ᠫᠠᠲᠷᠢᠺ ᠶᠤᠨ ᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠫᠠᠲᠷᠢᠺ ᠠᠯᠣᠶᠢᠽᠢᠤᠰ ᠶᠤᠨ ᠢ (ᠠᠩᠭᠯᠢ ᠪᠠᠷ Patrick Aloysius Ewing, 1962 ᠣᠨ ᠤ ᠨᠠᠶᠢᠮᠠᠳᠤᠭᠠᠷ ᠰᠠᠷ᠎ᠠ ᠶᠢᠨ 5 ᠍ ᠳᠦ ᠢᠮᠠᠶᠢᠺᠠ ᠤᠯᠤᠰ ᠍ ᠤᠨ ᠺᠢᠨᠭᠰᠲᠠᠨ ᠬᠣᠲᠠᠣᠳᠣ ᠲᠦᠷᠦᠭᠰᠡᠨ) — ᠠᠮᠧᠷᠢᠺᠠ ᠶᠢᠨ ᠠᠯᠳᠠᠷᠲᠤ ᠰᠠᠭᠰᠤᠨ ᠪᠥᠮᠪᠥᠭᠡᠴᠢᠨ ᠶᠤᠮ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠠᠲᠷᠢᠺ ᠶᠤᠨ ᠢ ᠢᠮᠠᠶᠢᠺᠠ ᠨᠡᠶᠢᠰᠯᠡᠯ ᠺᠢᠨᠭᠰᠲᠠᠨ ᠬᠣᠲᠠᠣᠳᠣ ᠲᠦᠷᠦᠭᠰᠡᠨ ᠪᠥᠭᠡᠳ 13 ᠨᠠᠰᠤᠲᠠᠢ ᠳᠤ ᠪᠠᠨ ᠭᠡᠷ ᠪᠦᠯᠡ ᠶᠢᠨ ᠬᠢᠨ ᠲᠡᠢ ᠪᠡᠨ ᠠᠮᠧᠷᠢᠺᠠ ᠶᠢᠨ ᠨᠢᠭᠡᠳᠦᠭᠰᠡᠨ ᠤᠯᠤᠰ ᠍ ᠳᠦ ᠣᠴᠢᠵᠤ ᠰᠠᠭᠤᠷᠢᠰᠢᠵᠠᠢ᠃ ᠵᠣᠷᠵᠢᠲᠠᠤᠨᠶᠡᠬᠡ ᠰᠤᠷᠭᠠᠭᠤᠯᠢ ᠳᠤ ᠰᠤᠷᠤᠯᠴᠠᠵᠤ ᠪᠠᠶᠢᠬᠤ ᠦᠶᠡᠳᠡᠭᠡ ᠰᠤᠷᠭᠠᠭᠤᠯᠢ ᠶᠢᠨ ᠢᠶᠠᠨ ᠭᠤᠸᠢᠰ ᠪᠠᠭ ᠲᠤ 1981 ᠣᠨ ᠠᠴᠠ ᠡᠬᠢᠯᠡᠨ ᠲᠣᠭᠯᠠᠵᠤ ᠪᠠᠶᠢᠪᠠ᠃ ᠡᠨᠡ ᠪᠠᠭ ᠲᠤ ᠣᠶᠤᠲᠠᠨ ᠨᠤᠭᠤᠳ ᠤᠨ ᠳᠤᠮᠳᠠᠬᠢ ᠦᠨᠳᠦᠰᠦᠨ ᠦ ᠬᠡᠮᠵᠢᠶᠡᠨ ᠦ ᠪᠦᠬᠦᠢ ᠯᠠ ᠲᠡᠮᠡᠴᠡᠭᠡᠨ ᠡᠴᠡ ᠠᠪᠴᠤ ᠪᠣᠯᠬᠤ ᠱᠠᠩᠨᠠᠯ ᠢ ᠬᠦᠷᠢᠲᠦᠵᠦ ᠪᠠᠶᠢᠯ᠎ᠠ᠃ ᠲᠥᠪ ᠦᠨ ᠲᠣᠭᠯᠠᠭᠴᠢ ᠶᠢᠨ ᠪᠠᠶᠢᠷᠢᠯᠠᠯ ᠳᠤ ᠰᠢᠯᠢᠳᠡᠭ ᠪᠣᠯᠬᠤ ᠪᠠᠨ ᠬᠠᠷᠠᠭᠤᠯᠵᠤ ᠪᠠᠶᠢᠭᠰᠠᠨ ᠶᠢᠩ ᠢ ᠠᠮᠧᠷᠢᠺᠠ ᠶᠢᠨ ᠨᠢᠭᠡᠳᠦᠭᠰᠡᠨ ᠤᠯᠤᠰ ᠤᠨ ᠰᠢᠭᠰᠢᠭᠡ 1984 ᠣᠨ ᠤ ᠣᠯᠢᠮᠫᠢᠺ ᠤᠨ ᠨᠠᠭᠠᠳᠤᠮ ᠳᠤ ᠪᠥᠷᠢᠯᠳᠦᠬᠡᠬᠦᠨ ᠳᠦ ᠪᠡᠨ ᠪᠠᠭᠲᠠᠭᠠᠨ ᠠᠪᠤᠷᠭᠤᠯᠠᠵᠤ ᠪᠠᠶᠢᠪᠠ᠃

1985 ᠣᠨ ᠳᠤ NBA ᠍ ᠳᠦ ᠳ᠋ᠷᠠᠹᠲ ᠤᠨ ᠲᠡᠷᠢᠭᠦᠨ ᠰᠣᠩᠭᠣᠯᠲᠠ ᠪᠠᠷ ᠨᠶᠤ-ᠢᠣᠷᠺ ᠨᠢᠺᠰ ᠡᠯᠰᠡᠵᠦ᠂ ᠠᠩᠬᠠᠨ ᠤ ᠤᠯᠠᠷᠢᠯ ᠳᠤ ᠪᠠᠨ ᠯᠠ ᠶᠠᠮᠠᠷ ᠰᠠᠶᠢᠨ ᠲᠣᠭᠯᠠᠭᠴᠢ ᠪᠣᠯᠬᠤ ᠪᠠᠨ ᠬᠠᠷᠠᠭᠤᠯᠤᠭᠰᠠᠨ ᠶᠤᠮ᠃

ᠶᠤᠨ ᠢ ᠨᠶᠤ-ᠢᠣᠷᠺ ᠨᠢᠺᠰ ᠪᠠᠭ ᠲᠤ 15 ᠤᠯᠠᠷᠢᠯ ᠲᠣᠭᠯᠠᠵᠠᠢ᠃

ᠲᠢᠭᠦᠨ ᠢ ᠨᠢᠺᠰ ᠪᠠᠭ ᠲᠤ 15 ᠤᠯᠠᠷᠢᠯ ᠬᠦᠴᠦᠨ ᠵᠢᠳᠬᠦᠵᠦ ᠪᠠᠶᠢᠬᠤ ᠦᠶ᠎ᠡ ᠳᠦ NBA ᠍ ᠦᠨ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠠᠪᠴᠤ ᠪᠠᠶᠢᠭ᠎ᠠ ᠦᠭᠡᠢ ᠴᠤ ᠲᠡᠦᠬᠡᠨ ᠳᠦ ᠪᠡᠨ ᠪᠠᠶᠢᠭ᠎ᠠ ᠦᠭᠡᠢ ᠠᠮᠵᠢᠯᠲᠠ ᠶᠢ ᠦᠵᠡᠭᠦᠯᠵᠦ ᠪᠠᠶᠢᠪᠠ᠃ ᠡᠨᠡ ᠪᠦᠬᠦᠨ ᠳᠦ ᠪᠠᠭ ᠤᠨ ᠭᠣᠣᠯ ᠨᠠᠶᠢᠳᠠᠪᠤᠷᠢ ᠶᠢᠩ ᠦᠨ ᠦᠯᠡᠮᠵᠢ ᠣᠷᠣᠯᠴᠠᠭ᠎ᠠ ᠪᠠᠶᠢᠭᠰᠠᠨ ᠭᠡᠳᠡᠭ ᠲᠡᠢ ᠰᠫᠣᠷᠲ ᠍ ᠤᠨ ᠬᠢᠨ ᠰᠠᠨᠠᠯ ᠨᠢᠭᠡᠲᠡᠢ ᠪᠠᠶᠢᠵᠤ᠂ 11 ᠤᠳᠠᠭ᠎ᠠ NBA ᠍ ᠤᠨ ᠪᠦᠬᠦ ᠣᠳᠣᠳ ᠤᠨ ᠲᠣᠭᠯᠠᠯᠲᠠᠣᠨ ᠳᠤ ᠰᠢᠯᠭᠠᠷᠠᠭᠤᠯᠵᠤ᠂ ᠤᠯᠠᠷᠢᠯ ᠤᠨ ᠰᠢᠯᠢᠳᠡᠭ ᠪᠠᠭ ᠤᠨ ᠲᠣᠭᠯᠠᠭᠴᠢ ᠪᠠᠷ ᠣᠯᠠᠨ ᠴᠤ ᠤᠳᠠᠭ᠎ᠠ ᠨᠡᠷᠡᠯᠡᠨ᠂ ᠤᠯᠠᠮ ᠢᠶᠠᠷ 1996 ᠣᠨ ᠳᠤ NBA ᠍ ᠠᠴᠠ ᠠᠯᠳᠠᠷᠲᠤ 50 ᠲᠣᠭᠯᠠᠭᠴᠢ ᠶᠢᠨ ᠨᠢᠭᠡ ᠬᠡᠮᠡᠨ ᠵᠠᠷᠯᠠᠵᠤ ᠪᠠᠶᠢᠪᠠ᠃ 1989-1990 ᠣᠨ ᠤ ᠤᠯᠠᠷᠢᠯ ᠳᠤ ᠶᠤᠨ ᠢ ᠤᠯᠠᠷᠢᠯ ᠤᠨ ᠪᠦᠬᠦ ᠲᠣᠭᠯᠠᠯᠲᠠ ᠶᠢᠨ ᠳᠤᠮᠳᠠᠴᠢ ᠪᠠᠷ 38.6 ᠮᠢᠨᠦ᠋ᠲ ᠲᠣᠭᠯᠠᠵᠤ᠂ 28.6 ᠣᠨᠣᠭ᠎ᠠ᠂ 10.0 ᠪᠥᠮᠪᠥᠭᠡ ᠠᠪᠤᠯᠲᠠ ᠶᠢ ᠳᠤᠮᠳᠠᠵᠢᠯᠵᠤ ᠪᠠᠶᠢᠭᠰᠠᠨ ᠪᠣᠯ 1990 ᠣᠨ ᠤ ᠭᠤᠷᠪᠠᠳᠤᠭᠠᠷ ᠰᠠᠷ᠎ᠠ ᠶᠢᠨ 24 ᠍ ᠳᠤ ᠪᠣᠰᠲᠠᠨ ᠰᠧᠯᠲ᠋ᠢᠺᠰ ᠪᠠᠭ ᠤᠨ ᠡᠰᠡᠷᠬᠦ 51 ᠣᠨᠣᠭ᠎ᠠ ᠠᠪᠤᠭᠰᠠᠨ ᠨᠢ ᠵᠠᠮᠨᠠᠯ ᠤᠨ ᠨᠢ ᠰᠢᠯᠢᠳᠡᠭ ᠦᠵᠡᠭᠦᠯᠦᠯᠲᠡ ᠶᠤᠮ᠃ NBA ᠍ ᠲᠤ ᠲᠡᠭᠦᠨ ᠦ 22,000 ᠳᠠᠪᠠᠭᠰᠠᠨ ᠣᠨᠣᠭ᠎ᠠ ᠠᠪᠤᠯᠲᠠ ᠪᠣᠯᠤᠨ 10,000 ᠳᠠᠪᠠᠭᠰᠠᠨ ᠪᠥᠮᠪᠥᠭᠡ ᠠᠪᠤᠯᠲᠠ ᠭᠦᠢᠴᠡᠳᠭᠡᠭᠰᠡᠨ ᠨᠢ ᠭᠠᠷ ᠤᠨ ᠲᠠᠪᠤᠨ ᠬᠤᠷᠤᠭᠤᠨ ᠳᠤ ᠪᠠᠭᠠᠳᠬᠤ ᠲᠣᠭᠯᠠᠭᠴᠢᠳ ᠤᠨ ᠰᠣᠳᠣ ᠠᠮᠵᠢᠯᠲᠠ ᠶᠤᠮ᠃

ᠫᠠᠲᠷᠢᠺ ᠶᠤᠨ ᠢ ᠪᠣᠯ ᠴᠢᠮ᠎ᠠ ᠦᠭᠡᠢ ᠰᠠᠶᠢᠨ ᠵᠦᠵᠦᠭᠡᠴᠢᠨ ᠲᠡᠳᠦᠢ ᠦᠭᠡᠢ ᠬᠦᠶᠤᠶᠢᠰᠲ᠋ᠣᠨ ᠷᠣᠺᠧᠲ᠋ᠰᠣᠷᠣᠯᠢᠨᠳᠣ ᠮᠡᠵᠢᠺ ᠪᠠᠭ ᠤᠳ ᠤᠨ ᠲᠤᠰᠠᠯᠠᠬᠤ ᠳᠠᠰᠬᠠᠯᠵᠢᠭᠤᠯᠤᠭᠴᠢ ᠪᠠᠷ ᠠᠮᠵᠢᠯᠲᠠ ᠲᠠᠢ ᠠᠵᠢᠯᠯᠠᠵᠤ ᠰᠠᠶᠢᠨ ᠳᠠᠰᠬᠠᠯᠵᠢᠭᠤᠯᠤᠭᠴᠢ ᠪᠣᠯᠬᠤ ᠪᠠᠨ ᠬᠠᠷᠠᠭᠤᠯᠤᠭᠠᠳ ᠠᠮᠵᠢᠭ᠌ᠰᠠᠨ ᠪᠠᠶᠢᠳᠠᠭ ᠪᠢᠯᠡ᠃[1] ᠳᠣᠮᠣᠭᠲᠤ ᠲᠣᠭᠯᠠᠭᠴᠢ ᠶᠢᠨ ᠬᠡᠦ᠂ 204 ᠰᠮ ᠥᠨᠳᠥᠷ ᠲᠡᠢ ᠳᠣᠪᠲᠣᠯᠤᠭᠴᠢ ᠪᠠᠭ᠎ᠠ ᠫᠠᠲᠷᠢᠺ ᠶᠤᠨ ᠢ ᠨᠢ 2008 ᠣᠨ ᠤ ᠳ᠋ᠷᠠᠹᠲ᠋ᠠᠷ №43 ᠰᠣᠩᠭᠣᠯᠲᠠ ᠪᠠᠷ ᠰᠠᠺᠷᠠᠮᠧᠨᠲ᠋ᠣ ᠺᠢᠨᠭᠵᠠ ᠪᠠᠭ ᠲᠤ ᠡᠯᠰᠡᠵᠦ᠂ ᠡᠳᠦᠭᠡ ᠬᠥᠭᠵᠢᠯ ᠦᠨ ᠯᠢᠭ ᠦᠨ ᠨᠢᠭᠡᠨ ᠪᠠᠭ ᠲᠤ ᠲᠣᠭᠯᠠᠵᠤ ᠪᠤᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠫᠠᠲᠷᠢᠺ ᠶᠤᠨ ᠢ»

{{1984 ᠣᠨ ᠤ ᠵᠤᠨ ᠤ ᠣᠯᠢᠮᠫᠢᠺ ᠲᠤ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠡᠭᠲᠡᠶᠢᠴᠦᠳ ᠦᠨ ᠰᠠᠭᠰᠤᠨ ᠪᠥᠮᠪᠥᠭᠡ ᠶᠢᠨ ᠪᠠᠭ}} {{1992 ᠣᠨ ᠤ ᠵᠤᠨ ᠤ ᠣᠯᠢᠮᠫᠢᠺ ᠲᠤ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠡᠭᠲᠡᠶᠢᠴᠦᠳ ᠦᠨ ᠰᠠᠭᠰᠤᠨ ᠪᠥᠮᠪᠥᠭᠡ ᠶᠢᠨ ᠪᠠᠭ}} ᠵᠠᠭᠪᠤᠷ:ᠬᠤᠷᠢᠶᠠᠩᠭᠤᠢ ᠬᠦᠰᠦᠨᠦᠭ ᠲᠦ ᠵᠠᠭᠪᠤᠷ:NBA ᠍ ᠦᠨ ᠳ᠋ᠷᠠᠹᠲ ᠢ ᠲᠡᠷᠢᠭᠦᠯᠡᠭᠴᠢᠳ ᠵᠠᠭᠪᠤᠷ:ᠬᠤᠷᠢᠶᠠᠩᠭᠤᠢ ᠬᠦᠰᠦᠨᠦᠭ ᠲᠦ

ᠪᠢᠴᠢᠭᠡᠰᠦ