ᠫᠧᠰᠲ᠋ᠢᠼᠢ ᠳᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠫᠧᠰᠲ᠋ᠢᠼᠢ ᠳᠤ ᠴᠠᠴᠤᠵᠤ ᠪᠠᠶᠢᠭ᠎ᠠ ᠨᠢ᠂ ᠺᠠᠯᠢᠹᠣᠷᠨᠢ

ᠫᠧᠰᠲ᠋ᠢᠼᠢ ᠳᠤ (ᠯᠠᠲ᠋ᠢᠨ ᠶᠢᠡᠷ pestis - ᠬᠠᠯᠳᠠᠪᠤᠷᠢ᠂ ᠠᠩᠭᠯᠢ ᠪᠠᠷ pest - ᠬᠣᠣᠷᠲᠠᠨ᠂ ᠯᠠᠲ᠋ᠢᠨ ᠶᠢᠡᠷ caedo - ᠠᠯᠠᠬᠤ) — ᠤᠷᠭᠤᠮᠠᠯ ᠤᠨ ᠬᠣᠣᠷᠲᠠᠨ ᠰᠢᠪᠠᠵᠢ ᠪᠠ ᠡᠪᠡᠳᠴᠢᠨ ᠡᠭᠦᠰᠬᠡᠭᠴᠢ᠂ ᠬᠣᠭ ᠤᠷᠭᠤᠮᠠᠯ᠂ ᠦᠷ᠎ᠡ᠂ ᠪᠤᠭᠤᠳᠠᠢ᠂ ᠮᠣᠳᠣ᠂ ᠬᠥᠪᠥᠩ ᠡᠳ᠋ᠯᠡᠯ᠂ ᠠᠷᠠᠰᠤ᠂ ᠨᠡᠬᠡᠢ ᠵᠡᠷᠭᠡ ᠶᠢᠨ ᠬᠣᠣᠷᠲᠠᠨ᠂ ᠭᠡᠷ ᠦᠨ ᠲᠡᠵᠢᠭᠡᠮᠡᠯ ᠠᠮᠢᠲᠠᠨ ᠤ ᠡᠺᠲ᠋ᠣᠫᠠᠷᠠᠽᠢᠲ ᠤᠳ ᠪᠣᠯᠤᠨ ᠬᠦᠮᠦᠨ ᠪᠠ ᠠᠮᠢᠲᠠᠨ ᠤ ᠠᠶᠤᠯᠲᠤ ᠡᠪᠡᠳᠴᠢᠨ ᠦ ᠲᠡᠭᠡᠭᠡᠭᠴᠢ ᠨᠦᠭᠦᠳ ᠲᠡᠢ ᠲᠡᠮᠡᠴᠡᠬᠦ ᠳᠦ ᠵᠣᠷᠢᠭᠤᠯᠤᠭᠳᠠᠭᠰᠠᠨ (ᠪᠦᠬᠦ ᠲᠥᠷᠥᠯ ᠦᠨ ᠬᠣᠣᠷᠲᠠᠨ ᠲᠠᠢ ᠲᠡᠮᠡᠴᠡᠬᠦ ᠳᠦ ᠵᠣᠷᠢᠭᠤᠯᠤᠭᠳᠠᠭᠰᠠᠨ) ᠬᠢᠮᠢ ᠶᠢᠨ ᠪᠣᠳᠠᠰ ᠡᠰᠡᠪᠡᠯ ᠬᠣᠯᠢᠮᠠᠭ᠃

ᠠᠩᠬᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠨᠰᠧᠺᠼᠢ ᠳᠤ ᠫᠧᠰᠲ᠋ᠢᠼᠢᠳ ᠦᠳ ᠢ ᠵᠣᠷᠢᠭᠤᠯᠤᠯᠲᠠ ᠠᠴᠠ ᠨᠢ ᠬᠠᠮᠢᠶᠠᠷᠴᠢ ᠳᠠᠷᠠᠭᠠᠬᠢ ᠪᠠᠶᠢᠳᠠᠯ ᠢᠶᠠᠷ ᠠᠩᠭᠢᠯᠠᠨ᠎ᠠ᠃ ᠡᠭᠦᠨ ᠳᠦ:

 • • ᠢᠨᠰᠧᠺᠼᠢ ᠳᠤ ᠰᠢᠪᠠᠵᠢ ᠤᠰᠠᠳᠬᠠᠳᠠᠭ ᠪᠣᠳᠠᠰ
 • • ᠠᠺᠷᠠᠼᠢ ᠳᠤ ᠦᠶ᠎ᠡ ᠬᠥᠯᠲᠡᠨ ᠤᠰᠠᠳᠬᠠᠳᠠᠭ ᠪᠣᠳᠠᠰ (ᠬᠠᠴᠢᠭ᠂ ᠬᠤᠪᠠᠯᠵᠠ)
 • • ᠯᠣᠮᠠᠴᠢ ᠳᠤ ᠵᠥᠭᠡᠯᠡᠨ ᠪᠡᠶᠡᠲᠡᠨ ᠢ ᠤᠰᠠᠳᠬᠠᠳᠠᠭ ᠪᠣᠳᠠᠰ
 • • ᠨᠧᠮᠠᠲ᠋ᠣᠼᠢ ᠳᠤ ᠮᠥᠭᠥ᠂ ᠮᠥᠭᠥᠨᠴᠢᠷ ᠢ ᠤᠰᠠᠳᠬᠠᠳᠠᠭ ᠪᠣᠳᠠᠰ
 • • ᠭᠧᠷᠪᠢᠼᠢ ᠳᠤ ᠬᠥᠯ ᠭᠠᠵᠠᠷ ᠤᠨ ᠤᠷᠭᠤᠮᠠᠯ ᠤᠰᠠᠳᠬᠠᠳᠠᠭ ᠪᠣᠳᠠᠰ
 • • ᠵᠣᠴᠠ ᠳᠤ ᠵᠢᠵᠢᠭ ᠮᠡᠷᠡᠭᠴᠢ ᠠᠮᠢᠲᠠᠨ ᠢ ᠤᠰᠠᠳᠬᠠᠳᠠᠭ ᠪᠣᠳᠠᠰ
 • • ᠪᠠᠺᠲ᠋ᠧᠷᠢᠼᠢ ᠳᠤ ᠠᠮᠢᠲᠠᠨ᠂ ᠤᠷᠭᠤᠮᠠᠯ ᠤᠨ ᠪᠠᠺᠲ᠋ᠧᠷᠢ ᠶᠢᠨ ᠭᠠᠷᠤᠯᠲᠠᠢ ᠡᠪᠡᠳᠴᠢᠨ ᠢ ᠤᠰᠠᠳᠬᠠᠳᠠᠭ ᠪᠣᠳᠠᠰ
 • • ᠳᠧᠹᠤᠯᠠᠨ ᠳᠤ ᠤᠷᠭᠤᠮᠠᠯ ᠢ ᠨᠠᠪᠴᠢ ᠪᠠᠨ ᠭᠦᠪᠢᠬᠦ ᠳᠦ ᠲᠦᠯᠬᠢᠴᠡ ᠥᠭᠳᠡᠭ ᠪᠣᠳᠠᠰ
 • • ᠳᠧᠹᠯᠣᠷᠠᠨ᠋ᠲ ᠴᠡᠴᠡᠭᠲᠦ ᠤᠷᠭᠤᠮᠠᠯ ᠢ ᠤᠰᠠᠳᠬᠠᠳᠠᠭ ᠪᠣᠳᠠᠰ
 • • ᠳ᠋ᠧᠰᠢᠺᠠᠨᠲ ᠡᠮ ᠦᠨ ᠤᠷᠭᠤᠮᠠᠯ ᠢ ᠬᠠᠳᠬᠤ ᠠᠴᠠ ᠰᠡᠷᠭᠡᠶᠢᠯᠡᠳᠡᠭ ᠪᠣᠳᠠᠰ
 • • ᠣᠪᠣᠼᠢ ᠳᠤ ᠬᠣᠷᠬᠣᠢ᠂ ᠰᠢᠪᠠᠵᠢᠨ ᠤ ᠥᠨᠳᠡᠭᠡ ᠶᠢ ᠤᠰᠠᠳᠬᠠᠳᠠᠭ ᠪᠣᠳᠠᠰ
 • • ᠯᠠᠷᠪᠢᠼᠢ ᠳᠤ ᠬᠣᠷᠬᠣᠢ᠂ ᠰᠢᠪᠠᠵᠢᠨ ᠤ ᠥᠲᠥ ᠠᠪᠠᠭᠠᠯᠳᠠᠢ ᠶᠢ ᠤᠰᠠᠳᠬᠠᠳᠠᠭ ᠪᠣᠳᠠᠰ

ᠣᠯᠠᠨ ᠵᠢᠯ ᠦᠨ ᠦᠢᠯᠡᠴᠢᠯᠡᠭᠡ ᠲᠡᠢ᠂ ᠦᠢᠯᠡ ᠠᠵᠢᠯᠯᠠᠭᠠᠨ ᠤ ᠥᠷᠭᠡᠨ ᠴᠠᠷ᠎ᠠ ᠬᠦᠷᠢᠶ᠎ᠡ ᠲᠡᠢ ᠫᠧᠰᠲ᠋ᠢᠼᠢᠳ ᠦᠳ ᠢ ᠢᠨᠰᠧᠺᠲ᠋ᠣᠷᠹᠦᠩᠭᠢᠼᠢ ᠳᠤ ᠭᠡᠵᠦ ᠨᠡᠷᠡᠯᠡᠳᠡᠭ᠃ ᠬᠢᠮᠢ ᠶᠢᠨ ᠬᠣᠣᠷᠲᠤ ᠪᠦᠲᠦᠭᠡᠭᠳᠡᠬᠦᠨ ᠢ ᠬᠡᠷᠡᠭᠯᠡᠳᠡᠭ ᠭᠣᠣᠯ ᠰᠠᠯᠪᠤᠷᠢ ᠪᠣᠯ ХАА ᠶᠤᠮ᠃ ᠳᠡᠯᠡᠬᠡᠢ ᠶᠢᠨ ᠳᠦ ᠰᠡᠭᠦᠯ ᠦᠨ 50 ᠵᠢᠯ ᠳᠤ ᠲᠠᠷᠢᠮᠠᠯ ᠤᠷᠭᠤᠮᠠᠯ ᠤᠨ ᠡᠪᠡᠳᠴᠢᠨ᠂ ᠬᠣᠷᠲᠣᠩᠭ᠎ᠠ ᠨᠤᠭᠤᠳ ᠤᠨ ᠤᠷᠰᠢᠭ ᠢᠶᠠᠷ ᠤᠴᠠᠷᠠᠭᠰᠠᠨ ᠬᠣᠬᠢᠷᠠᠯ ХАА ᠍ ᠦᠨ ᠨᠡᠶᠢᠲᠡ ᠪᠦᠲᠦᠭᠡᠭᠳᠡᠬᠦᠨ ᠦ 20 ᠪᠠ ᠲᠡᠭᠦᠨ ᠡᠴᠡ ᠳᠡᠭᠡᠭᠰᠢ ᠬᠤᠪᠢ ᠶᠢ ᠡᠵᠡᠯᠡᠵᠦ ᠪᠠᠶᠢᠨ᠎ᠠ᠃ ᠬᠢᠮᠢ ᠶᠢᠨ ᠬᠣᠣᠷᠲᠤ ᠪᠦᠲᠦᠭᠡᠭᠳᠡᠬᠦᠨ ᠦ ᠨᠥᠯᠥᠭᠡ ᠨᠢ ᠮᠥᠭᠥ᠂ ᠮᠥᠭᠥᠨᠴᠢᠷ ᠢᠶᠡᠷ ᠡᠪᠡᠳᠴᠢᠯᠡᠭᠰᠡᠨ ᠦᠷᠦ ᠲᠠᠷᠢᠭ᠎ᠠ ᠶᠢ ᠬᠢᠮᠢ ᠶᠢᠨ ᠬᠣᠣᠷᠲᠤ ᠪᠣᠳᠠᠰ ᠢᠶᠠᠷ ᠠᠷᠢᠭᠤᠳᠬᠠᠵᠤ᠂ ᠲᠡᠭᠦᠪᠡᠷ ᠬᠢᠭᠳᠡᠭᠰᠡᠨ ᠪᠦᠲᠦᠭᠡᠭᠳᠡᠬᠦᠨ ᠢ ᠬᠣᠭᠣᠯᠠ ᠬᠦᠨᠡᠰᠦᠨ ᠳᠦ ᠬᠡᠷᠡᠭᠯᠡᠬᠦ ᠦᠶ᠎ᠡ ᠳᠦ ᠡᠭᠦᠰᠦᠨ᠎ᠡ᠃ ᠢᠢ ᠳᠦ ᠬᠦᠮᠦᠨ᠂ ᠠᠮᠢᠲᠠᠨ ᠢ ᠪᠣᠬᠢᠷᠳᠠᠭᠰᠠᠨ ᠬᠦᠨᠡᠰᠦᠨ ᠦ ᠪᠦᠲᠦᠭᠡᠭᠳᠡᠬᠦᠨ ᠦ ᠠᠶᠤᠯ ᠠᠴᠠ ᠤᠷᠢᠳᠴᠢᠯᠠᠨ ᠰᠡᠷᠭᠡᠶᠢᠯᠡᠬᠦ᠂ ᠲᠡᠭᠦᠨᠴᠢᠯᠡᠨ ᠬᠦᠨᠡᠰᠦᠨ ᠦ ᠪᠦᠲᠦᠭᠡᠭᠳᠡᠬᠦᠨ ᠳᠦ ᠫᠧᠰᠲ᠋ᠢᠼᠢᠳ ᠦᠨ ᠬᠣᠣᠷᠲᠤ ᠦᠢᠯᠡᠴᠢᠯᠡᠭᠡ ᠬᠤᠷᠠᠮᠲᠤᠯᠠᠭᠳᠠᠬᠤ ᠠᠴᠠ ᠤᠷᠢᠳᠴᠢᠯᠠᠨ ᠰᠡᠷᠭᠡᠶᠢᠯᠡᠬᠦ ᠳᠦ ᠣᠷᠣᠰᠢᠨ᠎ᠠ᠃

ᠭᠠᠳᠠᠭᠠᠳᠤ ᠬᠣᠯᠪᠣᠭᠠᠰᠤ ᠨᠤᠭᠤᠳ