ᠫᠡᠢᠨᠲ᠋ᠪᠣᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠫᠡᠢᠨᠲ᠋ᠪᠣᠯ
ᠫᠡᠢᠨᠲ᠋ᠪᠣᠯ ᠲᠣᠭᠯᠠᠭᠴᠢᠳ ᠤᠨ ᠬᠠᠮᠤᠭ ᠤᠨ ᠶᠡᠬᠡ ᠲᠣᠭᠯᠠᠳᠠᠭ ᠲᠥᠷᠦᠯ "Woodsball" ᠠᠩᠬ᠎ᠠ ᠲᠣᠭᠯᠠᠭᠰᠠᠨ: 1981 ᠤᠨ ᠤ 6 ᠰᠠᠷ᠎ᠠ ᠶᠢᠨ 27 ᠍ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ ᠨᠢᠤ᠋-ᠬᠡᠮᠫᠰᠢᠷᠢ  ᠬᠦᠢᠰᠦ: ᠬᠣᠯᠢᠮᠠᠭ ᠲᠥᠷᠦᠯ: ᠪᠠᠭ ᠤᠨ ᠰᠫᠣᠷᠲ᠂ ᠡᠪᠦᠯ ᠦᠨ ᠰᠫᠣᠷᠲ᠂ ᠳᠣᠲᠣᠷ᠎ᠠ᠂ ᠭᠠᠳᠠᠭ᠎ᠠ ᠲᠣᠨᠣᠭ ᠲᠥᠬᠦᠭᠡᠷᠦᠮᠵᠢ: ᠫᠡᠢᠨᠲ᠋ᠪᠣᠯ ᠮᠠᠰᠺ᠂ ᠫᠡᠢᠨᠲ᠋ᠪᠣᠯ ᠫᠤᠤ᠂ ᠪᠡᠶᠡᠨ ᠦ ᠬᠠᠮᠠᠭᠠᠯᠠᠯᠲᠠ(ᠰᠣᠩᠭᠣᠯᠲᠠ ᠲᠠᠢ)᠂ ᠪᠤᠳᠤᠭ  ᠤᠨ ᠭᠠᠷᠨᠠᠲᠠ᠂ ᠳᠠᠷᠤᠯᠲᠠᠲᠤ ᠬᠡᠢ ᠪᠠ CO2᠂ ᠪᠤᠳᠤᠭ  ᠤᠨ ᠰᠤᠮᠤ᠂ ᠪᠦᠩᠺᠧᠷ

ᠫᠡᠢᠨᠲ᠋ᠪᠣᠯ(Cosplay of Counter Strike )ᠨᠢ ᠲᠣᠭᠯᠠᠭᠴᠢᠳ ᠪᠠᠭ ᠤᠳ ᠲᠤ ᠬᠤᠪᠢᠶᠠᠭᠳᠠᠵᠤ ᠪᠠᠶᠢᠯᠳᠤᠳᠠᠭ ᠲᠤᠭᠯᠠᠭᠠᠮ  ᠤᠨ  ᠵᠠᠷᠴᠢᠮ ᠢᠶᠠᠷ ᠨᠢᠭᠡ ᠨᠢᠭᠡᠨ ᠢᠶᠡᠨ ᠪᠤᠳᠤᠭ ᠲᠠᠢ ᠰᠤᠮᠤ ᠪᠠᠷ ᠠᠩᠨᠠᠵᠤ ᠲᠣᠭᠯᠠᠳᠠᠭ ᠲᠣᠭᠯᠠᠭᠠᠮ ᠶᠤᠮ᠃ ᠫᠡᠢᠨᠲ᠋ᠪᠣᠯ ᠤᠨ ᠰᠤᠮᠤ ᠨᠢ ᠬᠣᠣᠷ ᠦᠭᠡᠢ᠂ ᠵᠠᠳᠠᠷᠠᠳᠠᠭ᠂ ᠤᠰᠤᠨ ᠳᠤ ᠠᠭᠤᠰᠳᠠᠭ ᠫᠣᠯᠢᠮᠧᠷ ᠢᠶᠡᠷ ᠬᠢᠭᠳᠡᠭᠰᠡᠨ᠂ ᠨᠢᠮᠭᠡᠨ ᠵᠥᠭᠡᠯᠡᠨ ᠤᠭᠤᠲᠠᠨᠴᠢᠷ ᠲᠤ ᠪᠠᠶᠢᠳᠠᠭ᠃ ᠫᠡᠢᠨᠲ᠋ᠪᠣᠯ ᠢᠶᠠᠷ ᠶᠠᠩᠵᠤ ᠪᠦᠷᠢ ᠶᠢᠨ ᠲᠤᠯᠤᠯᠳᠠᠭᠠᠨ ᠤ ᠰᠫᠣᠷᠲ ᠤᠨ ᠲᠡᠮᠡᠴᠡᠭᠡᠨ ᠨᠦᠭᠦᠳ ᠵᠣᠬᠢᠶᠠᠭᠳᠠᠳᠠᠭ᠃ ᠫᠡᠢᠨᠲ᠋ᠪᠣᠯ ᠢ ᠮᠥᠨ ᠴᠡᠷᠢᠭ ᠦᠨ ᠬᠦᠴᠦᠨ᠂ ᠬᠠᠤᠯᠢ ᠰᠠᠬᠢᠭᠤᠯᠬᠤ᠂ ᠴᠡᠷᠢᠭ ᠦᠨ ᠪᠣᠯᠤᠨ ᠠᠶᠤᠯ ᠦᠭᠡᠢ ᠪᠠᠶᠢᠳᠠᠯ ᠤᠨ ᠪᠠᠶᠢᠭᠤᠯᠤᠯᠭ᠎ᠠ ᠨᠤᠭᠤᠳ ᠲᠤ ᠴᠡᠷᠢᠭ ᠦᠨ ᠪᠡᠯᠡᠳᠬᠡᠯ ᠪᠣᠯᠭᠠᠨ ᠠᠰᠢᠭᠯᠠᠳᠠᠭ᠃

CS

ᠲᠣᠭᠯᠠᠭᠠᠮ ᠤᠨ ᠲᠠᠯᠠᠪᠠᠢ ᠶᠢ ᠲᠣᠭᠯᠠᠭᠴᠢᠳ ᠪᠠᠶᠢᠭᠠᠯᠢ ᠶᠢᠨ ᠪᠣᠯᠤᠨ ᠬᠢᠮᠡᠯ ᠪᠠᠶᠢᠭᠤᠯᠤᠮᠵᠢ ᠠᠰᠢᠭᠯᠠᠨ ᠬᠠᠮᠠᠭᠠᠯᠠᠯᠲᠠ ᠪᠣᠯᠭᠠᠨ ᠠᠰᠢᠭᠯᠠᠵᠤ ᠪᠣᠯᠤᠨ᠎ᠠ᠃ ᠫᠡᠢᠨᠲ᠋ᠪᠣᠯ ᠲᠣᠭᠯᠠᠭᠠᠮ ᠤᠨ ᠲᠥᠷᠥᠯ ᠨᠢ ᠡᠰᠡᠷᠬᠦ ᠪᠠᠭ ᠤᠨ ᠲᠤᠭ ᠢ ᠡᠵᠡᠯᠡᠨ ᠠᠪᠬᠤ᠂ ᠳᠠᠶᠢᠰᠤᠨ ᠢ ᠤᠰᠠᠳᠬᠠᠬᠤ᠂ ᠰᠤᠮᠤ ᠪᠠᠨ ᠳᠠᠭᠤᠰᠲᠠᠯ᠎ᠠ᠂ ᠮᠥᠨ ᠲᠣᠳᠣᠷᠬᠠᠢ ᠴᠡᠭ ᠪᠣᠯᠤᠨ ᠨᠤᠲᠤᠭ ᠳᠡᠪᠢᠰᠬᠡᠷ ᠢ ᠬᠠᠮᠠᠭᠠᠯᠠᠬᠤ ᠡᠰᠡᠪᠡᠯ ᠲᠣᠭᠯᠠᠭᠠᠮ ᠤᠨ ᠲᠠᠯᠠᠪᠠᠢ ᠳᠤ ᠨᠢᠭᠤᠭᠰᠠᠨ ᠵᠥᠢᠯᠡᠰ ᠤᠳ ᠢ ᠢᠯᠡᠷᠡᠭᠦᠯᠬᠦ ᠭᠡᠬᠦ ᠮᠡᠲᠦ ᠪᠠᠶᠢᠳᠠᠯ ᠢᠶᠠᠷ ᠲᠣᠭᠯᠠᠵᠤ ᠪᠣᠯᠤᠨ᠎ᠠ᠃

CS

ᠲᠣᠭᠯᠠᠭᠠᠮ ᠤᠨ ᠲᠥᠷᠥᠯ ᠡᠴᠡ ᠬᠠᠮᠢᠶᠠᠷᠤᠨ ᠲᠣᠭᠯᠠᠭᠠᠮ ᠬᠡᠳᠦᠨ ᠰᠧᠺᠦ᠋ᠨᠳ᠋᠂ ᠴᠠᠭ ᠬᠦᠷᠲᠡᠯ᠎ᠡ ᠦᠷᠭᠦᠯᠵᠢᠯᠡᠳᠡᠭ᠂ ᠵᠠᠷᠢᠮ ᠲᠣᠬᠢᠶᠠᠯᠳᠤᠯ ᠳᠤ ᠬᠡᠳᠦᠨ ᠡᠳᠦᠷ ᠦᠷᠭᠦᠯᠵᠢᠯᠡᠵᠦ ᠪᠣᠯᠳᠠᠭ᠃ ᠫᠡᠢᠨᠲ᠋ᠪᠣᠯ ᠲᠣᠭᠯᠠᠭᠠᠮ ᠤᠨ ᠬᠠᠤᠯᠢ ᠶᠣᠰᠣᠨ ᠤ ᠪᠠᠶᠢᠳᠠᠯ ᠤᠯᠤᠰ ᠣᠷᠣᠨ᠂ ᠪᠥᠰᠡ ᠨᠤᠲᠤᠭ ᠲᠤ ᠬᠠᠷᠢᠯᠴᠠᠨ ᠠᠳᠠᠯᠢ ᠦᠭᠡᠢ ᠪᠠᠶᠢᠳᠠᠭ᠃ ᠫᠡᠢᠨᠲ᠋ᠪᠣᠯ ᠢ ᠵᠥᠪᠰᠢᠶᠡᠷᠡᠭᠳᠡᠭᠰᠡᠨ ᠤᠯᠤᠰ ᠣᠷᠣᠨ ᠳᠤ ᠲᠣᠭᠯᠠᠭᠴᠢᠳ ᠬᠠᠮᠠᠭᠠᠯᠠᠬᠤ ᠮᠠᠰᠺ(mask) ᠵᠡᠭᠦᠬᠦ ᠱᠠᠭᠠᠷᠳᠠᠯᠭ᠎ᠠ ᠲᠠᠢ ᠪᠥᠭᠡᠳ ᠲᠣᠭᠯᠠᠭᠠᠮ ᠤᠨ ᠳᠦᠷᠢᠮ ᠢ ᠴᠢᠩᠳᠠ ᠮᠥᠷᠳᠡᠬᠦ ᠪᠣᠯᠳᠠᠭ᠃ ᠵᠠᠷᠢᠮ ᠲᠣᠬᠢᠶᠠᠯᠳᠤᠯ ᠳᠤ ᠮᠠᠰᠺ (mask) ᠵᠡᠭᠦᠬᠦ ᠦᠭᠡᠢ ᠪᠠᠶᠢᠵᠤ ᠪᠣᠯᠤᠨ᠎ᠠ᠃

ᠪᠢᠴᠢᠭᠡᠰᠦ