ᠫᠠᠩᠵᠠᠪ ᠬᠡᠯᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠫᠠᠩᠵᠠᠪ ᠬᠡᠯᠡᠨ ᠦ ᠲᠠᠷᠬᠠᠯᠲᠠ

ᠫᠠᠩᠵᠠᠪ ᠬᠡᠯᠡ (ਪੰਜਾਬੀ/پنجابی) — ᠫᠠᠩᠵᠠᠪ ᠨᠤᠲᠤᠭ ᠢᠶᠠᠷ ᠠᠮᠢᠳᠤᠷᠠᠳᠠᠭ ᠫᠠᠩᠵᠠᠪ ᠤᠳ ᠍ ᠤᠨ ᠬᠡᠯᠡ᠃ ᠡᠨᠡᠳᠬᠡᠭ-ᠠᠷᠢ ᠬᠡᠯᠡᠨ ᠦ ᠪᠦᠯᠦᠭ ᠲᠦ ᠪᠠᠭᠲᠠᠳᠠᠭ᠃ ᠳᠣᠲᠣᠷ᠎ᠠ ᠨᠢ ᠵᠡᠭᠦᠨ᠂ ᠪᠠᠷᠠᠭᠤᠨ ᠬᠤᠪᠢᠶᠠᠨ ᠦᠵᠡᠵᠦ ᠪᠣᠯᠤᠨ᠎ᠠ᠃ ᠫᠠᠩᠵᠠᠪ ᠬᠡᠯᠡ ᠶᠢ ᠡᠨᠡᠳᠬᠡᠭ ᠲᠤ ᠭᠦᠷᠦᠮᠦᠺᠢ ᠨᠡᠷ᠎ᠡ ᠲᠡᠢ ᠦᠶ᠎ᠡ ᠳᠦ ᠦᠰᠦᠭ ᠢᠶᠡᠷ᠂ ᠫᠠᠺᠢᠰᠲᠠᠨ ᠳᠤ ᠰᠢᠬᠠᠮᠤᠶᠢᠺᠢ ᠨᠡᠷ᠎ᠡ ᠲᠡᠢ ᠠᠷᠠᠪ ᠦᠰᠦᠭ ᠢᠶᠡᠷ ᠪᠢᠴᠢᠳᠡᠭ᠃

2005 ᠣᠨ ᠤ ᠨᠢᠭᠡᠨ ᠲᠣᠭᠠᠴᠠᠭ᠎ᠠ ᠪᠠᠷ 88 ᠰᠠᠶ᠋ᠢ ᠬᠦᠮᠦᠨ ᠦ ᠲᠥᠷᠥᠯᠬᠢ ᠬᠡᠯᠡ ᠨᠢ ᠪᠣᠯᠳᠠᠭ ᠭᠡᠰᠡᠨ ᠪᠠᠶᠢᠳᠠᠭ᠃[1] ᠡᠶᠢᠮᠦ ᠡᠴᠡ ᠳᠡᠯᠡᠬᠡᠢ ᠳᠦ ᠲᠦᠭᠡᠮᠡᠯ ᠲᠠᠷᠬᠠᠭᠰᠠᠨ ᠠᠷᠪᠠᠨ ᠬᠡᠯᠡᠨ ᠦ ᠨᠢᠭᠡᠨ ᠪᠣᠯᠤᠨ᠎ᠠ᠃ ᠫᠠᠩᠵᠠᠪ ᠬᠡᠯᠡ ᠡᠨᠡᠳᠬᠡᠭ ᠦᠨ ᠫᠠᠩᠵᠠᠪ ᠮᠤᠵᠢ ᠶᠢᠨ ᠠᠯᠪᠠᠨ ᠶᠣᠰᠣᠨ ᠤ ᠬᠡᠯᠡ ᠪᠣᠯᠳᠠᠭ ᠪᠠ ᠫᠠᠺᠢᠰᠲᠠᠨ ᠳᠤ (ᠦᠨᠳᠦᠰᠦᠨ ᠳᠦ ᠪᠡᠨ ᠫᠠᠩᠵᠠᠪ ᠮᠤᠵᠢ ᠳᠤ) ᠬᠠᠮᠤᠭ ᠤᠨ ᠳᠡᠯᠭᠡᠷ ᠲᠠᠷᠬᠠᠭᠰᠠᠨ ᠪᠤᠶᠤ ᠬᠦᠮᠦᠨ ᠠᠮᠠ ᠶᠢᠨ 44.15% ᠍ ᠦᠨ ᠬᠢ ᠨᠢ ᠲᠥᠷᠥᠯᠬᠢ ᠬᠡᠯᠡ ᠨᠢ ᠶᠤᠮ᠃

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ