ᠫᠯᠤᠲ᠋ᠣᠨᠢ 238

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠫᠯᠤᠲ᠋ᠣᠨᠢ 238 ᠮᠧᠲ᠋ᠠᠯ ᠳᠣᠲᠣᠷ᠎ᠠ ᠠᠴᠠ ᠪᠠᠨ ᠡᠭᠦᠰᠬᠦ ᠠᠯᠢᠹᠠ ᠰᠠᠴᠤᠷᠠᠭ ᠤᠨ ᠢᠶᠠᠨ ᠬᠠᠯᠠᠭᠤᠨ ᠳᠤ ᠤᠯᠠᠶᠢᠰᠤᠭᠰᠠᠨ ᠪᠠᠶᠢᠭ᠎ᠠ ᠨᠢ
ᠫᠯᠤᠲ᠋ᠣᠨᠢ 238 ᠮᠧᠲ᠋ᠠᠯ ᠳᠣᠲᠣᠷ᠎ᠠ ᠠᠴᠠ ᠪᠠᠨ ᠡᠭᠦᠰᠬᠦ ᠠᠯᠢᠹᠠ ᠰᠠᠴᠤᠷᠠᠭ ᠤᠨ ᠢᠶᠠᠨ ᠬᠠᠯᠠᠭᠤᠨ ᠳᠤ ᠤᠯᠠᠶᠢᠰᠤᠭᠰᠠᠨ ᠪᠠᠶᠢᠭ᠎ᠠ ᠨᠢ

ᠫᠯᠤᠲ᠋ᠣᠨᠢ 238 (Pu-238, 238Pu, ᠫᠤ-238) ᠨᠢ ᠫᠯᠤᠲ᠋ᠣᠨᠢ ᠰᠠᠴᠤᠷᠠᠭ ᠢᠳᠡᠪᠬᠢ ᠳᠦ ᠢᠽᠣᠲ᠋ᠣᠫ ᠪᠠ 87,7 ᠵᠢᠯ ᠦᠨ ᠬᠠᠭᠠᠰ ᠵᠠᠳᠠᠷᠠᠯ ᠤᠨ ᠬᠤᠭᠤᠴᠠᠭ᠎ᠠ ᠲᠠᠢ ᠮᠧᠲ᠋ᠠᠯ ᠪᠥᠭᠡᠳ ᠬᠦᠴᠦᠲᠡᠢ ᠠᠯᠢᠹᠠ ᠰᠠᠴᠤᠷᠭᠠᠭᠴᠢ ᠶᠤᠮ᠃ ᠫᠯᠤᠲ᠋ᠣᠨᠢ 238 ᠨᠡᠪᠲᠡᠷᠡᠮᠡᠲᠡᠭᠡᠢ ᠭᠠᠮᠮ᠎ᠠ ᠰᠠᠴᠤᠷᠠᠭ ᠪᠠᠷᠤᠭ ᠭᠠᠷᠭᠠᠳᠠᠳᠠᠭ ᠦᠭᠡᠢ ᠤᠴᠢᠷ ᠲᠥᠷᠥᠯ ᠪᠦᠷᠢ ᠶᠢᠨ ᠴᠥᠮ᠎ᠡ ᠶᠢᠨ ᠴᠠᠬᠢᠯᠭᠠᠨ ᠡᠭᠦᠰᠬᠡᠭᠦᠷ ᠦᠳ ᠲᠦ (РЦЦҮ) ᠲᠦᠯᠡᠰᠢ ᠪᠣᠯᠭᠠᠵᠤ ᠠᠰᠢᠭᠯᠠᠭᠳᠠᠳᠠᠭ᠂ 1 ᠭᠷᠠᠮ ᠨᠢ 0,5 ᠸᠠᠲ ᠤᠨ ᠳᠤᠯᠠᠭᠠᠨ ᠤ ᠡᠨᠧᠷᠭᠢ ᠢᠯᠭᠠᠷᠠᠭᠤᠯᠳᠠᠭ᠃ ᠫᠤ-238 ᠍ ᠢ ᠠᠩᠬ᠎ᠠ 1941 ᠣᠨ ᠳᠤ ᠡᠷᠳᠡᠮᠲᠡᠨ ᠭᠯᠧᠨ ᠰᠢᠪᠤᠷᠭ ᠤᠷᠠᠨ-238 ᠍ ᠢ ᠳᠧᠢᠲ᠋ᠷᠣᠨ ᠢᠶᠠᠷ ᠪᠥᠮᠪᠥᠭᠡᠳᠡᠵᠦ ᠨᠧᠫᠲ᠋ᠦᠶᠢᠨ-238 ᠍ ᠢ ᠭᠠᠷᠭᠠᠵᠤ ᠠᠪᠴᠤ ᠲᠡᠷᠡ ᠨᠢ ᠴᠠᠰᠢ ᠵᠠᠳᠠᠷᠠᠵᠤ ᠫᠤ-238 ᠪᠣᠯᠤᠭᠰᠠᠨ᠃ ᠫᠤ-238 ᠨᠢ ᠤᠷᠠᠨ-234 ᠪᠣᠯᠵᠤ ᠵᠠᠳᠠᠷᠠᠳᠠᠭ ᠮᠥᠨ ᠴᠢᠨᠠᠭᠰᠢ ᠲᠤᠭᠤᠯᠭ᠎ᠠ-206 ᠪᠣᠯᠵᠤ ᠵᠠᠳᠠᠷᠠᠨ᠎ᠠ᠃

ᠪᠢᠴᠢᠭᠡᠰᠦ