ᠫᠣᠷᠲ᠋ᠤᠭᠠᠯ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠫᠣᠷᠲ᠋ᠤᠭᠠᠯ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠫᠣᠷᠲ᠋ᠤᠭᠠᠯ ᠤᠯᠤᠰ
República Portuguesa (ᠫᠣᠷᠲ᠋ᠤᠭᠠᠯ)
ᠲᠤᠰᠠᠭᠠᠷ ᠲᠣᠭᠲᠠᠨᠢᠭᠰᠠᠨ ᠣᠷᠣᠨᠪᠦᠷᠢᠨ ᠡᠷᠬᠡᠲᠦ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
ᠫᠣᠷᠲ᠋ᠤᠭᠠᠯ ᠢᠶᠠᠷ A Portuguesa (ᠫᠣᠷᠲ᠋ᠤᠭᠠᠯ ᠬᠦᠮᠦᠨ)
ᠹᠠᠢᠢᠯ:A Portuguesa.ogg

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠧᠦ᠋ᠷᠣᠫᠠ ᠶᠢᠨ ᠬᠣᠯᠪᠣᠭᠠᠨ ᠳᠠᠬᠢ ᠫᠣᠷᠲᠤᠭᠤᠯ᠂ ᠠᠷᠠᠯ ᠤᠳ ᠤᠨ ᠬᠠᠮᠲᠤ
ᠨᠡᠶᠢᠰᠯᠡᠯLSB.png ᠯᠢᠰᠰᠠᠪᠤᠨ
ᠲᠣᠮᠣ ᠬᠣᠲᠠ ᠫᠣᠷᠲᠤᠪᠷ ᠢᠶᠠ
ᠠᠯᠪᠠᠨ ᠬᠡᠯᠡ ᠫᠣᠷᠲ᠋ᠤᠭᠠᠯ ᠬᠡᠯᠡ
ᠠᠷᠠᠳ ᠲᠦᠮᠡᠨ 
(2007 ᠤᠨ)
96.9% – ᠫᠣᠷᠲ᠋ᠤᠭᠠᠯ ᠦᠨᠳᠦᠰᠦᠲᠡᠨ
3.1% – ᠪᠤᠰᠤᠳ ᠠᠷᠠᠳ ᠲᠦᠮᠡᠨ
ᠲᠥᠷᠥ ᠵᠠᠰᠠᠭ ᠠᠷᠠᠳᠴᠢᠯᠠᠭᠰᠠᠨ ᠳᠢᠭᠯᠢᠮᠨᠢᠭᠡᠳᠦᠮᠡᠯ
ᠪᠠᠶᠢᠭᠤᠯᠤᠮᠵᠢ
᠂ ᠫᠠᠷᠯᠠᠮᠧᠨᠲ ᠤᠨ
ᠪᠦᠭᠦᠳᠡ ᠨᠠᠶᠢᠷᠠᠮᠳᠠᠬᠤ ᠵᠠᠰᠠᠭ ᠲᠠᠢ
 -  ᠶᠡᠷᠦᠩᠬᠡᠶᠢᠯᠡᠭᠴᠢ ᠠᠨᠢᠪᠠᠯ ᠺᠠᠸᠠᠺᠦ᠋ ᠰᠢᠯᠪᠠ (2006)
 -  ᠤᠯᠤᠰ ᠤᠨ ᠬᠤᠷᠠᠯ ᠤᠯᠤᠰ ᠤᠨ ᠬᠤᠷᠠᠯ (230 ᠭᠡᠰᠢᠭᠦᠨ)
 -  ᠶᠡᠷᠦᠩᠬᠡᠢ ᠰᠠᠶᠢᠳ ᠫᠡᠳ᠋ᠤ ᠫᠠᠰᠤᠱ ᠺᠣᠧᠯᠶᠤ (2011)
ᠲᠡᠦᠬᠡᠨ ᠲᠣᠪᠴᠢᠶ᠎ᠠ
 -  868 ᠣᠨ ᠬᠣᠰᠢᠭᠤ ᠡᠭᠦᠰᠪᠡ 
 -  1139 ᠣᠨ ᠸᠠᠩᠲᠤ ᠤᠯᠤᠰ ᠡᠭᠦᠰᠪᠡ 
 -  1668-02-13 ᠢᠰᠫᠠᠨᠢᠠᠰ ᠵᠢᠩᠬᠢᠨᠢ ᠪᠡᠷ ᠰᠠᠯᠵᠤ ᠲᠤᠰᠠᠭᠠᠷ ᠲᠣᠭᠲᠠᠨᠢᠯ ᠰᠡᠷᠭᠦᠭᠰᠡᠨ 
 -  1910-10-05 ᠪᠦᠭᠦᠳᠡ ᠨᠠᠶᠢᠷᠠᠮᠳᠠᠬᠤ ᠤᠯᠤᠰ 
ᠨᠤᠲᠤᠭ ᠳᠡᠪᠢᠰᠬᠡᠷ
 -  ᠪᠦᠬᠦ ᠲᠠᠯᠠᠪᠠᠢ 92,090 km2 (109)
 -  ᠭᠠᠳᠠᠷᠭᠤ ᠶᠢᠨ ᠤᠰᠤ (%) 0.5 ᠬᠤᠪᠢ
ᠬᠦᠮᠦᠨ ᠠᠮᠠ
 -  ᠲᠣᠭᠠᠴᠠᠭ᠎ᠠ (2011) 10,570,803[1] (77)
 -  ᠲᠣᠭᠠᠯᠠᠯᠭ᠎ᠠ (2011) 10,561,614[2] 
 -  ᠨᠢᠭᠲᠠᠴᠠ ᠰᠡᠶᠢᠷᠡᠭ 115 ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $247.310 ᠲᠡᠷᠪᠤᠮ[3] ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 49  ᠳᠦ
 -  ᠨᠢᠭᠡ ᠬᠦᠨᠳᠦ $23,204[3] ᠬᠦᠮᠦᠨ ᠪᠦᠷᠢ ᠳᠦ ᠣᠨᠣᠭᠳᠠᠬᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ42 ᠳᠦ
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $229.336 ᠲᠡᠷᠪᠤᠮ[3]  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ38 ᠳᠦ
 -  ᠨᠢᠭᠡ ᠬᠦᠨᠳᠦ $22,699[3] ᠬᠦᠮᠦᠨ ᠪᠦᠷᠢ ᠳᠦ ᠣᠨᠣᠭᠳᠠᠬᠤ ᠨᠡᠷᠡᠯᠡᠭᠰᠡᠨ GDP  ᠢᠶᠡᠷ ᠲᠡᠯᠡᠭᠡᠢ ᠳᠦ34]])
Gini (2009) 33.7[4] 
ᠬᠡᠦᠬᠡᠳ ᠦᠨ ᠬᠥᠭᠵᠢᠯ ᠦᠨ ᠢᠨᠳᠧᠺᠰ (2011) 0.809[5] (ᠳᠡᠭᠡᠳᠦ) (41)
ᠮᠥᠩᠭᠥᠨ ᠦ ᠨᠢᠭᠡᠴᠡ ᠧᠦ᠋ᠷᠣ (€) (EUR)
ᠴᠠᠭ ᠤᠨ ᠪᠥᠰᠡ +0
ᠳ᠋ᠦᠮᠠᠢᠨ ᠤ ᠨᠡᠷ᠎ᠡ .pt
ᠤᠲᠠᠰᠤᠨ ᠤ ᠲᠣᠮᠢᠶ᠎ᠠ +351
ᠫᠣᠷᠲ᠋ᠤᠭᠠᠯ ᠤᠨ ᠡᠷᠭᠢ ᠶᠢᠨ ᠵᠢᠷ ᠦᠨ ᠨᠢᠭᠡᠨ ᠬᠣᠲᠠ
ᠫᠣᠷᠲ᠋ᠤᠭᠠᠯ ᠤᠨ ᠡᠷᠭᠢ ᠶᠢᠨ ᠵᠢᠷ ᠦᠨ ᠨᠢᠭᠡᠨ ᠬᠣᠲᠠ

ᠪᠦᠭᠦᠳᠡ ᠨᠠᠶᠢᠷᠠᠮᠳᠠᠬᠤ ᠫᠣᠷᠲ᠋ᠤᠭᠠᠯ ᠤᠯᠤᠰ (ᠫᠣᠷᠲ᠋ᠤᠭᠠᠯ ᠢᠶᠠᠷ República Portuguesa) ᠨᠢ ᠪᠠᠷᠠᠭᠤᠨ ᠡᠮᠦᠨᠡᠲᠦ ᠧᠦ᠋ᠷᠣᠫᠠᠢᠪᠧᠷ ᠦᠨ ᠬᠣᠶᠢᠭ ᠲᠤ ᠢᠰᠫᠠᠨᠢᠲᠠᠢ ᠬᠢᠯᠢ ᠵᠠᠯᠭᠠᠨ ᠤᠷᠤᠰᠢᠬᠤ ᠤᠯᠤᠰ ᠶᠤᠮ᠃

ᠪᠠᠷᠠᠭᠤᠨ ᠲᠠᠯ᠎ᠠ ᠪᠠᠷ ᠢᠶᠠᠨ ᠠᠲᠯᠠᠨ᠋ᠲ ᠤᠨᠳᠠᠯᠠᠢᠭᠠ ᠪᠠᠷ ᠬᠦᠷᠢᠶᠡᠯᠡᠭᠳᠡᠳᠡᠭ ᠪᠠ ᠠᠲ᠋ᠯᠠᠨᠲ ᠤᠨ ᠳᠠᠯᠠᠢ ᠳᠠᠬᠢ ᠠᠽᠣᠷᠮᠠᠳᠧᠢᠷᠠ ᠣᠯᠲᠣᠷᠢᠭ ᠤᠳ ᠫᠣᠷᠲ᠋ᠤᠭᠠᠯ ᠤᠨ ᠨᠤᠲᠤᠭ ᠪᠣᠯᠤᠨ᠎ᠠ᠃ ᠫᠣᠷᠲ᠋ᠤᠭᠠᠯ ᠣᠷᠣᠨ ᠤ 92,090 ᠬᠠᠪᠲᠠᠭᠠᠢ ᠳᠥᠷᠪᠡᠯᠵᠢᠨ km ᠨᠤᠲᠤᠭ ᠲᠤ 10,570,803 ᠬᠦᠮᠦᠨ ᠠᠮᠠ ᠣᠷᠣᠰᠢᠨ ᠰᠠᠭᠤᠳᠠᠭ᠃ ᠬᠦᠮᠦᠨ ᠠᠮᠠ ᠨᠢ ᠠᠲ᠋ᠯᠠᠨᠲ ᠤᠨ ᠳᠠᠯᠠᠢ ᠶᠢᠨ ᠡᠷᠭᠢ ᠪᠡᠷ ᠬᠣᠶᠠᠷ ᠲᠣᠮᠣ ᠬᠣᠲᠠ ᠷᠠᠭᠤ ᠶᠢ ᠪᠠᠨ ᠰᠢᠬᠠᠨ ᠨᠢᠭᠲᠠᠷᠠᠨ ᠰᠠᠭᠤᠷᠢᠰᠢᠭᠰᠠᠨ ᠪᠠᠶᠢᠳᠠᠭ᠃ ᠬᠣᠶᠠᠷ ᠲᠣᠮᠣ ᠬᠣᠲᠠ ᠶᠢᠨ ᠬᠢ ᠨᠢᠭᠡ ᠨᠢ 547,631 ᠬᠦᠮᠦᠨ ᠠᠮᠠ ᠲᠠᠢ ᠨᠡᠶᠢᠰᠯᠡᠯ ᠯᠢᠰᠪᠠ (ᠣᠷᠣᠰ ᠶᠢᠡᠷ ᠯᠢᠰᠰᠠᠪᠤᠨ), ᠨᠥᠭᠥᠭᠡᠬᠢ ᠨᠢ ᠫᠣᠷᠲᠤ ᠶᠠᠭᠤᠮ᠎ᠠ᠃ ᠬᠦᠮᠦᠨ ᠠᠮᠠ ᠶᠢᠨ ᠦᠨᠡᠮᠯᠡᠬᠦᠢ ᠣᠯᠠᠩᠬᠢ ᠨᠢ ᠫᠣᠷᠲᠤᠭᠤᠯᠴᠢ ᠨᠤᠭᠤᠳ᠂ ᠳᠡᠶᠢᠯᠦᠩᠬᠢ ᠣᠯᠠᠩᠬᠢ ᠨᠢ ᠾᠷᠢᠰᠤᠰ ᠤᠨ ᠱᠠᠰᠢᠨᠲᠠᠨ (ᠲᠡᠭᠦᠨ ᠳᠦ ᠳᠣᠲᠣᠷ᠎ᠠ ᠪᠠᠨ ᠺᠠᠲ᠋ᠣᠯᠢᠭ) ᠶᠤᠮ᠃

15-16 ᠍ ᠳᠦᠭᠡᠷ ᠵᠠᠭᠤᠨ ᠤ ᠳᠠᠯᠠᠢ ᠳᠤ ᠭᠠᠷᠴᠤ ᠰᠢᠨ᠎ᠡ ᠭᠠᠵᠠᠷ ᠨᠡᠭᠡᠭᠡᠬᠦ ᠠᠶᠠᠨ ᠳᠤ ᠫᠣᠷᠲ᠋ᠤᠭᠠᠯ ᠤᠨ ᠬᠢᠨ ᠣᠷᠣᠶᠢᠯᠠᠵᠠᠢ᠃ ᠢᠩᠭᠢᠭᠰᠡᠨ ᠢᠶᠡᠷ ᠫᠣᠷᠲ᠋ᠤᠭᠠᠯ ᠨᠢ ᠡᠮᠦᠨᠡᠲᠦ ᠠᠮᠧᠷᠢᠺᠠᠠᠹᠷᠢᠺᠠᠠᠽᠢᠶ᠎ᠠᠨᠣᠮᠣᠬᠠᠨ ᠳᠠᠯᠠᠢ ᠳᠤ ᠨᠤᠲᠤᠭ ᠲᠠᠢ ᠳᠠᠯᠠᠢ ᠶᠢᠨ ᠭᠦᠷᠦᠨ ᠪᠣᠯᠵᠤ ᠪᠠᠶᠢᠪᠠ᠃ 19 ᠍ ᠳᠦᠭᠡᠷ ᠵᠠᠭᠤᠨ ᠳᠤ ᠬᠠᠮᠤᠭ ᠤᠨ ᠲᠣᠮᠣ ᠭᠠᠳᠠᠭᠠᠳᠤ ᠡᠵᠡᠮᠰᠢᠯ ᠪᠷᠠᠽᠢᠯ ᠣᠷᠣᠨ ᠲᠤᠰᠠᠭᠠᠷ ᠲᠣᠭᠲᠠᠨᠢᠭᠰᠠᠨ ᠢᠶᠠᠷ ᠫᠣᠷᠲ᠋ᠤᠭᠠᠯ ᠤᠨ ᠬᠦᠴᠦ ᠪᠠᠭᠤᠷᠠᠭᠰᠠᠨ᠃ ᠡᠵᠡᠮᠰᠢᠯ ᠡᠴᠡ ᠪᠡᠨ ᠬᠠᠮᠤᠭ ᠤᠨ ᠰᠡᠭᠦᠯ ᠳᠦ 1999 ᠣᠨ ᠳᠤ ᠤᠤᠮᠸᠨᠨ ᠶᠢ ᠬᠢᠲᠠᠳᠠᠳᠠ ᠰᠢᠯᠵᠢᠭᠦᠯᠦᠨ ᠥᠭᠴᠦ ᠪᠠᠶᠢᠯ᠎ᠠ᠃

ᠫᠣᠷᠲ᠋ᠤᠭᠠᠯ ᠨᠢ ᠠᠮᠢᠳᠤᠷᠠᠬᠤ ᠲᠠᠭᠠᠲᠠᠢ ᠣᠷᠴᠢᠨ ᠪᠦᠷᠢᠯᠳᠦᠭᠰᠡᠨ᠂ ᠬᠡᠦᠬᠡᠳ ᠦᠨ ᠬᠥᠭᠵᠢᠯ ᠦᠨ ᠢᠨᠳᠧᠺᠰ ᠍ ᠢᠶᠡᠷ ᠳᠡᠭᠡᠳᠦ ᠠᠩᠬᠢᠯᠠᠯ ᠳᠤ ᠪᠠᠭᠠᠳᠬᠤ᠂ ᠳᠠᠶᠠᠭᠠᠷᠴᠢᠯᠠᠭᠳᠠᠭᠰᠠᠨ᠂ ᠳᠠᠶᠢᠨ ᠦᠭᠡᠢ᠂ ᠧᠦ᠋ᠷᠣᠫᠠ ᠶᠢᠨ ᠬᠣᠯᠪᠣᠭ᠎ᠠᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ᠂ ᠯᠠᠲ᠋ᠢᠨ ᠬᠡᠯᠡ ᠳᠦ ᠣᠷᠣᠨ ᠨᠤᠭᠤᠳ ᠤᠨ ᠬᠣᠯᠪᠣᠭ᠎ᠠ᠂ ᠡᠳ᠋ ᠍ ᠦᠨ ᠵᠠᠰᠠᠭ ᠤᠨ ᠬᠠᠮᠲᠤ ᠶᠢᠨ ᠠᠵᠢᠯᠯᠠᠭᠠᠨ᠂ ᠬᠥᠭᠵᠢᠯ ᠦᠨ ᠪᠠᠶᠢᠭᠤᠯᠤᠯᠭ᠎ᠠNorth Atlantic Treaty Organization, ᠧᠦ᠋ᠷᠣᠪᠦᠰᠱᠧᠩᠭᠧᠨ ᠦ ᠭᠡᠷ᠎ᠡ ᠵᠡᠷᠭᠡ ᠣᠯᠠᠨ ᠤᠯᠤᠰ ᠤᠨ ᠪᠠᠶᠢᠭᠤᠯᠤᠯᠭ᠎ᠠ᠂ ᠭᠡᠷ᠎ᠡ ᠶᠢ ᠠᠩᠬ᠎ᠠ ᠪᠠᠶᠢᠭᠤᠯᠤᠯᠴᠠᠭᠰᠠᠨ᠂ ᠭᠡᠰᠢᠭᠦᠨ ᠣᠷᠣᠨ ᠨᠢ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠢᠷᠢ ᠵᠦᠢ ᠶᠢᠨ ᠭᠠᠵᠠᠷ ᠤᠨ ᠵᠢᠷᠤᠭ

ᠫᠣᠷᠲ᠋ᠤᠭᠠᠯ 92,090 ᠬᠠᠪᠲᠠᠭᠠᠢ ᠳᠥᠷᠪᠡᠯᠵᠢᠨ ᠺᠢᠯᠣᠮᠧᠲ᠋ᠷ ᠭᠠᠵᠠᠷ ᠨᠤᠲᠤᠭ ᠲᠠᠢ ᠳᠡᠯᠡᠬᠡᠢ ᠶᠢᠨ 109 ᠍ ᠳᠦᠭᠡᠷ ᠲᠣᠮᠣ ᠣᠷᠣᠨ ᠶᠤᠮ᠃

ᠪᠠᠶᠢᠷᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠣᠷᠲ᠋ᠤᠭᠠᠯ ᠣᠷᠣᠨ ᠧᠦ᠋ᠷᠠᠽᠢ ᠍ ᠶᠢᠨ ᠡᠬᠡ ᠭᠠᠵᠠᠷ ᠤᠨ ᠲᠤᠶᠢᠯ ᠤᠨ ᠪᠠᠷᠠᠭᠤᠨ ᠵᠠᠬ᠎ᠠ᠂ ᠢᠪᠧᠷ ᠦᠨ ᠬᠣᠶᠢᠭᠡᠶᠢᠨ ᠪᠠᠷᠠᠭᠤᠨ ᠡᠮᠦᠨᠡᠲᠦ ᠪᠤᠯᠤᠩᠳᠠ ᠵᠡᠭᠦᠨ ᠲᠠᠯ᠎ᠠ ᠪᠠᠷ ᠢᠶᠠᠨ ᠢᠰᠫᠠᠨᠢ ᠤᠯᠤᠰ ᠲᠠᠢ ᠬᠢᠯᠢᠯᠡᠨ ᠣᠷᠣᠰᠢᠳᠠᠭ᠃ ᠬᠣᠶᠠᠷ ᠤᠯᠤᠰ ᠤᠨ ᠬᠢᠯᠢ ᠶᠢᠨ ᠤᠷᠲᠤ 214 ᠺᠢᠯᠣᠮᠧᠲ᠋ᠷ᠃ ᠦᠨᠳᠦᠰᠦᠨ ᠨᠤᠲᠤᠭ ᠠᠴᠠ ᠵᠠᠶᠢᠳᠠᠭᠤ ᠠᠲ᠋ᠯᠠᠨᠲ ᠤᠨ ᠳᠠᠯᠠᠢ ᠳᠤ ᠠᠽᠣᠷᠮᠠᠳᠧᠢᠷᠠ ᠬᠡᠮᠡᠬᠦ ᠪᠠᠭ᠎ᠠ ᠪᠢᠰᠢ ᠬᠣᠶᠠᠷ ᠣᠯᠲᠣᠷᠢᠭ ᠲᠠᠢ᠃

ᠭᠠᠵᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠤᠲᠤᠭ ᠤᠨ ᠳᠤᠮᠳᠠᠭᠤᠷ ᠤᠷᠤᠰᠳᠠᠭ ᠲᠧᠵᠤ ᠭᠣᠣᠯ ᠤᠨ ᠤᠮᠠᠷᠠᠳᠤ ᠲᠠᠯ᠎ᠠ᠂ ᠢᠯᠠᠩᠭᠤᠶ᠎ᠠ ᠳᠣᠷᠣᠨ᠎ᠠ ᠤᠮᠠᠷᠠᠳᠤ ᠬᠡᠰᠡᠭ ᠨᠢ ᠠᠭᠤᠯᠠᠷᠬᠠᠭ᠂ ᠲᠡᠭᠦᠨ ᠡᠴᠡ ᠠᠪᠤᠭᠰᠠᠨ ᠭᠣᠣᠯ ᠮᠥᠷᠡᠨ ᠶᠡᠬᠡ ᠲᠡᠢ ᠪᠣᠯ ᠲᠧᠵᠤ ᠶᠢᠨ ᠡᠮᠦᠨᠡᠲᠦ ᠲᠠᠯ᠎ᠠ ᠶᠢᠨ ᠭᠠᠵᠠᠷ ᠨᠤᠲᠤᠭ (ᠠᠯᠧᠨᠲ᠋ᠧᠵᠤ) ᠨᠠᠮ ᠳᠣᠣᠷ᠎ᠠ ᠲᠡᠭᠰᠢ ᠲᠠᠯ᠎ᠠ ᠶᠤᠮ᠃ ᠶᠠᠭ ᠡᠮᠦᠨᠡᠲᠦ ᠦᠵᠦᠭᠦᠷ ᠦᠨ ᠠᠯᠭᠧᠷᠪᠢ ᠳᠤ ᠠᠭᠤᠯᠠ ᠶᠢᠨ ᠪᠠᠭ᠎ᠠ ᠰᠢᠭ ᠨᠢᠷᠤᠭᠤ ᠪᠤᠢ᠃ ᠨᠤᠲᠤᠭ ᠤᠨ ᠲᠥᠪ ᠬᠡᠰᠡᠭ ᠲᠦ ᠡᠰᠢᠲᠷᠧᠯ (1993 ᠮ) ᠭᠡᠵᠦ ᠬᠠᠷᠢᠴᠠᠩᠭᠤᠢ ᠥᠨᠳᠥᠷ ᠨᠢᠷᠤᠭᠤ ᠪᠠᠶᠢᠳᠠᠭ ᠪᠣᠯ ᠠᠽᠣᠷ ᠤᠨ ᠣᠯᠲᠣᠷᠢᠭ ᠲᠤ ᠬᠠᠮᠤᠭ ᠤᠨ ᠥᠨᠳᠥᠷ ᠫᠢᠺᠦ᠋ ᠤᠤᠯ ᠨᠢ (2351 ᠮ) ᠪᠠᠶᠢᠭ᠎ᠠ᠃

ᠭᠣᠣᠯ ᠮᠥᠷᠡᠨ ᠦ ᠬᠥᠨᠳᠡᠢ ᠶᠢ ᠡᠰᠡ ᠣᠷᠣᠭᠤᠯᠪᠠᠯ ᠶᠡᠬᠡᠩᠬᠢ ᠬᠡᠰᠡᠭ ᠲᠦ ᠪᠡᠨ ᠬᠦᠴᠢᠯᠯᠢᠭ᠂ ᠭᠠᠯᠲᠤ ᠠᠭᠤᠯᠠ ᠶᠢᠨ ᠰᠢᠷᠣᠢ ᠲᠠᠢ᠃ ᠡᠨᠳᠡᠬᠢ ᠶᠢᠨ ᠭᠠᠯᠲᠤ ᠠᠤᠯᠠᠯᠠᠰ ᠢᠳᠡᠪᠬᠢᠲᠡᠢ᠃

ᠤᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠣᠷᠲ᠋ᠤᠭᠠᠯ ᠨᠤᠲᠤᠭ ᠤᠨ ᠬᠣᠶᠢᠳᠤ ᠬᠢᠯᠢ ᠪᠡᠷ ᠮᠢᠨᠢᠶᠤᠶᠢ᠂ ᠬᠣᠶᠢᠳᠤ ᠲᠠᠯ᠎ᠠ ᠪᠠᠷ ᠳᠣᠷᠣᠭᠣ (ᠫᠣᠷᠲᠤ ᠬᠠᠪᠢ ᠳᠤ ᠳᠠᠯᠠᠢ ᠳᠤ ᠴᠢᠳᠬᠤᠳᠠᠭ) ᠪᠣᠯᠤᠨ ᠮᠣᠨᠳᠧᠭᠤ᠂ ᠳᠤᠮᠳᠠᠭᠤᠷ ᠲᠧᠵᠤ (ᠯᠢᠰᠰᠠᠪᠤᠨ ᠤ ᠣᠷᠴᠢᠮ ᠴᠢᠳᠬᠤᠨ᠎ᠠ), ᠵᠡᠭᠦᠨ ᠤᠷᠳᠤ ᠬᠢᠯᠢ ᠪᠡᠷ ᠭᠪᠠᠳᠢᠶᠠᠨ᠎ᠠ ᠵᠡᠷᠭᠡ ᠭᠣᠣᠯ ᠤᠷᠤᠰᠳᠠᠭ᠃ ᠲᠣᠮᠣᠬᠠᠨ ᠨᠠᠭᠤᠷ ᠦᠭᠡᠢ ᠴᠤ УЦС ᠍ ᠤᠨ ᠴᠥᠭᠦᠷᠦᠮ᠂ ᠳᠠᠯᠠᠨ ᠬᠢᠭᠰᠡᠨ ᠨᠢ ᠨᠡᠯᠢᠶᠡᠳ ᠪᠤᠢ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠡᠭᠠᠵᠠᠷ ᠤᠨ ᠫᠣᠷᠲ᠋ᠤᠭᠠᠯ ᠳᠤ ᠭᠠᠵᠠᠷ ᠤᠨ ᠳᠤᠮᠳᠠᠳᠤ ᠲᠡᠩᠭᠢᠰ ᠦᠨ ᠪᠣᠯᠤᠨ ᠲᠠᠯ᠎ᠠ ᠶᠢᠨ ᠠᠭᠤᠷ ᠠᠮᠢᠰᠬᠤᠯ ᠵᠣᠩᠬᠢᠯᠠᠳᠠᠭ᠃ ᠠᠷᠠᠯ ᠤᠳ ᠳᠡᠭᠡᠷ᠎ᠡ ᠲᠷᠣᠫᠢᠺ ᠤᠨ ᠠᠭᠤᠷ ᠠᠮᠢᠰᠬᠤᠯ ᠲᠠᠢ᠃ ᠡᠪᠦᠯ ᠳᠦ ᠪᠡᠨ 5—10 °C ᠰᠡᠷᠢᠭᠦᠨ᠂ ᠵᠤᠨ ᠳᠤ ᠪᠠᠨ 20—27 °C ᠬᠠᠯᠠᠭᠤᠨ ᠪᠠᠶᠢᠨ᠎ᠠ᠃ ᠵᠢᠯ ᠳᠤ ᠳᠤᠮᠳᠠᠴᠢ ᠪᠠᠷ 400 — 800 ᠮᠢᠯᠯᠢᠮᠧᠲ᠋ᠷ᠂ ᠠᠭᠤᠯᠠᠷᠬᠠᠭ ᠨᠤᠲᠤᠭ ᠢᠶᠠᠷ 1000 — 2500 ᠮᠢᠯᠯᠢᠮᠧᠲ᠋ᠷ ᠬᠤᠷ᠎ᠠ ᠲᠤᠨᠤᠳᠠᠰᠤ ᠲᠠᠢ᠃

ᠠᠮᠢᠲᠠᠨ ᠤᠷᠭᠤᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠣᠷᠲ᠋ᠤᠭᠠᠯ ᠤᠨ ᠨᠤᠲᠤᠭ ᠳᠡᠪᠢᠰᠬᠡᠷ ᠦᠨ 50 ᠬᠤᠪᠢ ᠶᠢ ᠣᠢ ᠮᠣᠳᠣ ᠡᠵᠡᠯᠡᠨ᠎ᠡ᠃ ᠶᠡᠬᠡᠪᠴᠢᠯᠡᠨ ᠨᠠᠷᠠᠰᠤ᠂ ᠪᠠᠰᠠ ᠴᠠᠷᠠᠰᠤ ᠤᠷᠭᠤᠳᠠᠭ᠃ 607 ᠭᠠ ᠢᠯᠴᠦᠦ ᠴᠠᠷᠠᠰᠤ ᠲᠠᠷᠢᠶᠠᠯᠠᠵᠤ᠂ ᠳᠡᠯᠡᠬᠡᠢ ᠦᠢᠰᠦᠨ ᠪᠥᠭᠯᠡᠭᠡᠨ ᠦ ᠲᠠᠯ᠎ᠠ ᠶᠢ ᠫᠣᠷᠲ᠋ᠤᠭᠠᠯ ᠦᠢᠯᠡᠳᠪᠦᠷᠢᠯᠡᠳᠡᠭ᠃ ᠴᠠᠭᠠᠰᠤ᠂ ᠢᠯᠵᠠᠮᠠᠭ ᠤᠨ ᠲᠦᠭᠦᠬᠡᠢ ᠡᠳ᠋ ᠤᠷᠭᠤᠳᠠᠭ᠃

ᠧᠦ᠋ᠷᠣᠫᠠ ᠳᠤ ᠥᠷᠭᠡᠨ ᠲᠠᠷᠬᠠᠭᠰᠠᠨ ᠰᠢᠯᠦᠭᠦᠰᠦ᠂ ᠵᠡᠷᠯᠢᠭ ᠮᠤᠤᠷᠴᠢᠨᠣ᠎ᠠᠦᠨᠡᠭᠡᠵᠡᠷᠯᠢᠭ ᠭᠠᠬᠠᠢᠪᠠᠭᠠᠪᠠᠭᠠᠢᠨ ᠠᠴᠠ ᠭᠠᠳᠠᠨ᠎ᠠ ᠠᠹᠷᠢᠺᠠ ᠳᠤ ᠪᠠᠶᠢᠳᠠᠭ ᠬᠠᠮᠧᠯᠧᠣᠨ ᠵᠡᠷᠭᠡ ᠣᠯᠠᠨ ᠲᠥᠷᠥᠯ ᠵᠦᠢᠯ ᠦᠨ ᠠᠮᠢᠲᠠᠨ ᠫᠣᠷᠲ᠋ᠤᠭᠠᠯ ᠳᠤ ᠪᠤᠢ᠃ ᠨᠡᠭᠦᠳᠡᠯ ᠦᠨ ᠰᠢᠪᠠᠭᠤ ᠳᠠᠭᠠᠷᠢᠨ ᠥᠩᠭᠡᠷᠡᠳᠡᠭ᠃ ᠰᠠᠷᠠᠳᠠᠨ᠎ᠠᠠᠴᠢᠦ᠋ᠰᠲᠤᠨ ᠵᠡᠷᠭᠡ 200 ᠵᠦᠢᠯ ᠦᠨ ᠵᠢᠭᠠᠰᠤ ᠠᠲ᠋ᠯᠠᠨᠲ ᠤᠨ ᠳᠠᠯᠠᠢ ᠠᠴᠠ ᠪᠠᠷᠢᠳᠠᠭ᠃

ᠫᠣᠷᠲ᠋ᠤᠭᠠᠯ ᠣᠷᠣᠨ ᠤ ᠪᠠᠶᠢᠭᠠᠯᠢ ᠶᠢᠨ ᠵᠢᠷᠤᠭ ᠤᠨ ᠲᠡᠭᠦᠪᠦᠷᠢ
ᠠᠯᠭᠧᠷᠪᠢ ᠨᠤᠲᠤᠭ ᠤᠨ ᠬᠠᠳᠠᠨ
ᠴᠣᠬᠢᠶ᠎ᠠ᠂ ᠡᠯᠡᠰᠦᠲᠦ ᠡᠷᠭᠢ  
ᠫᠧᠨᠧᠳᠠ-ᠵᠧᠷᠧᠱ ᠬᠡᠮᠡᠬᠦ ᠪᠠᠶᠢᠭᠠᠯᠢ ᠶᠢᠨ ᠴᠣᠭᠴᠠᠯᠠᠪᠤᠷᠢ ᠳᠤ ᠭᠠᠵᠠᠷ  
ᠡᠬᠡ ᠭᠠᠵᠠᠷ ᠤᠨ ᠣᠷᠭᠢᠯ ᠥᠨᠳᠥᠷ ᠡᠰᠢᠲᠷᠧᠯ ᠨᠢᠷᠤᠭᠤ (1993 ᠮ)  
ᠫᠣᠷᠲ᠋ᠤᠭᠠᠯ ᠤᠨ ᠬᠠᠮᠤᠭ ᠤᠨ ᠥᠨᠳᠥᠷ ᠫᠢᠺᠦ᠋ ᠠᠷᠠᠯ ᠤᠨ ᠠᠭᠤᠯᠠ (2351 ᠮ)  

ᠲᠥᠷᠥ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

2011 ᠣᠨ ᠳᠤ ᠠᠵᠢᠯ ᠢᠶᠠᠨ ᠠᠪᠤᠭᠰᠠᠨ 118 ᠳᠠᠬᠢ ᠶᠡᠷᠦᠩᠬᠡᠢ ᠰᠠᠶᠢᠳ ᠫᠡᠳ᠋ᠤ ᠫᠠᠰᠤᠱ ᠺᠣᠧᠯᠶᠤ

ᠫᠣᠷᠲ᠋ᠤᠭᠠᠯ ᠤᠯᠤᠰ 1910 ᠣᠨ ᠳᠤ ᠬᠠᠭᠠᠨ ᠳᠤ ᠵᠠᠰᠠᠭ ᠢᠶᠠᠨ ᠬᠠᠯᠠᠵᠤ ᠪᠦᠭᠦᠳᠡ ᠨᠠᠶᠢᠷᠠᠮᠳᠠᠬᠤ ᠵᠠᠰᠠᠭᠲᠠᠢ ᠪᠣᠯᠵᠠᠢ᠃ 1976 ᠣᠨ ᠳᠤ ᠰᠢᠨᠡᠴᠢᠯᠡᠨ ᠪᠠᠲᠤᠯᠠᠭᠰᠠᠨ ᠦᠨᠳᠦᠰᠦᠨ ᠬᠠᠤᠯᠢ ᠪᠠᠨ ᠣᠳᠣ ᠮᠥᠷᠳᠡᠵᠦ ᠪᠠᠶᠢᠨ᠎ᠠ᠃ ᠦᠨᠳᠦᠰᠦᠨ ᠬᠠᠤᠯᠢᠩ ᠳᠤ ᠬᠠᠤᠯᠢ ᠵᠢᠷᠤᠮ ᠲᠣᠭᠲᠠᠭᠠᠬᠤ᠂ ᠲᠡᠭᠦᠨ ᠢ ᠬᠡᠷᠡᠭᠵᠢᠭᠦᠯᠬᠦ᠂ ᠭᠡᠮ ᠲᠡᠢ ᠡᠰᠡᠬᠦ ᠶᠢ ᠰᠢᠭᠦᠬᠦ ᠲᠥᠷᠥ ᠶᠢᠨ ᠡᠷᠬᠡᠲᠦ ᠪᠠᠶᠢᠭᠤᠯᠤᠯᠭ᠎ᠠ ᠶᠢ ᠢᠯᠭᠠᠵᠤ ᠰᠠᠯᠭᠠᠵᠠᠢ᠃ ᠡᠭᠦᠨ ᠳᠦ:

  1. ᠤᠯᠤᠰ ᠤᠨ ᠶᠡᠷᠦᠩᠬᠡᠶᠢᠯᠡᠭᠴᠢ (ᠫᠣᠷᠲ᠋ᠤᠭᠠᠯ ᠢᠶᠠᠷ Presidente da República Portuguesa) — 5 ᠵᠢᠯ ᠲᠤᠲᠤᠮ ᠳᠤ ᠪᠦᠬᠦ ᠠᠷᠠᠳ ᠲᠦᠮᠡᠨ ᠦ ᠰᠠᠨᠠᠯ ᠢᠶᠠᠷ ᠰᠣᠩᠭᠣᠭᠳᠠᠳᠠᠭ᠂ ᠲᠥᠷᠥ ᠶᠢᠨ ᠲᠡᠷᠢᠭᠦᠨ᠂ ᠵᠡᠪᠰᠡᠭᠲᠦ ᠬᠦᠴᠦᠨ ᠦ ᠶᠡᠷᠦᠩᠬᠡᠢ ᠺᠣᠮᠠᠨᠳᠠᠯᠠᠭᠴᠢ; ᠶᠡᠷᠦᠩᠬᠡᠢ ᠰᠠᠶᠢᠳ ᠪᠣᠯᠤᠨ ᠪᠤᠰᠤᠳ ᠰᠠᠶᠢᠳ ᠢ ᠲᠤᠮᠢᠯᠠᠬᠤ᠂ ᠣᠭᠴᠠᠷᠠᠭᠤᠯᠬᠤ ᠡᠷᠬᠡ ᠮᠡᠳᠡᠯ ᠲᠡᠢ;
  2. ᠤᠯᠤᠰ ᠤᠨ ᠬᠤᠷᠠᠯ (Assembleia da República) — 4 ᠵᠢᠯ ᠲᠤᠲᠤᠮ ᠪᠦᠬᠦ ᠠᠷᠠᠳ ᠲᠦᠮᠡᠨ ᠦ ᠰᠠᠨᠠᠯ ᠢᠶᠠᠷ ᠰᠣᠩᠭᠣᠭᠳᠠᠳᠠᠭ ᠨᠢᠭᠡ ᠲᠠᠩᠬᠢᠮ ᠤᠨ 230 ᠰᠠᠭᠤᠳᠠᠯ ᠲᠠᠢ ᠬᠠᠤᠯᠢ ᠲᠣᠭᠲᠠᠭᠠᠬᠤ ᠤᠯᠤᠰ ᠤᠨ ᠬᠤᠷᠠᠯ; ᠭᠠᠵᠠᠷ ᠭᠠᠵᠠᠷ ᠠᠴᠠ ᠬᠠᠷᠢᠯᠴᠠᠨ ᠠᠳᠠᠯᠢ ᠦᠭᠡᠢ ᠭᠡᠰᠢᠭᠦᠨ ᠰᠣᠩᠭᠣᠭᠳᠠᠨ᠎ᠠ᠂ ᠯᠢᠰᠰᠠᠪᠤᠨ ᠤ ᠲᠣᠭᠣᠷᠢᠭ ᠠᠴᠠ 47, ᠫᠣᠷᠲ᠋ᠠᠯᠧᠭᠷ ᠤᠨ ᠲᠣᠭᠣᠷᠢᠭ ᠠᠴᠠ 2 ᠰᠠᠭᠤᠳᠠᠯ ᠡᠵᠡᠨ᠎ᠡ ᠣᠯᠳᠠᠭ᠃ 2011 ᠣᠨ ᠤ ᠰᠣᠩᠭᠣᠭᠤᠯᠢ ᠪᠠᠷ ᠰᠣᠴᠢᠶᠠᠯ ᠳᠧᠮᠣᠺᠷᠠᠲ ᠨᠠᠮ (47%), ᠰᠣᠴᠢᠶᠠᠯᠢᠰᠲᠤ ᠨᠠᠮ (32%), ᠠᠷᠠᠳ ᠤᠨ ᠨᠠᠮ (10%) ᠭᠤᠷᠪᠠ ᠪᠤᠰᠤᠳ 14 ᠨᠠᠮ ᠤᠨ ᠬᠠᠮᠲᠤ ᠪᠠᠷ ᠰᠠᠨ-ᠪᠧᠨ᠋ᠲᠤ ᠣᠷᠳᠣᠨ ᠢᠶᠠᠨ ᠰᠠᠭᠤᠬᠤ ᠡᠷᠬᠡ ᠪᠡᠨ ᠠᠪᠴᠠᠢ᠃
  3. ᠵᠠᠰᠠᠭ ᠤᠨ ᠭᠠᠵᠠᠷ (Governo da República Portuguesa) — ᠤᠯᠤᠰ ᠤᠨ ᠬᠤᠷᠠᠯ ᠤᠨ ᠰᠣᠩᠭᠣᠭᠤᠯᠢ ᠶᠢᠨ ᠦᠷ᠎ᠡ ᠳ᠋ᠦᠩ ᠪᠡᠷ ᠰᠣᠩᠭᠣᠭᠳᠠᠭᠰᠠᠨ ᠨᠠᠮ ᠤᠳ ᠤᠨ ᠰᠠᠨᠠᠯ ᠢ ᠶᠡᠷᠦᠩᠬᠡᠶᠢᠯᠡᠭᠴᠢ ᠬᠠᠷᠠᠭᠠᠯᠵᠠᠨ ᠵᠠᠰᠠᠭ ᠤᠨ ᠭᠠᠵᠠᠷ ᠢ ᠪᠦᠷᠢᠳᠦᠭᠦᠯᠵᠦ᠂ ᠲᠣᠬᠢᠷᠠᠬᠤ ᠶᠡᠷᠦᠩᠬᠡᠢ ᠰᠠᠶᠢᠳ ᠢ (primeiro-ministro) ᠲᠣᠮᠢᠯᠠᠳᠠᠭ᠃ ᠬᠠᠤᠯᠢ ᠲᠣᠭᠲᠠᠭᠠᠮᠵᠢ᠂ ᠲᠥᠷᠥ ᠶᠢᠨ ᠰᠢᠢᠳᠪᠦᠷᠢ ᠲᠤᠰᠢᠶᠠᠯ ᠢ ᠬᠡᠷᠡᠭᠵᠢᠭᠦᠯᠬᠦ ᠡᠭᠦᠷᠭᠡ ᠲᠡᠢ᠃ ᠶᠡᠷᠦᠩᠬᠡᠢ ᠰᠠᠶᠢᠳ ᠠᠴᠠ ᠭᠠᠳᠠᠨ᠎ᠠ ᠰᠢᠳᠠᠷ ᠰᠠᠶᠢᠳ᠂ ᠴᠢᠭᠯᠡᠭᠰᠡᠨ ᠶᠠᠮᠤᠳ ᠤᠨ ᠰᠠᠶᠢᠳ ᠨᠠᠷ᠂ ᠲᠥᠷᠥ ᠶᠢᠨ ᠨᠠᠷᠢᠨ ᠪᠢᠴᠢᠭ ᠦᠨ ᠳᠠᠷᠤᠭ᠎ᠠ ᠨᠠᠷ ᠲᠥᠯᠥᠭᠡᠯᠡᠨ ᠪᠦᠷᠢᠳᠦᠭᠦᠯᠦᠨ᠎ᠡ᠃ 1976 ᠣᠨ ᠠᠴᠠ ᠬᠣᠶᠢᠰᠢ ᠡᠳᠦᠭᠡ 19 ᠍ ᠳᠦᠭᠡᠷ ᠡᠭᠡᠯᠵᠢ ᠶᠢᠨ ᠵᠠᠰᠠᠭ ᠤᠨ ᠭᠠᠵᠠᠷ ᠠᠵᠢᠯᠯᠠᠵᠤ ᠪᠠᠶᠢᠨ᠎ᠠ᠃
  4. ᠰᠢᠭᠦᠬᠦ ᠪᠠᠶᠢᠭᠤᠯᠤᠯᠭ᠎ᠠ — ᠫᠣᠷᠲ᠋ᠤᠭᠠᠯ ᠤᠯᠤᠰ ᠤᠨ ᠰᠢᠭᠦᠬᠦ ᠪᠠᠶᠢᠭᠤᠯᠤᠯᠭ᠎ᠠ ᠶᠡᠷᠦᠩᠬᠡᠢ᠂ ᠲᠥᠷᠥ ᠵᠠᠬᠢᠷᠭᠠᠨ ᠤ᠂ ᠰᠠᠩᠬᠦᠦ ᠶᠢᠨ ᠭᠡᠵᠦ ᠰᠠᠯᠪᠤᠷᠢᠯᠠᠳᠠᠭ᠃ ᠡᠴᠦᠰ ᠦᠨ ᠱᠠᠲᠤᠨ ᠤ ᠮᠠᠷᠭᠤᠭᠠᠨ ᠢ ᠳᠡᠭᠡᠳᠦ ᠰᠢᠭᠦᠬᠦ (Supremo Tribunal de Justiça) ᠰᠢᠢᠳᠳᠡᠭ ᠪᠣᠯ ᠦᠨᠳᠦᠰᠦᠨ ᠬᠠᠤᠯᠢ ᠶᠢᠨ ᠮᠠᠨᠠᠭᠠᠨ ᠳᠤ 13 ᠭᠡᠰᠢᠭᠦᠨ ᠲᠡᠢ ᠦᠨᠳᠦᠰᠦᠨ ᠬᠠᠤᠯᠢ ᠶᠢᠨ ᠴᠡᠴᠡ ᠵᠣᠭᠰᠣᠵᠤ ᠪᠠᠶᠢᠨ᠎ᠠ᠃ ᠭᠣᠣᠯ ᠬᠠᠤᠯᠢ ᠨᠤᠭᠤᠳ ᠠᠴᠠ ᠬᠡᠯᠡᠪᠡᠯ 1976 ᠣᠨ ᠳᠤ ᠦᠨᠳᠦᠰᠦᠨ ᠬᠠᠤᠯᠢ᠂ 1966 ᠣᠨ ᠳᠤ ᠢᠷᠭᠡᠨ ᠦ ᠬᠠᠤᠯᠢ᠂ 1982 ᠣᠨ ᠳᠤ ᠡᠷᠡᠭᠦᠦ ᠶᠢᠨ ᠬᠠᠤᠯᠢ ᠡᠴᠦᠰᠯᠡᠨ ᠪᠠᠲᠤᠯᠠᠭᠳᠠᠵᠠᠢ᠃ ᠴᠠᠭᠠᠵᠠ ᠪᠠᠷ ᠠᠪᠠᠴᠢᠬᠤ ᠶᠠᠯ᠎ᠠ ᠦᠭᠡᠢ᠂ ᠳᠡᠭᠡᠳᠦ ᠲᠠᠯ᠎ᠠ ᠨᠢ 25 ᠵᠢᠯ ᠬᠣᠷᠢᠵᠤ ᠰᠢᠳᠬᠡᠳᠡᠭ ᠪᠠ 2010 ᠣᠨ ᠳᠤ ᠢᠵᠢᠯ ᠬᠦᠢᠰᠦᠲᠡᠨ ᠲᠡᠢ ᠪᠡᠨ ᠭᠡᠷᠯᠡᠬᠦ ᠡᠷᠬᠡ ᠶᠢ ᠵᠥᠪᠰᠢᠶᠡᠷᠡᠴᠡᠢ᠃

ᠣᠷᠣᠨ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠣᠷᠲ᠋ᠤᠭᠠᠯ ᠤᠯᠤᠰ ᠤᠨ ᠪᠦᠬᠦᠯᠢ ᠨᠤᠲᠤᠭ ᠳᠡᠪᠢᠰᠬᠡᠷ 308 ᠰᠠᠭᠤᠷᠢᠨ ᠭᠠᠵᠠᠷ ᠲᠤ (ᠫᠣᠷᠲ᠋ᠤᠭᠠᠯ ᠢᠶᠠᠷ município) ᠬᠤᠪᠢᠶᠠᠨ ᠵᠠᠬᠢᠷᠤᠭᠳᠠᠭᠠᠳ᠂ ᠴᠠᠰᠢ 4,260 ᠬᠣᠷᠢᠶ᠎ᠠ (freguesia) ᠪᠣᠯᠵᠤ ᠵᠠᠳᠠᠷᠠᠨ᠎ᠠ᠃ ᠬᠡᠳᠦᠢ ᠠᠯᠪᠠᠨ ᠶᠣᠰᠣᠨ ᠤ ᠵᠠᠰᠠᠭ ᠵᠠᠬᠢᠷᠭᠠᠨ ᠤ ᠬᠤᠪᠢᠶᠠᠷᠢ ᠡᠶᠢᠮᠦ ᠪᠣᠯᠪᠠᠴᠤ ᠣᠯᠠᠨ ᠤᠯᠤᠰ ᠤᠨ ᠵᠢᠱᠢᠭ ᠲᠡᠢ ᠨᠡᠶᠢᠴᠡᠵᠦ ᠠᠷᠠᠢ ᠲᠣᠮᠣ ᠨᠢᠭᠡᠴᠡ ᠪᠣᠯᠭᠠᠨ ᠪᠦᠯᠦᠭᠯᠡᠬᠦ ᠬᠡᠷᠡᠭᠴᠡᠭᠡ ᠭᠠᠷᠳᠠᠭ᠃ ᠬᠣᠶᠠᠷ ᠵᠦᠢᠯ ᠦᠨ ᠭᠤᠷᠪᠠᠨ ᠬᠡᠰᠡᠭ ᠨᠤᠲᠤᠭ ᠪᠣᠯᠬᠤ ᠶᠢ ᠬᠡᠯᠡᠪᠡᠯ ᠦᠨᠳᠦᠰᠦᠨ ᠫᠣᠷᠲ᠋ᠤᠭᠠᠯ ᠣᠷᠣᠨ (Portugal Continentalᠡᠬᠡ ᠭᠠᠵᠠᠷ ᠤᠨ ᠫᠣᠷᠲ᠋ᠤᠭᠠᠯ) ᠪᠣᠯᠤᠨ ᠠᠽᠣᠷᠮᠠᠳᠧᠢᠷᠠ ᠬᠡᠮᠡᠬᠦ ᠥᠪᠡᠷᠲᠡᠭᠡᠨ ᠵᠠᠰᠠᠬᠤ ᠬᠣᠶᠠᠷ ᠨᠤᠲᠤᠭ (regiões autónomas) ᠪᠠᠶᠢᠭ᠎ᠠ ᠶᠤᠮ᠃

ᠳᠡᠭᠡᠷᠡᠬᠢ ᠦᠨᠳᠦᠰᠦᠨ ᠫᠣᠷᠲ᠋ᠤᠭᠠᠯ ᠣᠷᠣᠨ ᠨᠢ ᠳᠣᠲᠣᠷ᠎ᠠ ᠪᠠᠨ ᠲᠡᠩᠴᠡᠭᠦᠬᠡᠨ ᠭᠠᠵᠠᠷ ᠨᠤᠲᠤᠭ ᠪᠦᠬᠦᠢ 18 ᠲᠣᠭᠣᠷᠢᠭ (distrito) ᠪᠣᠯᠳᠠᠭ᠃ ᠳᠠᠩᠳᠠ ᠲᠥᠪ ᠬᠣᠲᠠ ᠶᠢᠨ ᠢᠶᠠᠨ ᠨᠡᠷ᠎ᠡ ᠪᠡᠷ ᠨᠡᠷᠡᠯᠡᠭᠳᠡᠭᠰᠡᠨ᠃

ᠡᠬᠡ ᠭᠠᠵᠠᠷ ᠤᠨ ᠫᠣᠷᠲ᠋ᠤᠭᠠᠯ ᠤᠨ 18 ᠲᠣᠭᠣᠷᠢᠭ[6]
  ᠲᠣᠭᠣᠷᠢᠭ ᠤᠨ ᠨᠡᠷ᠎ᠡ ᠨᠤᠲᠤᠭ ᠳᠡᠪᠢᠰᠬᠡᠷ ᠬᠦᠮᠦᠨ ᠠᠮᠠ PortugalNumbered.png   ᠲᠣᠭᠣᠷᠢᠭ ᠤᠨ ᠨᠡᠷ᠎ᠡ ᠨᠤᠲᠤᠭ ᠳᠡᠪᠢᠰᠬᠡᠷ ᠬᠦᠮᠦᠨ ᠠᠮᠠ
1 ᠯᠢᠰᠰᠠᠪᠤᠨ 2,761 ᠺᠦᠸᠠᠳ᠋ ᠺᠢᠯᠣᠮᠧᠲ᠋ᠷ 2,250,533 10 ᠭᠤᠸᠠᠷᠲᠠ 5,518 ᠺᠦᠸᠠᠳ᠋ ᠺᠢᠯᠣᠮᠧᠲ᠋ᠷ 160,939
2 ᠯᠧᠢᠷᠢᠶ᠎ᠠ 3,517 ᠺᠦᠸᠠᠳ᠋ ᠺᠢᠯᠣᠮᠧᠲ᠋ᠷ 470,930 11 ᠺᠣᠢᠩᠪᠷᠠ 3,947 ᠺᠦᠸᠠᠳ᠋ ᠺᠢᠯᠣᠮᠧᠲ᠋ᠷ 430,104
3 ᠰᠠᠨᠲ᠋ᠠᠷᠧᠨ 6,747 ᠺᠦᠸᠠᠳ᠋ ᠺᠢᠯᠣᠮᠧᠲ᠋ᠷ 453,638 12 ᠠᠪᠠᠶᠢᠷᠤ 2,808 ᠺᠦᠸᠠᠳ᠋ ᠺᠢᠯᠣᠮᠧᠲ᠋ᠷ 714,200
4 ᠰᠧᠲ᠋ᠤᠪᠠᠯ 5,064 ᠺᠦᠸᠠᠳ᠋ ᠺᠢᠯᠣᠮᠧᠲ᠋ᠷ 851,258 13 ᠸᠢᠽᠧᠤ 5,007 ᠺᠦᠸᠠᠳ᠋ ᠺᠢᠯᠣᠮᠧᠲ᠋ᠷ 377,653
5 ᠪᠧᠵᠠ 10225 ᠺᠦᠸᠠᠳ᠋ ᠺᠢᠯᠣᠮᠧᠲ᠋ᠷ 152,758 14 ᠪᠷ ᠢᠶᠠᠩᠰᠠ 6,608 ᠺᠦᠸᠠᠳ᠋ ᠺᠢᠯᠣᠮᠧᠲ᠋ᠷ 136,252
6 ᠹᠠᠷᠤ 4,960 ᠺᠦᠸᠠᠳ᠋ ᠺᠢᠯᠣᠮᠧᠲ᠋ᠷ 451,006 15 ᠸᠢᠯ-ᠷᠧᠠᠯ 4,328 ᠺᠦᠸᠠᠳ᠋ ᠺᠢᠯᠣᠮᠧᠲ᠋ᠷ 206,661
7 ᠡᠪᠤᠷᠠ 7,393 ᠺᠦᠸᠠᠳ᠋ ᠺᠢᠯᠣᠮᠧᠲ᠋ᠷ 166,706 16 ᠫᠣᠷᠲᠤ 2,395 ᠺᠦᠸᠠᠳ᠋ ᠺᠢᠯᠣᠮᠧᠲ᠋ᠷ 1,817,117
8 ᠫᠣᠷᠲ᠋ᠠᠯᠧᠭᠷᠢ 6,065 ᠺᠦᠸᠠᠳ᠋ ᠺᠢᠯᠣᠮᠧᠲ᠋ᠷ 118,506 17 ᠪᠷ ᠢᠶᠠ 2,673 ᠺᠦᠸᠠᠳ᠋ ᠺᠢᠯᠣᠮᠧᠲ᠋ᠷ 848,185
9 ᠺᠠᠰᠲ᠋ᠧᠯᠤ-ᠪᠷᠠᠨᠺᠦ᠋ 6,675 ᠺᠦᠸᠠᠳ᠋ ᠺᠢᠯᠣᠮᠧᠲ᠋ᠷ 196,264 18 ᠸᠢᠨᠠ ᠳᠤ-ᠺᠠᠰᠲ᠋ᠧᠯᠤ 2,255 ᠺᠦᠸᠠᠳ᠋ ᠺᠢᠯᠣᠮᠧᠲ᠋ᠷ 244,836
ᠳᠠᠯᠠᠢ ᠶᠢᠨ ᠳᠤᠮᠳᠠᠬᠢ ᠥᠪᠡᠷᠲᠡᠭᠡᠨ ᠵᠠᠰᠠᠬᠤ 2 ᠨᠤᠲᠤᠭ
ᠨᠤᠲᠤᠭ ᠤᠨ ᠨᠡᠷ᠎ᠡ ᠨᠤᠲᠤᠭ ᠳᠡᠪᠢᠰᠬᠡᠷ ᠬᠦᠮᠦᠨ ᠠᠮᠠ ᠣᠯᠠᠨ ᠨᠡᠶᠢᠲᠡ
1 Aᠵᠣᠷ
2,333 ᠺᠦᠸᠠᠳ᠋ ᠺᠢᠯᠣᠮᠧᠲ᠋ᠷ
246,772
ᠠᠽᠣᠷ ᠤᠨ ᠬᠢᠨ
2 ᠮᠠᠳᠧᠢᠷᠠ
801 ᠺᠦᠸᠠᠳ᠋ ᠺᠢᠯᠣᠮᠧᠲ᠋ᠷ
267,785
ᠮᠠᠳᠧᠢᠷ ᠤᠨ ᠬᠢᠨ

ᠴᠡᠷᠢᠭ ᠵᠡᠪᠰᠡᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠤᠷᠪᠠᠨ ᠵᠠᠮ ᠤᠨ ᠵᠡᠪᠰᠡᠭᠲᠦ ᠬᠦᠴᠦᠨ ᠦ ᠭᠣᠣᠯ ᠵᠡᠪᠰᠡᠭ᠂ ᠲᠧᠭᠨᠢᠭ
PoA Chaimite V-200 convoy DF-SD-04-08002.JPEG
ᠫᠣᠷᠲ᠋ᠤᠭᠠᠯ ᠤᠨ ᠠᠷᠮᠢ ᠶᠢᠨ
ᠬᠤᠶᠠᠭᠲᠤ ᠲᠡᠷᠭᠡ
POS Corte Real (F 332).jpg
ᠫᠣᠷᠲ᠋ᠤᠭᠠᠯ ᠤᠨ ᠪᠠᠶᠢᠯᠳᠤᠭᠠᠨ ᠤ
ᠬᠥᠯᠥᠭ ᠣᠩᠭᠣᠴᠠ
Lockheed Martin F-16 Fighting Falcon of Portuguese Air Force @ Porto Red Bull Air Race 2008 02.jpg
ᠫᠣᠷᠲ᠋ᠤᠭᠠᠯ ᠤᠨ F-16
ᠰᠥᠨᠥᠭᠡᠭᠴᠢ ᠣᠩᠭᠣᠴᠠ

ᠫᠣᠷᠲ᠋ᠤᠭᠠᠯ ᠤᠯᠤᠰ ᠬᠠᠭᠤᠷᠠᠢ᠂ ᠲᠡᠩᠭᠢᠰ ᠦᠨ᠂ ᠠᠭᠠᠷ ᠤᠨ ᠵᠠᠮ ᠤᠨ ᠴᠡᠷᠢᠭ ᠦᠨ ᠬᠦᠴᠦᠨᠲᠡᠢ᠃ ᠡᠳᠡᠭᠡᠷ ᠨᠢ ᠥᠪᠡᠷ ᠦᠨ ᠤᠯᠤᠰ ᠢ ᠭᠠᠳᠠᠨ᠎ᠠ ᠶᠢᠨ ᠬᠠᠯᠳᠠᠯᠭ᠎ᠠ ᠠᠴᠠ ᠪᠠᠲᠤᠯᠠᠨ ᠬᠠᠮᠠᠭᠠᠯᠠᠬᠤ ᠡᠭᠦᠷᠭᠡ ᠲᠡᠢ᠃ ᠪᠠᠰᠠ ᠭᠠᠳᠠᠭᠠᠳᠤ ᠤᠯᠤᠰ ᠲᠤ ᠬᠦᠮᠦᠨ ᠦ ᠡᠷᠬᠡ ᠶᠢ ᠬᠠᠮᠠᠭᠠᠯᠠᠬᠤ ᠡᠭᠦᠳᠡᠨ ᠡᠴᠡ ᠲᠤᠰᠠᠯᠠᠯᠴᠠᠭ᠎ᠠ ᠦᠵᠡᠭᠦᠯᠳᠡᠭ᠃ 2008 ᠣᠨ ᠳᠤ 39,200 ᠴᠡᠷᠢᠭ ᠠᠷᠮᠢ ᠶᠢᠨ (ᠡᠭᠦᠨ ᠡᠴᠡ 7,500 ᠨᠢ ᠡᠮᠡᠭᠲᠡᠢ) ᠬᠦᠮᠦᠨ ᠲᠡᠢ ᠪᠠᠶᠢᠵᠤ᠂ 2009 ᠣᠨ ᠳᠤ ДНБ ᠍ ᠶᠢᠨ 2.1 ᠬᠤᠪᠢ ᠲᠠᠢ ᠲᠡᠩᠴᠡᠬᠦ 5.2 ᠲᠡᠷᠪᠤᠮ ᠠᠮᠠ᠃ᠳ᠋ᠣᠯᠯᠠᠷ ᠡᠨᠡ ᠰᠠᠯᠪᠤᠷᠢ ᠳᠤ ᠵᠠᠷᠤᠬᠤ ᠪᠠᠷ ᠲᠥᠰᠥᠪᠯᠡᠵᠦ ᠪᠠᠶᠢᠪᠠ᠃ ᠡᠭᠦᠨ ᠡᠴᠡ ᠠᠷᠮᠢ ᠳᠤ 21 ᠮᠢᠩᠭ᠎ᠠ᠂ ᠲᠡᠩᠭᠢᠰ ᠦᠨ ᠵᠡᠪᠰᠡᠭᠲᠦ ᠬᠦᠴᠦᠩᠳᠡ 11 ᠮᠢᠩᠭ᠎ᠠ᠂ ᠠᠭᠠᠷ ᠤᠨ ᠵᠡᠪᠰᠡᠭᠲᠦ ᠬᠦᠴᠦᠩᠳᠡ 7500 ᠬᠦᠮᠦᠨ ᠣᠨᠣᠭᠳᠠᠳᠠᠭ᠃

ᠬᠣᠷᠢᠳᠤᠭᠠᠷ ᠵᠠᠭᠤᠨ ᠳᠤ ᠫᠣᠷᠲ᠋ᠤᠭᠠᠯ ᠳᠡᠯᠡᠬᠡᠢ ᠶᠢᠨ ᠨᠢᠭᠡᠳᠦᠭᠡᠷ ᠳᠠᠶᠢᠨᠫᠣᠷᠲ᠋ᠤᠭᠠᠯ ᠤᠨ ᠺᠣᠯᠣᠨᠢ ᠶᠢᠨ ᠳᠠᠶᠢᠨ ᠳᠤ (1961—1974) ᠲᠡᠮᠡᠴᠡᠯᠳᠦᠭᠰᠡᠨ᠃ ᠺᠣᠯᠣᠨᠢ ᠳᠤ ᠭᠦᠷᠦᠨ ᠢᠶᠡᠨ ᠪᠠᠶᠢᠭᠰᠠᠨ 1975 ᠣᠨ ᠠᠴᠠ ᠬᠣᠶᠢᠰᠢ ᠳᠣᠷᠣᠨ᠎ᠠ ᠲᠢᠮᠣᠷ᠂ ᠪᠣᠰᠣᠨᠢ᠂ ᠺᠣᠰᠪᠣ᠂ ᠠᠹᠬᠠᠨᠨ᠂ ᠰᠣᠮᠠᠯᠢ᠂ ᠢᠷᠠᠺ᠂ ᠯᠸᠪᠠᠨᠤᠨ ᠳᠤ ᠡᠩᠬᠡ ᠶᠢ ᠰᠠᠬᠢᠭᠤᠯᠬᠤ ᠠᠵᠢᠯᠯᠠᠭᠠᠨ ᠳᠤ ᠣᠷᠣᠯᠴᠠᠵᠤ᠂ ᠠᠩᠭᠡᠯᠠ (1992), ᠭᠸᠨᠢᠶ ᠠ-ᠪᠢᠰᠰᠠᠤ (1998) ᠍ ᠳᠦ ᠠᠵᠢᠯᠯᠠᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠫᠣᠷᠲ᠋ᠤᠭᠠᠯ»

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Pordata, "Base de Dados Portugal Contemporâneo". Accessed on December 16, 2011.
  2. http://www.ine.pt/scripts/flex_v10/Main.html
  3. 3.0 3.1 3.2 3.3 Portugal. International Monetary Fund. 6 May 2011 ᠍ ᠳᠦ ᠬᠠᠨᠳᠤᠭᠰᠠᠨ᠃
  4. Gini Index. Instituto Nacional de Estatística. 14 July 2011 ᠍ ᠳᠦ ᠬᠠᠨᠳᠤᠭᠰᠠᠨ᠃
  5. Human Development Report 2010. United Nations (2010). 5 November 2010 ᠍ ᠳᠦ ᠬᠠᠨᠳᠤᠭᠰᠠᠨ᠃
  6. Districts of Portugal. Distritosdeportugal.com. 22 August 2010 ᠍ ᠳᠦ ᠬᠠᠨᠳᠤᠭᠰᠠᠨ᠃