ᠫᠠᠺ ᠪᠦᠮ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠫᠠᠺ ᠪᠦᠮ
ᠶᠡᠷᠦᠩᠬᠡᠢ ᠮᠡᠳᠡᠭᠡᠯᠡᠯ
ᠲᠠᠶᠢᠰᠠᠨ ᠤ ᠨᠡᠷ᠎ᠡ박봄, Park Bom → ᠫᠠᠺ ᠪᠦᠮ
ᠪᠦᠲᠦᠨ ᠨᠡᠷ᠎ᠡᠰᠣᠯᠣᠨ᠃ 박봄 → ᠫᠠᠺ ᠪᠦᠮ
ᠪᠤᠰᠤᠳ ᠨᠡᠷ᠎ᠡᠪᠦᠮ (Bom), ᠪᠦᠮᠮᠢ (Bommie),
ᠵᠧᠨᠨᠢ ᠫᠠᠺ (Jenny Park)
ᠲᠦᠷᠦᠭᠰᠡᠨ ᠡᠳᠦᠷ1984 ᠣᠨ ᠤ 3 ᠰᠠᠷ᠎ᠠ ᠶᠢᠨ 24 (1984-03-24) (35 ᠨᠠᠰᠣᠳᠠᠢ)
ᠲᠦᠷᠦᠭᠰᠡᠨ ᠭᠠᠵᠠᠷᠡᠮᠦᠨ᠎ᠡ ᠰᠣᠯᠣᠩᠭᠣᠰᠰᠤᠤᠯ
ᠶᠠᠰᠤ ᠦᠨᠳᠦᠰᠦᠰᠣᠯᠣᠩᠭᠣᠰ ᠦᠨᠳᠦᠰᠦᠲᠡᠨ
ᠤᠯᠤᠰ ᠤᠨ ᠢᠷᠭᠡᠨFlag of South Korea.svg ᠡᠮᠦᠨ᠎ᠡ ᠰᠣᠯᠣᠩᠭᠣᠰ (ᠪᠦᠭᠦᠳᠡ ᠨᠠᠶᠢᠷᠠᠮᠳᠠᠬᠤ ᠰᠣᠯᠣᠩᠭᠣᠰ ᠤᠯᠤᠰ)
ᠠᠵᠢᠯ ᠦᠢᠯᠡᠳᠠᠭᠤᠴᠢᠨ᠂ ᠪᠦᠵᠢᠭᠴᠢᠨ
ᠳᠠᠭᠤᠯᠠᠳᠠᠭ ᠬᠡᠯᠡᠰᠣᠯᠣᠩᠭᠣᠰ ᠬᠡᠯᠡ
ᠤᠷᠤᠰᠬᠠᠯᠰᠣᠯᠣᠩᠭᠣᠰ ᠫᠣᠫ᠂ ᠪᠦᠵᠢᠭ ᠲᠦ ᠫᠣᠫ᠂
ᠷᠢᠨᠲ᠋ᠮ ᠳᠦ ᠪᠡᠯ ᠳᠽ᠂ ᠴᠠᠬᠢᠯᠭᠠᠨ ᠫᠣᠫ
ᠲᠥᠷᠥᠯОАК, ᠲᠧᠯᠧᠸᠢᠰ ᠦᠨ ᠬᠥᠲᠥᠯᠪᠦᠷᠢ
ᠲᠠᠨᠢᠯ ᠦᠶ᠎ᠡ200‌6 ᠣᠨ ᠠᠴᠠ ᠬᠣᠶᠢᠰᠢ
ᠬᠠᠮᠲᠤᠯᠢᠭ«2NE1» (ᠲᠦᠢᠨᠪᠠᠨᠢ)
ᠬᠠᠮᠲᠤᠷᠠᠯEpik High, YG Family
ᠵᠠᠭᠤᠴᠢYG Entertainment

Park Bom (ᠰᠣᠯᠣᠩᠭᠣᠰ ᠢᠶᠠᠷ 박봄(1984 ᠣᠨ ᠤ 3 ᠰᠠᠷ᠎ᠠ ᠶᠢᠨ 24 ᠍ ᠳᠦ ᠲᠦᠷᠦᠭᠰᠡᠨ) ᠨᠢ ᠡᠮᠦᠨᠡᠲᠦ ᠰᠣᠯᠣᠩᠭᠣᠰ ᠤᠨ ᠤᠷᠠᠨ ᠪᠦᠲᠦᠭᠡᠯᠴᠢ᠂ Bom ᠨᠡᠷ᠎ᠡ ᠪᠡᠷ ᠨᠢ ᠢᠯᠡᠭᠦᠦ ᠮᠡᠳᠡᠨ᠎ᠡ᠃ ᠡᠮᠦᠨᠡᠲᠦ ᠰᠣᠯᠣᠩᠭᠣᠰ ᠤᠨ ᠰᠤᠤᠯ ᠬᠣᠲᠣᠩ ᠢᠶᠠᠨ ᠲᠦᠷᠦᠭᠰᠡᠨ ᠪᠥᠭᠡᠳ ᠠᠩᠭᠯᠢ ᠬᠡᠯᠡ ᠰᠤᠷᠴᠤ ᠡᠬᠢᠯᠡᠭᠰᠡᠨ ᠦᠶᠡᠰ ᠢᠶᠡᠨ ᠡᠬᠢᠯᠡᠨ ᠠᠮᠧᠷᠢᠺᠠ ᠶᠢᠨ ᠨᠢᠭᠡᠳᠦᠭᠰᠡᠨ ᠤᠯᠤᠰ ᠷᠤ ᠶᠠᠪᠤᠵᠤ ᠪᠠᠶᠢᠭᠰᠠᠨ᠃ ᠲᠡᠷᠡ ᠪᠡᠷ ᠦᠬᠢᠳ ᠤᠨ ᠬᠠᠮᠲᠤᠯᠢᠭ ᠪᠣᠯᠬᠤ 2NE1 ᠬᠠᠮᠲᠤᠯᠢᠭ ᠤᠨ ᠭᠣᠴᠣᠯᠠᠯ ᠳᠠᠭᠤᠴᠢᠨ ᠨᠢ ᠶᠠᠭᠤᠮ᠎ᠠ᠃ YG Entertainment ᠍ ᠳᠦ ᠬᠠᠮᠢᠶᠠᠷᠤᠭᠳᠠᠳᠠᠭ᠃ Bom 2006 ᠣᠨ ᠠᠴᠠ ᠡᠬᠢᠯᠡᠨ ᠰᠲ᠋ᠦ᠋ᠳᠢ ᠶᠢᠨ ᠢᠶᠠᠨ ᠬᠠᠮᠲᠤᠷᠠᠭᠴᠢ Big Bang, Lexy ᠪᠣᠯᠤᠨ Masta Wu ᠲᠠᠢ ᠳᠠᠭᠤ ᠪᠠᠨ ᠪᠢᠴᠢᠭᠦᠯᠵᠦ ᠡᠬᠢᠯᠡᠭᠰᠡᠨ᠃ 2009 ᠣᠨᠣᠭᠣ ᠠᠴᠠ ᠡᠬᠢᠯᠡᠨ 2NE1 ᠬᠠᠮᠲᠤᠯᠢᠭ ᠲᠤ ᠭᠣᠴᠣᠯᠠᠯ ᠳᠠᠭᠤᠴᠢᠨ ᠢᠶᠠᠷ ᠣᠷᠣᠭᠰᠠᠨ ᠢᠶᠠᠷ ᠣᠯᠠᠨ ᠤ ᠡᠮᠦᠨ᠎ᠡ ᠠᠯᠪᠠᠨ ᠶᠣᠰᠣᠭᠠᠷ ᠭᠠᠷᠤᠭᠰᠠᠨ ᠶᠤᠮ᠃ ᠬᠠᠮᠲᠤᠯᠢᠭ ᠤᠨ ᠨᠡᠷ᠎ᠡ ᠶᠢ ᠲᠡᠳᠡᠨ ᠦ 2009 ᠣᠨ ᠳᠤ ᠭᠠᠷᠭᠠᠭᠰᠠᠨ ᠴᠣᠮᠣᠭ ᠨᠢ ᠲᠦᠭᠡᠭᠡᠨ ᠳᠡᠯᠭᠡᠷᠡᠭᠦᠯᠦᠭᠰᠡᠨ ᠪᠠ ᠡᠨᠡᠬᠦ ᠴᠣᠮᠣᠭ ᠨᠢ 2009 ᠣᠨ ᠤ ᠰᠣᠯᠣᠩᠭᠣᠰ ᠤᠨ ᠰᠢᠯᠢᠳᠡᠭ ᠪᠣᠷᠣᠯᠠᠭᠤᠯᠤᠯᠲᠠ ᠲᠠᠢ 3 ᠍ ᠳᠦᠭᠡᠷ ᠴᠣᠮᠣᠭ ᠪᠣᠯᠵᠠᠢ᠃ ᠬᠠᠷᠢᠨ ᠳᠠᠷᠠᠭᠠᠬᠢ ᠴᠣᠮᠣᠭ ᠲᠤ Bom ᠍ ᠦᠨ ᠠᠩᠬ᠎ᠠ ᠤᠳᠤᠭ᠎ᠠ ᠪᠠᠨ ᠭᠠᠭᠴᠠᠭᠠᠷ ᠢᠶᠠᠨ ᠳᠠᠭᠤᠯᠠᠭᠰᠠᠨ " You and I" ᠨᠡᠷ᠎ᠡ ᠲᠡᠢ ᠳᠠᠭᠤᠤ ᠨᠢ ᠪᠠᠭᠲᠠᠵᠠᠢ᠃ ᠡᠨᠡ ᠳᠠᠭᠤᠤ ᠰᠣᠯᠣᠩᠭᠣᠰ ᠤᠨ ᠦᠨᠳᠦᠰᠦᠨ ᠦ Gaon Chart ᠍ ᠳᠦ #1 ᠳᠠᠭᠤᠤ ᠪᠣᠯᠤᠨ ᠵᠢᠭ᠌ᠰᠠᠪᠠ᠃ ᠰᠡᠭᠦᠯ ᠳᠦ ᠨᠢ 2NE1 ᠍ ᠦ ᠳᠠᠷᠤᠭ᠎ᠠ ᠶᠢᠨ ᠴᠣᠮᠣᠭ (To Aynone) ᠍ ᠳᠦ ᠨᠢ ᠭᠠᠷᠤᠭᠰᠠᠨ ᠪᠠ 120,000 ᠬᠤᠪᠢᠯᠠᠭᠳᠠᠨ ᠵᠠᠷᠤᠭᠳᠠᠭᠰᠠᠨ᠃

ᠠᠮᠢᠳᠤᠷᠠᠯ ᠪᠣᠯᠤᠨ ᠠᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠦ ᠠᠮᠢᠳᠤᠷᠠᠯ

Park Bom ᠨᠢ ᠡᠮᠦᠨᠡᠲᠦ ᠰᠣᠯᠣᠩᠭᠣᠰ ᠤᠨ ᠰᠤᠤᠯ ᠬᠣᠲᠣᠩ ᠢᠶᠠᠨ ᠲᠦᠷᠦᠭᠰᠡᠨ᠃ 6 ᠍ ᠳᠦᠭᠡᠷ ᠠᠩᠭᠢ ᠳᠤ ᠪᠠᠶᠢᠬᠤ ᠳᠤ ᠪᠠᠨ ᠠᠮᠧᠷᠢᠺᠠ ᠶᠢᠨ ᠨᠢᠭᠡᠳᠦᠭᠰᠡᠨ ᠤᠯᠤᠰ ᠷᠤ ᠰᠤᠷᠤᠯᠴᠠᠬᠤ ᠪᠠᠷ ᠶᠠᠪᠤᠭᠰᠠᠨ᠃ ᠠᠬᠠᠯᠠᠬᠤ ᠰᠤᠷᠭᠠᠭᠤᠯᠢ ᠪᠠᠨ Bethel,ME ᠳᠠᠬᠢ Gould Academy ᠍ ᠳᠦ ᠳᠦᠭᠦᠷᠭᠡᠭᠰᠡᠨ ᠪᠠ Lesley University ᠍ ᠳᠦ ᠰᠡᠳᠬᠢᠯ ᠰᠤᠳᠤᠯᠤᠯ ᠤᠨ ᠠᠩᠭᠢ ᠳᠤ ᠡᠯᠡᠰᠦᠨ ᠣᠷᠣᠭᠰᠠᠨ ᠶᠤᠮ᠃ ᠠᠬᠠᠯᠠᠬᠤ ᠰᠤᠷᠭᠤᠳᠠ ᠶᠢᠨ ᠰᠤᠷᠤᠭᠴᠢ ᠪᠠᠶᠢᠬᠤ ᠦᠶᠡᠳᠡᠭᠡ Mariah Carey ᠍ ᠳᠦ ᠳᠤᠷᠠᠲᠠᠢ ᠪᠣᠯᠪᠠ᠃ ᠲᠡᠷᠡ ᠪᠡᠷ ᠬᠥᠭᠵᠢᠮ ᠦᠨ ᠴᠢᠭᠯᠡᠯ ᠢᠶᠡᠷ ᠵᠠᠮᠨᠠᠬᠤ ᠶᠢ ᠬᠦᠰᠴᠢ ᠪᠠᠶᠢᠭᠰᠠᠨ ᠴᠤ ᠡᠴᠢᠭᠡ ᠡᠬᠡ ᠡᠴᠡ ᠪᠡᠨ ᠵᠥᠪᠰᠢᠶᠡᠷᠡᠯ ᠠᠪᠴᠤ ᠴᠢᠳᠠᠬᠤ ᠦᠭᠡᠢ ᠪᠠᠶᠢᠯ᠎ᠠ᠃ ᠭᠡᠰᠡᠨ ᠬᠡᠳᠦᠢ ᠴᠤ ᠲᠡᠭᠦᠨ ᠦ ᠨᠠᠭᠠᠴᠤ ᠡᠭᠡᠴᠢ ᠨᠢ ᠳᠡᠮᠵᠢᠵᠦ ᠪᠠᠶᠢᠭᠰᠠᠨ ᠪᠠ ᠰᠡᠭᠦᠯ ᠳᠦ ᠪᠡᠨ Berklee ᠬᠥᠭᠵᠢᠮᠮ ᠤᠨ ᠺᠣᠯᠯᠧᠵᠢ ᠳᠦ ᠳᠤᠭᠤᠯᠬᠤ ᠶᠢᠨ ᠲᠤᠯᠠᠳᠠ ᠡᠯᠰᠡᠨ ᠣᠷᠣᠵᠤ ᠰᠤᠷᠤᠯᠴᠠᠵᠠᠢ᠃

2005-2008 ᠣᠨ ᠤ ᠠᠵᠢᠯ ᠤᠨᠨ ᠡᠬᠢᠯᠡᠯ

YG Entertainment ᠍ ᠳᠦ ᠰᠢᠯᠭᠠᠭᠤᠯᠬᠤ ᠪᠠᠷ ᠬᠡᠳᠦ ᠬᠡᠳᠦᠨ ᠤᠳᠠᠭ᠎ᠠ ᠰᠣᠷᠢᠯᠲᠠᠳ ᠣᠷᠣᠭᠰᠠᠨ ᠴᠤ ᠬᠦᠯᠢᠶᠡᠨ ᠠᠪᠬᠤ ᠦᠭᠡᠢ ᠪᠠᠶᠢᠯ᠎ᠠ᠃ ᠡᠴᠦᠰ ᠲᠦ ᠪᠡᠨ 3 ᠵᠢᠯ ᠦᠨ ᠳᠠᠷᠠᠭ᠎ᠠ ᠨᠢ ᠱᠤᠤᠳᠬᠠᠨ ᠲᠡᠭᠦᠨ ᠢ ᠳᠠᠳᠤᠯᠭᠠᠴᠢᠭᠴᠢ ᠪᠠᠷ ᠠᠪᠤᠭᠰᠠᠨ ᠨᠢ ᠲᠡᠭᠦᠨ ᠦ ᠬᠢᠲᠠᠳ ᠪᠣᠯᠤᠨ ᠶᠠᠫᠣᠨ ᠬᠡᠯᠡ ᠰᠤᠷᠴᠤ ᠪᠠᠶᠢᠬᠤ ᠦᠶ᠎ᠡ ᠪᠠᠶᠢᠴᠠᠢ᠃ Big Bang ᠬᠠᠮᠲᠤᠯᠢᠭ ᠲᠠᠢ 3 ᠳᠠᠭᠤᠤ ᠳᠠᠭᠤᠯᠠᠭᠰᠠᠨ ᠪᠠ 2 ᠺᠯᠢᠫᠡᠨ ᠳᠦ ᠨᠢ ᠥᠪᠡᠷ ᠢᠶᠡᠨ ᠲᠣᠭᠯᠠᠭᠰᠠᠨ᠃ Bom Lexy, Red Roc ᠍ ᠤᠨ "Baby Boy" ᠪᠣᠯᠤᠨ "Along My Way" ᠵᠡᠷᠭᠡ ᠤᠷᠠᠨ ᠪᠦᠲᠦᠭᠡᠯ ᠦᠳ ᠳᠡᠭᠡᠷ᠎ᠡ ᠨᠢ ᠬᠠᠮᠲᠤᠷᠠᠨ ᠠᠵᠢᠯᠯᠠᠵᠠᠢ᠃ ᠮᠥᠨ ᠲᠡᠷᠡᠪᠡᠷ Samsung Anycall ᠍ ᠦᠨ ᠰᠤᠷᠲᠠᠯᠴᠢᠯᠠᠭᠠᠨ ᠤ ᠺᠯᠢᠫᠡᠨ ᠳᠦ ᠰᠣᠯᠣᠩᠭᠣᠰ ᠤᠨ ᠠᠯᠳᠠᠷᠲᠤ ᠫᠣᠫ ᠣᠳᠣ Lee Hyori ᠍ ᠲᠠᠢ ᠵᠡᠷᠭᠡᠴᠡᠨ ᠲᠣᠭᠯᠠᠭᠰᠠᠨ᠂ ᠮᠥᠨ Anycall "Anystar" ᠍ ᠦᠨ ᠳᠠᠭᠤᠤ ᠶᠢ ᠥᠪᠡᠷ ᠦᠨ ᠬᠤᠪᠢᠯᠪᠤᠷᠢ ᠪᠠᠷ G-Dragon ᠪᠣᠯᠤᠨ Gummy ᠍ ᠲᠠᠢ ᠬᠠᠮᠲᠤᠷᠠᠨ ᠳᠠᠭᠤᠯᠠᠵᠤ ᠪᠠᠶᠢᠴᠠᠢ᠃

2009 ᠣᠨ ᠠᠴᠠ᠃ 2NE1 ᠪᠣᠯᠤᠨ ᠥᠪᠡᠷ ᠦᠨ ᠰᠣᠯᠣ ᠲᠥᠯᠥᠪᠯᠡᠯᠲᠡ

2009 ᠣᠨ ᠤ ᠡᠬᠢ ᠪᠡᠷ YG Entertainment ᠍ ᠦᠨ ᠵᠠᠬᠢᠷᠤᠯ Yang Hyun Suk Park Bom ᠍ ᠢ ᠭᠣᠴᠣᠯᠠᠯ ᠪᠣᠯᠭᠠᠭᠰᠠᠨ 4 ᠭᠡᠰᠢᠭᠦᠨ ᠲᠡᠢ ᠰᠢᠨ᠎ᠡ ᠬᠠᠮᠲᠤᠯᠢᠭ ᠢ ᠪᠤᠢ ᠪᠣᠯᠭᠠᠬᠤ ᠲᠤᠬᠠᠢ ᠶᠢ ᠪᠠᠨ ᠵᠠᠷᠯᠠᠵᠠᠢ᠃ ᠰᠡᠭᠦᠯ ᠳᠦ 2NE1 ᠭᠡᠰᠡᠨ ᠨᠡᠷ᠎ᠡ ᠪᠡᠷ 4 ᠭᠡᠰᠢᠭᠦᠨ ᠲᠡᠢ ᠬᠡᠮᠡᠨ ᠵᠠᠷᠯᠠᠭᠳᠠᠭᠰᠠᠨ᠃ 2009 ᠣᠨ ᠤ 3 ᠰᠠᠷ᠎ᠠ ᠶᠢᠨ 28 ᠍ ᠳᠦ ᠠᠩᠬᠠᠨ ᠤ ᠪᠠᠨ "Lollipop" ᠤᠷᠠᠨ ᠪᠦᠲᠦᠭᠡᠯ ᠢᠶᠡᠨ Big Bang ᠬᠠᠮᠲᠤᠯᠢᠭ ᠤᠨ ᠬᠠᠮᠲᠤ ᠪᠡᠯᠡᠳᠬᠡᠨ ᠭᠠᠷᠭᠠᠭᠰᠠᠨ᠃ ᠢᠩᠭᠢᠭᠡᠳ ᠰᠤᠷᠠᠭ ᠦᠭᠡᠢ ᠪᠠᠶᠢᠭᠰᠠᠨ ᠬᠠᠮᠲᠤᠯᠢᠭ ᠡᠨᠡᠬᠦ ᠤᠷᠠᠨ ᠪᠦᠲᠦᠭᠡᠯ ᠢᠶᠡᠷ ᠨᠡᠷ᠎ᠡ ᠨᠢ ᠲᠦᠭᠡᠨ ᠭᠠᠷᠴᠠᠢ᠃ "Lollipop" ᠨᠢ Gaon Chart ᠍ ᠦᠨ #1 ᠍ ᠳᠦ ᠥᠪᠡᠷᠰᠡᠳ ᠦᠨ ᠰᠢᠩᠭᠡᠯ ᠳᠠᠭᠤᠤ ᠪᠣᠯᠤᠨ "Fire" ᠍ ᠦᠨ ᠬᠠᠮᠲᠤ ᠵᠢᠭ᠌ᠰᠠᠭᠰᠠᠨ᠃ ᠰᠢᠷᠭᠠᠭᠤ ᠠᠵᠢᠯᠯᠠᠨ "I Don`t Care" ᠳᠠᠭᠤᠤ ᠶᠢ ᠮᠥᠨ ᠭᠠᠷᠭᠠᠭᠰᠠᠨ ᠨᠢ ᠮᠥᠨ ᠯᠠ ᠲᠡᠳᠡᠨ ᠢ ᠠᠯᠳᠠᠷᠰᠢᠭᠤᠯᠤᠭᠰᠠᠨ᠃ 8 ᠰᠠᠷ᠎ᠠ ᠳᠤ I Don`t Care ᠍ ᠦᠨ ᠠᠵᠢᠯ ᠢ ᠳᠠᠭᠤᠰᠬᠠᠭᠰᠠᠨ ᠤ ᠪᠠᠨ ᠳᠠᠷᠠᠭ᠎ᠠ ᠪᠠᠷ ᠥᠪᠡᠷᠰᠡᠳ ᠦᠨ ᠰᠣᠯᠣ ᠤᠷᠠᠨ ᠪᠦᠲᠦᠭᠡᠯ ᠢ ᠭᠠᠷᠭᠠᠬᠤ ᠪᠠᠷ ᠲᠦᠷ ᠵᠠᠭᠤᠷ᠎ᠠ ᠶᠢᠨ ᠵᠠᠪᠰᠠᠷᠯᠠᠭ᠎ᠠ ᠠᠪᠴᠠᠢ᠃ Bom ᠍ ᠦᠨ ᠰᠣᠯᠣ ᠤᠷᠠᠨ ᠪᠦᠲᠦᠭᠡᠯ ᠨᠢ " You and I" ᠨᠡᠷ᠎ᠡ ᠲᠡᠢ ᠪᠡᠷ ᠭᠠᠷᠴᠤ 11 ᠰᠠᠷ᠎ᠠ ᠶᠢᠨ Gaon Chart ᠍ ᠳᠦ #1 ᠪᠣᠯᠤᠨ ᠵᠢᠭ᠌ᠰᠠᠵᠠᠢ᠃ ᠬᠠᠷᠢᠨ 2 ᠍ ᠳᠦᠭᠡᠷ ᠰᠠᠷ᠎ᠠ ᠳᠤ ᠬᠠᠮᠲᠤᠯᠢᠭ ᠢᠶᠠᠷ ᠢᠶᠠᠨ "Follow Me" ᠳᠠᠭᠤᠤ ᠪᠠᠷ ᠢᠶᠠᠨ ᠹᠧᠨ ᠨᠦᠭᠦᠳ ᠲᠡᠭᠡᠨ ᠪᠡᠯᠡᠭ ᠪᠠᠷᠢᠭᠰᠠᠨ ᠨᠢ 2 ᠰᠠᠷ᠎ᠠ ᠶᠢᠨ 13 ᠍ ᠤ Chart ᠍ ᠳᠦ #1 ᠪᠣᠯᠵᠠᠢ᠃ 9 ᠰᠠᠷ᠎ᠠ ᠶᠢᠨ 9 ᠍ ᠤ ᠡᠳᠦᠷ ᠲᠡᠳᠡ ᠡᠷᠭᠢᠨ ᠢᠷᠡᠵᠡᠭᠡᠵᠦ ᠰᠢᠨ᠎ᠡ ᠪᠡᠷ ᠭᠠᠷᠭᠠᠬᠤ To Anyone ᠴᠣᠮᠣᠭ ᠤᠨ ᠢᠶᠠᠨ 3 ᠍ ᠶᠢᠨ ᠰᠢᠯᠢᠳᠡᠭ ᠳᠠᠭᠤᠤ ᠶᠢ ᠭᠠᠷᠭᠠᠭᠰᠠᠨ᠃ ᠡᠨᠡᠬᠦ ᠴᠣᠮᠣᠭ 120,000 ᠬᠤᠪᠢ ᠪᠣᠯᠤᠨ ᠪᠣᠷᠣᠯᠠᠭᠤᠯᠤᠭᠳᠠᠵᠠᠢ᠃ 2010 ᠣᠨ ᠤ Mnet Music Fᠶᠡstival ᠍ ᠳᠦ Bom ᠍ ᠦᠨ "You and I" ᠳᠠᠭᠤᠤ ᠰᠢᠯᠢᠳᠡᠭ ᠳᠠᠭᠤᠨ ᠤ ᠱᠠᠩᠨᠠᠯ ᠢ ᠠᠪᠴᠠᠢ᠃

http://wiki.uhaan.com/index.php?title=ᠫᠠᠺ_ᠪᠦᠮ&oldid=371019》 ᠍  ᠡᠴᠡ ᠠᠪᠤᠭᠰᠠᠨ

ᠪᠢᠴᠢᠭᠡᠰᠦ