ᠫᠷᠣᠹᠧᠰᠰᠣᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠶᠡᠬᠡ ᠰᠤᠷᠭᠠᠭᠤᠯᠢ ᠍ ᠶᠢᠨ ᠪᠠᠭᠰᠢ ᠫᠷᠣᠹᠧᠰᠰᠣᠷ ᠤᠳ ᠤᠨ ᠳ᠋ᠢᠫᠯᠣᠮ ᠭᠠᠷᠳᠠᠭᠤᠯᠬᠤ ᠶᠣᠰᠣᠯᠠᠯ 2013-06-20

ᠫᠷᠣᠹᠧᠰᠰᠣᠷ (ᠯᠠᠲᠤ᠃ professor - ᠮᠡᠷᠭᠡᠰᠢᠭᠦᠯᠦᠭᠴᠢ ᠬᠦᠮᠦᠨ) ᠨᠢ ᠳᠡᠭᠡᠳᠦ ᠪᠣᠯᠪᠠᠰᠤᠷᠠᠯ ᠤᠨ ᠡᠷᠳᠡᠮ ᠦᠨ ᠵᠡᠷᠭᠡᠯᠡᠯᠲᠡᠢ ᠪᠠᠭᠰᠢ᠂ ᠰᠤᠳᠤᠯᠤᠭᠠᠴᠢ ᠶᠢᠨ ᠠᠯᠪᠠ ᠪᠤᠶᠤ ᠴᠣᠯᠠ ᠶᠤᠮ᠃ ᠤᠯᠤᠰ ᠪᠦᠷᠢ ᠪᠡᠷ ᠫᠷᠣᠹᠧᠰᠰᠣᠷ ᠤᠨ ᠴᠣᠯᠠᠨ ᠤ ᠣᠯᠭᠣᠯᠲᠠ ᠪᠠ ᠠᠵᠢᠯ ᠤᠨ ᠰᠢᠨᠵᠢ ᠴᠢᠨᠠᠷ ᠥᠭᠡᠷ᠎ᠡ ᠥᠭᠡᠷ᠎ᠡ ᠪᠠᠶᠢᠳᠠᠭ ᠭᠡᠬᠦ ᠳᠦ ᠪᠡᠨ ᠠᠮᠧᠷᠢᠺᠠ ᠶᠢᠨ ᠨᠢᠭᠡᠳᠦᠭᠰᠡᠨ ᠤᠯᠤᠰ ᠪᠠ ᠧᠦ᠋ᠷᠣᠫᠠ ᠶᠢᠨ ᠬᠣᠯᠪᠣᠭᠠᠨ ᠤ ᠤᠯᠤᠰ ᠤᠳ ᠲᠤ ᠣᠶᠢᠷᠠᠯᠴᠠᠭ᠎ᠠ ᠰᠲ᠋ᠠᠨᠳᠠᠷᠲ ᠲᠤ ᠪᠠᠶᠢᠳᠠᠭ ᠪᠤᠶᠤ ᠶᠡᠬᠡ ᠰᠤᠷᠭᠠᠭᠤᠯᠢ᠂ ᠺᠣᠯᠯᠧᠵᠢ ᠶᠢᠨ ᠪᠠᠭᠰᠢ ᠶᠢᠨ ᠠᠵᠢᠯ ᠤᠨᠨ ᠬᠠᠮᠤᠭ ᠤᠨ ᠳᠡᠭᠡᠳᠦ ᠵᠡᠷᠭᠡᠯᠡᠯ ᠪᠣᠯᠤᠨ᠎ᠠ᠃ ᠫᠷᠣᠹᠧᠰᠰᠣᠷ ᠴᠣᠯᠠ ᠨᠢ ᠡᠷᠳᠡᠮᠲᠡᠨ ᠬᠦᠨᠳᠦ ᠣᠯᠭᠤᠳᠠᠭ ᠬᠠᠮᠤᠭ ᠤᠨ ᠳᠡᠭᠡᠳᠦ ᠴᠣᠯᠠ ᠪᠠ ᠣᠯᠠᠨ ᠵᠢᠯ ᠦᠨ ᠰᠤᠳᠤᠯᠭᠠᠨ ᠤ ᠠᠵᠢᠯ ᠪᠠ ᠡᠷᠳᠡᠮ ᠦᠨ ᠠᠵᠢᠯ ᠤᠨᠨ ᠠᠮᠵᠢᠯᠲᠠ ᠶᠢᠨ ᠳ᠋ᠦᠩ ᠳᠦ ᠣᠯᠭᠣᠭᠳᠠᠨ᠎ᠠ᠃ ᠡᠷᠳᠡᠮ ᠦᠨ ᠵᠡᠷᠭᠡᠯᠡᠯ ᠦᠨ ᠳ᠋ᠣᠺᠲ᠋ᠣᠷ ᠤᠨ (PhD) ᠵᠡᠷᠭᠡ ᠬᠠᠮᠠᠭᠠᠯᠠᠭᠰᠠᠨ ᠰᠤᠳᠤᠯᠤᠭᠠᠴᠢ ᠺᠣᠯᠯᠧᠵᠢ᠂ ᠶᠡᠬᠡ ᠰᠤᠷᠭᠠᠭᠤᠯᠢ ᠳᠤ ᠲᠤᠰᠯᠠᠬᠤ ᠪᠠᠭᠰᠢ᠂ ᠪᠠᠭᠰᠢ ᠶᠢᠨ ᠠᠯᠪᠠ ᠶᠢ ᠲᠣᠳᠣᠷᠬᠠᠢ ᠵᠢᠯ ᠢᠶᠡᠷ ᠬᠠᠰᠢᠵᠤ ᠪᠠᠶᠢᠵᠤ ᠫᠷᠣᠹᠧᠰᠰᠣᠷ ᠴᠣᠯᠠ ᠶᠢ ᠠᠪᠳᠠᠭ᠃

ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠬᠢᠮᠢ ᠶᠢᠨ ᠫᠷᠣᠹᠧᠰᠰᠣᠷ ᠳ᠃ᠳᠠᠸᠠᠰᠦ᠋ᠷᠦᠩ (ᠮᠣᠩᠭᠣᠯ ᠤᠯᠤᠰ ᠤᠨ ᠶᠡᠬᠡ ᠰᠤᠷᠭᠠᠭᠤᠯᠢ 1950-1977)(ᠴᠠᠭᠠᠨ᠎ᠠ ᠨᠢ ᠪᠠᠶᠢᠭ᠎ᠠ ᠨᠢ)

ᠮᠣᠩᠭᠣᠯ ᠤᠯᠤᠰ ᠲᠤ 1945 ᠣᠨ ᠳᠤ ᠮᠣᠩᠭᠣᠯ ᠤᠯᠤᠰ ᠤᠨ ᠶᠡᠬᠡ ᠰᠤᠷᠭᠠᠭᠤᠯᠢ ᠨᠡᠭᠡᠭᠡᠭᠳᠡᠭᠰᠡᠨ ᠢᠶᠡᠷ ᠫᠷᠣᠹᠧᠰᠰᠣᠷ ᠤᠨ ᠠᠯᠪᠠ ᠠᠯᠪᠠᠨ ᠶᠣᠰᠣᠭᠠᠷ ᠪᠤᠢ ᠪᠣᠯᠤᠭᠰᠠᠨ ᠶᠤᠮ᠂ ᠲᠡᠭᠦᠨ ᠡᠴᠡ ᠡᠮᠦᠨ᠎ᠡ 1921-1944 ᠣᠨ ᠨᠤᠭᠤᠳ ᠲᠤ ᠪᠤᠰᠤᠳ ᠮᠡᠷᠭᠡᠵᠢᠯ ᠦᠳ ᠪᠠ ᠪᠠᠭᠰᠢ ᠶᠢᠨ ᠶᠠᠩᠵᠤ ᠪᠦᠷᠢ ᠶᠢᠨ ᠰᠤᠷᠭᠠᠭᠤᠯᠢ ᠨᠤᠭᠤᠳ ᠲᠤ ᠬᠠᠭᠤᠴᠢᠨ ᠤ 1920 ᠣᠨ ᠠᠴᠠ ᠡᠮᠦᠨᠡᠬᠢ ᠠᠯᠪᠠᠨ ᠪᠤᠰᠤ ᠰᠢᠰᠲ᠋ᠧᠮ ᠦᠨ ᠰᠤᠷᠭᠠᠯᠲᠠ ᠶᠢᠨ ᠥᠨᠳᠥᠷ ᠪᠣᠯᠪᠠᠰᠤᠷᠠᠯ ᠲᠠᠢ ᠪᠠᠭᠰᠢ ᠡᠷᠳᠡᠮᠲᠡᠳ ᠫᠷᠣᠹᠧᠰᠰᠣᠷ ᠤᠨ ᠠᠵᠢᠯ ᠢ ᠠᠯᠪᠠᠨ ᠪᠠ ᠠᠯᠪᠠᠨ ᠪᠤᠰᠤ ᠬᠡᠮᠵᠢᠶᠡᠨ ᠳᠦ ᠭᠦᠢᠴᠡᠳᠭᠡᠵᠦ ᠪᠠᠶᠢᠴᠠᠢ᠃ 1990 ᠣᠨ ᠳᠤ ᠮᠣᠩᠭᠣᠯ ᠳᠤ ᠨᠡᠶᠢᠭᠡᠮ ᠤᠨ ᠥᠭᠡᠷᠡᠴᠢᠯᠡᠯᠲᠡᠲᠡᠢ ᠪᠡᠷ ᠬᠣᠯᠪᠣᠭᠳᠠᠨ ᠪᠠᠷᠠᠭᠤᠨ ᠤ ᠡᠷᠳᠡᠮ ᠦᠨ ᠴᠣᠯᠠ ᠵᠡᠷᠭᠡᠨ ᠦ ᠰᠢᠰᠲ᠋ᠧᠮ ᠢ ᠪᠠᠭ᠎ᠠ ᠪᠠᠭ᠎ᠠ ᠪᠠᠷ ᠨᠡᠪᠲᠡᠷᠡᠭᠦᠯᠵᠦ ᠡᠬᠢᠯᠡᠭᠰᠡᠨ ᠬᠠᠷᠢᠨ ᠨᠡᠶᠢᠭᠡᠮ ᠡᠳ᠋ ᠍ ᠦᠨ ᠵᠠᠰᠠᠭ ᠤᠨ ᠪᠣᠯᠪᠠᠰᠤᠷᠠᠯ ᠡᠷᠡᠰ ᠰᠢᠨᠡᠴᠢᠯᠡᠭᠳᠡᠭᠰᠡᠨ ᠲᠡᠢ ᠬᠣᠯᠪᠣᠭᠳᠠᠨ ᠡᠨᠡ ᠴᠢᠭᠯᠡᠯ ᠦᠨ ᠫᠷᠣᠹᠧᠰᠰᠣᠷ ᠤᠨ ᠠᠯᠪᠠ ᠪᠠᠭ᠎ᠠ ᠦᠭᠡᠢ ᠳᠣᠭᠣᠯᠳᠠᠵᠤ 1990-2000 ᠣᠨ ᠨᠤᠭᠤᠳ ᠲᠤ ᠴᠣ ᠰᠢᠨ᠎ᠡ ᠪᠡᠷ ᠪᠣᠯᠪᠠᠰᠤᠨ ᠬᠦᠴᠦᠨ ᠢ ᠪᠡᠯᠡᠳᠬᠡᠵᠦ ᠲᠥᠯᠦᠪᠰᠢᠭᠦᠯᠦᠯᠲᠡ ᠶᠠᠪᠤᠭᠳᠠᠭᠰᠠᠨ ᠶᠤᠮ᠃

ᠲᠤᠬᠠᠢ ᠶᠢᠨ ᠮᠡᠷᠭᠡᠵᠢᠯ ᠰᠠᠯᠪᠠᠷ ᠤᠳ ᠢᠶᠠᠷ ᠥᠨᠳᠥᠷ ᠠᠮᠵᠢᠯᠲᠠᠨ ᠳᠤ ᠬᠦᠷᠦᠭᠰᠡᠨ ᠵᠠᠷᠢᠮ ᠮᠡᠷᠭᠡᠵᠢᠯᠲᠡᠨ ᠨᠦᠭᠦᠳ ᠢ "ᠬᠦᠨᠳᠦᠲᠦ ᠳ᠋ᠣᠺᠲ᠋ᠣᠷ" ᠪᠠ "ᠬᠦᠨᠳᠦᠳ ᠫᠷᠣᠹᠧᠰᠰᠣᠷ" ᠴᠣᠯᠠ ᠪᠠᠷ ᠶᠡᠬᠡ ᠰᠤᠷᠭᠠᠭᠤᠯᠢ ᠨᠤᠭᠤᠳ ᠱᠠᠩᠨᠠᠵᠤ ᠵᠠᠷᠢᠮ ᠲᠣᠬᠢᠶᠠᠯᠳᠤᠯ ᠳᠤ ᠶᠡᠬᠡ ᠰᠤᠷᠭᠠᠭᠤᠯᠢ ᠺᠣᠯᠯᠧᠵᠢᠳ ᠤᠷᠢᠵᠤ ᠯᠧᠺᠼᠢ ᠤᠩᠰᠢᠭᠤᠯᠳᠠᠭ᠃

ᠮᠣᠩᠭᠣᠯ ᠤᠨ ᠤᠯᠠᠮᠵᠢᠯᠠᠯ ᠳᠤ ᠡᠷᠳᠡᠮ ᠦᠨ ᠪᠠᠭᠰᠢ ᠶᠢᠨ ᠬᠥᠭᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠲᠤ ᠮᠢᠩᠭ᠎ᠠ ᠭᠠᠷᠤᠢ ᠵᠢᠯ ᠦᠨ ᠡᠮᠦᠨ᠎ᠡ ᠡᠴᠡ ᠡᠷᠳᠡᠮ ᠦᠨ ᠪᠠᠭᠰᠢ ᠶᠢᠨ ᠲᠣᠮᠢᠶᠠᠯᠠᠯ ᠣᠶᠢᠯᠠᠭᠠᠯᠲᠠ ᠡᠭᠦᠰᠴᠢ "ᠪᠠᠭᠰᠢ ᠰᠢᠪ ᠦᠨ ᠪᠠᠷᠢᠯᠳᠤᠯᠭ᠎ᠠ", "ᠡᠷᠳᠡᠮ" ᠭᠡᠰᠡᠨ ᠨᠡᠷ᠎ᠡ ᠲᠣᠮᠢᠶᠠᠯᠠᠯ ᠢᠶᠠᠷ ᠶᠠᠩᠵᠤ ᠪᠦᠷᠢ ᠶᠢᠨ ᠱᠠᠲᠤᠨ ᠤ ᠪᠣᠯᠪᠠᠰᠤᠷᠠᠯ ᠢ ᠶᠠᠩᠵᠤ ᠪᠦᠷᠢ ᠶᠢᠨ ᠳᠠᠪᠬᠤᠷᠭ᠎ᠠ ᠶᠢᠨ ᠬᠦᠮᠦᠰ ᠬᠥᠭᠵᠢᠭᠦᠯᠦᠭᠰᠡᠭᠡᠷ ᠢᠷᠡᠵᠡᠢ᠃ ᠲᠡᠶᠢᠮᠦ ᠡᠴᠡ ᠴᠤ ᠮᠢᠩᠭ᠎ᠠ ᠭᠠᠷᠤᠢ ᠵᠢᠯ ᠦᠨ ᠡᠮᠦᠨ᠎ᠡ ᠡᠴᠡ ᠮᠣᠩᠭᠣᠯ ᠡᠷᠳᠡᠮᠲᠡᠳ ᠡᠷᠲᠡᠨ ᠦ ᠣᠯᠠᠨ ᠮᠢᠩᠭᠠᠨ ᠵᠢᠯ ᠦᠨ ᠭᠠᠷᠤᠯ ᠲᠠᠢ ᠰᠠᠨᠰᠺᠷᠢᠳ᠋ ᠨᠣᠮ ᠰᠤᠳᠤᠷ ᠤᠳ ᠢ ᠢᠳᠡᠪᠬᠢ ᠲᠡᠢ ᠣᠷᠴᠢᠭᠤᠯᠵᠤ ᠮᠣᠩᠭᠣᠯ ᠤᠨ ᠡᠷᠳᠡᠮ ᠦᠨ ᠬᠦᠷᠢᠶᠡᠨ ᠦ ᠬᠢᠨ ᠰᠤᠳᠤᠯᠵᠤ ᠲᠤᠬᠠᠢ ᠶᠢᠨ ᠴᠠᠭ ᠤᠨ ᠢᠶᠠᠨ ᠨᠡᠶᠢᠭᠡᠮ ᠢᠶᠡᠨ ᠬᠥᠭᠵᠢᠭᠦᠯᠦᠭᠰᠡᠭᠡᠷ ᠢᠷᠡᠵᠡᠢ᠃ ᠣᠳᠣ ᠠᠴᠠ 450 ᠭᠠᠷᠤᠢ ᠵᠢᠯ ᠦᠨ ᠡᠮᠦᠨ᠎ᠡ ᠮᠣᠩᠭᠣᠯ ᠤᠨ ᠡᠷᠳᠡᠮᠲᠡᠳ 200 ᠭᠠᠷᠤᠢ ᠪᠣᠲᠢ ᠲᠠᠢ ᠭᠠᠨᠵᠤᠤᠷ-ᠳᠠᠨᠵᠤᠤᠷ ᠳᠣᠷᠣᠨ ᠤ ᠡᠷᠳᠡᠮ ᠰᠤᠳᠤᠯᠤᠯ ᠤᠨ ᠣᠷᠭᠢᠯ ᠪᠦᠲᠦᠭᠡᠯ ᠢ ᠠᠽᠢ ᠶᠢᠨ ᠬᠢᠨ ᠤ ᠳᠤᠮᠳᠠ ᠭᠠᠭᠴᠠᠭᠠᠷ ᠢᠶᠠᠨ ᠰᠠᠨᠰᠺᠷᠢᠳ᠋ ᠡᠬᠡ ᠡᠴᠡ ᠣᠷᠴᠢᠭᠤᠯᠵᠤ ᠴᠢᠳᠠᠭᠰᠠᠨ ᠨᠢ ᠮᠣᠩᠭᠣᠯ ᠤᠨ ᠡᠷᠳᠡᠮ ᠦᠨ ᠬᠦᠷᠢᠶᠡᠯᠡᠯ ᠦᠨ ᠬᠢᠨ ᠪᠠ ᠪᠠᠭᠰᠢ ᠰᠢᠪ ᠦᠨ ᠪᠠᠷᠢᠯᠳᠤᠯᠭ᠎ᠠ᠂ ᠪᠠᠭᠰᠢᠯᠠᠬᠤ (ᠫᠷᠣᠹᠧᠰᠰᠣᠷ ᠤᠨ) ᠠᠷᠭ᠎ᠠ ᠵᠦᠢ ᠨᠢ ᠶᠠᠮᠠᠷᠬᠠᠤ ᠴᠢᠳᠠᠪᠤᠷᠢᠯᠢᠭ ᠲᠦᠪᠰᠢᠨ ᠳᠦ ᠬᠥᠭᠵᠢᠵᠦ ᠪᠠᠶᠢᠭᠰᠠᠨ ᠤ ᠨᠢᠭᠡ ᠴᠢᠬᠤᠯᠠ ᠦᠵᠡᠭᠦᠯᠦᠯᠲᠡ ᠪᠠᠷᠢᠮᠲᠠ ᠶᠤᠮ᠃

ᠪᠠᠷᠠᠭᠤᠨ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠽᠢᠶ᠎ᠠ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ