ᠫᠯᠠᠨᠧᠲ᠋ᠰᠤᠯᠠᠷ ᠨᠠᠷᠠᠨ ᠤ ᠵᠠᠢ ᠶᠢᠨ ᠤᠰᠤᠨ ᠣᠩᠭᠣᠴᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠫᠯᠠᠨᠧᠲ᠋ᠰᠤᠯᠠᠷ ᠤᠰᠤᠨ ᠣᠩᠭᠣᠴᠠ
PlanetSolar Frontansicht.jpg
PlanetSolar Solarpanele.jpg

ᠫᠯᠠᠨᠧᠲ᠋ᠰᠤᠯᠠᠷ ᠨᠢ ᠣᠳᠣ ᠪᠠᠷ ᠳᠡᠯᠡᠬᠡᠢ ᠳᠦ ᠬᠠᠮᠤᠭ ᠤᠨ ᠲᠣᠮᠣ ᠬᠡᠮᠵᠢᠶ᠎ᠡ ᠲᠡᠢ ᠨᠠᠷᠠᠨ ᠤ ᠡᠷᠴᠢᠮ ᠬᠦᠴᠦ ᠪᠡᠷ ᠶᠠᠪᠤᠳᠠᠭ ᠺᠠᠲ᠋ᠠᠮᠠᠷᠤᠨ ᠠᠩᠬᠢᠯᠠᠯ ᠤᠨ ᠤᠰᠤᠨ ᠣᠩᠭᠣᠴᠠ ᠪᠥᠭᠡᠳ 2010 ᠣᠨ ᠤ 3 ᠰᠠᠷ᠎ᠠ ᠶᠢᠨ 31 ᠍ ᠳᠤ ᠠᠩᠬ᠎ᠠ ᠳᠠᠯᠠᠢ ᠳᠤ ᠭᠠᠷᠤᠭᠰᠠᠨ ᠠᠴᠠ ᠪᠠᠨ ᠬᠣᠶᠢᠰᠢ ᠨᠡᠶᠢᠲᠡ 22000 ᠺᠢᠯᠣᠮᠧᠲ᠋ᠷ (2013 ᠣᠨ ᠤ 9 ᠰᠠᠷ᠎ᠠ ᠶᠢ ᠬᠦᠷᠲᠡᠯ᠎ᠡ) ᠳᠠᠯᠠᠢ ᠳᠤ ᠠᠶᠠᠯᠠᠵᠠᠢ᠃ [1] ᠡᠨᠡ ᠤᠰᠤᠨ ᠣᠩᠭᠣᠴᠠ ᠶᠢ ᠰᠢᠨ᠎ ᠡ ᠽᠸᠨᠯᠠᠨᠲᠤ᠋ ᠍ ᠤᠨ ᠯᠣᠮᠣᠰᠢᠨ ᠳ᠋ᠢᠽᠠᠢ ᠶᠢᠨ ᠺᠣᠮᠫᠠᠨᠢ ᠳᠤ ᠪᠦᠲᠦᠭᠡᠵᠦ᠂ ᠭᠧᠷᠮᠠᠨ ᠤ ᠨᠠᠶᠢᠷᠢᠮ ᠶᠠᠺᠲᠤ ᠺᠣᠮᠫᠠᠨᠢ ᠤᠭᠰᠠᠷᠠᠵᠠᠢ᠂ ᠨᠡᠶᠢᠲᠡ ᠵᠠᠷᠤᠳᠠᠯ 15 ᠰᠠᠶ᠎ᠠ ᠧᠦ᠋ᠷᠣ᠃[2]

ᠫᠯᠠᠨᠧᠲ᠋ᠰᠤᠯᠠᠷ ᠨᠢ ᠳᠡᠯᠡᠬᠡᠢ ᠶᠢ ᠲᠣᠭᠣᠷᠢᠬᠤ ᠪᠣᠯᠤᠨ ᠠᠲ᠋ᠯᠠᠨᠲ ᠤᠨ ᠳᠠᠯᠠᠢ ᠶᠢ ᠨᠠᠷᠠᠨ ᠤ ᠵᠠᠢ ᠪᠠᠷ ᠲᠦᠷᠭᠡᠨ ᠭᠠᠲᠤᠯᠬᠤ ᠳᠡᠯᠡᠬᠡᠢ ᠶᠢᠨ ᠬᠡᠳᠦ ᠬᠡᠳᠦᠨ ᠳᠡᠭᠡᠳᠦ ᠠᠮᠵᠢᠯᠲᠠ ᠶᠢ ᠲᠣᠭᠲᠠᠭᠠᠵᠤ ᠴᠢᠳᠠᠭᠰᠠᠨ ᠶᠤᠮ᠃

ᠣᠩᠭᠣᠴᠠᠨ ᠤ ᠦᠵᠡᠭᠦᠯᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠵᠡᠯᠡᠬᠦᠨ 85 ᠮᠧᠲ᠋ᠷ ᠲᠣᠨ᠂ ᠬᠤᠷᠳᠤ 26 ᠺᠢᠯᠣᠮᠧᠲ᠋ᠷ/ᠴ ᠪᠤᠶᠤ 14 ᠨᠣᠲ᠂ ᠤᠷᠲᠤ 31 ᠮ᠂ ᠥᠷᠭᠡᠨ 15 ᠮ᠂ 60 ᠺᠢᠯᠣᠸᠠᠲ ᠶᠢᠨ 2 ᠴᠠᠬᠢᠯᠭᠠᠨ ᠬᠥᠳᠡᠯᠭᠡᠭᠦᠷ ᠪᠠ 10 ᠺᠢᠯᠣᠸᠠᠲ ᠶᠢᠨ 2 ᠴᠠᠬᠢᠯᠭᠠᠨ ᠬᠥᠳᠡᠯᠭᠡᠭᠦᠷ ᠲᠡᠢ᠂ ᠨᠠᠷᠠᠨ ᠤ ᠬᠤᠷᠢᠶᠠᠭᠤᠷ ᠬᠠᠪᠲᠠᠩ ᠤᠨ ᠪᠦᠷᠢᠳᠦᠯ 38000 ᠱ᠂ ᠨᠠᠷᠠᠨ ᠠᠴᠠ ᠬᠤᠷᠢᠶᠠᠭᠰᠠᠨ ᠴᠡᠨᠡᠭ ᠢ ᠬᠥᠯᠥᠭ ᠦᠨ ᠳ᠋ᠣᠣ ᠳᠤ ᠲᠠᠯ᠎ᠠ ᠳᠤ ᠬᠥᠪᠪᠦᠭᠴᠢ ᠭᠣᠣᠯ 2 ᠰᠠᠭᠤᠷᠢᠨ ᠦ ᠬᠡᠰᠡᠭ ᠲᠦ 8,5 ᠲᠨ ᠯᠢᠲᠢ ᠢᠣᠨ ᠵᠠᠢ ᠳᠤ ᠬᠤᠷᠢᠶᠠᠳᠠᠭ᠂ ᠪᠠᠭ ᠤᠨ ᠭᠡᠰᠢᠭᠦᠳ 6-11.

ᠳᠡᠯᠡᠬᠡᠢ ᠶᠢ ᠲᠣᠭᠣᠷᠢᠭᠰᠠᠨ ᠠᠳᠠᠯ ᠶᠠᠪᠤᠳᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠯᠠᠨᠧᠲ᠋ᠰᠤᠯᠠᠷ ᠬᠥᠯᠥᠭ ᠨᠢ ᠳᠡᠯᠡᠬᠡᠢ ᠶᠢ ᠲᠣᠭᠣᠷᠢᠬᠤ ᠳᠤ ᠪᠠᠭ᠎ᠠ ᠵᠡᠷᠭᠡ ᠲᠧᠭᠨᠢᠭ ᠦᠨ ᠪᠡᠷᠬᠡᠰᠢᠶᠡᠯ ᠦᠳ ᠨᠠᠷᠠᠨ ᠤ ᠬᠠᠪᠲᠠᠩ ᠢ ᠪᠠᠨ ᠴᠥᠭᠡᠨ ᠢ ᠨᠢ ᠵᠠᠮ ᠳᠤ ᠰᠣᠯᠢᠬᠤ᠂ ᠨᠢᠭᠡ ᠬᠥᠳᠡᠯᠭᠡᠭᠦᠷ ᠢᠶᠡᠨ ᠠᠦᠢᠰᠲ᠋ᠷᠯᠢᠶ᠎ᠠ ᠶᠢᠨ ᠬᠠᠵᠠᠭᠤᠬᠠᠨ ᠳᠤ ᠰᠠᠯᠭᠠᠵᠤ ᠵᠠᠰᠠᠪᠤᠷᠢ ᠳᠤ ᠤᠷᠤᠭᠤᠯᠬᠤ ᠭᠡᠬᠦ ᠮᠡᠲᠦ ᠰᠠᠭᠠᠳ ᠲᠠᠢ ᠲᠤᠯᠭᠠᠷᠠᠭᠰᠠᠨ᠃ ᠬᠠᠷᠢᠨ ᠪᠤᠴᠠᠵᠤ ᠠᠩᠬᠠᠨ ᠤ ᠴᠡᠭ ᠲᠦ ᠪᠡᠨ ᠬᠦᠷᠡᠬᠦ ᠶᠢᠨ ᠡᠮᠦᠨ᠎ᠡ ᠮᠣᠷᠣᠺᠺᠠ ᠶᠢᠨ ᠨᠠᠭᠠᠬᠤ ᠨᠢ ᠰᠤᠡᠴᠡ ᠶᠢᠨ ᠰᠤᠪᠠᠭ ᠢᠶᠠᠷ ᠳᠠᠭᠠᠷᠢᠬᠤ ᠳᠤ ᠵᠠᠮ ᠳᠤ ᠳᠠᠭᠠᠷᠢᠯᠳᠤᠬᠤ ᠣᠯᠠᠨ ᠳᠠᠯᠠᠢ ᠶᠢᠨ ᠳᠡᠭᠡᠷᠡᠮᠴᠢᠳ ᠡᠴᠡ ᠬᠠᠮᠠᠭᠠᠯᠠᠵᠤ 5 ᠬᠦᠮᠦᠨ ᠲᠡᠢ ᠪᠦᠷᠢᠨ ᠵᠡᠪᠰᠡᠭᠯᠡᠭᠰᠡᠨ ᠪᠡᠶ᠎ᠡ ᠬᠠᠮᠠᠭᠠᠯᠠᠬᠤ ᠪᠠᠭ ᠢ ᠬᠥᠯᠥᠭ ᠳᠡᠭᠡᠷ᠎ᠡ ᠪᠡᠨ ᠬᠡᠳᠦ ᠬᠣᠨᠣᠭ ᠢᠶᠠᠷ ᠬᠥᠯᠦᠰᠦᠯᠡᠵᠦ ᠪᠠᠶᠢᠯᠭᠠᠵᠤ ᠬᠥᠯᠭᠡ ᠶᠢᠨ ᠢᠶᠡᠨ ᠡᠷᠭᠢᠨ ᠲᠣᠭᠣᠷᠢᠨ ᠳᠤ ᠥᠷᠭᠡᠰᠦᠲᠦ ᠲᠣᠷ ᠵᠡᠭᠦᠵᠦ ᠬᠠᠮᠠᠭᠠᠯᠠᠵᠤ ᠪᠠᠶᠢᠵᠤ ᠰᠤᠪᠠᠭ ᠢ ᠨᠡᠪᠲᠡᠷᠡᠵᠡᠢ᠃


ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ