ᠫᠯᠤᠲ᠋ᠣᠨᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠫᠯᠤᠲ᠋ᠣᠨᠢ (Pu)
ᠠᠲ᠋ᠣᠮ ᠤᠨ ᠳ᠋ᠤᠭᠠᠷ 94
ᠠᠲ᠋ᠣᠮ ᠮᠠᠰ (244) /ᠮᠣᠯᠢ
ᠥᠩᠭᠡ
ᠡᠯᠧᠺᠲ᠋ᠷᠣᠨ ᠪᠠᠶᠢᠭᠤᠯᠤᠯᠲᠠ [Rn] 5f6 7s2
ᠪᠦᠷᠬᠦᠭᠦᠯ ᠳ᠋ᠡᠬᠢ
ᠡᠯᠧᠺᠲ᠋ᠷᠣᠨ ᠤ ᠲᠣᠭ᠎ᠠ
2, 8, 18, 32, 24, 8, 2
ᠹᠢᠽᠢᠺ ᠰᠢᠨᠵᠢ ᠴᠢᠨᠠᠷ
ᠪᠣᠳᠠᠰ ᠤᠨ ᠲᠥᠯᠥᠪ ᠬᠠᠲᠠᠭᠤ
ᠨᠢᠭᠲᠠᠴᠠ 19.816 /ᠰᠮ³
ᠬᠠᠶᠢᠯᠠᠬᠤ ᠲᠣᠯᠠᠭᠠᠨ ᠤ ᠬᠡᠮᠵᠢᠶ᠎ᠡ (639.4 °C) 912.5 K
ᠪᠤᠴᠠᠯᠬᠤ ᠲᠣᠯᠠᠭᠠᠨ ᠤ ᠬᠡᠮᠵᠢᠶ᠎ᠡ (3228 °C) 3505 K
ᠬᠠᠶᠢᠯᠤᠯᠲᠠ ᠶᠢᠨ ᠬᠤᠪᠢ ᠤᠨ ᠳᠤᠯᠠᠭᠠᠨ 2.82 ᠺᠵ/ᠮᠣᠯᠢ
ᠠᠭᠤᠷᠰᠢᠯᠲᠠ ᠶᠢᠨ ᠬᠤᠪᠢ ᠤᠨ ᠳᠤᠯᠠᠭᠠᠨ 333.5 ᠺᠵ/ᠮᠣᠯᠢ
ᠳᠤᠯᠠᠭᠠᠨ ᠪᠠᠭᠲᠠᠭᠠᠮᠵᠢ 35.5 ᠺᠵ/(ᠮᠣᠯᠢ·K)
ᠠᠲ᠋ᠣᠮ ᠤᠨ ᠰᠢᠨᠵᠢ ᠴᠢᠨᠠᠷ
ᠣᠷᠣᠨ ᠳᠤ ᠲᠣᠷᠤᠨ ᠤ ᠪᠦᠲᠦᠴᠡ
(ᠰᠢᠩ ᠢᠶᠣᠨᠢ)
ᠮᠣᠨᠣᠺᠯᠢᠨᠢᠺ
ᠢᠰᠦᠯᠳᠦᠯᠲᠡ ᠶᠢᠨ ᠵᠡᠷᠭᠡ 7, 6, 5, 4, 3
(ᠠᠮᠹᠣᠲ᠋ᠧᠷᠡᠶᠢᠨ ᠬᠦᠴᠢᠯ)
ᠢᠣᠨᠵᠢᠬᠤ ᠡᠨᠧᠷᠭᠢ
(ᠡᠬᠢᠨ ᠦ ᠡᠯᠧᠺᠲ᠋ᠷᠣᠨ ᠢᠶᠠᠷ)
584.7 ᠺᠵ/ᠮᠣᠯᠢ
ᠠᠲ᠋ᠣᠮ ᠤᠨ ᠷᠠᠳᠢᠦ᠋ᠰ 159 ᠫᠮ
ᠺᠣᠸᠠᠯᠧᠨᠲ ᠤᠨ ᠷᠠᠳᠢᠦ᠋ᠰ 187±1 ᠫᠮ

ᠫᠯᠤᠲ᠋ᠣᠨᠢ (ᠠᠩᠭᠯᠢ ᠪᠠᠷ Plutonium) ᠨᠢ ᠬᠢᠮᠢ ᠶᠢᠨ ᠲᠡᠮᠳᠡᠭᠯᠡᠭᠡ Pu, ᠠᠲ᠋ᠣᠮ ᠤᠨ ᠳ᠋ᠤᠭᠠᠷ 94 ᠪᠦᠬᠦᠢ ᠲᠷᠠᠨᠰ ᠦᠷᠠᠨᠰᠠᠴᠤᠷᠠᠭ ᠢᠳᠡᠪᠬᠢ ᠲᠤ ᠬᠢᠮᠢ ᠶᠢᠨ ᠡᠯᠧᠮᠧᠨᠲ ᠶᠤᠮ᠃ ᠮᠥᠩᠭᠥᠯᠡᠭ ᠴᠠᠭᠠᠨ ᠥᠩᠭᠡ ᠲᠡᠢ ᠠᠺᠲ᠋ᠢᠨᠢᠳ ᠮᠧᠲ᠋ᠠᠯ ᠪᠥᠭᠡᠳ ᠠᠭᠠᠷ ᠲᠤ ᠭᠠᠷᠴᠤ ᠢᠰᠦᠯᠳᠦᠬᠦ ᠳᠦ ᠪᠡᠨ ᠥᠩᠭᠡ ᠪᠡᠨ ᠠᠯᠳᠠᠵᠤ᠂ ᠪᠦᠳᠡᠶᠢᠳᠡᠭ᠃ ᠤᠭ ᠡᠯᠧᠮᠧᠨᠲ ᠨᠢ ᠶᠡᠷᠦᠳᠡ ᠶᠢᠨ ᠪᠠᠶᠢᠳᠠᠯ ᠳᠤ ᠪᠠᠨ ᠵᠢᠷᠭᠤᠭᠠᠨ ᠠᠯᠯᠣᠲ᠋ᠷᠣᠫᠢ᠂ ᠳᠥᠷᠪᠡᠨ ᠢᠰᠦᠯᠳᠦᠯ ᠦᠨ ᠪᠠᠶᠢᠳᠠᠯ ᠦᠵᠡᠭᠦᠯᠳᠡᠭ᠃ ᠨᠡᠭᠦᠷᠡᠰᠦᠲᠥ᠋ᠷᠥᠭᠴᠢᠭᠠᠯᠢᠭᠧᠨᠤᠳ᠂ ᠠᠽᠣᠲ ᠪᠣᠯᠤᠨ ᠴᠠᠬᠢᠭᠤᠷᠲᠠᠢ ᠤᠷᠪᠠᠯ ᠳᠤ ᠣᠷᠣᠳᠠᠭ᠃ ᠨᠣᠶᠢᠲᠠᠨ ᠠᠭᠠᠷ ᠲᠤ ᠭᠠᠷᠪᠠᠯ ᠬᠦᠴᠢᠯᠭᠢᠳ᠋ᠷ ᠲᠤ ᠡᠭᠦᠰᠬᠡᠵᠦ᠂ ᠡᠵᠡᠯᠡᠬᠦᠨ ᠨᠢ 70% ᠲᠣᠮᠣᠷᠴᠢ᠂ ᠪᠤᠲᠠᠷᠠᠨ᠎ᠠ᠂ ᠤᠭ ᠨᠤᠨᠲᠠᠭ ᠨᠢ ᠥᠪᠡᠷ ᠢᠶᠡᠨ ᠭᠠᠯ ᠠᠪᠤᠯᠴᠠᠬᠤ ᠴᠢᠨᠠᠷᠲᠠᠢ᠃ ᠰᠠᠴᠤᠷᠠᠭ ᠢᠳᠡᠪᠬᠢ ᠶᠢᠨ ᠬᠣᠣᠷᠳᠠᠯᠭ᠎ᠠ ᠨᠢ ᠴᠢᠮᠦᠭᠡᠥᠩ ᠳᠦ ᠨᠥᠯᠦᠭᠡᠯᠡᠳᠡᠭ᠃ ᠡᠶᠢᠮᠦ ᠡᠴᠡ ᠫᠯᠤᠲ᠋ᠣᠨᠢ ᠲᠠᠢ ᠬᠠᠷᠢᠴᠠᠬᠤ ᠨᠢ ᠮᠠᠰᠢ ᠠᠶᠤᠯᠲᠠᠢ ᠶᠤᠮ᠃

ᠫᠯᠤᠲ᠋ᠣᠨᠢ ᠨᠢ ᠳᠡᠯᠡᠬᠡᠢ ᠪᠦᠷᠢᠯᠳᠦᠬᠦ ᠦᠶᠡᠰ ᠪᠠᠶᠢᠭᠰᠠᠨ ᠬᠠᠮᠤᠭ ᠤᠨ ᠬᠦᠨᠳᠦ ᠡᠯᠧᠮᠧᠨᠲ ᠪᠥᠭᠡᠳ ᠬᠠᠮᠤᠭ ᠤᠨ ᠲᠣᠭᠲᠠᠪᠤᠷᠢᠲᠠᠢ ᠢᠽᠣᠲ᠋ᠣᠫᠢ ᠪᠣᠯᠬᠤ ᠫᠯᠤᠲ᠋ᠣᠨᠢ-244 ᠍ ᠦᠨ ᠬᠠᠭᠠᠰ ᠵᠠᠳᠠᠷᠠᠯ ᠤᠨ ᠬᠤᠭᠤᠴᠠᠭ᠎ᠠ ᠣᠶᠢᠷᠠᠯᠴᠠᠭ᠎ᠠ ᠪᠠᠷ 80 ᠰᠠᠶ᠎ᠠ ᠵᠢᠯ ᠪᠠᠶᠢᠳᠠᠭ ᠠᠴᠠ ᠡᠶᠢᠨ ᠳ᠋ᠦᠩᠨᠡᠵᠦ ᠪᠣᠯᠤᠨ᠎ᠠ᠃[1] ᠷᠧᠠᠺᠲ᠋ᠣᠷ ᠤᠳ ᠲᠤ ᠴᠥᠮ ᠵᠠᠳᠠᠷᠠᠬᠤ ᠤᠷᠪᠠᠯ ᠶᠠᠪᠤᠭᠳᠠᠬᠤ ᠦᠶ᠎ᠡ ᠳᠦ ᠫᠯᠤᠲ᠋ᠣᠨᠢ ᠨᠢ ᠳᠠᠶᠢᠪᠤᠷᠢ ᠪᠦᠲᠦᠭᠡᠭᠳᠡᠬᠨ ᠪᠣᠯᠵᠤ ᠭᠠᠷᠴᠤ ᠢᠷᠡᠨ᠎ᠡ: ᠤᠷᠪᠠᠯ ᠢᠶᠠᠷ ᠴᠢᠯᠦᠭᠡᠯᠡᠭᠳᠡᠭᠰᠡᠨ ᠵᠠᠷᠢᠮ ᠨᠧᠢᠲ᠋ᠷᠣᠨ ᠨᠢ ᠤᠷᠠᠨ-238 ᠍ ᠦᠨ ᠴᠥᠮ ᠢ ᠫᠯᠤᠳᠤᠨ᠎ᠡ ᠶᠢᠨ ᠬᠢ ᠪᠣᠯᠭᠠᠨ ᠬᠤᠪᠢᠷᠠᠭᠠᠳᠠᠭ᠃[2]

ᠫᠯᠤᠲ᠋ᠣᠩ ᠤᠨ ᠬᠠᠮᠤᠭ ᠤᠨ ᠴᠢᠬᠤᠯᠠ ᠢᠽᠣᠲ᠋ᠣᠫᠢ ᠪᠣᠯ ᠬᠠᠭᠠᠰ ᠵᠠᠳᠠᠷᠠᠯ ᠤᠨ ᠬᠤᠭᠤᠴᠠᠭ᠎ᠠ ᠨᠢ 24,100 ᠵᠢᠯ ᠪᠠᠶᠢᠳᠠᠭ ᠫᠯᠤᠲ᠋ᠣᠨᠢ-239 ᠶᠤᠮ᠃ ᠫᠯᠤᠲ᠋ᠣᠨᠢ-239 ᠨᠢ ᠴᠥᠮ᠎ᠡ ᠶᠢᠨ ᠵᠡᠪᠰᠡᠭ ᠬᠢᠬᠦ ᠳᠦ ᠥᠷᠭᠡᠨ ᠬᠡᠷᠡᠭᠯᠡᠭᠳᠡᠳᠡᠭ᠃ ᠫᠯᠤᠲ᠋ᠣᠨᠢ-239 ᠪᠣᠯᠤᠨ 241 ᠨᠢ ᠵᠠᠳᠠᠷᠠᠮᠠᠲᠠᠭᠠᠢ ᠴᠥᠮ᠎ᠡ ᠲᠡᠢ ᠪᠥᠭᠡᠳ ᠲᠡᠳᠡᠭᠡᠷ ᠦᠨ ᠠᠲ᠋ᠣᠮ ᠢ ᠨᠧᠢᠲ᠋ᠷᠣᠨᠣᠣᠷ ᠪᠥᠮᠪᠥᠭᠡᠳᠡᠬᠦ ᠳᠦ ᠬᠤᠪᠢᠶᠠᠭᠳᠠᠵᠤ᠂ ᠡᠨᠧᠷᠭᠢ᠂ ᠭᠠᠮᠮ᠎ᠠ ᠰᠠᠴᠤᠷᠠᠭᠨᠡᠮᠡᠯᠲᠡ ᠨᠧᠢᠲ᠋ᠷᠣᠨ ᠨᠤᠭᠤᠳ ᠢᠯᠭᠠᠷᠠᠭᠤᠯᠳᠠᠭ᠃ ᠲᠡᠳᠡᠭᠡᠷ ᠨᠧᠢᠲ᠋ᠷᠣᠨ ᠨᠢ ᠴᠥᠮ᠎ᠡ ᠶᠢᠨ ᠭᠢᠨᠵᠢᠨ ᠤᠷᠪᠠᠳ ᠡᠭᠦᠰᠭᠡᠬᠦ ᠴᠢᠳᠠᠪᠤᠷᠢ ᠲᠠᠢ ᠲᠤᠯᠠ ᠴᠥᠮ᠎ᠡ ᠶᠢᠨ ᠵᠡᠪᠰᠡᠭᠴᠥᠮ᠎ᠡ ᠶᠢᠨ ᠷᠧᠠᠺᠲ᠋ᠣᠷ ᠲᠤ ᠠᠰᠢᠭᠯᠠᠭᠳᠠᠳᠠᠭ ᠪᠠᠶᠢᠨ᠎ᠠ᠃

ᠫᠯᠤᠲ᠋ᠣᠨᠢ 238 ᠳᠣᠲᠣᠷ᠎ᠠ ᠠᠴᠠ ᠪᠠᠨ ᠡᠭᠦᠰᠬᠦ ᠠᠯᠢᠹᠠ ᠰᠠᠴᠤᠷᠠᠭ ᠤᠨ ᠢᠶᠠᠨ ᠬᠠᠯᠠᠭᠤᠨ ᠳᠤ ᠤᠯᠠᠶᠢᠰᠤᠭᠰᠠᠨ ᠪᠠᠶᠢᠭ᠎ᠠ ᠨᠢ

ᠫᠯᠤᠲ᠋ᠣᠨᠢ-238 ᠍ ᠤᠨ ᠬᠠᠭᠠᠰ ᠵᠠᠳᠠᠷᠠᠯ ᠤᠨ ᠬᠤᠭᠤᠴᠠᠭ᠎ᠠ 88 ᠵᠢᠯ ᠪᠠᠶᠢᠬᠤ ᠪᠥᠭᠡᠳ ᠠᠯᠢᠹᠠ ᠪᠥᠭᠡᠮ ᠢᠯᠭᠠᠷᠠᠭᠤᠯᠤᠨ᠎ᠠ᠃ ᠡᠨᠡ ᠨᠢ ᠵᠠᠷᠢᠮ ᠰᠠᠨᠰᠠᠷ ᠤᠨ ᠬᠥᠯᠥᠭ ᠲᠤ ᠠᠰᠢᠭᠯᠠᠭᠳᠠᠳᠠᠭ ᠷᠠᠳᠢᠣ᠋ᠢᠽᠣᠲ᠋ᠣᠫᠢ ᠳᠤᠯᠠᠭᠠᠨ ᠤ ᠴᠠᠬᠢᠯᠭᠠᠨ ᠡᠭᠦᠰᠬᠡᠭᠦᠷᠡᠶᠢᠨ ᠳᠤᠯᠠᠭᠠᠨ ᠤ ᠡᠬᠢ ᠡᠭᠦᠰᠪᠦᠷᠢ ᠪᠣᠯᠳᠠᠭ᠃ ᠫᠯᠤᠲ᠋ᠣᠩ ᠤᠨ ᠢᠽᠣᠲ᠋ᠣᠫᠢ ᠨᠤᠭᠤᠳ ᠢ ᠢᠯᠭᠠᠵᠤ ᠠᠪᠬᠤ ᠳᠤ ᠦᠨᠡᠲᠡᠢ ᠪᠥᠭᠡᠳ ᠲᠣᠬᠢᠷᠠᠮᠵᠢ ᠦᠭᠡᠢ ᠪᠠᠶᠢᠳᠠᠭ ᠲᠤᠯᠠ ᠲᠣᠳᠣᠷᠬᠠᠢ ᠢᠽᠣᠲ᠋ᠣᠫᠢ ᠨᠤᠭᠤᠳ ᠢ ᠵᠥᠪᠬᠡᠨ ᠲᠤᠰᠬᠠᠢ ᠵᠣᠷᠢᠭᠤᠯᠤᠯᠲᠠ ᠶᠢᠨ ᠷᠧᠠᠺᠲ᠋ᠣᠷ ᠤᠳ ᠲᠤ ᠯᠠ ᠦᠢᠯᠡᠳᠪᠦᠷᠢᠯᠡᠳᠡᠭ᠃

ᠫᠯᠤᠲ᠋ᠣᠨ ᠢ ᠠᠩᠬ᠎ᠠ 1940 ᠣᠨ ᠳᠤ ᠭᠯᠧᠨ ᠲ᠃ ᠰᠢᠪᠤᠷᠭᠡᠳ᠋ᠸᠢᠨ ᠮᠠᠺᠯᠢᠯᠯᠠᠨ ᠨᠠᠷ ᠢᠶᠠᠷ ᠤᠳᠤᠷᠢᠳᠤᠭᠤᠯᠤᠭᠰᠠᠨ ᠪᠧᠷᠺᠯᠢ ᠳ᠋ᠡᠬᠢ ᠺᠠᠯᠢᠹᠣᠷᠨᠢ ᠶᠢᠨ ᠶᠡᠬᠡ ᠰᠤᠷᠭᠠᠭᠤᠯᠢ ᠶᠢᠨ ᠡᠷᠳᠡᠮᠲᠡᠳ ᠦᠨ ᠪᠠᠭ ᠤᠷᠠᠨ-238 ᠍ ᠢ ᠬᠦᠨᠳᠦ ᠤᠰᠤᠲᠥᠶᠢᠷᠦᠭᠴᠢᠥᠭᠡᠷ᠎ᠡ ᠪᠥᠮᠪᠥᠭᠡᠳᠡᠨ ᠭᠠᠷᠭᠠᠵᠤ ᠠᠪᠴᠠᠢ᠃ ᠭᠡᠬᠦ ᠳᠦ ᠪᠡᠨ ᠬᠣᠵᠢᠮ ᠪᠠᠶᠢᠭᠠᠯᠢ ᠠᠴᠠ ᠫᠯᠤᠲ᠋ᠣᠩ ᠤᠨ ᠤᠯᠠ ᠮᠥᠷ ᠣᠯᠳᠠᠭᠰᠠᠨ᠃ ᠫᠯᠤᠲ᠋ᠣᠨ ᠢ ᠲᠣᠳᠣᠷᠬᠠᠢ ᠵᠣᠷᠢᠯᠭ᠎ᠠ ᠪᠠᠷ ᠠᠰᠢᠭᠯᠠᠵᠤ ᠡᠬᠢᠯᠡᠭᠰᠡᠨ ᠨᠢ ᠳᠡᠯᠡᠬᠡᠢ ᠶᠢᠨ ᠬᠣᠶᠠᠳᠤᠭᠠᠷ ᠳᠠᠶᠢᠨᠢ ᠦᠶ᠎ᠡ ᠪᠡᠷ ᠬᠡᠷᠡᠭᠵᠢᠭᠰᠡᠨ ᠮᠠᠩᠬᠠᠲᠠᠲᠠᠨ ᠲᠥᠰᠥᠯ ᠪᠠᠶᠢᠭᠰᠠᠨ ᠪᠥᠭᠡᠳ ᠤᠭ ᠲᠥᠰᠥᠯ ᠢᠶᠡᠷ ᠠᠩᠬᠠᠨ ᠤ ᠠᠲ᠋ᠣᠮ ᠤᠨ ᠪᠥᠮᠪᠥᠭᠡ ᠶᠢ ᠪᠤᠢ ᠪᠣᠯᠭᠠᠭᠰᠠᠨ ᠪᠢᠯᠡ᠃ ᠫᠯᠤᠲ᠋ᠣᠨᠢ-239 ᠍ ᠳᠦᠭᠡᠷ ᠬᠢᠭᠳᠡᠭᠰᠡᠨ ᠠᠩᠬᠠᠨ ᠤ ᠴᠥᠮ᠎ᠡ ᠶᠢᠨ ᠲᠤᠷᠰᠢᠯᠲᠠ "ᠲᠷᠢᠨᠢᠲ᠋ᠢ" 1945 ᠣᠨ ᠤ 7 ᠍ ᠳᠦᠭᠡᠷ ᠰᠠᠷ᠎ᠠ ᠳᠤ ᠶᠠᠪᠤᠭᠳᠠᠵᠤ᠂ ᠬᠣᠶᠠᠷ ᠳ᠋ᠡᠬᠢ ᠪᠥᠮᠪᠥᠭᠡ ᠪᠣᠯᠬᠤ "ᠲᠠᠷᠭᠤᠨ ᠡᠷ᠎ᠡ" (Fat Man) 1945 ᠣᠨ ᠤ 8 ᠍ ᠳᠦᠭᠡᠷ ᠰᠠᠷ᠎ᠠ ᠳᠤ ᠶᠠᠫᠣᠨ ᠤ ᠨᠠᠭᠠᠰᠠᠺᠢ ᠬᠣᠲᠠ ᠶᠢᠨ ᠳᠡᠭᠡᠷ᠎ᠡ ᠡᠴᠡ ᠤᠨᠠᠵᠤ ᠬᠣᠲᠠ ᠶᠢ ᠦᠨᠡᠰᠦᠨ ᠲᠣᠪᠷᠠᠭ ᠪᠣᠯᠭᠠᠭᠰᠠᠨ᠃ ᠳᠠᠶᠢᠨ ᠤ ᠳᠠᠷᠠᠭ᠎ᠠ ᠴᠤ ᠫᠯᠤᠲ᠋ᠣᠨᠢ ᠲᠠᠢ ᠬᠣᠯᠪᠣᠭ᠎ᠠ ᠲᠠᠢ ᠰᠠᠴᠤᠷᠠᠭ ᠢᠳᠡᠪᠬᠢ ᠶᠢᠨ ᠬᠦᠮᠦᠨ ᠦ ᠪᠡᠶ᠎ᠡ ᠳᠦ ᠦᠵᠡᠭᠦᠯᠬᠦ ᠨᠥᠯᠥᠭᠡᠯᠡᠯ ᠦᠨ ᠰᠤᠳᠤᠯᠭ᠎ᠠ ᠨᠤᠭᠤᠳ ᠢᠷᠭᠡᠳ ᠦᠨ ᠵᠥᠪᠰᠢᠶᠡᠷᠡᠯ ᠦᠭᠡᠢ ᠪᠡᠷ ᠶᠠᠪᠤᠭᠳᠠᠵᠤ᠂ ᠣᠰᠣᠯ᠂ ᠬᠥᠨᠥᠭᠡᠯ ᠳᠦ ᠬᠦᠷᠭᠡᠵᠦ ᠪᠠᠶᠢᠭᠰᠠᠨ ᠤᠳᠠᠭ᠎ᠠ ᠲᠠᠢ᠃ ᠠᠲ᠋ᠣᠮ ᠤᠨ ᠴᠠᠬᠢᠯᠭᠠᠨ ᠰᠲ᠋ᠠᠨᠼ ᠍ ᠤᠨ ᠫᠯᠤᠲ᠋ᠣᠩ ᠤᠨ ᠬᠠᠶᠠᠭᠳᠠᠯ ᠪᠣᠯᠤᠨ ᠬᠦᠢᠲᠡᠨ ᠳᠠᠶᠢᠨᠢ ᠦᠶ᠎ᠡ ᠳᠦ ᠪᠠᠷᠢᠭᠳᠠᠭᠰᠠᠨ ᠴᠥᠮ᠎ᠡ ᠶᠢᠨ ᠵᠡᠪᠰᠡᠭ ᠢ ᠠᠶᠤᠯ ᠦᠭᠡᠢ ᠪᠣᠯᠭᠠᠬᠤ ᠶᠠᠪᠤᠳᠠᠯ ᠨᠢ ᠴᠥᠮ᠎ᠡ ᠶᠢᠨ ᠵᠡᠪᠰᠡᠭ ᠦᠯᠦ ᠳᠡᠯᠭᠡᠷᠡᠭᠦᠯᠬᠦ ᠪᠣᠯᠤᠨ ᠪᠠᠶᠢᠭᠠᠯᠢ ᠣᠷᠴᠢᠨ ᠲᠠᠢ ᠬᠣᠯᠪᠣᠭ᠎ᠠ ᠲᠠᠢ ᠡᠮᠵᠡᠭ ᠠᠰᠠᠭᠤᠳᠠᠯ ᠶᠤᠮ᠃ ᠪᠠᠶᠢᠭᠠᠯᠢ ᠳᠠᠬᠢ ᠫᠯᠤᠲ᠋ᠣᠨᠢ ᠍ ᠶᠢᠨ ᠪᠤᠰᠤᠳ ᠡᠬᠢ ᠡᠭᠦᠰᠪᠦᠷᠢ ᠨᠢ ᠭᠠᠵᠠᠷ ᠳᠣᠣᠷᠠᠬᠢ ᠴᠥᠮ᠎ᠡ ᠶᠢᠨ ᠲᠤᠷᠰᠢᠯᠲᠠ ᠨᠤᠭᠤᠳ ᠤᠨ ᠳᠡᠯᠪᠡᠷᠡᠯᠲᠡ ᠡᠴᠡ ᠡᠭᠦᠳᠦᠯᠲᠡᠢ (ᠣᠳᠣ ᠬᠣᠷᠢᠭ᠎ᠠ ᠲᠠᠢ).

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ