ᠫᠣᠯ ᠫᠢᠷᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠫᠣᠯ ᠡᠩᠲᠣᠨᠢ ᠫᠢᠷᠰ (ᠠᠩᠭᠯᠢ ᠪᠠᠷ Paul Anthony Pierce, 1977 ᠣᠨ ᠤ ᠠᠷᠪᠠᠳᠤᠭᠠᠷ ᠰᠠᠷ᠎ᠠ ᠶᠢᠨ 13 ᠍ ᠳᠦ ᠺᠠᠯᠢᠹᠣᠷᠨᠢ ᠮᠤᠵᠢᠡᠶᠢᠨ ᠣᠺᠯᠧᠨᠳ ᠬᠣᠲᠠᠣᠳᠣ ᠲᠦᠷᠦᠭᠰᠡᠨ) — ᠠᠮᠧᠷᠢᠺᠠ ᠶᠢᠨ ᠮᠡᠷᠭᠡᠵᠢᠯ ᠦᠨ ᠰᠠᠭᠰᠤᠨ ᠪᠥᠮᠪᠥᠭᠡᠴᠢᠨ ᠪᠥᠭᠡᠳ ᠦᠨᠳᠦᠰᠦᠨ ᠦ ᠰᠠᠭᠰᠤᠨ ᠪᠥᠮᠪᠥᠭᠡ ᠶᠢᠨ ᠬᠣᠯᠪᠣᠭ᠎ᠠᠨ ᠤ ᠸᠠᠰᠢᠩᠲ᠋ᠣᠨ ᠤᠢᠽᠠᠷᠳᠠᠰ ᠪᠠᠭ ᠤᠨ ᠳᠣᠪᠲᠣᠯᠤᠭᠴᠢ ᠶᠤᠮ᠃

ᠲᠣᠪᠴᠢᠬᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

1998 ᠣᠨ ᠤ ᠳ᠋ᠷᠠᠹᠲ ᠤᠨ ᠡᠬᠢᠨ ᠦ ᠲᠣᠭᠣᠷᠢᠭ ᠤᠨ 10 ᠳᠠᠬᠢ ᠰᠣᠩᠭᠣᠯᠲᠠ ᠪᠠᠷ ᠪᠣᠰᠲᠠᠨ ᠰᠧᠯᠲ᠋ᠢᠺᠰ ᠪᠠᠭ ᠲᠤ ᠣᠴᠢᠭᠰᠠᠨ ᠠᠴᠠ ᠪᠠᠨ ᠬᠣᠶᠢᠰᠢ ᠪᠦᠬᠦ ᠤᠯᠠᠷᠢᠯ ᠳᠤ ᠭᠠᠷᠠᠭᠠᠨ ᠳᠤ ᠭᠠᠷᠴᠤ ᠪᠠᠶᠢᠭ᠎ᠠ᠃ ᠲᠡᠷᠡᠪᠡᠷ 9 ᠤᠳᠠᠭ᠎ᠠ ᠶᠢᠨ ᠪᠦᠬᠦ ᠣᠳᠣᠳ᠂ 4 ᠤᠳᠠᠭ᠎ᠠ ᠪᠦᠬᠦ NBA ᠍ ᠦᠨ ᠪᠠᠭ ᠲᠤ ᠨᠡᠷᠡᠯᠡᠭᠳᠡᠵᠦ᠂ 2008, 2010 ᠣᠨ ᠨᠤᠭᠤᠳ ᠲᠤ ᠪᠣᠰᠲᠠᠨ ᠰᠧᠯᠲ᠋ᠢᠺᠰ ᠢ ᠹᠢᠨᠠᠯ ᠳᠤ ᠦᠯᠡᠳᠡᠭᠡᠬᠦ ᠳᠦ ᠭᠣᠣᠯᠯᠠᠬᠤ ᠡᠭᠦᠷᠭᠡ ᠭᠦᠢᠴᠡᠳᠭᠡᠭᠰᠡᠨ᠃ ᠤᠯᠠᠮ ᠢᠶᠠᠷ 2008 ᠣᠨ ᠳᠤ ᠹᠢᠨᠠᠯ ᠤᠨ ᠦᠨ᠎ᠡ ᠴᠡᠨ᠎ᠡ ᠲᠡᠢ ᠲᠣᠭᠯᠠᠭᠴᠢ ᠶᠢᠨ ᠱᠠᠩᠨᠠᠯ ᠢ ᠬᠦᠷᠲᠡᠭᠰᠡᠨ᠃ ᠮᠥᠨ ᠪᠣᠰᠲᠠᠨ ᠰᠧᠯᠲ᠋ᠢᠺᠰ ᠪᠠᠭ ᠤᠨ ᠡᠮᠦᠰᠬᠡᠯ ᠲᠡᠢ 20,000–ᠭᠠ ᠠᠴᠠ ᠳᠡᠭᠡᠭᠰᠢ ᠣᠨᠣᠭ᠎ᠠ ᠠᠪᠤᠭᠰᠠᠨ ᠭᠤᠷᠪᠠᠬᠠᠨ ᠲᠣᠭᠯᠠᠭᠴᠢ ᠶᠢᠨ ᠨᠢᠭᠡ (ᠨᠥᠭᠥᠭᠡ 2 ᠲᠣᠭᠯᠠᠭᠴᠢ ᠨᠢ ᠯᠷᠷᠢ ᠪᠶᠠᠳᠵᠣᠩ ᠬᠠᠪᠠᠯᠢᠴᠧᠺ). ᠲᠡᠷᠡ ᠪᠡᠷ ᠢᠩᠭᠡᠯᠪ ᠦᠳ ᠠᠬᠠᠯᠠᠬᠤ ᠰᠤᠷᠭᠠᠭᠤᠯᠢ ᠶᠢᠨ ᠰᠠᠭᠰᠤᠨ ᠪᠥᠮᠪᠥᠭᠡ ᠶᠢᠨ ᠣᠳᠣ ᠪᠠᠶᠢᠭᠰᠠᠨ ᠪᠥᠭᠡᠳ 1995 ᠣᠨ ᠳᠤ ᠮᠠᠺ ᠲᠤᠨᠠᠯᠢᠳᠠᠰ ᠤᠨ ᠪᠦᠬᠦ ᠠᠮᠧᠷᠢᠺᠠ ᠶᠢᠨ ᠨᠠᠭᠠᠳᠤᠮ ᠳᠤ ᠢᠷᠡᠭᠡᠳᠦᠢ ᠶᠢᠨ ᠣᠳᠣᠳ ᠪᠣᠯᠬᠤ ᠺᠧᠸᠢᠨ ᠭᠠᠷᠨᠡᠲ ᠲᠦᠰᠲ᠋ᠧᠹᠧᠨ ᠮᠠᠷᠪᠤᠷᠢᠸᠢᠨᠰ ᠺᠠᠷᠲ᠋ᠧᠷ ᠨᠠᠷ ᠲᠠᠢ ᠬᠠᠮᠲᠤ ᠣᠷᠣᠯᠴᠠᠵᠤ ᠪᠠᠶᠢᠴᠠᠢ᠃ ᠮᠥᠨ ᠲᠤᠬᠠᠢ ᠶᠢᠨ ᠵᠢᠯ ᠦᠨ ᠴᠠᠭᠠᠷᠢᠭᠠᠨ ᠳᠡᠭᠡᠷ᠎ᠡ ᠡᠴᠡ ᠳᠣᠪᠲᠣᠯᠬᠤ ᠦᠵᠡᠭᠦᠯᠪᠦᠷᠢ ᠶᠢᠨ ᠲᠡᠮᠡᠴᠡᠭᠡᠨ ᠳᠦ ᠺᠠᠷᠲ᠋ᠧᠷ ᠲᠦᠷᠦᠭᠦᠯᠡᠵᠦ ᠪᠠᠶᠢᠭᠰᠠᠨ ᠲᠡᠦᠬᠡ ᠲᠡᠢ᠃ ᠠᠬᠠᠯᠠᠬᠤ ᠰᠤᠷᠭᠠᠭᠤᠯᠢ ᠪᠠᠨ ᠳᠦᠭᠦᠷᠭᠡᠭᠡᠳ ᠺᠠᠨᠵᠠᠰ ᠤᠨ ᠶᠡᠬᠡ ᠰᠤᠷᠭᠠᠭᠤᠯᠢ ᠳᠤ ᠡᠷᠡᠭᠦᠦ ᠶᠢᠨ ᠡᠷᠬᠡ ᠵᠦᠢ ᠶᠢᠨ ᠠᠩᠭᠢ ᠳᠤ ᠰᠤᠷᠤᠯᠴᠠᠵᠤ ᠪᠠᠶᠢᠬᠤ ᠬᠤᠭᠤᠴᠠᠭᠠᠨ ᠳᠤ ᠪᠠᠨ ᠠᠯᠳᠠᠷᠲᠤ ᠳᠠᠰᠬᠠᠯᠵᠢᠭᠤᠯᠤᠭᠴᠢ ᠷᠣᠢ ᠸᠢᠯᠯᠢᠮᠠᠰ ᠤᠨ ᠤᠳᠤᠷᠢᠳᠤᠯᠭ᠎ᠠ ᠳᠣᠣᠷ᠎ᠠ ᠳᠤᠮᠳᠠᠴᠢ ᠪᠠᠷ 16 ᠣᠨᠣᠭ᠎ᠠ ᠠᠪᠴᠤ᠂ 6 ᠰᠠᠮᠪᠠᠷ᠎ᠠ ᠠᠴᠠ ᠪᠥᠮᠪᠥᠭᠡ ᠠᠪᠤᠯᠲᠠ ᠬᠢᠵᠦ ᠪᠠᠶᠢᠴᠠᠢ᠃ NBA ᠍ ᠳᠦ ᠣᠷᠣᠭᠠᠳ ᠤᠳᠠᠯ ᠦᠭᠡᠢ ᠳᠣᠪᠲᠣᠯᠭ᠎ᠠ ᠪᠣᠯᠤᠨ ᠰᠠᠮᠪᠠᠷ᠎ᠠ ᠠᠴᠠ ᠪᠥᠮᠪᠥᠭᠡ ᠠᠪᠤᠯᠲᠠ᠂ ᠬᠠᠮᠠᠭᠠᠯᠠᠯᠲᠠ ᠪᠠᠷ ᠢᠶᠠᠨ ᠯᠢᠭ ᠦᠨ ᠰᠢᠯᠢᠳᠡᠭ ᠲᠣᠭᠯᠠᠭᠴᠢᠳ ᠤᠨ ᠨᠢᠭᠡ ᠪᠣᠯᠵᠤ ᠴᠢᠳᠠᠭᠰᠠᠨ᠃ 2002 ᠣᠨ ᠳᠤ ᠵᠡᠭᠦᠨ ᠪᠥᠰᠡ ᠶᠢᠨ ᠹᠢᠨᠠᠯ ᠳᠤ ᠨᠶᠤ-ᠵᠧᠷᠰᠢᠭ ᠤᠨ ᠡᠰᠡᠷᠬᠦ 3 ᠳᠠᠬᠤ ᠲᠣᠭᠯᠠᠯᠲᠠ ᠶᠢᠨ 4 ᠳᠦᠭᠡᠷ ᠦᠶ᠎ᠡ ᠳᠦ 19 ᠣᠨᠣᠭ᠎ᠠ ᠠᠪᠴᠤ᠂ ᠭᠠᠶᠢᠬᠠᠯᠲᠠᠢ ᠡᠷᠭᠢᠨ ᠢᠷᠡᠯᠲᠡ ᠶᠢ ᠬᠢᠭᠰᠡᠨ᠃ 2005-2006 ᠣᠨ ᠤ ᠤᠯᠠᠷᠢᠯ ᠳᠤ ᠯᠢᠭ ᠢ ᠣᠨᠣᠭ᠎ᠠ ᠠᠪᠤᠯᠲᠠ ᠪᠠᠷ ᠢᠶᠠᠨ ᠲᠡᠷᠢᠭᠦᠯᠡᠵᠦ᠂ 2006 ᠣᠨ ᠤ ᠬᠣᠶᠠᠳᠤᠭᠠᠷ ᠰᠠᠷ᠎ᠠ ᠶᠢᠨ 4 ᠍ ᠨ ᠡᠴᠡ ᠭᠤᠷᠪᠠᠳᠤᠭᠠᠷ ᠰᠠᠷ᠎ᠠ ᠶᠢᠨ 12 ᠬᠦᠷᠲᠡᠯ᠎ᠡ 14 ᠲᠣᠭᠯᠠᠯᠲᠠ ᠳᠠᠷᠠᠭᠠᠯᠠᠨ 30 ᠍ ᠰ ᠳᠡᠭᠡᠭᠰᠢ ᠣᠨᠣᠭ᠎ᠠ ᠠᠪᠴᠤ᠂ ᠰᠧᠯᠲ᠋ᠢᠺᠰ ᠪᠠᠭ ᠤᠨ ᠰᠢᠨ᠎ᠡ ᠠᠮᠵᠢᠯᠲᠠ ᠶᠢ ᠲᠣᠭᠲᠠᠭᠠᠭᠰᠠᠨ᠃

2000 ᠣᠨ ᠤ ᠶᠢᠰᠦᠳᠦᠭᠡᠷ ᠰᠠᠷ᠎ᠠ ᠶᠢᠨ 25 ᠍ ᠳᠦ ᠨᠢᠭᠡᠨ ᠰᠥᠨᠢ ᠶᠢᠨ ᠺᠯᠥ᠋ᠪ ᠲᠤ ᠫᠢᠷᠰ ᠵᠣᠳᠣᠯᠳᠤᠵᠤ ᠪᠤᠢ ᠬᠦᠮᠦᠰ ᠢ ᠰᠠᠯᠭᠠᠬᠤ ᠶᠢ ᠣᠷᠣᠯᠳᠤᠵᠤ ᠪᠠᠶᠢᠭᠠᠳ ᠨᠢᠭᠤᠷ᠂ ᠬᠥᠵᠦᠭᠦᠦ ᠪᠣᠯᠤᠨ ᠨᠢᠷᠤᠭᠤᠨ ᠳᠤ ᠪᠠᠨ 11 ᠤᠳᠠᠭ᠎ᠠ ᠬᠢᠲᠤᠭᠠᠯᠠᠭᠤᠯᠤᠭᠰᠠᠨ ᠪᠠᠶᠢᠨ᠎ᠠ᠃ ᠲᠡᠭᠦᠨ ᠦ ᠪᠠᠭ ᠤᠨ ᠠᠨᠳᠠ ᠲᠣᠨᠢ ᠪᠠᠲᠲ᠋ᠢ ᠠᠬ᠎ᠠ ᠶᠢᠨ ᠢᠶᠠᠨ ᠬᠠᠮᠲᠤ ᠣᠶᠢᠷᠠᠯᠴᠠᠭᠠᠬᠢ ᠡᠮᠨᠡᠯᠭᠡ ᠳᠦ ᠬᠦᠷᠭᠡᠵᠦ ᠠᠮᠠ ᠶᠢ ᠨᠢ ᠠᠪᠤᠷᠠᠵᠤ ᠪᠠᠶᠢᠴᠠᠢ᠃

2013 ᠣᠨ ᠤ ᠵᠢᠷᠭᠤᠳᠠᠤᠭᠠᠷ ᠰᠠᠷ᠎ᠠ ᠶᠢᠨ 28 ᠪᠤᠶᠤ ᠳ᠋ᠲ ᠤᠨ ᠦᠶ᠎ᠡ ᠪᠡᠷ ᠪᠣᠰᠲᠠᠨ ᠰᠧᠯᠲ᠋ᠢᠺᠰ ᠪᠣᠯᠤᠨ ᠪᠠᠷᠰᠺᠯᠢᠨ ᠨᠧᠲ᠋ᠰ ᠪᠠᠭ ᠤᠳ ᠫᠢᠷᠰ᠂ ᠺᠧᠸᠢᠨ ᠭᠠᠷᠨᠡᠲ ᠲᠦᠵᠧᠢ=ᠰᠠᠨ ᠲᠧᠷᠷᠢ ᠶᠢ 2014, 2016, 2018 ᠣᠨ ᠤ ᠳ᠋ᠷᠠᠹᠲ ᠤᠨ I ᠲᠣᠭᠣᠷᠢᠭ ᠤᠨ ᠡᠷᠬᠡ ᠪᠡᠷ ᠰᠤᠯᠢᠯᠴᠠᠪᠠ᠃[1]

2014 ᠣᠨ ᠤ ᠳᠣᠯᠣᠭ᠎ᠠ ᠳᠤᠭᠠᠷ ᠰᠠᠷ᠎ᠠ ᠶᠢᠨ 17 ᠍ ᠳᠦ ᠫᠢᠷᠰ ᠴᠢᠯᠦᠭᠡᠲᠦ ᠲᠣᠭᠯᠠᠭᠴᠢ ᠶᠢᠨ ᠬᠤᠪᠢᠶᠠᠷᠢ ᠸᠠᠰᠢᠩᠲ᠋ᠣᠨ ᠤᠢᠽᠠᠷᠳᠠᠰᠲᠠᠢ ᠭᠡᠷᠡᠯᠡᠪᠡ᠃[2]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Nets, Celtics work out blockbuster. ESPN.com (June 28, 2013). June 28, 2013 ᠍ ᠳᠦ ᠬᠠᠨᠳᠤᠭᠰᠠᠨ᠃
  2. Wizards Sign Paul Pierce. NBA.com (July 17, 2014). July 17, 2014 ᠍ ᠳᠦ ᠬᠠᠨᠳᠤᠭᠰᠠᠨ᠃

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠫᠣᠯ ᠫᠢᠷᠰ»

ᠵᠠᠭᠪᠤᠷ:ᠬᠤᠷᠢᠶᠠᠩᠭᠤᠢ ᠬᠦᠰᠦᠨᠦᠭ ᠲᠦ {{2002 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠡᠭᠲᠡᠶᠢᠴᠦᠳ ᠦᠨ ᠰᠠᠭᠰᠤᠨ ᠪᠥᠮᠪᠥᠭᠡ ᠶᠢᠨ ᠪᠠᠭ}} ᠵᠠᠭᠪᠤᠷ:2007-2008 ᠣᠨ ᠤ NBA ᠍ ᠦᠨ ᠠᠪᠣᠷᠭᠣᠴᠣᠳ

</tr></table> </tr></table>

http://wiki.uhaan.com/index.php?title=ᠫᠣᠯ_ᠫᠢᠷᠰ&oldid=398823》 ᠍  ᠡᠴᠡ ᠠᠪᠤᠭᠰᠠᠨ

ᠪᠢᠴᠢᠭᠡᠰᠦ