ᠪᠷᠣᠰᠸᠸᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠷᠣᠰᠸᠸᠯ ᠬᠣᠲᠠ
ᠨᠤᠲᠤᠭ
 • ᠹᠷᠠᠨᠼᠢ ᠪᠠᠷ Région de Bruxelles-Capitale
 • ᠬᠣᠯᠠᠨᠳ᠋ ᠢᠶᠠᠷ Brussels Hoofdstedelijk Gewest
 • ᠠᠩᠭᠯᠢ ᠪᠠᠷ Brussels-Capital Region
ᠬᠠᠭᠤᠴᠢᠨ ᠬᠣᠲᠠ ᠶᠢᠨ ᠲᠥᠪ

ᠰᠦᠯᠳᠡ ᠲᠤᠭ

ᠰᠦᠯᠳᠡ ᠲᠡᠮᠳᠡᠭ
ᠧᠦ᠋ᠷᠣᠫᠠ ᠶᠢᠨ ᠬᠣᠯᠪᠣᠭ᠎ᠠ ᠪᠣᠯᠤᠨ ᠪᠧᠯᠬᠢ ᠳᠠᠬᠢ ᠪᠷᠣᠰᠸᠸᠯ ᠨᠤᠲᠤᠭ
ᠤᠯᠤᠰ ᠣᠷᠣᠨ Flag of Belgium (civil).svg ᠪᠧᠯᠬᠢ
ᠨᠤᠲᠤᠭ ᠪᠷᠣᠰᠸᠸᠯ
ᠬᠣᠲᠠ ᠰᠠᠭᠤᠷᠢᠨ ᠨᠡᠷ᠎ᠡ ᠪᠦᠬᠦᠢ 19 ᠬᠣᠲᠠ ᠰᠠᠭᠤᠷᠢᠨ
ᠭᠠᠵᠠᠷ ᠨᠤᠲᠤᠭ 161.38 ᠺᠦᠸᠠᠳ᠋ ᠺᠢᠯᠣᠮᠧᠲ᠋ᠷ
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 13 m
ᠬᠦᠮᠦᠨ ᠠᠮᠠ 2011 ᠣᠨ ᠳᠤ 1,119,088 ᠬᠦᠮᠦᠨ
ᠨᠢᠭᠲᠠᠴᠠ ᠰᠡᠶᠢᠷᠡᠭ 7025 ᠬᠦᠮᠦᠨ/km²
ᠨᠤᠲᠤᠭ ᠤᠨ ᠣᠯᠠᠨ ᠪᠷᠣᠰᠸᠸᠯ ᠦᠨ ᠬᠢᠨ
6 ᠍ ᠳᠦᠭᠡᠷ ᠵᠠᠭᠤᠨ ᠰᠠᠭᠤᠷᠢᠨ ᠡᠭᠦᠰᠦᠭᠰᠡᠨ
1989 ᠣᠨ ᠥᠨᠥ ᠶᠢᠨ ᠨᠤᠲᠤᠭ ᠪᠠᠶᠢᠭᠤᠯᠤᠭᠳᠠᠭᠰᠠᠨ
ᠴᠠᠭ ᠤᠨ ᠪᠥᠰᠡ ᠲᠥᠪ ᠧᠦ᠋ᠷᠣᠫᠠ ᠶᠢᠨ ᠴᠠᠭ (ГЦ+1)
ᠴᠠᠬᠢᠮ ᠭᠠᠵᠠᠷ brussels.irisnet.be (ᠨᠢᠳ᠃)

ᠪᠷᠣᠰᠸᠸᠯ (ᠹᠷᠠᠨᠼᠢ ᠪᠠᠷ Bruxelles, ᠬᠣᠯᠠᠨᠳ᠋ ᠢᠶᠡᠷ Brussel) ᠨᠢ ᠪᠧᠯᠬᠢ ᠍ ᠶᠢᠨ ᠬᠠᠮᠤᠭ ᠤᠨ ᠲᠣᠮᠣ ᠬᠣᠲᠠ ᠪᠥᠭᠡᠳ ᠧᠦ᠋ᠷᠣᠫᠠ ᠶᠢᠨ ᠬᠣᠯᠪᠣᠭᠠᠨ ᠤ ᠵᠠᠰᠠᠭ ᠵᠠᠬᠢᠷᠭᠠᠨ ᠤ ᠲᠥᠪ ᠨᠢ ᠶᠤᠮ᠃ ᠪᠷᠣᠰᠸᠸᠯ-ᠨᠡᠶᠢᠰᠯᠡᠯ ᠦᠨ ᠪᠥᠰᠡ ᠳᠠᠬᠢ ᠪᠷᠣᠰᠸᠸᠯ ᠬᠣᠲᠠ ᠨᠢ ᠤᠯᠤᠰ ᠤᠨ ᠨᠡᠶᠢᠰᠯᠡᠯ ᠨᠢ ᠪᠣᠯᠤᠨ᠎ᠠ᠃ ᠥᠨᠥ ᠶᠢᠨ ᠪᠷᠣᠰᠸᠸᠯ ᠬᠣᠲᠠ ᠨᠢ ᠶᠡᠬᠡ ᠺᠠᠷᠯ ᠍ ᠤᠨ ᠠᠴᠢ ᠬᠦᠦ ᠶᠢᠨ ᠪᠠᠶᠢᠭᠤᠯᠤᠭᠰᠠᠨ ᠴᠠᠶᠢᠵᠠ ᠠᠴᠠ ᠨᠢᠭᠡ ᠰᠠᠶ᠎ᠠ ᠭᠠᠷᠤᠢ ᠣᠷᠣᠰᠢᠨ ᠰᠠᠭᠤᠭᠴᠢ ᠲᠠᠢ ᠲᠣᠮᠣ ᠬᠣᠳᠠ ᠪᠣᠯᠲᠠᠯ᠎ᠠ ᠪᠠᠨ ᠬᠥᠭᠵᠢᠵᠡᠢ᠃

ᠪᠷᠣᠰᠸᠸᠯ ᠨᠢ ᠮᠥᠨ ᠪᠷᠣᠰᠸᠸᠯ-ᠨᠡᠶᠢᠰᠯᠡᠯ ᠦᠨ ᠪᠥᠰᠡ᠂ ᠹᠯᠢᠨᠳᠧᠷᠰ ᠪᠥᠰᠡ᠂ ᠪᠧᠯᠬᠢ ᠶᠢᠨ ᠹᠷᠠᠨᠼᠢ ᠲᠣᠭᠣᠷᠢᠭ ᠤᠳ ᠤᠨ ᠲᠥᠪ ᠨᠢ ᠶᠤᠮ᠃ ᠬᠠᠷᠢᠨ ᠸᠠᠯᠯᠠᠨ ᠤ ᠪᠥᠰᠡ ᠶᠢᠨ ᠨᠡᠶᠢᠰᠯᠡᠯ ᠨᠢ ᠪᠷᠣᠰᠸᠸᠯ ᠪᠢᠰᠢ᠃

ᠪᠷᠣᠰᠸᠸᠯ ᠬᠣᠲᠠ ᠨᠢ ᠲᠡᠦᠬᠡ ᠶᠢᠨ ᠢᠶᠡᠨ ᠬᠤᠪᠢ ᠳᠤ ᠬᠣᠲᠠ ᠶᠢᠨ ᠲᠥᠪ ᠪᠠᠶᠢᠭᠰᠠᠨ ᠪᠣᠯᠪᠠᠴᠤ ᠬᠦᠮᠦᠨ ᠠᠮᠠ ᠨᠢ ᠣᠳᠣ ᠡᠭᠦᠨ ᠡᠴᠡ ᠪᠡᠨ ᠬᠣᠯᠠ ᠳᠠᠪᠠᠭᠰᠠᠨ᠃ ᠥᠨᠥ ᠦᠶ᠎ᠡ ᠳᠦ ᠪᠷᠣᠰᠸᠸᠯ ᠦᠨ ᠰᠠᠭᠤᠷᠢᠨ ᠭᠠᠵᠠᠷ ᠨᠢ ᠪᠧᠯᠬᠢ ᠶᠢᠨ ᠭᠤᠷᠪᠠᠨ ᠪᠥᠰᠡ ᠶᠢᠨ ᠨᠢᠭᠡ ᠪᠣᠯᠬᠤ ᠪᠷᠣᠰᠸᠸᠯ-ᠨᠡᠶᠢᠰᠯᠡᠯ ᠦᠨ ᠪᠦᠰᠡᠲᠡᠢ ᠭᠣᠣᠯᠳᠠᠭᠤ ᠢᠵᠢᠯ ᠤᠳᠬ᠎ᠠ ᠪᠠᠷ ᠬᠡᠷᠡᠭᠯᠡᠭᠳᠡᠳᠡᠭ᠃

ᠪᠷᠣᠰᠸᠸᠯ ᠨᠢ ᠧᠦ᠋ᠷᠣᠫᠠ ᠶᠢᠨ ᠬᠣᠯᠪᠣᠭᠠᠨ ᠤ ᠳᠧ ᠹᠠᠺᠲ᠋ᠣ ᠨᠡᠶᠢᠰᠯᠡᠯ ᠭᠡᠭᠳᠡᠳᠡᠭ ᠪᠥᠭᠡᠳ ᠺᠣᠮᠢᠰ᠂ ᠫᠠᠷᠯᠠᠮᠧᠨᠲ᠂ ᠵᠥᠪᠯᠡᠯ ᠭᠡᠰᠡᠨ ᠧᠦ᠋ᠷᠣᠫᠠ ᠶᠢᠨ ᠬᠣᠯᠪᠣᠭᠠᠨ ᠤ ᠭᠣᠣᠯ ᠬᠡᠰᠡᠭ ᠦᠳ ᠡᠨᠳᠡ ᠪᠠᠶᠢᠷᠢᠯᠠᠨ᠎ᠠ᠃ ᠧᠦ᠋ᠷᠣᠫᠠ ᠶᠢᠨ ᠬᠣᠯᠪᠣᠭᠠᠨ ᠤ ᠵᠠᠰᠠᠭ ᠤᠨ ᠭᠠᠵᠠᠷ ᠤᠨ ᠵᠠᠷᠢᠮ ᠳᠤ ᠪᠠᠨ ᠪᠷᠣᠰᠸᠸᠯ ᠬᠡᠮᠡᠳᠡᠭ᠃ ᠡᠶᠢᠮᠦ ᠳᠦ ᠧᠦ᠋ᠷᠣᠫᠠ ᠶᠢᠨ ᠣᠯᠠᠨ ᠪᠠᠶᠢᠭᠤᠯᠤᠯᠭ᠎ᠠ ᠨᠤᠭᠤᠳ ᠪᠣᠯᠤᠨ North Atlantic Treaty Organization ᠍ ᠦᠨ ᠲᠥᠪ ᠦᠳ ᠡᠨᠳᠡ ᠪᠠᠶᠢᠷᠢᠯᠠᠳᠠᠭ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠪᠷᠣᠰᠸᠸᠯ&oldid=467558》 ᠍  ᠡᠴᠡ ᠠᠪᠤᠭᠰᠠᠨ

ᠪᠢᠴᠢᠭᠡᠰᠦ