠷᠢᠨ ᠠᠮᠵᠢᠯᠲᠠ ᠲᠠᠢ ᠪᠠᠷ ᠠᠲ᠋ᠧᠨ ( 雅典 ) ᠪᠠ ᠰᠫᠠᠷᠲ᠋ᠠ ( 斯巴达 ) ᠶᠢᠨ ᠬᠣᠭᠣᠷᠣᠨᠳᠣ ᠳᠠᠢᠨ ᠥᠳᠥᠭᠡᠵᠦ ᠂ ᠨᠡᠩ ᠰᠡᠭᠦᠯᠡᠷ ᠨᠢ 《 ᠸᠠᠩ ᠤᠨ ᠭᠡᠷ᠎ᠡ 》 ᠪᠠᠢᠭᠤᠯᠵᠤ ᠂ ᠭᠷᠧᠭ᠌ ᠦᠨ ᠬᠡᠷᠡᠭ ᠲᠦ ᠭᠠᠷ ᠳᠦᠷᠦᠬᠦ ᠪᠣᠯᠤᠭᠰᠠᠨ ᠪᠠᠢᠨ᠎ᠠ ᠂ ᠭᠡᠪᠡᠴᠦ ᠲᠡᠭᠦᠨ ᠡᠴᠡ ᠰᠡᠭᠦᠯᠡᠷ ᠠᠺᠧᠮᠧᠨᠢᠳ᠋ ᠬᠠᠭᠠᠨᠲᠤ ᠲᠥᠷᠥ ᠨᠢ ᠣᠯᠠᠨ ᠤᠳᠠᠭ᠎ᠠ ᠰᠠᠮᠠᠭᠤᠷᠠᠯ ᠡᠭᠦᠰᠴᠦ ᠬᠡᠳᠦᠢᠪᠡᠷ ᠲᠦᠪᠰᠢᠳᠬᠡᠵᠦ ᠳᠡᠢᠯᠦᠭᠰᠡᠨ ᠪᠣᠯᠪᠠᠴᠤ ᠤᠯᠤᠰ ᠤᠨ ᠬᠦᠴᠦᠨ ᠨᠢ ᠶᠡᠬᠡ ᠪᠡᠷ ᠪᠠᠭᠤᠷᠠᠭᠰᠠᠨ ᠪᠠᠢᠨ᠎ᠠ ᠂ ᠡᠮᠦᠨ᠎ᠡ 359 ᠤᠨ ᠳᠤ ᠠᠷᠲ᠋ᠠᠼᠧᠷᠼᠧᠰ ᠭᠤᠷᠪᠠᠳᠤᠭᠠᠷ ᠰᠠᠭᠤᠷᠢᠨ ᠳᠤ ᠭᠠᠷᠴᠤ ᠂ ᠲᠡᠭᠦᠨ ᠦ ᠨᠣᠶᠠᠷᠬᠠᠯ ᠳᠤ ᠠᠺᠧᠮᠧᠨᠢᠳ᠋ ᠬᠠᠭᠠᠨᠲᠤ ᠲᠥᠷᠥ ᠨᠢ ᠰᠡᠷᠭᠦᠵᠦ ᠡᠬᠢᠯᠡᠭᠰᠡᠨ ᠪᠠᠢᠨ᠎ᠠ ᠂ ᠭᠡᠪᠡᠴᠦ ᠲᠡᠷᠡ ᠠᠲ᠋ᠧᠨ ᠢ ᠳᠡᠮᠵᠢᠵᠦ ᠮᠠᠺᠧᠳ᠋ᠣᠨᠢᠶ᠎ᠠ ᠶᠢ ᠡᠰᠡᠷᠭᠦᠴᠡᠬᠦ ᠭᠤᠶᠤᠴᠢᠯᠠᠯ ᠢ ᠲᠡᠪᠴᠢᠭᠰᠡᠨ ᠡᠴᠡ ᠪᠦᠬᠦᠢᠯᠡ ᠭᠷᠧᠭ᠌ ᠮᠠᠺᠧᠳ᠋ᠣᠨᠢᠶ᠎ᠠ ᠸᠠᠩᠲᠤ ᠤᠯᠤᠰ ᠲᠤ ᠡᠵᠡᠯᠡᠭᠳᠡᠵᠦ ᠂ ᠨᠡᠩ ᠴᠢᠨᠠᠭᠰᠢ ᠡᠮᠦᠨ᠎ᠡ 334 ~ 330 ᠤᠨ ᠳᠤ ᠠᠯᠧᠺᠰᠠᠨᠳ᠋ᠷᠢᠶ᠎ᠠ ᠭᠤᠷᠪᠠᠳᠤᠭᠠᠷ ( 亚历山大大帝 ) ᠠᠺᠧᠮᠧᠨᠢᠳ᠋ ᠬᠠᠭᠠᠨᠲᠤ ᠲᠥᠷᠥ ᠶᠢ ᠮᠥᠬᠥᠭᠡᠵᠦ ᠂ ᠫᠧᠷᠰ ᠦᠨ ᠨᠢᠭᠡᠳᠦᠭᠡᠷ ᠬᠠᠭᠠᠨᠲᠤ ᠤᠯᠤᠰ ᠠᠮᠢ ᠡᠴᠦᠰᠯᠡᠭᠰᠡᠨ ᠪᠠᠢᠨ᠎ᠠ ᠃

ᠪᠢᠴᠢᠭᠡᠰᠦ