ᠫᠠᠷᠢᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
{{{ᠠᠯᠪᠠᠨ ᠶᠣᠰᠣᠨ ᠤ ᠨᠡᠷ᠎ᠡ}}}</br>
ᠬᠣᠲᠠ ᠶᠢᠨ ᠵᠢᠷᠤᠭ</br>ᠡᠢᠹᠡᠯ ᠦᠨ ᠴᠠᠮᠬᠠᠭ (ᠡᠮᠦᠨ᠎ᠡ) ᠪᠣᠯᠤᠨ ᠯᠠ ᠳᠡᠹᠡᠩᠰᠡ ᠶᠢᠨ ᠪᠢᠽᠢᠨ᠋ᠧᠰ ᠦᠨ ᠳᠡᠭᠦᠷᠭᠡ ᠶᠢᠨ ᠥᠨᠳᠥᠷ ᠪᠠᠷᠢᠯᠭ᠎ᠠ ᠨᠤᠭᠤᠳ (ᠬᠣᠶᠢᠨ᠎ᠠ)</br>
ᠰᠦᠯᠳᠡ ᠲᠤᠭ
ᠰᠦᠯᠳᠡ ᠲᠡᠮᠳᠡᠭ
ᠲᠤᠭ ᠰᠦᠯᠳᠡ
ᠬᠣᠴᠢ ᠨᠡᠷ᠎ᠡ: "La Ville lumière (《ᠭᠡᠷᠡᠯ ᠦᠨ ᠬᠣᠲᠠ》)"
ᠤᠷᠢᠶ᠎ᠠ: "Fluctuat nec mergitur</br>ᠯᠠᠲ᠋ᠢᠨ ᠬᠡᠯᠡ: ᠳᠠᠯᠠᠢ ᠶᠢᠨ ᠳᠠᠪᠠᠯᠭᠠᠭᠠᠷ ᠰᠢᠳᠡᠭᠳᠡᠭᠰᠡᠨ ᠴᠤ ᠲᠡᠷᠡ ᠪᠡᠷ ᠵᠢᠪᠪᠦᠬᠦ ᠦᠭᠡᠢ"

{{{ᠠᠯᠪᠠᠨ ᠶᠣᠰᠣᠨ ᠤ ᠨᠡᠷ᠎ᠡ}}} ᠍ ᠦᠨ ᠪᠠᠶᠢᠷᠢᠰᠢᠯ</br>ᠹᠷᠠᠨᠼᠢ ᠳᠠᠬᠢ ᠪᠠᠶᠢᠷᠢᠰᠢᠯ

ᠰᠣᠯᠪᠢᠴᠠᠯ: 48°52′0″N, 2°19′59″E
ᠤᠯᠤᠰ {{{ᠵᠠᠬᠢᠷᠭ᠎ᠠ ᠨᠡᠷ᠎ᠡ}}}
ᠪᠦᠰ {{{ᠵᠠᠬᠢᠷᠭ᠎ᠠ ᠨᠡᠷ᠎ᠡ 1}}}
ᠰᠠᠯᠪᠤᠷᠢ {{{ᠵᠠᠬᠢᠷᠭ᠎ᠠ ᠨᠡᠷ᠎ᠡ 2}}}
ᠵᠠᠰᠠᠭ ᠵᠠᠬᠢᠷᠭ᠎ᠠ {{{ᠵᠠᠬᠢᠷᠭ᠎ᠠ ᠨᠡᠷ᠎ᠡ 3}}}
ᠵᠠᠰᠠᠭᠯᠠᠯ  
 - ᠮᠡᠶᠢᠷ {{{ᠤᠳᠤᠷᠢᠳᠤᠭᠴᠢ ᠨᠡᠷ᠎ᠡ}}}
ᠭᠠᠵᠠᠷ ᠨᠤᠲᠤᠭ  
 - ᠨᠡᠶᠢᠲᠡ {{{ᠭᠠᠵᠠᠷ ᠨᠤᠲᠤᠭ ᠨᠡᠶᠢᠲᠡ}}} km²
ᠬᠦᠮᠦᠨ ᠠᠮᠠ  
 - ᠨᠡᠶᠢᠲᠡ (2006.1) {{{ᠬᠦᠮᠦᠨ ᠠᠮᠠ ᠨᠡᠶᠢᠲᠡ}}}
 - ᠨᠢᠭᠲᠠᠷᠠᠯ {{{ᠬᠦᠮᠦᠨ ᠠᠮᠠ ᠨᠢᠭᠲᠠᠰᠢᠯ}}}/km²
 - ᠬᠦᠢ ᠳᠡᠭᠦᠷᠭᠡ ᠶᠢᠨ ᠬᠠᠮᠲᠤ 12,067,000
ᠴᠠᠭ ᠤᠨ ᠪᠥᠰᠡ UTC+1
1ᠤᠰᠤᠨ ᠤ ᠪᠡᠶ᠎ᠡ ᠨᠦᠭᠦᠳ ᠢ ᠣᠷᠤᠯᠴᠠᠭᠤᠯᠤᠭ᠎ᠠ ᠦᠭᠡᠢ (> 1 ᠺᠦᠸᠠᠳ᠋ ᠺᠢᠯᠣᠮᠧᠲ᠋ᠷ᠂ 247 ᠠᠺᠷ)
ᠴᠠᠬᠢᠮ ᠰᠦᠯᠵᠢᠶ᠎ᠡ: www.paris.fr

ᠫᠠᠷᠢᠰ (ᠹᠷᠠᠨᠼᠢ ᠪᠠᠷ Paris) ᠨᠢ ᠹᠷᠠᠨᠼᠢ ᠍ ᠤᠨ ᠨᠡᠶᠢᠰᠯᠡᠯ ᠪᠥᠭᠡᠳ ᠬᠠᠮᠤᠭ ᠤᠨ ᠲᠣᠮᠣ ᠬᠣᠲᠠ ᠨᠢ ᠶᠠᠭᠤᠮ᠎ᠠ᠃

ᠫᠠᠷᠢᠰ ᠨᠢ ᠬᠣᠶᠢᠳᠤ ᠹᠷᠠᠨᠼᠢ ᠶᠢᠨ ᠰᠧᠨᠠ ᠮᠥᠷᠡᠨ ᠦ ᠡᠷᠭᠢ ᠳᠡᠭᠡᠷ᠎ᠡ᠂ ᠢᠯ ᠳᠧ-ᠹᠷᠠᠨᠰ ᠪᠥᠰᠡ ᠶᠢᠨ (ᠵᠠᠷᠢᠮ ᠳᠤ ᠪᠠᠨ ᠫᠠᠷᠢᠰ ᠤᠨ ᠪᠦᠰ ᠪᠤᠶᠤ Région parisienne ᠭᠡᠭᠳᠡᠳᠡᠭ) ᠲᠥᠪᠡᠳ ᠣᠷᠣᠰᠢᠨ᠎ᠠ᠃ ᠫᠠᠷᠢᠰ ᠬᠣᠲᠠ ᠶᠢᠨ ᠵᠠᠬᠢᠷᠭ᠎ᠠ ᠳᠣᠣᠷᠠᠬᠢ ᠭᠠᠵᠠᠷ ᠨᠤᠲᠤᠭ ᠲᠤ (1860 ᠣᠨ ᠠᠴᠠ ᠬᠣᠶᠢᠰᠢ ᠪᠠᠷᠤᠭ ᠥᠭᠡᠷᠡᠴᠢᠯᠡᠭᠳᠡᠭᠡ ᠦᠭᠡᠢ) 2006 ᠣᠨ ᠤ 1 ᠰᠠᠷ᠎ᠠ ᠶᠢᠨ ᠪᠠᠶᠢᠳᠠᠯ ᠢᠶᠠᠷ 2,167,994 ᠬᠦᠮᠦᠨ ᠠᠮᠢᠳᠤᠷᠠᠵᠤ ᠪᠠᠶᠢᠨ᠎ᠠ᠃ ᠫᠠᠷᠢᠰ ᠤᠨ unité urbaine ᠪᠤᠶᠤ ᠬᠣᠲᠠ ᠶᠢᠨ ᠭᠠᠵᠠᠷ ᠨᠤᠲᠤᠭ ᠨᠢ ᠵᠠᠬᠢᠷᠭᠠᠨ ᠳᠣᠣᠷᠠᠬᠢ ᠭᠠᠵᠠᠷ ᠠᠴᠠ ᠬᠠᠮᠢᠶ᠎ᠠ ᠦᠭᠡᠢ ᠢᠯᠡᠭᠦᠦ ᠪᠥᠭᠡᠳ 2005 ᠣᠨ ᠤ ᠪᠠᠶᠢᠳᠠᠯ ᠢᠶᠠᠷ 9.93 ᠰᠠᠶ᠎ᠠ ᠬᠦᠮᠦᠨ ᠠᠮᠠ ᠲᠠᠢ᠃ ᠫᠠᠷᠢᠰ ᠤᠨ aire urbaine ᠪᠤᠶᠤ ᠮᠧᠲ᠋ᠷᠣᠫᠣᠯᠢ ᠭᠠᠵᠠᠷ ᠨᠤᠲᠤᠭ ᠨᠢ ᠪᠠᠷᠤᠭ 12 ᠰᠠᠶ᠎ᠠ ᠬᠦᠮᠦᠨ ᠠᠮᠠ ᠲᠠᠢ ᠪᠥᠭᠡᠳ ᠧᠦ᠋ᠷᠣᠫᠠ ᠍ ᠤᠨ ᠬᠠᠮᠤᠭ ᠤᠨ ᠶᠡᠬᠡ ᠬᠦᠮᠦᠨ ᠠᠮᠠ ᠲᠠᠢ ᠮᠧᠲ᠋ᠷᠣᠫᠣᠯᠢ ᠭᠠᠵᠠᠷ ᠨᠤᠲᠤᠭ ᠤᠳ ᠤᠨ ᠨᠢᠭᠡ ᠶᠠᠭᠤᠮ᠎ᠠ᠃

ᠫᠠᠷᠢᠰ ᠨᠢ ᠬᠣᠶᠠᠷ ᠮᠢᠩᠭᠠᠨ ᠵᠢᠯ ᠦᠨ ᠲᠤᠷᠰᠢ ᠮᠠᠰᠢ ᠴᠢᠬᠤᠯᠠ ᠰᠠᠭᠤᠷᠢᠨ ᠭᠠᠵᠠᠷ ᠪᠠᠶᠢᠭᠰᠠᠨ ᠪᠥᠭᠡᠳ ᠥᠨᠥ ᠦᠶ᠎ᠡ ᠳᠦ ᠳᠡᠯᠡᠬᠡᠢ ᠶᠢᠨ ᠪᠢᠽᠢᠨ᠋ᠧᠰᠰᠤᠶᠤᠯ ᠤᠷᠠᠯᠢᠭᠡᠶᠢᠨ ᠲᠣᠮᠣᠬᠠᠨ ᠲᠥᠪ ᠦᠳ ᠦᠨ ᠨᠢᠭᠡ ᠪᠣᠯᠵᠠᠢ᠃ ᠤᠯᠤᠰ ᠲᠥᠷᠥᠪᠣᠯᠪᠠᠰᠤᠷᠠᠯᠦᠵᠡᠪᠦᠷᠢ ᠦᠢᠯᠡᠴᠢᠯᠡᠭᠡᠮᠡᠳᠡᠭᠡᠯᠡᠯᠬᠤᠪᠴᠠᠰᠤᠨ ᠤ ᠵᠠᠭᠪᠤᠷ ᠮᠣᠳ᠋, ᠰᠢᠨᠵᠢᠯᠡᠬᠦ ᠤᠬᠠᠭᠠᠨ᠂ ᠰᠤᠶᠤᠯ ᠤᠷᠠᠯᠢᠭ ᠲᠤ ᠦᠵᠡᠭᠦᠯᠬᠦ ᠨᠥᠯᠥᠭᠡ ᠨᠢ ᠲᠣᠮᠣᠬᠠᠨ 《ᠳᠡᠯᠡᠬᠡᠢ ᠶᠢᠨ ᠬᠣᠲᠠ》 ᠪᠠᠶᠢᠬᠤ ᠪᠠᠶᠢᠷᠢ ᠰᠠᠭᠤᠷᠢ ᠳᠤ ᠨᠢ ᠨᠡᠮᠡᠯᠲᠡ ᠨᠥᠯᠥᠭᠡ ᠦᠵᠡᠭᠦᠯᠳᠡᠭ ᠶᠤᠮ᠃ ᠫᠠᠷᠢᠰ ᠤᠨ ᠪᠥᠰᠡ (ᠢᠯ ᠳᠧ-ᠹᠷᠠᠨᠰ) ᠨᠢ ᠧᠦ᠋ᠷᠣᠫᠠ ᠶᠢᠨ ᠬᠠᠮᠤᠭ ᠤᠨ ᠲᠣᠮᠣ ᠬᠣᠲᠠ ᠶᠢᠨ ᠡᠳ᠋ ᠍ ᠦᠨ ᠵᠠᠰᠠᠭᠲᠠᠢ ᠪᠥᠭᠡᠳ ᠦᠨᠳᠦᠰᠦᠨ ᠦ ᠨᠡᠶᠢᠲᠡ ᠪᠦᠲᠦᠭᠡᠭᠳᠡᠬᠦᠨᠡᠭᠡᠷ᠎ᠡ ᠪᠡᠨ ᠳᠡᠯᠡᠬᠡᠢ ᠳᠦ ᠬᠣᠲᠠ ᠨᠤᠭᠤᠳ ᠳᠣᠲᠣᠷ᠎ᠠ ᠲᠠᠪᠤ ᠳᠤ ᠪᠢᠴᠢᠭᠳᠡᠳᠡᠭ᠃ 2006 ᠣᠨ ᠤ ᠪᠠᠶᠢᠳᠠᠯ ᠢᠶᠠᠷ €500.8 ᠲᠡᠷᠪᠤᠮ (US$628.9 ᠲᠡᠷᠪᠤᠮ) ᠦᠨᠳᠦᠰᠦᠨ ᠦ ᠨᠡᠶᠢᠲᠡ ᠪᠦᠲᠦᠭᠡᠭᠳᠡᠬᠦᠨ ᠲᠠᠢ ᠪᠠᠶᠢᠭᠰᠠᠨ ᠪᠥᠭᠡᠳ ᠡᠨᠡ ᠨᠢ ᠨᠡᠶᠢᠲᠡ ᠹᠷᠠᠨᠼᠢ ᠶᠢᠨ ᠳᠥᠷᠪᠡᠨ ᠦ ᠨᠢᠭᠡ ᠶᠠᠭᠤᠮ᠎ᠠ ᠪᠠᠶᠢᠨ᠎ᠠ᠃ ᠫᠠᠷᠢᠰ ᠤᠨ ᠪᠥᠰᠡ ᠶᠢᠨ ᠣᠯᠠᠨ ᠪᠢᠽᠢᠨ᠋ᠧᠰ ᠦᠨ ᠳᠡᠭᠦᠷᠭᠡ ᠳᠦ Fortune Global ᠍ ᠤᠨ 500 ᠺᠣᠮᠫᠠᠨᠢ ᠶᠢᠨ 36 ᠨᠢ ᠪᠠᠶᠢᠷᠢᠯᠠᠳᠠᠭ᠃ ᠡᠳᠡᠭᠡᠷ ᠳᠡᠭᠦᠷᠭᠡ ᠨᠦᠭᠦᠳ ᠦᠨ ᠬᠠᠮᠤᠭ ᠤᠨ ᠲᠣᠮᠣ ᠨᠢ ᠯᠠ ᠳᠡᠹᠡᠩᠰᠡ ᠪᠥᠭᠡᠳ ᠡᠨᠡ ᠨᠢ ᠧᠦ᠋ᠷᠣᠫᠠ ᠶᠢᠨ ᠬᠠᠮᠤᠭ ᠤᠨ ᠲᠣᠮᠣ᠂ ᠪᠢᠽᠢᠨ᠋ᠧᠰ ᠲᠦ ᠵᠣᠷᠢᠭᠤᠯᠤᠭᠳᠠᠵᠤ ᠪᠠᠷᠢᠭᠰᠠᠨ ᠳᠡᠭᠦᠷᠭᠡ ᠶᠤᠮ᠃ ᠫᠠᠷᠢᠰ ᠲᠤ United Nations Educational Scientific and Cultural Organization; ᠡᠳ᠋ ᠍ ᠦᠨ ᠵᠠᠰᠠᠭ ᠤᠨ ᠬᠠᠮᠲᠤ ᠶᠢᠨ ᠠᠵᠢᠯᠯᠠᠭᠠᠨ᠂ ᠬᠥᠭᠵᠢᠯ ᠦᠨ ᠪᠠᠶᠢᠭᠤᠯᠤᠯᠭ᠎ᠠ; ᠣᠯᠠᠨ ᠤᠯᠤᠰ ᠤᠨ ᠰᠠᠩᠬᠦᠦ ᠶᠢᠨ ᠪᠠᠶᠢᠭᠤᠯᠤᠯᠭ᠎ᠠ; ᠫᠠᠷᠢᠰ ᠤᠨ ᠺᠯᠥ᠋ᠪ ᠵᠡᠷᠭᠡ ᠪᠠᠶᠢᠭᠤᠯᠤᠯᠭ᠎ᠠ ᠨᠤᠭᠤᠳ ᠤᠨ ᠲᠥᠪ ᠦᠳ ᠣᠷᠣᠰᠢᠳᠠᠭ᠃

ᠫᠠᠷᠢᠰ ᠨᠢ ᠳᠡᠯᠡᠬᠡᠢ ᠶᠢᠨ ᠬᠠᠮᠤᠭ ᠤᠨ ᠣᠯᠠᠨ ᠵᠢᠭᠤᠯᠴᠢᠳ ᠢ ᠲᠠᠲᠠᠳᠠᠭ ᠭᠠᠵᠠᠷ ᠪᠥᠭᠡᠳ ᠵᠢᠯ ᠳᠤ 30 ᠭᠠᠷᠤᠢ ᠰᠠᠶ᠎ᠠ ᠢᠷᠡᠳᠡᠭ᠃ ᠬᠣᠲᠠ ᠳᠣᠲᠣᠷ᠎ᠠ ᠨᠢ ᠣᠯᠠᠨ ᠠᠯᠳᠠᠷᠲᠠᠢ ᠭᠠᠵᠠᠷ ᠤᠳ ᠲᠠᠢ ᠪᠥᠭᠡᠳ ᠡᠭᠦᠨ ᠡᠴᠡ ᠭᠠᠳᠠᠨ᠎ᠠ ᠳᠡᠯᠡᠬᠡᠢ ᠳᠦ ᠠᠯᠳᠠᠷᠲᠠᠢ ᠢᠨᠰᠲ᠋ᠢᠲ᠋ᠦᠶᠢᠼ ᠤᠳ᠂ ᠫᠠᠷᠺ ᠤᠳ ᠪᠠᠶᠢᠳᠠᠭ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Paris
http://wiki.uhaan.com/index.php?title=ᠫᠠᠷᠢᠰ&oldid=459215》 ᠍  ᠡᠴᠡ ᠠᠪᠤᠭᠰᠠᠨ

ᠪᠢᠴᠢᠭᠡᠰᠦ