ᠫᠦᠨᠴᠠᠭ ᠤᠨ ᠵᠠᠰᠠᠷᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠫᠦᠨᠴᠠᠭ ᠤᠨ ᠵᠠᠰᠠᠷᠠᠢ (1933 ᠣᠨ ᠤ 11 ᠰᠠᠷ᠎ᠠ ᠶᠢᠨ 26 - 2007 ᠣᠨ ᠤ 10 ᠰᠠᠷ᠎ᠠ ᠶᠢᠨ 25) ᠨᠢ ᠮᠣᠩᠭᠣᠯ ᠍ ᠍ ᠍ ᠤᠨ ᠤᠯᠤᠰ ᠲᠥᠷᠦᠴᠢᠡᠳ᠋ ᠍ ᠍ ᠍ ᠦᠨ ᠵᠠᠰᠠᠭᠴᠢ. 1992 ᠣᠨ ᠠᠴᠠ 1996 ᠣᠨ ᠬᠦᠷᠲᠡᠯ᠎ᠡ ᠮᠣᠩᠭᠣᠯ ᠤᠯᠤᠰ ᠍ ᠍ ᠍ ᠤᠨ 17 ᠳᠠᠬᠢ ᠶᠡᠷᠦᠩᠬᠡᠢ ᠰᠠᠶᠢᠳ.

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠷᠡᠪᠡᠷ 1933 ᠣᠨ ᠤ 11 ᠰᠠᠷ᠎ᠠ ᠶᠢᠨ 26 ᠍ ᠍ ᠍ ᠳᠦ ᠭᠣᠪᠢ-ᠠᠯᠲᠠᠢ ᠠᠶᠢᠮᠠᠭ ᠤᠨ ᠪᠤᠭᠤᠳᠤ ᠰᠤᠮᠤᠨ ᠳᠤ ᠲᠦᠷᠦᠭᠰᠡᠨ᠃

ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1950 ᠣᠨ ᠳᠤ ᠭᠣᠪᠢ-ᠠᠯᠲᠠᠢ ᠠᠶᠢᠮᠠᠭ ᠤᠨ ᠲᠣᠩᠬᠢᠯ ᠰᠤᠮᠤ ᠍ ᠍ ᠍ ᠤᠨ ᠳᠣᠯᠣᠭᠠᠨ ᠵᠢᠯ ᠦᠨ ᠳᠤᠮᠳᠠ ᠰᠤᠷᠭᠠᠭᠤᠯᠢ᠂ 1961 ᠣᠨ ᠳᠤ ᠵᠥᠪᠯᠡᠯᠲᠦ ᠬᠣᠯᠪᠣᠭᠠᠲᠤ ᠤᠯᠤᠰ ᠍ ᠍ ᠍ ᠤᠨ ᠮᠣᠰᠺᠸᠠ ᠬᠣᠲᠠ ᠶᠢᠨ ᠡᠳ᠋ ᠍ ᠍ ᠍ ᠦᠨ ᠵᠠᠰᠠᠭ ᠰᠲ᠋ᠠᠲ᠋ᠢᠰᠲ᠋ᠢᠭ ᠤᠨ ᠳᠡᠭᠡᠳᠦ ᠰᠤᠷᠭᠠᠭᠤᠯᠢ ᠶᠢ ᠲᠡᠭᠦᠰᠴᠡᠢ᠃ ᠲᠡᠷᠡ ᠪᠡᠷ 1970 ᠣᠨ ᠳᠤ ᠡᠳ᠋ ᠍ ᠍ ᠍ ᠦᠨ ᠵᠠᠰᠠᠭ ᠤᠨ ᠰᠢᠨᠵᠢᠯᠡᠬᠦ ᠤᠬᠠᠭᠠᠨ ᠤ ᠳᠡᠳ᠋ ᠡᠷᠳᠡᠮᠲᠡᠨ ᠦ ᠵᠡᠷᠭᠡ ᠬᠠᠮᠠᠭᠠᠯᠠᠭᠰᠠᠨ ᠪᠥᠭᠡᠳ ᠣᠯᠠᠨ ᠤᠯᠤᠰ ᠤᠨ ᠳᠡᠭᠡᠳᠦ ᠪᠣᠯᠪᠠᠰᠤᠷᠠᠯ ᠤᠨ ᠠᠺᠠᠳᠧᠮᠢ ᠍ ᠍ ᠍ ᠶᠢᠨ ᠵᠢᠩᠬᠢᠨᠢ ᠭᠡᠰᠢᠭᠦᠨ᠂ ᠮᠣᠰᠺᠸᠠᠭᠡᠶᠢᠨ ᠡᠳ᠋ ᠍ ᠍ ᠍ ᠦᠨ ᠵᠠᠰᠠᠭ᠂ ᠰᠲ᠋ᠠᠲ᠋ᠢᠰᠲ᠋ᠢᠺ᠂ ᠢᠨᠹᠣᠷᠮᠠᠲ᠋ᠢᠭ ᠤᠨ ᠶᠡᠬᠡ ᠰᠤᠷᠭᠠᠭᠤᠯᠢ᠂ ᠮᠣᠩᠭᠣᠯ ᠤᠯᠤᠰ ᠤᠨ ᠶᠡᠬᠡ ᠰᠤᠷᠭᠠᠭᠤᠯᠢ ᠍ ᠍ ᠍ ᠦᠨ ᠬᠦᠨᠳᠦᠲᠦ ᠳ᠋ᠣᠺᠲ᠋ᠣᠷ ᠴᠣᠯᠠ ᠲᠠᠢ᠃

ᠠᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • 1950-1956 ᠭᠣᠪᠢ-ᠠᠯᠲᠠᠢ ᠠᠶᠢᠮᠠᠭ ᠤᠨ ᠪᠤᠭᠤᠳᠤᠪᠠᠶᠠᠨ ᠰᠤᠮᠤ ᠍ ᠍ ᠍ ᠤᠨ ᠪᠠᠭ᠎ᠠ ᠰᠤᠷᠭᠠᠭᠤᠯᠢ ᠳᠤ ᠪᠠᠭᠰᠢ᠂ ᠵᠠᠬᠢᠷᠤᠯ᠂ ᠠᠶᠢᠮᠠᠭ ᠤᠨ ᠠᠷᠠᠳ ᠤᠨ ᠳ᠋ᠧᠫᠦᠶᠢᠲ᠋ᠠᠲ ᠤᠳ ᠤᠨ ᠬᠤᠷᠠᠯ ᠤᠨ ᠭᠦᠢᠴᠡᠳᠭᠡᠬᠦ ᠵᠠᠬᠢᠷᠭ᠎ᠠ ᠤ ᠭᠡᠭᠡᠷᠡᠯ ᠦᠨ ᠬᠡᠯᠲᠡᠰ ᠲᠦ ᠪᠠᠶᠢᠴᠠᠭᠠᠭᠴᠢ
  • 1961-1967 ᠡᠳ᠋ ᠍ ᠍ ᠍ ᠦᠨ ᠵᠠᠰᠠᠭ ᠤᠨ ᠳᠡᠭᠡᠳᠦ ᠰᠤᠷᠭᠠᠭᠤᠯᠢ ᠳᠤ ᠪᠠᠭᠰᠢ
  • 1965-1966 ᠡᠳ᠋ ᠍ ᠍ ᠍ ᠦᠨ ᠵᠠᠰᠠᠭ ᠤᠨ ᠬᠦᠷᠢᠶᠡᠯᠡᠩ ᠳᠦ ᠠᠰᠫᠢᠷᠠᠨᠲ
  • 1967-1970 ᠰᠲ᠋ᠠᠲ᠋ᠢᠰᠲ᠋ᠢᠭ ᠤᠨ ᠲᠥᠪ ᠭᠠᠵᠠᠷ ᠲᠤ ᠣᠷᠣᠯᠠᠭᠴᠢ ᠳᠠᠷᠤᠭ᠎ᠠ
  • 1970-1976 ᠤᠯᠤᠰ ᠤᠨ ᠦᠨ᠎ᠡ ᠶᠢᠨ ᠬᠣᠷᠢᠶ᠎ᠠ᠂ ᠦᠨ᠎ᠡ᠂ ᠰᠲ᠋ᠠᠨᠳᠠᠷᠲ ᠤᠨ ᠤᠯᠤᠰ ᠤᠨ ᠬᠣᠷᠢᠶᠠᠨ ᠤ ᠳᠠᠷᠤᠭ᠎ᠠ
  • 1976-1978 ᠮᠣᠩᠭᠣᠯ ᠠᠷᠠᠳ ᠤᠨ ᠬᠤᠪᠢᠰᠬᠠᠯᠲᠤ ᠨᠠᠮ ᠍ ᠍ ᠍ ᠤᠨ ᠲᠥᠪ ᠬᠣᠷᠢᠶᠠᠨ ᠳᠤ ᠬᠡᠯᠲᠡᠰ ᠦᠨ ᠡᠷᠬᠢᠯᠡᠭᠴᠢ
  • 1978-1984 ᠤᠯᠤᠰ ᠤᠨ ᠲᠥᠯᠦᠪᠯᠡᠭᠡᠨ ᠦ ᠺᠣᠮᠢᠰ ᠍ ᠍ ᠍ ᠤᠨ ᠨᠢᠭᠡᠳᠦᠭᠡᠷ ᠣᠷᠣᠯᠠᠭᠴᠢ ᠳᠠᠷᠤᠭ᠎ᠠ ᠪᠥᠭᠡᠳ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠍ ᠤᠨ ᠰᠠᠶᠢᠳ
  • 1984-1989 ᠰᠠᠶᠢᠳ ᠨᠠᠷ ᠤᠨ ᠵᠥᠪᠯᠡᠯ ᠦᠨ ᠣᠷᠣᠯᠠᠭᠴᠢ ᠳᠠᠷᠤᠭ᠎ᠠ ᠪᠥᠭᠡᠳ ᠤᠯᠤᠰ ᠤᠨ ᠲᠥᠯᠦᠪᠯᠡᠭᠡᠨ ᠦ ᠺᠣᠮᠢᠰ ᠤᠨ ᠳᠠᠷᠤᠭ᠎ᠠ
  • 1989-1990 ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠷᠢᠶᠠᠨ ᠤ ᠤᠯᠤᠰ ᠲᠥᠷᠥ ᠶᠢᠨ ᠲᠣᠪᠴᠢᠶᠠᠨ ᠤ ᠣᠷᠣᠯᠠᠭᠴᠢ ᠭᠡᠰᠢᠭᠦᠨ᠂ ᠲᠥᠯᠥᠪᠯᠡᠭᠡ᠂ ᠡᠳ᠋ ᠍ ᠍ ᠍ ᠦᠨ ᠵᠠᠰᠠᠭ ᠤᠨ ᠤᠯᠤᠰ ᠤᠨ ᠬᠣᠷᠢᠶᠠᠨ ᠤ ᠳᠠᠷᠤᠭ᠎ᠠ ᠪᠥᠭᠡᠳ ᠰᠠᠶᠢᠳ ᠨᠠᠷ ᠤᠨ ᠵᠥᠪᠯᠡᠯ ᠦᠨ ᠨᠢᠭᠡᠳᠦᠭᠡᠷ ᠣᠷᠣᠯᠠᠭᠴᠢ ᠳᠠᠷᠤᠭ᠎ᠠ
  • 1990-1992 ᠦᠢᠯᠡᠳᠪᠦᠷᠢᠯᠡᠯ᠂ ᠦᠢᠯᠡᠴᠢᠯᠡᠭᠡᠨ ᠦ ᠬᠣᠷᠰᠢᠶᠠᠳ ᠤᠨ ᠬᠣᠯᠪᠣᠭᠠᠨ ᠤ ᠶᠡᠷᠦᠩᠬᠡᠶᠢᠯᠡᠭᠴᠢ
  • 1992-1996 ᠤᠯᠤᠰ ᠤᠨ ᠶᠡᠬᠡ ᠬᠤᠷᠠᠯ ᠍ ᠍ ᠍ ᠶᠢᠨ ᠭᠡᠰᠢᠭᠦᠨ᠂ ᠮᠣᠩᠭᠣᠯ ᠤᠯᠤᠰ ᠤᠨ ᠶᠡᠷᠦᠩᠬᠡᠢ ᠰᠠᠶᠢᠳ
  • 1996-2004 ᠤᠯᠤᠰ ᠤᠨ ᠶᠡᠬᠡ ᠬᠤᠷᠠᠯ ᠶᠢᠨ ᠭᠡᠰᠢᠭᠦᠨ

ᠮᠥᠨ ᠲᠥᠷᠥ ᠡᠴᠡ ᠠᠯᠲᠠᠨ ᠭᠠᠳᠠᠰᠤ ᠣᠳᠣᠨᠬᠥᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠣᠳᠣᠨ ᠶᠢ ᠢᠶᠠᠷ ᠬᠣᠶᠠᠷ ᠤᠳᠠᠭ᠎ᠠ ᠱᠠᠩᠨᠠᠭᠳᠠᠵᠤ᠂ ᠮᠣᠩᠭᠣᠯ ᠤᠯᠤᠰ ᠤᠨ ᠭᠠᠪᠢᠶᠠᠲᠤ ᠡᠳ᠋ ᠍ ᠍ ᠍ ᠦᠨ ᠵᠠᠰᠠᠭᠴᠢ ᠴᠣᠯᠠ ᠬᠦᠷᠲᠡᠭᠰᠡᠨ᠃

ᠲᠡᠷᠡᠪᠡᠷ 2007 ᠣᠨ ᠤ 10 ᠰᠠᠷ᠎ᠠ ᠶᠢᠨ 25 ᠍ ᠍ ᠍ ᠳᠦ ᠮᠣᠩᠭᠣᠯ ᠠᠷᠠᠳ ᠤᠨ ᠬᠤᠪᠢᠰᠬᠠᠯᠲᠤ ᠨᠠᠮ ᠍ ᠍ ᠍ ᠤᠨ 25 ᠍ ᠍ ᠍ ᠳᠦᠭᠡᠷ ᠶᠡᠬᠡ ᠬᠤᠷᠠᠯ ᠳᠤ ᠲᠥᠯᠥᠭᠡᠯᠡᠭᠴᠢ ᠪᠡᠷ ᠰᠣᠩᠭᠣᠭᠳᠠᠨ ᠣᠷᠣᠯᠴᠠᠵᠤ ᠪᠠᠶᠢᠬᠤ ᠳᠤ ᠪᠠᠨ ᠵᠢᠷᠦᠬᠡ ᠨᠢ ᠵᠣᠭᠰᠣᠵᠤ ᠨᠠᠰᠤ ᠪᠠᠷᠠᠭᠰᠠᠨ ᠶᠤᠮ᠃

ᠪᠠᠷᠢᠮᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠲᠦᠭᠡᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠮᠠᠭᠠᠳᠯᠠᠯ ᠤᠨ ᠣᠨᠣᠯ
  • ᠮᠠᠯ ᠠᠵᠤ ᠠᠬᠤᠢ ᠶᠢᠨ ᠵᠠᠷᠤᠳᠠᠯ ᠢ ᠲᠣᠭᠠᠴᠠᠬᠤ ᠠᠷᠭ᠎ᠠ ᠵᠦᠢ ᠶᠢᠨ ᠠᠰᠠᠭᠤᠳᠠᠯ
  • ᠡᠳ᠋ ᠍ ᠍ ᠍ ᠦᠨ ᠵᠠᠰᠠᠭ ᠤᠨ ᠣᠨᠣᠯ
  • ᠡᠳ᠋ ᠍ ᠍ ᠍ ᠦᠨ ᠵᠠᠰᠠᠭ ᠤᠨ ᠮᠡᠳᠡᠭᠡᠯᠡᠯ᠂ ᠰᠢᠨᠵᠢᠯᠡᠭᠡ
ᠡᠮᠦᠨᠡᠬᠢ
ᠳᠠᠰᠢ ᠶᠢᠨ ᠪᠢᠮᠪᠠᠰᠦ᠋ᠷᠦᠩ
ᠮᠣᠩᠭᠣᠯ ᠤᠯᠤᠰ ᠤᠨ ᠶᠡᠷᠦᠩᠬᠡᠢ ᠰᠠᠶᠢᠳ
{{{on}}}
ᠳᠠᠷᠠᠭᠠᠬᠢ
ᠮᠡᠨᠳᠦᠰᠠᠶᠢᠬᠠᠨ ᠤ ᠡᠩᠬᠡᠰᠠᠶᠢᠬᠠᠨ

ᠪᠢᠴᠢᠭᠡᠰᠦ