ᠫᠷᠣᠲ᠋ᠧᠰᠲ᠋ᠠᠨᠲ ᠤᠷᠤᠰᠬᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠫᠷᠣᠲ᠋ᠧᠰᠲ᠋ᠠᠨᠲ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠾᠷᠢᠰᠲ᠋ ᠢᠲᠡᠭᠡᠯᠲᠦ ᠤᠷᠤᠰᠬᠠᠯ ᠤᠳ ᠤᠨ ᠪᠢᠯᠢᠭ ᠲᠡᠮᠳᠡᠭ "ᠵᠠᠭᠠᠯᠮᠠᠢ"

ᠫᠷᠣᠲ᠋ᠧᠰᠲ᠋ᠠᠨᠲ (ᠠᠩᠭᠯᠢ ᠪᠠᠷ Protestantism) ᠤᠷᠤᠰᠬᠠᠯ ᠨᠢ ᠺᠠᠲ᠋ᠣᠯᠢᠭ ᠤᠷᠤᠰᠬᠠᠯ ᠳᠣᠲᠣᠷ᠎ᠠ ᠠᠴᠠ ᠭᠠᠷᠴᠤ ᠢᠷᠡᠭᠰᠡᠨ ᠤᠷᠤᠰᠬᠠᠯ ᠪᠥᠭᠡᠳ ᠾᠷᠢᠰᠲ᠋ ᠢᠲᠡᠭᠡᠯ ᠦᠨ 3 ᠲᠣᠮᠣ ᠤᠷᠤᠰᠬᠠᠯ ᠤᠨ ᠨᠢᠭᠡ ᠶᠤᠮ (ᠨᠥᠭᠥᠭᠡ ᠬᠣᠶᠠᠷ ᠨᠢ ᠺᠠᠲ᠋ᠣᠯᠢᠭᠣᠲᠣᠳᠣᠺᠰ). 17-18 ᠍ ᠳᠦᠭᠡᠷ ᠵᠠᠭᠤᠨ ᠤ ᠦᠶ᠎ᠡ ᠳᠦ ᠪᠠᠷᠠᠭᠤᠨ ᠧᠦ᠋ᠷᠣᠫᠠ ᠍ ᠤᠨ ᠣᠷᠣᠨ ᠨᠤᠭᠤᠳ ᠲᠤ ᠰᠢᠨᠡᠴᠢᠯᠡᠯᠲᠡ ᠶᠢᠨ ᠬᠥᠳᠡᠯᠭᠡᠭᠡᠨ ᠭᠠᠷᠤᠭᠰᠠᠨ᠃ ᠡᠨᠡ ᠦᠶ᠎ᠡ ᠶᠢ ᠲᠡᠦᠬᠡᠨ ᠳᠦ ᠷᠧᠹᠤᠷᠮᠠᠼ ᠤᠨ ᠦᠶ᠎ᠡ ᠭᠡᠳᠡᠭ᠃ ᠨᠡᠶᠢᠭᠡᠮ᠂ ᠤᠯᠤᠰ ᠲᠥᠷᠥ ᠶᠢᠨ ᠠᠮᠢᠳᠤᠷᠠᠯ ᠳᠤ ᠰᠢᠨᠡᠴᠢᠯᠡᠯᠲᠡ ᠨᠦᠭᠦᠳ ᠭᠠᠷᠤᠭᠰᠠᠨ ᠪᠥᠭᠡᠳ ᠺᠠᠲ᠋ᠣᠯᠢᠭ ᠰᠦᠮ᠎ᠡ ᠶᠢᠨ ᠵᠡᠷᠭᠡᠲᠡᠨ ᠨᠦᠭᠦᠳ ᠱᠠᠰᠢᠨ ᠤ ᠬᠦᠷᠢᠶᠡᠨ ᠡᠴᠡ ᠬᠠᠯᠢᠨ ᠤᠯᠤᠰ ᠲᠥᠷᠥ ᠶᠢᠨ ᠬᠦᠷᠢᠶᠡᠨ ᠳᠦ ᠣᠴᠢᠭᠰᠠᠨ ᠨᠢ ᠧᠦᠢᠷᠣᠫᠠᠴᠤᠳ ᠤᠨ ᠳᠤᠷᠠᠭᠦᠶᠢᠴᠡᠯ ᠢ ᠬᠦᠷᠭᠡᠵᠦ ᠪᠠᠶᠢᠯ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠱᠠᠰᠢᠨ ᠤ ᠰᠢᠨᠡᠳᠬᠡᠯ ᠨᠢ 16 ᠍ ᠳᠦᠭᠡᠷ ᠵᠠᠭᠤᠨ ᠠᠴᠠ ᠡᠬᠢᠯᠡᠭᠰᠡᠨ ᠪᠥᠭᠡᠳ ᠡᠨᠡ ᠨᠢ ᠫᠠᠫ ᠤᠨ ᠵᠠᠰᠠᠭᠯᠠᠯ ᠢ ᠡᠰᠡᠷᠭᠦᠴᠡᠭᠰᠡᠨ᠃ ᠤᠴᠢᠷ ᠨᠢ ᠫᠠᠫ ᠤᠨ ᠵᠠᠰᠠᠭ ᠵᠠᠬᠢᠷᠭ᠎ᠠ ᠨᠢ ᠪᠢᠪᠯᠢ ᠍ ᠶᠢᠨ ᠦᠨᠡᠨ ᠡᠴᠡ ᠭᠠᠵᠢᠵᠤ ᠡᠬᠢᠯᠡᠭᠰᠡᠨ ᠳᠦ ᠣᠷᠣᠰᠢᠨ᠎ᠠ᠃ ᠱᠠᠰᠢᠨ ᠤ ᠰᠢᠨᠡᠳᠬᠡᠯ ᠦᠨ ᠬᠤᠪᠢ ᠳᠤ ᠬᠦᠮᠦᠰ ᠭᠤᠷᠪᠠᠨ ᠠᠷᠭ᠎ᠠ ᠪᠠᠷ ᠲᠡᠮᠡᠴᠡᠵᠦ ᠪᠠᠶᠢᠭᠰᠠᠨ ᠪᠠ ᠡᠨᠡ ᠵᠡᠪᠰᠡᠭᠲᠦ ᠲᠡᠮᠡᠴᠡᠯ᠂ ᠪᠢᠪᠯᠢ ᠶᠢᠨ ᠳᠠᠭᠠᠤ᠂ ᠣᠶᠤᠨ ᠤ ᠳᠡᠪᠰᠢᠯ ᠦᠨ ᠬᠦᠷᠢᠶᠡᠨ ᠳᠦ ᠵᠡᠷᠭᠡ ᠪᠠᠶᠢᠯ᠎ᠠ᠃ 16 ᠍ ᠳᠦᠭᠡᠷ ᠵᠠᠭᠤᠨ ᠤ ᠦᠶ᠎ᠡ ᠳᠦ ᠮᠠᠷᠲ᠋ᠢᠨ ᠯᠶᠦ᠋ᠲ᠋ᠧᠷ᠂ ᠳᠠᠷᠠᠭ᠎ᠠ ᠨᠢ ᠵᠣᠩ ᠺᠠᠯᠸᠢᠨ ᠭᠡᠳᠡᠭ ᠡᠷᠳᠡᠮᠲᠡᠨ ᠦ ᠤᠳᠤᠷᠢᠳᠤᠯᠭ᠎ᠠ ᠳᠣᠣᠷ᠎ᠠ ᠷᠧᠹᠤᠷᠮᠠᠼ ᠤᠨ ᠬᠥᠳᠡᠯᠭᠡᠭᠡᠨ ᠪᠤᠶᠤ ᠱᠠᠰᠢᠨ ᠤ ᠰᠢᠨᠡᠳᠬᠡᠯ ᠭᠦᠨᠵᠡᠭᠡᠶᠢᠷᠡᠭᠰᠡᠨ᠃ ᠮᠠᠷᠲ᠋ᠢᠨ ᠯᠶᠦ᠋ᠲ᠋ᠧᠷ ᠢ ᠫᠷᠣᠲ᠋ᠧᠰᠲ᠋ᠠᠨᠲ ᠤᠷᠤᠰᠬᠠᠯ ᠢ ᠬᠠᠮᠤᠭ ᠤᠨ ᠠᠩᠬ᠎ᠠ ᠡᠭᠦᠰᠬᠡᠨ ᠪᠠᠶᠢᠭᠤᠯᠤᠭᠴᠢ ᠭᠡᠵᠦ ᠦᠵᠡᠳᠡᠭ᠃ ᠬᠠᠮᠤᠭ ᠤᠨ ᠴᠢᠬᠤᠯᠠ ᠰᠢᠨᠡᠴᠢᠯᠡᠯ ᠦᠳ ᠢ ᠲᠡᠷᠡ ᠪᠡᠷ ᠬᠢᠭᠰᠡᠨ ᠪᠥᠭᠡᠳ ᠬᠦᠮᠦᠰ ᠯᠠᠲ᠋ᠢᠨ ᠬᠡᠯᠡᠡᠭᠡᠷᠡ ᠪᠢᠪᠯᠢ ᠶᠢᠨ ᠲᠠᠯ᠎ᠠ ᠪᠠᠷ ᠷᠤᠮᠠᠨᠢᠶ ᠠ ᠺᠠᠲ᠋ᠣᠯᠢᠭᠴᠤᠳ ᠤᠤ ᠶᠠᠷᠢᠶ᠎ᠠ ᠳᠤ ᠪᠠᠶᠢᠭ᠎ᠠ ᠶᠢ ᠨᠢ ᠣᠶᠢᠯᠠᠭᠠᠬᠤ ᠦᠭᠡᠢ ᠪᠠᠶᠢᠭᠰᠠᠨ ᠲᠤᠯᠠ ᠰᠠᠨᠸᠠᠷᠲᠠᠨ ᠨᠤᠭᠤᠳ ᠳᠤᠷ᠎ᠠ ᠪᠠᠷ ᠢᠶᠠᠨ ᠬᠠᠤᠯᠢ ᠳᠦᠷᠢᠮ ᠭᠠᠷᠭᠠᠳᠠᠭ ᠪᠤᠯᠢᠬᠠᠢ ᠶᠢ ᠨᠢ ᠮᠠᠷᠲ᠋ᠢᠨ ᠯᠶᠦ᠋ᠲ᠋ᠧᠷ ᠪᠢᠪᠯᠢ ᠶᠢ ᠭᠧᠷᠮᠠᠨ ᠬᠡᠯᠡᠡᠨᠳᠡ ᠬᠥᠷᠪᠡᠭᠦᠯᠦᠭᠰᠡᠨ ᠢᠶᠡᠷ ᠢᠯᠡᠴᠢᠯᠡᠭᠰᠡᠨ ᠶᠤᠮ᠃ ᠲᠡᠷᠡᠪᠡᠷ ᠪᠷᠠᠨᠳᠪᠦᠦᠭᠡᠶᠢᠨ ᠶᠡᠬᠡ ᠰᠤᠷᠭᠠᠭᠤᠯᠢ ᠶᠢᠨ ᠫᠷᠣᠹᠧᠰᠰᠣᠷ ᠪᠠᠶᠢᠭᠰᠠᠨ ᠪᠠ ᠮᠥᠨ ᠺᠠᠲ᠋ᠣᠯᠢᠭ ᠰᠦᠮ᠎ᠡᠡᠶᠢᠨ ᠰᠠᠨᠸᠠᠷᠲᠠᠨ ᠬᠦᠮᠦᠨ ᠪᠠᠶᠢᠭᠰᠠᠨ᠃ ᠲᠡᠷᠡ 1517 ᠣᠨ ᠤ 5 ᠰᠠᠷ᠎ᠠ ᠳᠤ ᠪᠷᠠᠨᠳᠪᠦᠦᠭ ᠰᠦᠮ᠎ᠡ ᠶᠢᠨ ᠬᠠᠭᠠᠯᠭᠠᠨ ᠳᠡᠭᠡᠷ᠎ᠡ 95 ᠰᠡᠳᠦᠪ ᠲᠡᠢ ᠲᠤᠩᠬᠠᠭᠯᠠᠯ ᠪᠷᠠᠨᠳᠪᠦᠦᠭ ᠦᠨ ᠠᠯᠪᠧᠷᠲ ᠲᠦ ᠬᠠᠨᠳᠤᠵᠤ ᠭᠠᠷᠭᠠᠭᠰᠠᠨ᠃ ᠡᠨᠡ ᠲᠤᠩᠬᠠᠭᠯᠠᠯ ᠳᠤ:

  • ᠾᠷᠢᠰᠲ᠋ᠡᠶᠢᠨ ᠰᠦᠮ᠎ᠡ ᠴᠢᠭᠤᠯᠭᠠᠨ ᠨᠤᠭᠤᠳ ᠫᠠᠫ ᠤᠨ ᠵᠠᠬᠢᠷᠭᠠᠨ ᠠᠴᠠ ᠭᠠᠷᠬᠤ᠃
  • ᠬᠦᠮᠦᠨ ᠭᠠᠭᠴᠠᠬᠦ ᠢᠲᠡᠭᠡᠯ ᠢᠶᠡᠷ ᠪᠤᠷᠬᠠᠨ ᠤ ᠨᠢᠭᠦᠯᠡᠰᠦᠯ ᠢᠶᠡᠷ ᠠᠪᠤᠷᠠᠭᠳᠠᠨ᠎ᠠ᠃
  • ᠪᠦᠬᠦ ᠬᠦᠮᠦᠰ ᠱᠠᠰᠢᠨ ᠰᠢᠲᠦᠯᠭᠡ ᠭᠡᠬᠦ ᠦᠭᠡᠢ ᠪᠡᠷ ᠪᠤᠷᠬᠠᠨ ᠤ ᠡᠮᠦᠨ᠎ᠡ ᠲᠡᠭᠰᠢ ᠡᠷᠬᠡ ᠲᠡᠢ ᠪᠠᠶᠢᠨ᠎ᠠ᠃
  • ᠧᠦ᠋ᠷᠣᠫᠠ ᠳᠠᠬᠢᠨ ᠤ ᠣᠷᠣᠨ ᠨᠤᠭᠤᠳ ᠤᠨ ᠠᠷᠠᠳ ᠲᠦᠮᠡᠨ ᠡᠴᠡ ᠤᠯᠠᠮᠵᠢᠯᠠᠵᠤ ᠢᠷᠡᠭᠰᠡᠨ ᠱᠠᠰᠢᠨ ᠤ ᠬᠠᠭᠤᠴᠢᠨ ᠵᠠᠩᠰᠢᠯ ᠢ ᠾᠷᠢᠰᠲ᠋ᠦ᠋ᠰ ᠍ ᠤᠨ ᠵᠠᠩ ᠦᠢᠯᠡ ᠲᠡᠢ ᠬᠤᠯᠪᠤᠬᠤ ᠶᠣᠰᠣᠲᠠᠢ᠃
  • ᠧᠦ᠋ᠷᠣᠫᠠ ᠶᠢᠨ ᠰᠣᠶᠣᠯᠲᠤ ᠣᠷᠣᠨ ᠨᠤᠭᠤᠳ ᠠᠷᠢᠭᠤᠨ ᠪᠢᠪᠯᠢ ᠍ ᠶᠢ ᠦᠨᠳᠦᠰᠦᠲᠡᠨ ᠦ ᠪᠡᠨ ᠬᠡᠯᠡ ᠪᠡᠷ ᠣᠷᠴᠢᠭᠤᠯᠵᠤ ᠥᠪᠡᠷ ᠦᠨ ᠢᠶᠡᠨ ᠬᠡᠯᠡᠯᠭᠡ ᠳᠡᠭᠡᠷ᠎ᠡ ᠪᠡᠨ ᠰᠤᠷᠬᠤ ᠶᠣᠰᠣᠲᠠᠢ ᠵᠡᠷᠭᠡ ᠪᠠᠶᠢᠯ᠎ᠠ᠃

ᠤᠭ ᠱᠠᠰᠢᠨ ᠤ ᠰᠢᠨᠡᠳᠬᠡᠯ ᠬᠢᠭᠴᠢᠳ ᠢ ᠲᠤᠬᠠᠢ ᠦᠶ᠎ᠡ ᠳᠦ "ᠲᠡᠷᠰ ᠦᠵᠡᠯᠲᠡᠨ ᠨᠦᠭᠦᠳ" ᠭᠡᠵᠦ ᠨᠡᠷᠡᠯᠡᠵᠦ ᠪᠠᠶᠢᠭᠰᠠᠨ ᠪᠥᠭᠡᠳ ᠡᠨᠡ ᠨᠢ ᠯᠠᠲ᠋ᠢᠨ ᠬᠡᠯᠡᠡᠭᠡᠷᠡ ᠫᠷᠣᠲ᠋ᠧᠰᠲ᠋ᠠᠨᠲ ᠭᠡᠰᠡᠨ ᠦᠭᠡ ᠶᠤᠮ᠃ ᠷᠧᠹᠤᠷᠮᠠᠼ ᠤᠨ ᠬᠥᠳᠡᠯᠭᠡᠭᠡᠨ ᠤᠯᠠᠮ ᠰᠢᠷᠦᠭᠦᠰᠦᠭᠰᠡᠭᠡᠷ 1525 ᠣᠨ ᠳᠤ ᠲᠠᠷᠢᠶᠠᠴᠢᠨ ᠤ ᠪᠣᠰᠤᠯᠭ᠎ᠠ᠂ ᠲᠡᠭᠦᠨᠴᠢᠯᠡᠨ ᠭᠡᠭᠡᠨ ᠰᠢᠭᠡ ᠭᠡᠭᠴᠢ ᠫᠠᠫ ᠤᠨ ᠲᠤᠰᠠᠯᠠᠬᠤ᠂ ᠤᠳᠤᠷᠢᠳᠤᠭᠴᠢ ᠵᠡᠷᠭᠡ ᠣᠯᠠᠨ ᠬᠦᠮᠦᠰ ᠦᠨ ᠳᠡᠮᠵᠢᠯᠭᠡ ᠪᠡᠷ ᠯᠶᠦ᠋ᠲ᠋ᠧᠷ ᠦᠨ ᠲᠤᠩᠬᠠᠭᠯᠠᠯ ᠤᠳ ᠲᠠᠷᠬᠠᠭᠰᠠᠭᠠᠷ ᠪᠠᠶᠢᠯ᠎ᠠ᠃ ᠡᠨᠡ ᠪᠦᠬᠦᠨ ᠣᠷᠭᠢᠯ ᠳᠤ ᠪᠠᠨ ᠬᠦᠷᠬᠦ ᠳᠦ ᠫᠷᠣᠲ᠋ᠧᠰᠲ᠋ᠠᠨᠲ ᠭᠡᠬᠦ ᠰᠢᠨ᠎ᠡ ᠾᠷᠢᠰᠲ᠋ ᠢᠲᠡᠭᠡᠯ ᠦᠨ ᠤᠷᠤᠰᠬᠠᠯ ᠪᠤᠢ ᠪᠣᠯᠤᠭᠰᠠᠨ ᠶᠤᠮ᠃

ᠤᠷᠤᠰᠬᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠷᠣᠲ᠋ᠧᠰᠲ᠋ᠠᠨᠲ ᠤᠷᠤᠰᠬᠠᠯ ᠨᠢ ᠢᠲᠡᠭᠡᠯ ᠪᠢᠰᠢᠷᠡᠯ ᠦᠨ ᠬᠤᠪᠢ ᠳᠤ ᠣᠯᠠᠨ ᠶᠠᠩᠵᠤ ᠪᠠᠶᠢᠳᠠᠭ᠃ ᠳᠣᠲᠣᠷ᠎ᠠ ᠪᠠᠨ ᠮᠠᠰᠢ ᠣᠯᠠᠨ ᠤᠷᠤᠰᠬᠠᠯ ᠪᠣᠯᠤᠭᠠᠳ ᠬᠤᠪᠢᠶᠠᠭᠳᠠᠳᠠᠭ ᠪᠣᠯᠬᠣᠷ ᠶᠡᠬᠡ ᠶᠠᠷᠪᠢᠭᠲᠠᠢ᠃ ᠫᠷᠣᠲ᠋ᠧᠰᠲ᠋ᠠᠨᠲ ᠨᠢ ᠳᠣᠲᠣᠷ᠎ᠠ ᠪᠠᠨ ᠬᠡᠳᠦᠨ ᠤᠷᠤᠰᠬᠠᠯ ᠳᠤ ᠬᠤᠪᠢᠶᠠᠭᠳᠠᠳᠠᠭ ᠡᠰᠡᠬᠦ ᠨᠢ ᠡᠷᠡᠭᠡᠯᠵᠡᠭᠡ ᠲᠡᠢ ᠪᠣᠯᠪᠠᠴᠤ ᠬᠠᠮᠤᠷᠬᠤ ᠬᠦᠷᠢᠶᠡᠨ ᠦ ᠬᠤᠪᠢ ᠳᠤ ᠲᠣᠮᠣ ᠭᠡᠳᠡᠭ ᠤᠳᠬ᠎ᠠ ᠪᠠᠷ ᠨᠢ ᠬᠤᠪᠢᠶᠠᠵᠤ ᠪᠣᠯᠤᠨ᠎ᠠ᠃ ᠡᠨᠡ ᠨᠢ:

ᠪᠢᠴᠢᠭᠡᠰᠦ